ᠴᠠᠭᠠᠨ ᠰᠠᠷ᠎ᠠ ᠶᠢᠨ ᠶᠤᠰᠤᠨ — ᠵᠤᠯᠭᠠᠬᠤ ᠶᠤᠰᠤᠨ
ᠨᠡᠶᠢᠲᠡᠯᠡᠭᠰᠡᠨ ᠴᠠᠭ᠄
2019-12-26
     ᠥᠨᠲᠤᠷ ᠨᠠᠰᠤᠲᠠᠢ᠂ ᠨᠤᠲᠤᠭ ᠤᠷᠤᠨ ᠳᠠᠭᠠᠨ ᠬᠥᠨᠲᠤᠲᠠᠢ ᠬᠥᠮᠤᠰ ᠲᠠᠢ ᠬᠠᠲᠠᠭ ᠪᠠᠷᠢᠵᠤ ᠵᠤᠯᠭᠠᠲᠠᠭ ᠶᠤᠰᠤ ᠪᠠᠶᠢᠲᠠᠭ᠃ ᠬᠠᠲᠠᠭ ᠤᠨ ᠠᠮᠠ ᠶᠢ ᠵᠤᠯᠭᠠᠬᠤ ᠬᠥᠮᠥᠨ ᠲᠡᠰᠢ ᠬᠠᠷᠠᠭᠤᠯᠵᠤ ᠬᠤᠶᠠᠷ ᠭᠠᠷᠲᠠᠨ ᠪᠠᠷᠢᠭᠰᠠᠭᠠᠷ ᠵᠤᠯᠭᠠᠵᠤ ᠪᠠᠶᠢᠭ᠎ᠠ ᠬᠥᠮᠥᠨ ᠤ ᠬᠤᠶᠠᠷ ᠭᠠᠷ ᠲᠡᠭᠡᠷ᠎ᠡ ᠬᠠᠲᠠᠭ ᠢᠶᠠᠨ ᠡᠷᠡᠭᠡᠢ ᠬᠤᠷᠤᠭᠤᠨ ᠳᠤᠨᠢ ᠲᠤᠯᠭᠠᠵᠤ᠂ ᠠᠯᠠᠭᠠᠨ ᠳᠤᠨᠢ ᠪᠠᠭᠲᠠᠭᠠᠵᠤ ᠲᠠᠯᠪᠢᠭᠰᠠ ᠤ ᠲᠠᠷᠠᠭ᠎ᠠ ᠵᠤᠯᠭᠠᠨ᠎ᠠ᠃ ᠠᠪᠴᠤ ᠪᠠᠶᠢᠭ᠎ᠠ ᠬᠥᠮᠥᠨ ᠬᠠᠲᠠᠭ ᠢ ᠬᠤᠶᠠᠷ ᠭᠠᠷᠲᠠᠨ ᠠᠪᠤᠭᠠᠳ ᠲᠤᠯᠤᠭᠠᠢ ᠶᠢᠨ ᠲᠠᠯ᠎ᠠ ᠶᠢ ᠨᠢ ᠪᠠᠷᠠᠭᠤᠨ ᠭᠠᠷ ᠲᠡᠭᠡᠷ᠎ᠡ ᠪᠠᠨ ᠲᠠᠯᠪᠢᠵᠤ᠂ ᠪᠠᠷᠠᠭᠤᠨ ᠭᠠᠷ ᠲᠠᠯ᠎ᠠ ᠶᠢ ᠵᠡᠬᠦᠨ ᠭᠠᠷ ᠲᠡᠭᠡᠷ᠎ᠡ ᠡᠪᠬᠡᠨ ᠨᠤᠭᠤᠯᠲᠠᠭ ᠨᠢ ᠬᠠᠲᠠᠭ ᠤᠨ ᠬᠡ᠂ ᠥᠰᠥᠭ ᠤᠨ ᠲᠤᠯᠤᠭᠠᠢ ᠶᠢ ᠪᠤᠷᠤᠭᠤ ᠬᠠᠷᠠᠭᠤᠯᠬᠤ ᠥᠭᠡᠢ ᠶᠢ ᠬᠢᠴᠢᠶᠠᠵᠤ ᠪᠠᠶᠢᠭ᠎ᠠ ᠶᠤᠰᠤ ᠶᠤᠮ᠃ ᠬᠠᠲᠠᠭ ᠲᠠᠯᠪᠢᠵᠤ ᠪᠠᠶᠢᠬᠤ ᠳᠠᠭᠠᠨ ᠮᠡᠨᠲᠤ ᠮᠠᠲᠡᠵᠤ ᠪᠤᠯᠬᠤ ᠥᠭᠡᠢ᠃ ᠬᠠᠷᠢᠨ ᠬᠠᠲᠠᠭ ᠢᠶᠠᠨ ᠲᠠᠯᠪᠢᠴᠢᠬᠠᠭᠤᠨ ᠵᠤᠯᠭᠠᠬᠤ ᠳᠠᠭᠠᠨ ᠮᠡᠨᠲᠤ ᠶᠢ ᠨᠢ ᠠᠰᠠᠭᠤᠨ᠎ᠠ᠃      ᠴᠠᠭᠠᠨ ᠰᠠᠷ᠎ᠠ ᠶᠢᠨ ᠥᠶ᠎ᠠ ᠪᠠᠷ ᠬᠡᠨ ᠪᠤᠯᠪᠠᠴᠤ ᠶᠤᠰᠤ ᠭᠤᠷᠢᠮ ᠵᠥᠷᠢᠴᠡᠬᠦ᠂ ᠠᠬ᠎ᠠ ᠵᠠᠬ᠎ᠠ ᠶᠢ ᠡᠰᠡ ᠬᠥᠨᠲᠥᠳᠭᠡᠬᠦ᠂ ᠠᠭᠰᠤᠮ ᠰᠤᠭᠲᠤᠭᠤ ᠲᠠᠯᠪᠢᠬᠤ᠂ ᠭᠡᠷᠡᠬᠦᠯ ᠱᠤᠤᠬᠢᠶᠠᠨ ᠭᠠᠷᠭᠠᠬᠤ᠂ ᠪᠡᠶ᠎ᠡ ᠪᠡᠶ᠎ᠡ ᠳᠡᠭᠡᠨ ᠪᠠᠷᠲᠠᠮᠨᠠᠨ ᠪᠠᠶᠠᠷᠬᠠᠬᠤ᠂ ᠥᠷᠡᠯᠭᠡ ᠵᠠᠷᠤᠯᠭ᠎ᠠ ᠶᠢ ᠬᠡᠲᠤᠷᠡᠬᠦᠯᠬᠦ᠂ ᠪᠥᠲᠥᠭᠦᠯᠢᠭ ᠥᠭᠡ ᠬᠡᠯᠡᠬᠦ ᠶᠢ ᠬᠠᠲᠠᠭᠤ ᠴᠡᠭᠡᠷᠯᠡᠨ᠂ ᠡᠩᠬᠡ ᠠᠮᠥᠭᠤᠯᠠᠩ᠂ ᠡᠪᠲᠡᠢ ᠨᠡᠶᠢᠷᠲᠡᠢ ᠠᠷᠢᠭᠤᠨ ᠰᠠᠶᠢᠬᠠᠨ ᠪᠠᠶᠢᠬᠤ ᠶᠢ ᠪᠡᠯᠭᠡᠲᠡᠨ ᠤᠬᠠᠭᠠᠨ ᠰᠠᠷᠠᠭᠤᠯ᠂ ᠴᠡᠴᠡᠡ ᠴᠡᠯᠮᠡᠭ ᠂ ᠴᠤᠪᠤᠭᠤ ᠴᠤᠯᠬᠢᠨ᠂ ᠮᠡᠨᠲᠤ ᠲᠠᠢ᠂ ᠬᠥᠨᠲᠤ ᠲᠠᠢ ᠪᠠᠶᠢᠬᠤ ᠶᠢ ᠶᠡᠭᠡᠲᠡ ᠡᠷᠬᠢᠮᠯᠡᠲᠡᠭ ᠰᠠᠶᠢᠬᠠᠨ ᠶᠤᠰᠤ ᠵᠠᠩᠰᠢᠯ  ᠲᠠᠢ᠃ ᠬᠠᠲᠠᠭ ᠪᠠᠷᠢᠵᠤ ᠵᠤᠯᠭᠠᠬᠤ ᠨᠢ ᠵᠤᠯᠭᠠᠭᠴᠢ ᠪᠠᠨ ᠬᠥᠨᠲᠤᠳᠭᠡᠵᠤ ᠪᠠᠶᠢᠭ᠎ᠠ ᠪᠠᠨ ᠢᠯᠡᠷᠭᠡᠶᠢᠯᠡᠬᠦ ᠲᠠᠯ᠎ᠡ ᠪᠠᠷ ᠢᠶᠠᠨ ᠠᠲᠠᠯᠢ ᠪᠤᠯᠪᠠᠴᠤ ᠢᠯᠭᠠᠭ᠎ᠠ ᠲᠠᠢ ᠲᠠᠯ᠎ᠠ ᠪᠤᠢ᠃      ᠬᠠᠲᠠᠭ ᠪᠠᠷᠢᠵᠤ ᠵᠤᠯᠭᠠᠬᠤ ᠶᠤᠰᠤᠨ ᠳᠤ ᠲᠡᠭᠦᠤ ᠬᠥᠮᠥᠨ ᠨᠢ ᠠᠬᠠᠮᠠᠳ ᠳᠠᠭᠠᠨ ᠬᠠᠲᠠᠭ ᠲᠠᠢ ᠵᠤᠯᠭᠠᠬᠤ ᠶᠤᠰᠤᠯᠠᠯ ᠳᠤ ᠬᠠᠲᠠᠭ ᠢᠶᠠᠨ ᠬᠥᠮᠥᠨ ᠳᠤ ᠥᠭᠲᠡᠭ ᠥᠭᠡᠢ᠂ ᠢᠮᠠᠭᠲᠠ ᠥᠪᠡᠷᠲᠡᠭᠡᠨ ᠠᠪᠴᠤ ᠪᠠᠶᠢᠲᠠᠭ᠃ ᠶᠠᠮᠠᠷ ᠴᠤ ᠨᠠᠰᠤᠨ ᠤ ᠬᠥᠮᠥᠨ ᠲᠠᠢ ᠬᠠᠲᠠᠭ ᠲᠠᠢ ᠵᠤᠯᠭᠠᠵᠤ ᠪᠤᠯᠤᠨ᠎ᠠ᠃ ᠬᠠᠲᠠᠭ ᠲᠠᠢ ᠵᠤᠯᠭᠠᠨ᠎ᠠ ᠭᠡᠲᠡᠭ ᠨᠢ ᠬᠠᠲᠠᠭ ᠤᠨ ᠢᠶᠠᠨ ᠨᠢᠭᠡ ᠥᠵᠥᠬᠦᠷ ᠠᠴᠠ ᠪᠠᠷᠠᠭᠤᠨ ᠭᠠᠷ ᠤᠨ ᠢᠶᠠᠨ ᠢᠲᠡᠮ ᠬᠤᠷᠤᠭᠤ ᠶᠢ ᠲᠤᠲᠤᠷ᠎ᠠ ᠲᠠᠯ᠎ᠠ ᠠᠴᠠ  ᠨᠢ ᠨᠠᠷᠠ ᠵᠥᠭ ᠬᠤᠶᠠᠷ ᠤᠷᠢᠶᠠᠭᠠᠳ ᠰᠢᠭᠡᠵᠢ ᠬᠤᠷᠤᠭᠤ ᠲᠠᠢ ᠲᠠᠯ᠎ᠠ ᠤᠷᠤᠭᠤ ᠲᠤᠷᠤᠭᠰᠢ ᠤᠨᠵᠢᠭᠤᠯᠤᠭᠰᠠᠨ ᠴᠢᠭ ᠢᠶᠠᠷ ᠢᠶᠠᠨ ᠵᠤᠯᠭᠠᠨ᠎ᠠ᠃ ᠮᠥᠨ ᠲᠠᠨ ᠢ ᠵᠤᠯᠭᠠᠬᠤ ᠭᠡᠳ ᠲᠥᠬᠦᠵᠤ ᠤᠴᠢᠬᠤ ᠳᠤ ᠴᠠᠭᠠᠲᠤ ᠬᠥᠮᠥᠨ ᠬᠠᠲᠠᠭ ᠠᠪᠴᠤ ᠬᠤᠷᠤᠭᠤ ᠪᠠᠨ ᠤᠷᠢᠶᠠᠭᠠᠳ ᠡᠬᠢᠯᠡᠪᠡᠯ ᠲᠠ ᠡᠨᠡ ᠬᠥᠮᠥᠨ ᠨᠠᠮᠠᠶᠢ ᠶᠡᠭᠡᠲᠡ ᠬᠥᠨᠲᠥᠳᠭᠡᠵᠤ ᠪᠠᠶᠢᠭ᠎ᠠ ᠶᠤᠮ ᠪᠠᠶᠢᠨ᠎ᠡ ᠭᠡᠵᠤ ᠪᠤᠲᠤᠭᠠᠷᠠᠢ᠃
 
ᠢᠷᠡᠯᠲᠡ᠄ ᠨᠤᠮ ᠡᠷᠲᠡᠨᠢ ᠰᠢᠨ᠎ᠡ ᠵᠠᠭᠤᠴᠢ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号