ᠴᠠᠭᠠᠨ ᠰᠠᠷ᠎ᠠ ᠶᠢᠨ ᠶᠤᠰᠤᠨ — ᠰᠢᠨᠡᠯᠡᠬᠦ ᠶᠤᠰᠤᠨ
ᠨᠡᠶᠢᠲᠡᠯᠡᠭᠰᠡᠨ ᠴᠠᠭ᠄
2019-12-26
     ᠬᠠᠪᠤᠷ ᠤᠨ ᠲᠡᠷᠢᠬᠦᠨ ᠰᠠᠷ᠎ᠠ ᠶᠢᠨ ᠰᠢᠨ᠎ᠡ ᠶᠢᠨ ᠨᠢᠭᠡᠨ ᠳᠤ ᠴᠠᠭᠠᠨ ᠰᠠᠷ᠎ᠠ ᠶᠢᠨ ᠪᠠᠶᠠᠷ ᠢ ᠲᠡᠮᠲᠡᠭᠯᠡᠬᠦ ᠳᠡᠭᠡᠨ ᠶᠤᠰᠤᠯᠠᠯ ᠬᠥᠨᠲᠥᠳᠭᠡᠯ ᠤᠨ ᠢᠲᠡᠭᠡ᠂ ᠤᠮᠲᠠᠭ᠎ᠠ ᠪᠡᠯᠡᠳᠭᠡᠨ᠂ ᠵᠤᠯᠭᠠᠵᠤ ᠰᠢᠨᠡᠯᠡᠲᠡᠭ᠃ ᠴᠠᠭᠠᠨ ᠰᠠᠷ᠎ᠠ ᠶᠢᠨ ᠪᠢᠲᠡᠭᠦᠯᠭᠡ ᠶᠢ ᠰᠢᠨ᠎ᠡ ᠶᠢᠨ ᠨᠢᠭᠡᠨ ᠤ ᠤᠷᠢᠲᠤ ᠤᠷᠤᠢ ᠶᠤᠰᠤᠯᠠᠲᠠᠭ ᠪᠥᠭᠡᠳ ᠴᠠᠭᠠᠯᠠᠭ᠎ᠠ ᠶᠢᠨ ᠶᠤᠰᠤᠯᠠᠯ ᠢ ᠥᠷᠯᠥᠭᠡ ᠤᠷᠭᠤᠬᠤ ᠨᠠᠷᠠ ᠢᠶᠠᠷ ᠲᠠᠤᠯᠠᠢ ᠴᠠᠭ ᠲᠤ ᠡᠬᠢᠯᠡᠨ ᠥᠢᠯᠡᠲᠤᠲᠡᠭ᠃ ᠰᠢᠨ᠎ᠡ ᠶᠢᠨ ᠨᠢᠭᠡᠨ ᠤ ᠢᠲᠡᠭᠡᠨ ᠤ ᠥᠨᠲᠤᠰᠤᠨ ᠬᠡᠰᠡᠭ ᠨᠢ ᠲᠠᠪᠬᠤᠷᠯᠠᠨ ᠥᠷᠥᠭᠰᠡᠨ ᠪᠢᠰᠢᠯᠠᠭ᠂ ᠡᠰᠡᠪᠡᠯ ᠬᠠᠪᠰᠠᠢ᠂ ᠤᠯᠡ ᠪᠤᠤᠪᠤ ᠶᠤᠮ᠃      ᠮᠠᠨ ᠤ ᠶᠡᠭᠡᠩᠬᠢ ᠨᠤᠲᠤᠭ ᠲᠤ ᠥᠨᠲᠤᠰᠤᠨ ᠲᠠᠪᠠᠭ ᠤᠨ ᠢᠲᠡᠭᠡᠨ ᠤ ᠪᠢᠰᠢᠯᠠᠭ ᠪᠤᠶᠤ ᠪᠤᠤᠪᠤ ᠬᠠᠪᠰᠠᠢ ᠶᠢ ᠰᠤᠨᠲᠠᠭᠠᠢ ᠲᠤᠭ᠎ᠠ ᠪᠠᠷ ᠲᠠᠪᠬᠤᠷᠯᠠᠨ ᠥᠷᠥᠲᠡᠭ᠃ ᠡᠴᠢᠭᠡ᠂ ᠠᠬ᠎ᠠ ᠨᠠᠷ ᠨᠢ ᠪᠤᠢ ᠠᠶᠢᠯ ᠤᠨ ᠲᠠᠪᠠᠭ ᠤᠨ ᠢᠲᠡᠭᠡ ᠭᠤᠷᠪᠠ ᠪᠤᠶᠤ ᠲᠠᠪᠤ ᠪᠠᠶᠢᠵᠤ ᠪᠤᠯᠲᠠᠭ᠃ ᠡᠴᠢᠭᠡ ᠶᠢᠨ ᠬᠢᠨ ᠲᠤᠯᠤᠭᠠᠨ ᠲᠠᠪᠬᠤᠷ ᠢᠲᠡᠭᠡ ᠵᠠᠰᠠᠨ᠎ᠠ᠃ ᠲᠥᠷᠤ ᠶᠢᠨ ᠰᠢᠨᠵᠢ ᠴᠢᠨᠠᠷ ᠲᠠᠢ ᠶᠤᠰᠤᠯᠠᠯ ᠤᠨ ᠲᠠᠪᠠᠭ ᠤᠨ ᠢᠲᠡᠭᠡ ᠶᠢ ᠭᠤᠤᠯᠴᠢᠯᠠᠨ ᠶᠢᠰᠤᠨ ᠲᠠᠪᠬᠤᠷ ᠵᠠᠰᠠᠲᠠᠭ ᠤᠯᠠᠮᠵᠢᠯᠠᠯ ᠲᠠᠢ᠃ ᠲᠠᠪᠠᠭ ᠢᠶᠠᠨ ᠥᠷᠥᠮ᠎ᠡ᠂ ᠠᠭᠠᠷᠤᠤᠯ᠂ ᠰᠢᠷ᠎ᠡ᠂ ᠴᠠᠭᠠᠨ ᠲᠤᠰᠤ ᠵᠡᠷᠭᠡ ᠴᠠᠭᠠᠨ ᠢᠲᠡᠭᠡ ᠪᠠᠷ ᠴᠢᠮᠡᠬᠦ ᠶᠤᠰᠤᠲᠠᠢ᠃      ᠴᠠᠭᠠᠯᠠᠬᠤ ᠥᠶ᠎ᠠ ᠪᠠᠷ ᠡᠪᠲᠡᠢ ᠨᠠᠶᠢᠷᠲᠠᠢ ᠶᠠᠪᠤᠬᠤ ᠶᠢᠨ ᠪᠡᠯᠭᠡᠲᠡᠯ ᠪᠤᠯᠭᠠᠵᠤ ᠬᠥᠭᠡᠷᠭᠡ ᠵᠥᠷᠢᠬᠦᠯᠵᠤ ᠲᠡᠮᠠᠬᠢᠯᠠᠬᠤ ᠪᠥᠭᠡᠳ ᠬᠠᠷᠢᠨ ᠬᠥᠭᠡᠷᠭᠡ ᠬᠠᠷᠰᠢᠭᠤᠯᠵᠤ ᠰᠤᠯᠢᠯᠴᠠᠬᠤ ᠶᠢ ᠴᠡᠭᠡᠷᠯᠡᠬᠦ ᠶᠢᠨ ᠬᠠᠮᠲᠤ ᠲᠤᠯᠤᠭᠠᠢ ᠶᠢ ᠨᠢ ᠲᠠᠷᠤᠵᠤ ᠪᠤᠯᠲᠠᠭ ᠥᠭᠡᠢ᠃ ᠬᠥᠭᠡᠷᠭᠡ ᠪᠠᠨ ᠲᠥᠷᠤ ᠲᠥᠰᠢᠬᠦ ᠭᠤᠷᠪᠠᠨ ᠬᠤᠷᠤᠭᠤ ᠪᠤᠶᠤ ᠡᠷᠡᠭᠡᠢ᠂ ᠲᠤᠯᠤᠪᠤᠷ᠂ ᠲᠤᠮᠲᠠ ᠬᠤᠷᠤᠭᠤ ᠪᠠᠷ ᠲᠥᠰᠢᠵᠤ ᠲᠠᠮᠠᠬᠢᠯᠠᠲᠠᠭ᠃ ᠡᠨᠡ ᠨᠢ ᠲᠤᠬᠠᠢ ᠶᠢᠨ ᠬᠥᠮᠤᠨ ᠢ ᠲᠥᠷᠤ ᠶᠢᠨ ᠬᠡᠮᠵᠢᠶᠡᠨ ᠳᠤ ᠬᠥᠨᠲᠥᠯᠡᠵᠤ ᠪᠠᠶᠢᠭ᠎ᠠ ᠶᠢᠨ ᠲᠡᠮᠲᠡᠭ ᠶᠤᠮ᠃
 
ᠢᠷᠡᠯᠲᠡ᠄ ᠨᠤᠮ ᠡᠷᠲᠡᠨᠢ ᠰᠢᠨ᠎ᠡ ᠵᠠᠭᠤᠴᠢ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号