ᠴᠠᠭᠠᠨ ᠰᠠᠷ᠎ᠠ ᠶᠢᠨ ᠶᠤᠰᠤᠨ — ᠪᠢᠲᠡᠬᠦᠯᠡᠬᠦ ᠶᠤᠰᠤᠨ
ᠨᠡᠶᠢᠲᠡᠯᠡᠭᠰᠡᠨ ᠴᠠᠭ᠄
2019-12-14
     ᠰᠠᠷ᠎ᠠ ᠭᠠᠷᠬᠤ ᠥᠭᠡᠢ ᠪᠢᠲᠡᠬᠦᠤ ᠬᠠᠷᠠᠩᠭᠤᠢ ᠪᠠᠶᠢᠲᠠᠭ ᠤᠴᠢᠷ ᠤᠨ ᠤ ᠤᠳᠬᠠᠨ ᠰᠥᠨᠢ ᠶᠢ ︽ᠪᠢᠲᠡᠬᠦᠨ︾ ᠭᠡᠮᠡᠨ ᠨᠡᠷᠡᠶᠢᠳᠲᠡᠭ ᠪᠠᠶᠢᠨ᠎ᠠ᠃ ᠡᠯ᠎ᠡ ᠡᠲᠤᠷ ᠪᠥᠬᠦ ᠵᠥᠢᠯᠡᠰ ᠪᠥᠲᠤᠨ᠂ ᠪᠢᠲᠡᠬᠦᠤ ᠪᠠᠶᠢᠬᠤ ᠤᠴᠢᠷᠲᠡᠢ᠃ ᠡᠨᠡ ᠨᠢ ᠤᠯᠠᠷᠢᠵᠤ ᠪᠤᠢ ᠤᠨ ᠳᠠᠭᠠᠨ ᠲᠡᠭᠰᠢ ᠲᠥᠬᠦᠷᠡᠩ ᠪᠠᠶᠢᠭᠰᠠᠨ ᠪᠥᠭᠡᠳ ᠢᠷᠡᠬᠦ ᠤᠨ ᠳᠤ ᠴᠤ ᠡᠯᠪᠡᠭ ᠬᠠᠩᠬᠤᠯᠤᠭᠤᠨ ᠪᠠᠶᠢᠬᠤ ᠪᠤᠯᠲᠤᠭᠠᠢ ᠬᠡᠮᠡᠭᠰᠡᠨ ᠪᠡᠯᠭᠡᠲᠡᠯ ᠪᠢᠯᠡ᠃ ᠡᠪᠤᠯ ᠤᠨ ᠠᠲᠠᠭ ᠰᠠᠷ᠎ᠠ ᠶᠢᠨ ᠰᠡᠬᠦᠯ ᠤᠨ ᠡᠲᠤᠷ ᠪᠤᠶᠤ ᠪᠢᠲᠡᠬᠦᠨ ᠤ ᠡᠲᠤᠷ ᠠᠴᠠ ᠡᠮᠤᠨ᠎ᠠ ᠮᠤᠩᠭᠤᠯᠴᠤᠤᠨ ᠬᠠᠭᠤᠴᠢᠨ ᠤᠨ ᠤ ᠥᠷᠢ ᠰᠢᠷᠢ᠂ ᠥᠭᠬᠦᠯᠭᠡ ᠠᠪᠤᠯᠭ᠎ᠠ ᠪᠠᠨ ᠲᠠᠭᠤᠰᠬᠠᠨ᠂ ᠲᠤᠲᠠᠭᠤ ᠵᠥᠢᠯᠡᠰ ᠢᠶᠠᠨ ᠭᠥᠢᠴᠡᠭᠡᠲᠡᠭ ᠤᠯᠠᠮᠵᠢᠯᠠᠯ ᠲᠠᠢ᠃ ᠢᠩᠬᠢᠭᠰᠡᠨ ᠢᠶᠠᠷ ᠬᠡᠶᠢᠮᠣᠷᠢ ᠯᠤᠨᠲᠤᠩ ᠨᠢ ᠰᠡᠷᠭᠦᠲᠡᠭ ᠭᠡᠮᠡᠨ ᠥᠵᠡᠲᠡᠭ ᠪᠠᠶᠢᠨ᠎ᠠ᠃ ᠪᠢᠲᠡᠬᠦᠯᠡᠬᠦ ᠶᠤᠰᠤᠯᠠᠯ ᠨᠢ ᠨᠠᠷᠠ ᠰᠢᠩᠭᠡᠭᠰᠡᠨ ᠬᠤᠶᠢᠨ᠎ᠠ ᠡᠬᠢᠯᠡᠲᠡᠭ᠃ ᠢᠲᠡᠭᠡ ᠪᠤᠲᠠᠭ᠎ᠠ ᠪᠠᠨ ᠵᠠᠰᠠᠵᠤ᠂ ᠬᠠᠭᠠᠯᠭ᠎ᠠ ᠶᠢᠨ ᠢᠶᠠᠨ ᠪᠠᠷᠠᠭᠤᠨ ᠲᠤᠲᠤᠭᠤ ᠶᠢᠨ ᠲᠡᠭᠡᠷ᠎ᠡ ᠴᠠᠭᠠᠨ ᠴᠢᠯᠠᠭᠤ᠂ ᠴᠡᠪᠡᠷ ᠲᠤᠩᠭᠠᠯᠠᠭ ᠴᠠᠰᠤ ᠮᠥᠰᠤ ᠲᠠᠯᠪᠢᠵᠤ ᠰᠠᠶᠢᠨ ᠵᠥᠭ ᠤᠨ ᠡᠵᠡᠳ ᠰᠠᠬᠢᠭᠤᠰᠤ ᠤᠷᠤᠬᠤ ᠶᠢᠨ ᠡᠬᠦᠲᠡ ᠶᠢ ᠨᠡᠭᠡᠭᠡᠬᠦ ᠶᠢᠨ ᠬᠠᠮᠲᠤ᠂ ᠵᠠᠬᠦᠨ ᠲᠤᠲᠤᠭᠤ ᠶᠢᠨ ᠲᠡᠭᠡᠷ᠎ᠡ ᠥᠷᠬᠦᠭᠡᠰᠤ ᠬᠠᠷᠭᠠᠨ᠎ᠠ᠂ ᠰᠢᠷᠠᠯᠵᠢ ᠲᠠᠯᠪᠢᠬᠤ ᠨᠢ ᠮᠠᠭᠤ ᠵᠥᠭ ᠤᠨ ᠠᠲᠡ ᠴᠢᠳᠬᠦᠷ ᠤᠨ ᠬᠤᠤᠷᠯᠠᠯ ᠢ ᠬᠠᠭᠠᠲᠠᠭ ᠤᠴᠢᠷᠲᠠᠢ᠃ ᠪᠢᠲᠡᠬᠦᠨ ᠤ ᠤᠷᠤᠢ ᠴᠡᠪᠡᠷ ᠴᠡᠮᠴᠡᠭᠡᠷ ᠬᠤᠪᠴᠠᠰᠤᠯᠠᠵᠤ᠂ ᠥᠲᠡᠬᠦᠰ ᠪᠤᠭᠤᠷᠤᠯ ᠳᠠᠭᠠᠨ ᠥᠩᠭᠡᠲᠡᠢ ᠥᠭᠡᠲᠡ ᠲᠠᠢ ᠣᠯᠪᠤᠭ ᠲᠡᠪᠢᠰᠭᠡᠷ ᠢᠶᠠᠨ ᠲᠡᠪᠢᠰᠤᠨ᠂ ᠰᠢᠷᠡᠭᠡ ᠪᠠᠨ ᠵᠠᠰᠠᠵᠤ ᠲᠡᠭᠡᠷ᠎ᠡ ᠨᠢ ᠪᠢᠲᠡᠬᠦᠯᠭᠡ ᠪᠠᠨ ᠲᠠᠯᠪᠢᠵᠤ᠂ ᠢᠲᠡᠭᠡ ᠤᠮᠲᠠᠭ᠎ᠠ ᠶᠢᠨ ᠢᠶᠠᠨ ᠲᠡᠭᠡᠵᠢ ᠶᠢ ᠵᠡᠬᠦᠨ ᠠᠴᠠ ᠪᠠᠷᠠᠭᠤᠨ ᠲᠡᠰᠢ ᠡᠷᠬᠦᠵᠤ᠂ ᠭᠠᠯ ᠳᠠᠭᠠᠨ ᠡᠷᠭᠦᠵᠤ᠂ ᠪᠤᠷᠬᠠᠨ ᠳᠠᠭᠠᠨ ᠲᠡᠭᠡᠵᠢᠯᠡᠭᠰᠡᠨ ᠤ ᠲᠠᠷᠠᠭ᠎ᠠ ᠭᠡᠷ ᠤᠨ ᠡᠵᠡᠭᠲᠡᠢ ᠴᠠᠢ ᠶᠢᠨ ᠢᠶᠠᠨ ᠲᠡᠭᠡᠵᠢ ᠶᠢ ᠭᠡᠷ ᠤᠨ ᠡᠵᠡᠨ ᠳᠡᠭᠡᠨ ᠡᠬᠢᠯᠡᠵᠤ ᠪᠠᠷᠢᠲᠠᠭ ᠶᠤᠰᠤᠲᠠᠢ᠃ ᠭᠤᠷᠪᠠᠨ ᠮᠠᠷᠠᠯ ᠤᠲᠤᠨ ᠳᠤ ᠢᠲᠡᠭᠡ ᠡᠷᠬᠦᠵᠤ ᠪᠢᠲᠡᠬᠦᠯᠭᠡ ᠪᠠᠨ ᠬᠥᠨᠲᠡᠨ᠎ᠠ᠃ ᠴᠠᠭᠠᠨ ᠰᠠᠷ᠎ᠠ ᠶᠢᠨ ᠢᠲᠡᠭᠡ ᠶᠢ ᠤᠨᠴᠠᠭᠠᠢ ᠬᠥᠨᠲᠥᠳᠭᠡᠯ ᠲᠠᠢ ᠳᠤ ᠲᠤᠭᠠᠴᠠᠲᠠᠭ᠃ ᠪᠢᠲᠡᠬᠦᠨ ᠤ ᠵᠤᠭᠤᠭ ᠲᠤ ᠡᠷᠡᠣ ᠶᠢ ᠨᠢ ᠵᠠᠭ᠎ᠠ ᠥᠭᠡᠢ ᠬᠤᠨᠢᠨ ᠤ ᠪᠢᠲᠡᠬᠦᠤ ᠲᠤᠯᠤᠭᠠᠢ ᠶᠤᠮ ᠤᠤ᠂ ᠡᠪᠴᠢᠭᠦᠤ ᠪᠠᠶᠢᠲᠠᠭ᠃ ᠬᠤᠨᠢᠨ ᠤ ᠪᠥᠲᠤᠨ ᠮᠢᠬ᠎ᠠ ᠶᠢ ᠭᠡᠷ ᠤᠨ ᠡᠵᠡᠨ ᠡᠬᠢᠯᠡᠵᠤ ᠬᠥᠨᠲᠡᠯᠡᠨ ︵ᠲᠤᠯᠤᠭᠠᠢ᠂ ᠬᠤᠰᠢᠭᠤ᠂ ᠬᠤᠶᠠᠷ ᠡᠷᠡᠤ᠂ ᠬᠤᠶᠠᠷ ᠴᠢᠬᠢ᠂ ᠤᠭᠤᠴᠠ ᠶᠢᠨ ᠬᠤᠶᠠᠷ ᠲᠠᠯ᠎ᠠ︶ ᠶᠢ ᠬᠥᠨᠲᠡᠵᠤ ᠡᠬᠢᠯᠡᠭᠡᠳ ᠭᠠᠯ ᠳᠠᠭᠠᠨ᠂ ᠲᠠᠷᠠᠭ᠎ᠠ ᠨᠢ ᠪᠤᠷᠬᠠᠨ ᠳᠠᠭᠠᠨ ᠡᠷᠬᠦᠭᠡᠳ᠂ ᠭᠡᠷ ᠲᠤ ᠪᠠᠶᠢᠭ᠎ᠠ ᠬᠥᠮᠥᠰ ᠲᠤ ᠲᠠᠷᠬᠠᠭᠠᠨ᠎ᠠ᠃ ᠲᠠᠪᠢ ᠠᠴᠠ ᠲᠡᠭᠡᠭᠰᠢ ᠨᠠᠰᠤᠲᠠᠨ ᠳᠤ ᠠᠷᠢᠬᠢ ᠬᠥᠷᠲᠡᠭᠡᠲᠡᠭ ᠤᠴᠢᠷᠲᠡᠢ᠃ ᠪᠢᠲᠡᠬᠦᠯᠭᠡ ᠶᠢᠨ ᠢᠲᠡᠭᠡ ᠪᠤᠲᠠᠭᠠᠨ ᠠᠴᠠ ᠢᠲᠡᠵᠤ᠂ ᠶᠤᠰᠤᠯᠠᠯ ᠲᠠᠭᠤᠰᠤᠭᠰᠠᠨ ᠤ ᠲᠠᠷᠠᠭ᠎ᠠ ᠥᠯᠢᠭᠡᠷ᠂ ᠲᠤᠤᠯᠢ ᠶᠠᠷᠢᠬᠤ ᠠᠴᠠ ᠡᠬᠢᠯᠡᠭᠡᠳ ᠱᠠᠭ᠎ᠠ ᠪᠠᠷ ᠠᠯᠠᠭ ᠮᠡᠯᠡᠭᠡᠢ ᠥᠷᠡᠬᠦ᠂ ᠮᠤᠷᠢ᠂ ᠲᠡᠮᠡᠭᠡ ᠤᠷᠤᠯᠲᠤᠭᠤᠯᠬᠤ᠂ ᠲᠥᠷᠪᠡᠨ ᠪᠡᠷᠭᠡ ᠤᠷᠬᠢᠬᠤ᠂ ᠪᠤᠭᠤ ᠨᠢᠭᠤᠬᠤ᠂ ᠬᠤᠷᠯᠤ ᠽᠠᠨᠲᠠᠮᠤᠨ ᠡᠪᠯᠡᠬᠦᠯᠬᠦ ᠵᠡᠷᠭᠡ ᠪᠠᠷ ᠲᠤᠭᠯᠠᠲᠠᠭ᠃ ᠡᠨᠡ ᠥᠲᠡᠰᠢ ᠮᠠᠯ ᠬᠤᠢ ᠪᠠᠨ ᠭᠡᠭᠡᠷ᠎ᠡ᠂ ᠡᠳ᠋ ᠵᠥᠢᠯᠡᠰ ᠢᠶᠠᠨ ᠠᠶᠢᠯ ᠳᠤ ᠬᠤᠨᠤᠭᠤᠯᠬᠤ ᠶᠢ ᠴᠡᠭᠡᠷᠯᠡᠨ᠎ᠡ᠃ ᠮᠥᠨ ᠬᠥᠮᠤᠨ ᠬᠠᠯᠠᠭᠤᠨ ᠪᠥᠯᠢ ᠠᠴᠠ ᠪᠠᠨ ᠲᠠᠰᠤᠷᠠᠵᠤ ᠠᠶᠢᠯ ᠳᠤ ᠬᠤᠨᠤᠬᠤ᠂ ᠬᠥᠯᠴᠤᠬᠦᠷᠭᠡᠬᠦ᠂ ᠡᠪᠡᠳᠴᠢᠨ ᠬᠡᠯᠡᠬᠦ᠂ ᠥᠭᠡ ᠰᠥᠷᠬᠦ᠂ ᠬᠤᠪᠴᠠᠰᠤ ᠪᠠᠨ ᠭᠠᠲᠠᠨ᠎ᠠ ᠬᠤᠨᠤᠭᠤᠯᠬᠤ᠂ ᠬᠤᠭᠤᠰᠤᠨ ᠰᠠᠪᠠ ᠪᠠᠶᠢᠯᠭᠠᠬᠤ᠂ ᠥᠯᠤᠨ ᠵᠠᠯᠮᠠᠨ ᠪᠠᠶᠢᠬᠤ ᠶᠢ ᠴᠡᠭᠡᠷᠯᠡᠨ᠎ᠡ᠃ ᠪᠥᠲᠤᠨ ᠪᠠᠶᠢᠬᠤ ᠶᠢᠨ ᠤᠴᠢᠷ ᠨᠢ ᠪᠢᠲᠡᠬᠦᠨ ᠤ ᠴᠡᠭᠡᠷ ᠬᠢᠭᠡᠳ ᠵᠠᠩ ᠥᠢᠯᠡ ᠳᠤ ᠪᠤᠢ᠃      ᠤᠭᠤᠴᠠ ᠬᠥᠨᠲᠡᠬᠦ ᠶᠤᠰᠤᠨ      ᠤᠭᠤᠴᠠ ᠨᠢ ᠵᠢᠷᠭᠤᠭᠠᠨ ᠬᠠᠪᠢᠷᠭ᠎ᠠ᠂ ᠤᠭᠤᠴᠠ ᠰᠡᠭᠦᠯ ᠤᠨ ᠬᠠᠮᠲᠤ ᠥᠷᠬᠦᠯᠵᠢᠯᠡᠵᠤ ᠪᠠᠶᠢᠭ᠎ᠠ ᠬᠡᠰᠡᠭ ᠢ ᠨᠠᠷᠡᠯᠡᠬᠦ ᠪᠥᠭᠡᠳ ᠤᠭᠤᠴᠠ ᠲᠡᠭᠡᠷ᠎ᠠ ᠰᠡᠭᠡᠷ᠂ ᠡᠰᠡᠪᠡᠯ ᠬᠥᠵᠥᠬᠦᠤ᠂ ᠲᠠᠯᠣ᠂ ᠲᠥᠷᠪᠡᠨ ᠥᠨᠲᠤᠷ᠂ ᠬᠠᠪᠢᠷᠭ᠎ᠠ᠂ ᠬᠤᠩᠭᠤ ᠲᠠᠢ ᠱᠠᠭ᠎ᠠ ᠳᠤ ᠴᠢᠮᠥᠭᠡ ᠲᠠᠭᠠᠭᠠᠯᠤᠨ ᠲᠠᠯᠪᠢᠲᠠᠭ᠃ ᠭᠡᠶᠢᠴᠢᠨ ᠤ ᠡᠮᠥᠨ᠎ᠡ ᠤᠭᠤᠴᠠ ᠲᠠᠯᠪᠢᠬᠤ ᠳᠠᠭᠠᠨ ᠪᠠᠷᠠᠭᠤᠨ ᠭᠠᠷ ᠲᠤ ᠨᠢ ᠲᠥᠷᠪᠡᠨ ᠥᠨᠲᠤᠷ ᠬᠠᠪᠢᠷᠭ᠎ᠠ ᠶᠢ ᠲᠠᠯᠪᠢᠬᠤ ᠪᠥᠭᠡᠳ ᠰᠡᠭᠡᠷ ᠤᠨ ᠨᠠᠷᠢᠨ ᠥᠵᠥᠬᠦᠷ᠂ ᠱᠠᠭᠠᠨᠲᠤ ᠶᠢ ᠪᠤᠷᠪᠢ᠂ ᠲᠠᠯᠣ ᠶᠢᠨ ᠮᠠᠶᠠᠭ᠎ᠠ᠂ ᠬᠠᠪᠢᠷᠭ᠎ᠠ ᠶᠢᠨ ᠪᠤᠷᠤᠭᠤ ᠲᠠᠯ᠎ᠠ ᠶᠢ ᠤᠭᠤᠴᠠ ᠶᠢᠨ ᠬᠠᠷᠴᠠᠭ᠎ᠠ ᠥᠭᠡᠲᠡ ᠬᠠᠷᠠᠭᠤᠯᠤᠨ ᠲᠠᠯᠪᠢᠨ᠎ᠠ᠃ ᠬᠡᠷᠪᠡ ᠰᠡᠭᠡᠷ ᠤᠨ ᠤᠷᠤᠨ ᠳᠤ ᠬᠥᠵᠤᠬᠦᠤ ᠲᠠᠯᠪᠢᠬᠤ ᠪᠤᠯ ᠠᠮᠠᠨ ᠬᠥᠵᠥᠬᠦᠤ ᠲᠠᠯ᠎ᠠ ᠶᠢ ᠬᠠᠷᠴᠠᠭ᠎ᠠ ᠲᠡᠰᠢ ᠨᠢ᠂ ᠬᠠᠷᠴᠠᠭ᠎ᠠ ᠶᠢ ᠵᠤᠴᠢᠨ ᠤ ᠵᠥᠭ ᠬᠠᠷᠠᠭᠤᠯᠤᠨ ᠲᠠᠯᠪᠢᠨ᠎ᠠ᠃ ᠤᠭᠤᠴᠠ ᠶᠢ ᠬᠥᠨᠲᠡᠬᠦ ᠳᠤ ᠵᠡᠬᠦᠨ ᠭᠠᠷ ᠢᠶᠠᠷ ᠢᠶᠠᠨ ᠬᠠᠷᠴᠠᠭ᠎ᠠ ᠠᠴᠠ ᠲᠥᠰᠢᠨ ᠪᠠᠷᠢᠵᠤ᠂ ᠪᠠᠷᠠᠭᠤᠨ ᠭᠠᠷ ᠲᠠᠬᠢ ᠬᠢᠲᠤᠭ᠎ᠠ ᠪᠠᠷ ᠤᠭᠤᠴᠠ᠂ ᠰᠡᠬᠦᠯ ᠬᠤᠶᠠᠷ ᠤᠨ ᠠᠭᠤᠯᠵᠠᠪᠤᠷᠢ ᠤᠷᠴᠢᠮ ᠳᠤ ᠭᠤᠤᠯ ᠳᠤ ᠨᠢ ᠨᠢᠭᠡ᠂ ᠲᠠᠷᠠᠭ᠎ᠠ ᠨᠢ ᠤᠯᠠᠨ ᠶᠠᠰᠤ ᠠᠭᠤᠯᠵᠠᠬᠤ ᠤᠷᠴᠢᠮ ᠠᠴᠠ ᠡᠬᠢᠯᠡᠨ ᠥᠪᠡᠷ ᠤᠨ ᠲᠡᠰᠢ ᠬᠠᠷᠴᠠᠭ᠎ᠠ ᠶᠢᠨ ᠬᠤᠶᠠᠷ ᠵᠢᠷᠤᠭ᠎ᠠ ᠲᠠᠭᠠᠤ ᠴᠤᠪᠤᠭᠤᠯᠤᠨ ᠭᠤᠷᠪᠠ ᠭᠤᠷᠪᠠ ᠡᠰᠭᠡᠨ᠎ᠠ᠃ ᠲᠡᠬᠦᠨ ᠤ ᠲᠠᠭᠠᠤ ᠰᠡᠬᠦᠯ ᠤᠨ ᠪᠥᠭᠲᠦᠷᠢᠭ ᠤᠷᠴᠢᠮ ᠤᠨ ᠬᠤᠶᠠᠷ ᠲᠤᠯᠢᠶᠠᠨ ᠠᠴᠠ ᠲᠤᠭᠤᠷᠢᠭ ᠬᠡᠯᠪᠡᠷᠢᠲᠡᠢ ᠬᠤᠶᠠᠷ ᠬᠡᠰᠡᠭ ᠥᠭᠡᠬᠦ ᠬᠥᠷᠥᠰᠤᠯᠡᠨ ᠬᠠᠮᠢᠮᠯᠡᠵᠤ ᠠᠪᠤᠨ᠎ᠠ᠃      ᠲᠠᠷᠠᠭ᠎ᠠ ᠨᠢ ᠬᠠᠷᠴᠠᠭ᠎ᠠ ᠲᠠᠯ᠎ᠠ ᠶᠢᠨ ᠢᠷᠷᠮᠡᠭ ᠤᠨ ᠮᠢᠬ᠎ᠠ ᠥᠬᠡᠬᠦ ᠶᠢᠨ ᠨᠡᠶᠢᠯᠡᠯᠲᠡ ᠤᠷᠴᠢᠮ ᠤᠨ ᠬᠤᠶᠠᠷ ᠲᠠᠯ᠎ᠠ ᠠᠴᠠ ᠬᠤᠶᠠᠷ ᠬᠡᠰᠡᠭ ᠬᠠᠯᠢᠮᠯᠠᠨ ᠠᠪᠤᠭᠠᠳ ᠲᠤᠯᠤᠭᠠᠢ ᠰᠡᠬᠦᠯ ᠠᠴᠠ ᠠᠪᠤᠭᠰᠠ ᠬᠤᠶᠠᠷ ᠲᠠᠭᠡᠵᠢ ᠲᠠᠢ ᠨᠡᠶᠢᠯᠡᠬᠦᠯᠤᠨ ᠭᠠᠯ ᠭᠤᠮᠤᠯᠲᠠ ᠶᠢᠨ ᠬᠤᠪᠢ ᠬᠡᠵᠤ ᠲᠤᠰᠬᠠᠢ ᠲᠠᠯᠪᠢᠨ᠎ᠠ᠃ ᠡᠶᠢᠨᠬᠦ ᠬᠥᠨᠲᠡᠵᠤ ᠬᠥᠢᠴᠡᠭᠰᠡᠨ ᠤ ᠲᠠᠷᠠᠭ᠎ᠠ ᠤᠭᠤᠴᠠ ᠪᠠᠨ ᠲᠠᠯᠠᠯᠠᠨ᠎ᠠ᠃ ᠬᠤᠶᠠᠷ ᠲᠠᠯ᠎ᠠ ᠠᠴᠠ ᠠᠪᠤᠭᠰᠠ ᠢᠶᠠᠨ ᠭᠤᠷᠪᠠ ᠭᠤᠷᠪᠠ ᠬᠤᠪᠢᠶᠠᠵᠤ ᠨᠢᠭᠡ ᠶᠢ  ᠨᠢ ᠲᠠᠯ᠎ᠠ ᠶᠢᠨ ᠬᠤᠪᠢ ᠲᠡᠭᠡᠷ᠎ᠡ ᠨᠡᠮᠡᠨ᠎ᠠ᠃ ᠬᠠᠷᠢᠨ ᠭᠤᠷᠪᠠ ᠶᠢ ᠨᠢ ᠲᠡᠭᠡᠵᠢ ᠪᠤᠯᠭᠠᠵᠤ ᠲᠤᠰᠬᠠᠢ ᠲᠠᠯᠪᠢᠨ᠎ᠠ᠃ ᠥᠯᠡᠲᠡᠭᠰᠡᠨ ᠬᠤᠶᠠᠷ ᠢ ᠬᠤᠪᠢ ᠪᠤᠯᠭᠠᠨ ᠥᠯᠡᠲᠡᠭᠡᠵᠤ ᠠᠮᠰᠡᠨ᠎ᠠ᠃ ᠲᠠᠷᠠᠭ᠎ᠠ ᠨᠢ ᠤᠭᠤᠴᠠ ᠶᠢᠨ ᠢᠶᠠᠨ ᠬᠤᠶᠠᠷ ᠲᠠᠯ᠎ᠠ ᠠᠴᠠ ᠨᠢᠵᠡᠭᠡᠳ ᠲᠠᠯᠠᠯᠠᠨ ᠠᠪᠴᠤ ᠬᠡᠰᠡᠭ ᠬᠡᠮᠡᠨ ᠲᠡᠷᠬᠠᠭᠠᠲᠠᠭ ᠶᠤᠰᠤᠲᠠᠢ᠃
 
ᠢᠷᠡᠯᠲᠡ᠄ ᠨᠤᠮ ᠡᠷᠲᠡᠨᠢ ᠰᠢᠨ᠎ᠡ ᠵᠠᠭᠤᠴᠢ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号