ᠮᠤᠩᠭᠤᠯᠴᠤᠤᠨ ᠤ ᠪᠠᠶᠠᠷ ᠤᠨ ᠶᠤᠰᠤᠯᠠᠯ ᠳᠤ ᠬᠠᠲᠠᠭ ᠢ ᠡᠳ᠋ ᠤᠨ ᠮᠠᠩᠯᠠᠢ ᠪᠤᠯᠭᠠᠨ ᠪᠠᠷᠢᠲᠠᠭ᠃ ᠬᠠᠲᠠᠭ ᠨᠢ | ᠬᠡ ᠤᠭᠠᠯᠵᠠ᠂ ᠥᠰᠥᠭ ᠴᠢᠭ ᠢᠶᠠᠷ ᠢᠶᠠᠨ ᠮᠠᠰᠢ ᠤᠯᠠᠨ ᠶᠠᠩᠵᠤ ᠪᠥᠭᠡᠳ ᠤᠷᠲᠤ ᠪᠤᠭᠤᠨᠢ ᠪᠠᠷ ᠢᠶᠠᠨ ᠴᠤ | ᠬᠠᠷᠢᠯᠴᠠᠨ ᠠᠲᠠᠯᠢ ᠥᠭᠡᠢ ᠪᠠᠶᠢᠲᠠᠭ᠃ ᠬᠡ ᠴᠢᠮᠡᠭ ᠤᠨ ᠪᠠᠶᠢᠲᠠᠯ ᠢᠶᠠᠷ ᠬᠥᠮᠥᠨ ᠤ ᠲᠥᠷᠰᠤ ᠲᠠᠢ ᠠᠶᠤᠰᠢ ᠬᠠᠲᠠᠭ ᠢ | ᠡᠴᠢᠭᠡ ᠡᠬᠡ᠂ ᠠᠬᠠᠮᠠᠳ ᠨᠠᠰᠤᠲᠠᠨ ᠡᠷᠬᠢᠮ ᠬᠥᠮᠥᠨ ᠳᠤ ᠭᠤᠤᠯᠴᠢᠯᠠᠨ ᠪᠠᠷᠢᠬᠤ ᠪᠥᠭᠡᠳ ᠨᠠᠷᠠ ᠰᠠᠷ᠎ᠠ᠂ ᠥᠰᠥᠭ | ᠪᠥᠬᠦᠢ ᠨᠠᠨᠵᠢᠸᠠᠩᠲᠠᠨ ᠬᠠᠲᠠᠭ ᠢ ᠶᠡᠭᠡᠪᠴᠢᠯᠡᠨ ᠤᠷᠰᠢᠭᠤᠯᠭᠠ ᠶᠢᠨ ᠶᠤᠰᠤᠯᠠᠯ ᠳᠤ ᠬᠡᠷᠡᠭᠯᠡᠨ᠎ᠡ᠃ ᠬᠠᠲᠠᠭ ᠢ ᠪᠠᠷᠢᠬᠤ | ᠬᠥᠮᠥᠨ ᠤᠷᠤᠭᠤ ᠪᠠᠨ ᠠᠮᠠ ᠶᠢ ᠨᠢ ᠬᠠᠷᠠᠭᠤᠯᠵᠤ ᠬᠥᠨᠲᠤ ᠶᠢᠨ ᠡᠷᠡᠮᠪᠡ ᠪᠠᠷ ᠮᠡᠬᠦ᠋ᠢᠬᠦ ᠪᠤᠶᠤ ᠰᠥᠬᠦᠳᠴᠤ ᠪᠠᠷᠢᠨ᠎ᠠ᠃ | ᠠᠪᠬᠤ ᠬᠥᠮᠤᠨ ᠨᠢ ᠬᠠᠷᠢᠭᠤ ᠮᠡᠬᠦ᠋ᠢᠰᠬᠢᠨ ᠬᠠᠲᠠᠭ ᠢ ᠬᠤᠶᠠᠷ ᠭᠠᠷᠲᠠᠨ ᠠᠪᠤᠭᠠᠳ ᠨᠢᠮᠪᠠᠢ ᠡᠪᠬᠡᠵᠤ᠂ ᠬᠢᠮᠠᠭᠠᠲᠠᠬᠤ | ᠶᠤᠰᠤᠲᠠᠢ᠃ ᠬᠠᠲᠠᠭ ᠢ ᠪᠠᠷᠢᠬᠤ ᠳᠠᠭᠠᠨ ᠤᠤᠯ ᠶᠤᠰᠤᠯᠠᠯ ᠤᠨ ᠲᠤᠬᠠᠢ ᠪᠡᠯᠭᠡ ᠲᠠᠢ ᠥᠭᠡ ᠥᠬᠦᠯᠡᠵᠤ ᠰᠡᠬᠦᠯ ᠳᠤᠨᠢ | ᠡᠯ᠎ᠡ ᠪᠠᠶᠠᠷ ᠲᠤ ᠨᠡᠶᠢᠴᠡᠬᠦᠯᠥᠨ ᠪᠠᠷᠢᠬᠤ ᠬᠠᠲᠠᠭ ᠤᠨ ᠢᠶᠠᠨ ᠲᠤᠬᠠᠢ ᠲᠤᠤᠷᠠᠬᠢ ᠥᠭᠡ ᠶᠢᠨ ᠠᠯᠢ ᠨᠢᠭᠡ ᠶᠢ ᠬᠡᠯᠡᠵᠤ | ᠬᠠᠲᠠᠭ ᠢᠶᠠᠨ ᠭᠠᠷᠲᠠᠭᠤᠯᠤᠨᠠ᠃ | ᠬᠠᠲᠠᠭ ᠪᠠᠷᠢᠬᠤ ᠳᠤ ᠬᠡᠯᠡᠬᠦ ᠥᠭᠡ | ᠴᠠᠭᠯᠠᠰᠢ ᠥᠭᠡᠢ ᠤᠷᠲᠤ ᠨᠠᠰᠤᠲᠤ ᠠᠷᠢᠭᠤᠨ ᠬᠠᠲᠠᠭ | ᠲᠡᠭᠰᠢ ᠡᠷᠭᠡ ᠶᠢᠨ ᠲᠡᠭᠷᠢ ᠠᠴᠠ ᠴᠡᠴᠡᠭᠯᠡᠭᠰᠡᠨ | ᠲᠡᠯᠭᠡᠷᠡᠩᠬᠦᠢ ᠤᠷᠲᠤ ᠨᠠᠰᠤᠲᠤ ᠠᠷᠢᠭᠤᠨ ᠴᠠᠭᠠᠨ ᠬᠠᠲᠠᠭ | ᠢᠲᠡᠭᠡᠨ ᠤ ᠲᠡᠭᠡᠵᠢ ᠡᠯᠢᠭᠡᠨ ᠴᠠᠭᠠᠨ ᠲᠠᠷᠠᠭ | ᠡᠳ᠋ ᠤᠨ ᠲᠡᠭᠡᠵᠢ ᠠᠷᠢᠭᠤᠨ ᠴᠠᠭᠠᠨ ᠬᠠᠲᠠᠭ | ᠥᠨᠲᠤᠷ ᠨᠠᠰᠤᠲᠠᠢ ᠪᠤᠶᠤ ᠨᠤᠲᠤᠭ ᠤᠰᠤᠨ ᠳᠠᠭᠠᠨ ᠨᠡᠷᠡᠲᠡᠢ ᠬᠥᠮᠥᠰ ᠲᠤ ᠬᠠᠲᠠᠭ ᠪᠠᠷᠢᠵᠤ ᠵᠤᠯᠭᠠᠬᠤ ᠶᠤᠰᠤ | ᠪᠠᠶᠢᠲᠠᠭ᠃ ᠲᠡᠬᠦᠤ ᠬᠥᠮᠥᠨ ᠬᠠᠲᠠᠭ ᠢᠶᠠᠨ ᠭᠠᠷᠭᠠᠵᠤ ᠠᠮᠠ ᠶᠢ ᠨᠢ ᠵᠤᠯᠭᠠᠬᠤ ᠬᠥᠮᠥᠨ ᠲᠡᠰᠢ ᠬᠠᠷᠠᠭᠤᠯᠵᠤ ᠬᠤᠶᠠᠷ | ᠭᠠᠷᠲᠠᠨ ᠪᠠᠷᠢᠭᠰᠠᠭᠠᠷ ᠵᠤᠯᠭᠠᠵᠤ ᠪᠤᠢ ᠬᠥᠮᠥᠨ ᠤ ᠬᠤᠶᠠᠷ ᠭᠠᠷ ᠲᠡᠭᠡᠷ᠎ᠡ ᠲᠠᠯᠪᠢᠭᠰᠠ ᠤ ᠲᠠᠷᠠᠭ᠎ᠠ ᠵᠤᠯᠭᠠᠨ᠎ᠠ᠃ | ᠬᠠᠲᠠᠭ ᠠᠪᠴᠤ ᠪᠠᠶᠢᠭ᠎ᠠ ᠬᠥᠮᠥᠨ ᠬᠠᠲᠠᠭ ᠢᠶᠠᠨ ᠬᠠᠪᠰᠤᠷᠤᠨ ᠬᠤᠷᠢᠶᠠᠭᠠᠳ ᠮᠥᠨ ᠬᠠᠲᠠᠭ ᠲᠠᠢ ᠪᠠᠨ ᠵᠤᠯᠭᠠᠵᠤ ᠴᠤ | ᠪᠤᠯᠤᠨ᠎ᠠ᠃ ᠬᠠᠲᠠᠭ ᠲᠠᠯᠪᠢᠵᠤ ᠪᠤᠢ ᠬᠥᠮᠤᠨ ᠬᠠᠲᠠᠭ ᠢᠶᠠᠷ ᠢᠶᠠᠨ ᠪᠥᠬᠦ ᠬᠤᠷᠤᠭᠤ ᠶᠢ ᠪᠥᠲᠡᠭᠡᠵᠤ ᠪᠤᠯᠬᠤ ᠥᠭᠡᠢ᠃ | ᠬᠠᠲᠠᠭ ᠢᠶᠠᠨ ᠡᠷᠡᠭᠡᠢ ᠬᠤᠷᠤᠭᠤᠨ ᠳᠤᠨᠢ ᠲᠤᠯᠭᠠᠵᠤ ᠠᠯᠠᠭᠠᠨ ᠳᠤᠨᠢ ᠪᠠᠭᠲᠠᠭᠠᠵᠤ ᠲᠠᠯᠪᠢᠨ᠎ᠠ᠃ ᠬᠠᠲᠠᠭ ᠢᠶᠠᠨ | ᠲᠠᠯᠪᠢᠬᠤ ᠳᠠᠭᠠᠨ ᠮᠡᠨᠲᠤ ᠮᠠᠲᠡᠵᠤ ᠪᠤᠯᠬᠤ ᠥᠭᠡᠢ᠃ ᠬᠠᠲᠠᠭ ᠢᠶᠠᠨ ᠠᠪᠴᠢᠬᠠᠭᠠᠳ ᠵᠤᠯᠭᠠᠬᠤ ᠳᠠᠭᠠᠨ ᠮᠡᠨᠲᠤ ᠪᠠᠨ | ᠮᠡᠲᠡᠨ᠎ᠡ᠃ | ᠴᠠᠭᠠᠨ ᠰᠠᠷ᠎ᠠ ᠶᠢᠨ ᠶᠤᠰᠤᠨ — ᠴᠠᠭᠠᠨ ᠰᠠᠷ᠎ᠠ ᠪᠠᠷ ᠴᠡᠭᠡᠷᠯᠡᠬᠦ ᠵᠥᠢᠯ | — ᠥᠢᠯᠡ ᠥᠷᠲᠡᠰᠤ ᠬᠢᠬᠦ᠂ ᠢᠯᠠᠩᠭᠤᠶ᠎ᠠ ᠬᠠᠭᠤᠴᠢᠨ ᠶᠠᠭᠤᠮ᠎ᠠ ᠤᠶᠤᠵᠤ ᠰᠢᠷᠢᠬᠦ ᠶᠢ ᠴᠡᠭᠡᠷᠯᠡᠨ᠎ᠡ᠃ | — ᠡᠳ᠋ ᠮᠠᠯ ᠵᠢᠭᠡᠯᠡᠭᠡ ᠪᠠᠷ ᠥᠭᠬᠦᠪᠡᠯ ᠭᠠᠷᠤᠵᠠ ᠶᠢᠨ ᠡᠭᠦᠲᠡ ᠨᠡᠭᠡᠭᠡᠭᠲᠡᠨᠡ ᠬᠡᠮᠡᠨ᠎ᠡ᠃ | — ᠰᠢᠨ᠎ᠡ ᠶᠢᠨ ᠨᠢᠭᠡᠨ ᠳᠤ ᠠᠶᠢᠯ ᠳᠤ ᠬᠤᠨᠤᠪᠠᠯ ᠲᠡᠷᠨ ᠵᠢᠯ ᠳᠡᠭᠡᠨ ᠭᠡᠷ ᠲᠡᠭᠡᠨ ᠲᠤᠭᠲᠠᠬᠤ ᠥᠭᠡᠢ ᠶᠢᠨ | ᠶᠤᠷᠤ ᠬᠡᠮᠡᠨ᠎ᠡ᠃ | — ᠰᠠᠷ᠎ᠠ ᠰᠢᠨ᠎ᠡ ᠪᠠᠷ ᠤᠬᠢᠯᠠᠬᠤ᠂ ᠬᠡᠷᠡᠯᠲᠡᠬᠦ᠂ ᠰᠢᠷᠥᠬᠦᠨ ᠥᠭᠡ ᠬᠡᠯᠡᠪᠡᠯ ᠲᠡᠷᠨ ᠵᠢᠯ ᠳᠡᠭᠡᠨ ᠬᠡᠯᠡ ᠠᠮᠠ | ᠂ ᠵᠤᠪᠠᠯᠠᠩ ᠲᠠᠰᠤᠷᠠᠬᠤ ᠥᠭᠡᠢ ᠪᠤᠯᠥᠨ᠎ᠡ ᠬᠡᠮᠡᠨᠠ᠃ | — ᠰᠢᠨ᠎ᠡ ᠶᠢᠨ ᠨᠢᠭᠡᠨ ᠳᠤ ᠥᠨᠡᠰᠤ ᠬᠤᠭ ᠢᠶᠠᠨ ᠭᠠᠷᠭᠠᠬᠤ᠂ ᠵᠤᠴᠢᠨ ᠤ ᠥᠭᠡᠲᠡ ᠠᠴᠠ ᠪᠡᠶ᠎ᠡ | ᠵᠠᠰᠬᠠᠤ ᠪᠠᠷ ᠶᠠᠪᠤᠬᠤ ᠲᠡᠷᠢᠬᠦᠲᠡᠨ ᠵᠤᠬᠢᠰ ᠥᠭᠡᠢ ᠪᠠᠶᠢᠲᠠᠯ ᠢ ᠲᠤᠰ ᠲᠤᠰ ᠴᠡᠭᠡᠷᠯᠡᠲᠡᠭ᠃ ᠡᠲᠤᠷ ᠬᠡᠪᠲᠡᠬᠦ᠂ | ᠤᠨᠲᠠᠬᠤ ᠶᠢ ᠴᠡᠭᠡᠷᠯᠡᠲᠡᠭ᠃ ᠡᠪᠡᠳᠴᠢᠨ ᠲᠠᠢ ᠬᠥᠮᠤᠨ ᠪᠤᠯᠪᠠᠴᠤ ᠶᠤᠰᠤ ᠪᠡᠯᠭᠡ ᠶᠢ ᠪᠤᠲᠤᠵᠤ ᠤᠷᠤ ᠠᠴᠠ ᠪᠤᠰᠤᠨ | ᠰᠠᠭᠤᠵᠤ᠂ ᠪᠥᠰᠡ ᠪᠠᠨ ᠪᠥᠰᠡᠯᠡᠵᠤ ᠵᠤᠯᠭᠠᠨ᠎ᠠ᠃ | — ᠰᠢᠨ᠎ᠡ ᠶᠢᠨ ᠲᠤᠯᠤᠭᠠᠨ ᠳᠤ ᠠᠶᠢᠯ ᠭᠡᠰᠤᠬᠦ᠂ ᠭᠠᠲᠠᠭᠰᠢ ᠵᠤᠴᠢᠯᠠᠬᠤ ᠶᠢ ᠨᠡᠶᠢᠲᠡ ᠪᠠᠷ ᠴᠡᠭᠡᠷᠯᠡᠲᠡᠭ᠃ | ᠬᠠᠷᠢᠨ ᠵᠠᠷᠢᠮ ᠨᠤᠲᠤᠭ ᠲᠤ ᠲᠤᠯᠤᠭᠠᠨ ᠪᠤᠷᠬᠠᠨ ᠤᠲᠤᠨ ᠳᠠᠭᠠᠨ ᠰᠠᠴᠤᠯᠢ ᠡᠷᠬᠦᠵᠤ ᠲᠡᠬᠢᠲᠠᠭ ᠪᠠᠶᠢᠨ᠎ᠠ᠃ | — ᠰᠢᠨ᠎ᠡ ᠶᠢᠨ ᠭᠤᠷᠪᠠᠨ ᠠᠴᠠ ᠬᠤᠶᠢᠰᠢ ᠰᠠᠷ᠎ᠠ ᠬᠠᠭᠤᠴᠢᠷᠠᠯᠠ ᠬᠡᠮᠡᠵᠤ ᠲᠡᠬᠢᠯ᠂ ᠲᠠᠪᠠᠭ ᠤᠨ ᠢᠲᠡᠭᠡ᠂ | ᠰᠢᠬᠦᠰᠤ ᠪᠠᠨ ᠬᠤᠷᠢᠶᠠᠵᠤ᠂ ᠭᠡᠰᠤᠯ ᠵᠤᠭᠰᠤᠨ᠎ᠠ᠃ ᠭᠡᠪᠡᠴᠤ ᠣᠳᠤᠷ ᠨᠡᠬᠦᠲᠡᠯ ᠢᠶᠠᠷ ᠶᠠᠪᠤᠭᠰᠠᠨ ᠪᠤᠶᠤ ᠭᠠᠲᠠᠭᠰᠢ | ᠠᠵᠢᠯ ᠲᠥᠷᠤᠯ ᠢᠶᠠᠷ ᠤᠲᠤᠭᠰᠠᠨ ᠬᠥᠮᠤᠰ ᠴᠠᠭᠠᠨ ᠰᠠᠷ᠎ᠠ ᠶᠢᠨ ᠲᠠᠷᠠᠭ᠎ᠠ ᠠᠭᠤᠯᠵᠠᠬᠤ ᠳᠤ ᠵᠤᠯᠭᠠᠵᠤ ᠠᠮᠤᠷ ᠮᠡᠨᠲᠤ | ᠪᠠᠨ ᠮᠡᠲᠡᠴᠡᠯᠴᠡᠲᠡᠭ ᠵᠠᠩᠰᠢᠯ ᠲᠠᠢ᠃ | ᠠᠷᠢᠬᠢ ᠤᠤᠭᠤᠵᠤ᠂ ᠠᠭᠰᠤᠮ ᠰᠤᠭᠲᠤᠭᠤ ᠲᠠᠯᠪᠢᠵᠤ ᠬᠥᠯᠴᠥᠬᠦᠷᠡᠬᠦ᠂ ᠰᠢᠨ᠎ᠡ ᠰᠠᠷ᠎ᠠ ᠶᠢᠨ ᠰᠢᠬᠦᠰᠤ᠂ | ᠢᠲᠡᠭᠡ ᠪᠤᠲᠠᠭᠠᠨ ᠳᠤ ᠡᠵᠡᠨ ᠤ ᠵᠥᠪᠰᠢᠶᠡᠷᠡᠯ ᠥᠭᠡᠢ ᠬᠥᠷᠴᠤ ᠰᠠᠮᠠᠷᠲᠠᠬᠤ᠂ ᠪᠠᠵᠠᠬᠤ ᠵᠡᠷᠭᠡ ᠨᠠᠭᠠᠲᠤ ᠵᠠᠬ᠎ᠠ ᠶᠢᠨ | ᠶᠤᠰᠤ ᠵᠠᠶ᠋ᠢᠭ ᠲᠤᠯᠪᠠ ᠶᠢ ᠵᠥᠷᠢᠴᠡᠬᠦ ᠶᠢ ᠴᠡᠭᠡᠷᠯᠡᠨ᠎ᠡ᠃ | | |