ᠬᠤᠷᠴᠢᠨ ᠲᠠᠷᠢᠶᠠᠴᠢᠳ ᠤᠨ ᠭᠤᠣᠯ ᠢᠳᠡᠭᠡᠨ ᠊᠊᠊᠊᠊᠊᠊᠊ ᠮᠣᠩᠭᠤᠯ ᠠᠮᠣ ︵ᠲᠤᠮᠳᠠ︶
ᠨᠡᠶᠢᠲᠡᠯᠡᠭᠰᠡᠨ ᠴᠠᠭ᠄
2019-11-16
     ᠮᠣᠩᠭᠤᠯ ᠠᠮᠣ ᠲᠡᠭᠡᠭᠡᠪᠦᠷᠢᠯᠡᠬᠦ      ᠬᠤᠷᠴᠢᠨ ᠨᠣᠳᠤᠬ ᠤᠨ ᠨᠠᠮᠣᠷ ᠤᠨ ᠣᠯᠠᠷᠢᠯ ᠭᠡᠵᠦ ᠶᠣᠰᠣᠳᠠᠢ ︽ᠣᠨᠠᠬᠰᠠᠨ ᠮᠠᠯᠠᠭᠠᠢ ᠠᠪᠬᠤ ᠵᠠᠪ ᠦᠭᠡᠢ ᠣᠴᠠᠷᠠᠬᠰᠠᠨ ᠬᠦᠮᠦᠨ ᠲᠠᠢ ᠶᠠᠷᠢᠯᠴᠠᠬᠤ ᠴᠢᠯᠦᠭᠡ ᠦᠭᠡᠢ︾ ᠶᠠᠭᠠᠷᠠᠦ ᠴᠠᠬ ᠪᠢᠯᠡ᠃ ᠲᠠᠷᠢᠶᠠᠴᠢᠳ ᠮᠣᠩᠭᠤᠯ ᠠᠮᠣ ᠪᠠᠨ ᠬᠠᠳᠣᠵᠦ ᠲᠠᠭᠤᠰᠣᠬᠰᠠᠨ ᠤ ᠲᠠᠷᠠᠭ᠎ᠠ ᠦᠳᠦᠷᠮ᠎ᠡ ᠳᠤ ᠲᠡᠭᠡᠭᠡᠵᠦ ᠣᠷᠣᠭᠤᠯᠬᠤ ᠪᠠᠷ ᠶᠠᠭᠠᠷᠠᠯᠳᠤᠵᠤ ᠡᠬᠢᠯᠡᠳᠡᠭ᠃ ᠡᠩ ᠤᠨ ᠪᠠᠶᠢᠳᠠᠯ ᠳᠤ ᠬᠤᠷᠴᠢᠨᠴᠣᠳ ᠮᠣᠩᠭᠤᠯ ᠠᠮᠣ ᠶᠢ ᠬᠠᠳᠣᠵᠦ ᠣᠨᠠᠭᠠᠭᠠᠳ ᠵᠣᠬᠢᠬᠤ ᠬᠤᠭᠤᠴᠠᠭ᠎ᠠ ᠦᠡᠭᠭᠡᠷᠡᠭᠰᠡᠨ ᠤ ᠲᠠᠷᠠᠭ᠎ᠠ ᠰᠠᠶ᠋ᠢ ᠲᠡᠭᠡᠭᠡᠵᠦ ᠣᠷᠣᠭᠤᠯᠳᠠᠬ ᠶᠣᠮ᠃ ᠡᠨᠡ ᠨᠢ ᠲᠠᠷᠢᠶᠠᠨ ᠤ ᠨᠠᠮᠣᠷ ᠤᠨ ᠨᠠᠷᠠᠨ ᠤ ᠬᠤᠷᠴᠠ ᠭᠡᠷᠡᠯ ᠳᠤ ᠭᠦᠢᠴᠡᠳ ᠬᠠᠳᠠᠬᠤ ᠶᠢ ᠪᠣᠳᠣᠯᠬᠢᠯᠠᠬᠰᠠᠨ ᠠᠴᠠ ᠶᠣᠮ᠃ ᠦᠷᠡᠯᠡᠵᠦ ᠪᠣᠯᠪᠠᠰᠣᠷᠠᠬᠰᠠᠨ ᠲᠠᠷᠢᠶ᠎ᠠ ᠨᠢ ᠨᠡᠯᠢᠶᠡᠳ ᠬᠦᠨᠳᠦ ᠪᠠᠶᠢᠳᠠᠬ ᠠᠴᠠ ᠲᠠᠷᠢᠶ᠎ᠠ ᠲᠡᠭᠡᠭᠡᠬᠦ ᠳᠤ ᠡᠷᠬᠡᠪᠰᠢ ᠴᠢᠩᠭᠠᠭᠠᠯᠭ᠎ᠠ ᠰᠠᠶᠢᠳᠠᠢ ᠬᠦᠯᠭᠡ ᠣᠨᠤᠭ᠎ᠠ ᠶᠢ ᠲᠡᠷᠭᠡᠨ ᠳᠤ ᠬᠦᠯᠳᠡᠭ᠃ ᠡᠭᠦᠨ ᠤ ᠲᠣᠬᠠᠢ ᠬᠦᠷᠢᠶ᠎ᠡ ᠬᠤᠰᠢᠭᠤᠨ ᠤ ᠮᠠᠩᠬᠠᠨ ᠰᠣᠮᠣᠨ ᠤ ᠭᠠᠳᠠᠰᠣ ᠠᠴᠠ᠄ ︽ᠮᠣᠩᠭᠤᠯ ᠲᠠᠷᠢᠶ᠎ᠠ ᠶᠢ ᠲᠡᠭᠡᠭᠡᠬᠦ ᠳᠤ ᠡᠷᠬᠡᠪᠰᠢ ᠰᠢᠭᠦᠳᠡᠷᠢ ᠪᠠᠭᠤᠬᠰᠠᠨ ᠴᠢᠬᠢᠭᠯᠢᠭ ᠦᠷᠯᠦᠭᠡ ᠶᠢ ᠰᠣᠩᠭᠤᠬᠰᠠᠨ ᠪᠠᠶᠢᠬᠤ ᠬᠡᠷᠡᠭᠳᠡᠢ᠃ ᠣᠴᠢᠷ ᠨᠢ ᠬᠦᠢᠴᠡᠳ ᠬᠠᠳᠠᠬᠰᠠᠨ ᠮᠣᠩᠭᠤᠯ ᠠᠮᠣ ᠨᠢ ᠲᠡᠭᠡᠭᠡᠵᠦ ᠰᠢᠯᠵᠢᠭᠦᠯᠬᠦ ᠳᠤ ᠠᠮᠠᠷᠬᠠᠨ ᠲᠣᠬᠳᠣᠢ ᠠᠴᠠ ᠪᠠᠨ ᠭᠤᠭᠤᠵᠢᠵᠦ ᠭᠠᠷᠳᠠᠬ ᠠᠴᠠ ᠴᠢᠬᠢᠭ ᠲᠠᠢ ᠦᠷᠯᠦᠭᠡ ᠲᠡᠭᠡᠭᠡᠪᠯ ᠪᠣᠳᠠᠭ᠎ᠠ ᠠᠷᠪᠢᠨ ᠣᠷᠬᠢᠬᠳᠠᠬᠤ ᠦᠭᠡᠢ ᠪᠣᠯᠳᠠᠬ᠃ ᠪᠢᠳᠡ ᠵᠠᠯᠠᠭᠤ ᠪᠠᠶᠢᠬᠤ ᠳᠠᠭᠠᠨ ᠴᠢᠬᠢᠭ ᠢ ᠠᠰᠢᠬᠯᠠᠬᠤ ᠶᠢᠨ ᠲᠦᠯᠦᠭᠡ ᠰᠦᠨᠢ ᠲᠦᠯᠢ ᠪᠠᠷ ᠪᠣᠰᠴᠦ ᠲᠠᠷᠢᠶ᠎ᠠ ᠲᠡᠭᠡᠭᠡᠪᠦᠷᠢᠯᠡᠵᠦ᠂ ᠪᠠᠭ᠎ᠠ ᠦᠳᠡ ᠪᠣᠯᠬᠤ ᠬᠢᠷᠢ ᠳᠤ ᠠᠵᠢᠯ ᠠᠴᠠ ᠪᠠᠨ ᠪᠠᠭᠤᠴᠢᠬᠠᠳᠠᠬ ᠪᠠᠶᠢᠪᠠ᠃ ᠬᠤᠷᠯᠣ ᠲᠡᠷᠭᠡ ᠪᠣᠶᠣ ᠬᠠᠰᠠᠬ ᠲᠡᠷᠭᠡ ᠪᠠᠷ ᠮᠣᠩᠭᠤᠯ ᠠᠮᠣ ᠶᠢ ᠲᠡᠭᠡᠭᠡᠬᠦ ᠳᠤ ᠲᠦᠷᠪᠡ ᠪᠣᠶᠣ ᠲᠠᠪᠣᠨ ᠦᠬᠡᠷ ᠬᠦᠯᠵᠦ ᠲᠡᠭᠡᠭᠡᠳᠡᠭ᠃ ᠡᠭᠦᠨ ᠳᠤ ᠠᠷᠠᠯ ᠤᠨ ᠦᠬᠡᠷ᠂ ᠭᠠᠷ ᠤᠨ ᠦᠬᠡᠷ ︵ᠡᠮᠦᠨ᠎ᠡ ᠲᠠᠯ᠎ᠠ ᠳᠤ ᠬᠦᠯᠦᠭᠰᠡᠨ ᠭᠤᠷᠪᠠᠨ ᠦᠬᠡᠷ ᠤᠨ ᠭᠠᠷ ᠲᠠᠯ᠎ᠠ ᠳᠤ ᠪᠠᠶᠢᠭ᠎ᠠ ᠰᠣᠷᠭᠠᠯ ᠰᠠᠶᠢᠳᠠᠢ ᠬᠡᠯᠡ ᠣᠶᠢᠢᠯᠠᠭᠠᠳᠠᠬ ᠦᠬᠡᠷ︶᠂ ᠭᠤᠣᠯ ᠤᠨ ᠦᠬᠡᠷ ︵ᠡᠮᠦᠨ᠎ᠡ ᠲᠠᠯ᠎ᠠ ᠳᠤ ᠬᠦᠯᠦᠭᠰᠡᠨ ᠭᠤᠷᠪᠠᠨ ᠦᠬᠡᠷ ᠤᠨ ᠲᠣᠮᠳᠠ ᠪᠠᠶᠢᠭ᠎ᠠ ᠬᠦᠴᠦᠨ ᠴᠢᠳᠠᠯ ᠰᠠᠶᠢᠳᠠᠢ᠂ ᠴᠢᠩᠭᠠᠭᠠᠯᠭ᠎ᠠ ᠰᠠᠶᠢᠨ ᠦᠬᠡᠷ︶᠂ ᠪᠣᠷᠣᠭᠤᠳᠠᠢ ᠦᠬᠡᠷ ︵ᠡᠮᠦᠨ᠎ᠡ ᠬᠦᠯᠦᠭᠰᠡᠨ ᠭᠤᠷᠪᠠᠨ ᠦᠬᠡᠷ ᠤᠨ ᠬᠠᠮᠤᠬ ᠭᠠᠳᠠᠷ ᠲᠠᠯ᠎ᠠ ᠳᠤ ᠪᠠᠶᠢᠭ᠎ᠠ ᠦᠬᠡᠷ᠂ ᠪᠣᠷᠣᠭᠤᠳᠠᠢ ᠲᠠᠯ᠎ᠠ ᠳᠤ ᠬᠦᠯᠦᠯᠭᠡ ᠳᠤ ᠲᠡᠮᠡᠢ ᠭᠠᠷᠰᠢᠭᠠᠳᠣᠢ ᠪᠣᠶᠣ᠂ ᠡᠮᠨᠢᠭ ᠦᠬᠡᠷ ᠢ ᠬᠦᠯᠦᠨ᠎ᠡ︶᠂ ᠨᠦᠬᠦᠴᠡᠯ ᠲᠠᠢ ᠪᠣᠯ ᠠᠷᠠᠯ ᠤᠨ ᠦᠬᠡᠷ ᠤᠨ ᠠᠷᠠᠯ ᠤᠨ ᠭᠠᠳᠠᠷ ᠲᠠᠯ᠎ᠠ ᠳᠤ ᠬᠠᠭᠠᠰ ᠲᠠᠳᠠᠯᠭ᠎ᠠ ᠶᠢᠨ ᠲᠡᠭᠡᠰᠦ ᠶᠢᠨ ᠨᠢᠭᠡ ᠬᠦᠯᠦᠰᠢ ᠬᠦᠯᠵᠦ ᠲᠡᠭᠡᠭᠡᠨ᠎ᠡ ᠃ ᠠᠷᠠᠯ ᠤᠨ ᠦᠬᠡᠷ ᠨᠢ ᠲᠡᠷᠭᠡᠨ ᠤ ᠲᠡᠭᠰᠢ ᠲᠡᠩᠴᠡᠭᠦᠷᠢ ᠶᠢ ᠬᠠᠮᠢᠶᠠᠷᠴᠦ᠂ ᠰᠣᠷᠭᠠᠯ ᠰᠠᠶᠢᠳᠠᠢ ᠠᠷᠠᠯ ᠤᠨ ᠦᠬᠡᠷ ᠪᠣᠯ ᠲᠡᠷᠭᠡ ᠶᠢ ᠣᠷᠣᠬᠰᠢ ᠬᠤᠶᠢᠰᠢ ᠪᠠᠨ ᠠᠳᠠᠯᠢᠬᠠᠨ ᠰᠢᠯᠵᠢᠬᠦᠯᠵᠦ ᠴᠢᠳᠠᠳᠠᠬ᠃ ᠬᠠᠵᠠᠭᠤ ᠪᠣᠶᠣ ᠲᠡᠭᠰᠢ ᠪᠣᠰᠣ ᠭᠠᠵᠠᠷ ᠲᠡᠷᠭᠡ ᠲᠡᠩᠴᠡᠭᠦᠷᠢ ᠪᠠᠨ ᠠᠯᠳᠠᠭᠠᠳ ᠣᠡᠭᠬᠤᠯᠢᠮᠠᠷ ᠪᠣᠯᠣᠬᠰᠠᠨ ᠦᠶ᠎ᠡ ᠳᠤ ᠠᠷᠠᠯ ᠤᠨ ᠦᠬᠡᠷ ᠨᠢ ᠪᠡᠶ᠎ᠡ ᠪᠠᠷ ᠢᠶᠠᠨ ᠠᠷᠠᠯ ᠢ ᠬᠦᠰᠢᠵᠦ ᠲᠡᠷᠭᠡᠨ ᠤ ᠲᠡᠩᠴᠡᠭᠦᠷᠢ ᠶᠢ ᠪᠠᠳᠣᠯᠠᠳᠠᠬ᠃ ᠭᠠᠷ ᠤᠨ ᠦᠬᠡᠷ ᠪᠣᠯ ᠲᠡᠷᠭᠡ ᠴᠢᠩᠭᠠᠭᠠᠬᠤ ᠠᠴᠠ ᠭᠠᠳᠠᠨ᠎ᠠ ᠲᠡᠷᠭᠡ ᠶᠢᠨ ᠠᠶᠠᠯᠠᠬᠤ ᠵᠦᠭ ᠴᠢᠭ ᠢ ᠲᠣᠬᠳᠠᠭᠠᠬᠤ ᠳᠤ ᠡᠵᠡᠨ ᠳᠡᠭᠡᠨ ᠬᠠᠪᠰᠣᠷᠬᠤ ᠦᠢᠯᠡᠳᠦᠯ ᠦᠵᠡᠭᠦᠯᠳᠡᠭ᠃ ᠪᠣᠷᠣᠭᠤᠳᠠᠢ ᠦᠬᠡᠷ ᠪᠣᠯᠣᠨ ᠬᠠᠭᠠᠰ ᠲᠠᠳᠠᠯᠭ᠎ᠠ ᠶᠢᠨ ᠦᠬᠡᠷ ᠪᠣᠯ ᠲᠡᠷᠭᠡ ᠶᠢ ᠬᠠᠪᠰᠣᠷᠴᠦ ᠲᠠᠳᠠᠵᠦ ᠴᠢᠩᠭᠠᠭᠠᠬᠤ ᠦᠢᠯᠡᠳᠦᠯ ᠲᠠᠢ᠃ ᠶᠡᠷᠦᠳᠡᠭᠡᠨ ᠨᠢᠭᠡ ᠪᠣᠭᠤᠵᠢ ᠮᠣᠩᠭᠤᠯ ᠠᠮᠣ ᠨᠢ ᠲᠦᠷᠪᠡᠨ ᠲᠦᠭᠡ ᠣᠷᠴᠢᠮ ᠪᠠᠶᠢᠳᠠᠬ ᠠᠴᠠ ᠬᠤᠷᠯᠣ ᠲᠡᠷᠭᠡ ᠪᠣᠶᠣ ᠬᠠᠰᠠᠬ ᠲᠡᠷᠭᠡᠨ ᠲᠡᠭᠡᠷ᠎ᠡ ᠮᠣᠩᠭᠤᠯ ᠠᠮᠣ ᠶᠢ ᠲᠡᠭᠡᠭᠡᠬᠦ ᠳᠤ ᠣᠷᠢᠳᠠᠪᠡᠷ ᠲᠦᠷᠪᠡᠨ ᠴᠢᠬᠢᠨ ᠲᠡᠭᠡᠷ᠎ᠡ ᠨᠢ ᠨᠢᠭᠡ ᠨᠢᠭᠡ ᠪᠣᠭᠤᠵᠢ ᠮᠣᠩᠭᠤᠯ ᠠᠮᠣ ᠶᠢ ᠲᠣᠯᠣᠭᠠᠢ ᠶᠢ ᠨᠢ ᠲᠣᠳᠣᠬᠰᠢ ᠪᠠᠨ ᠬᠠᠨᠳᠣᠭᠤᠯᠵᠦ ᠲᠠᠯᠪᠢᠨ᠎ᠠ᠃ ᠲᠠᠬᠢᠨ ᠲᠦᠷᠪᠡᠨ ᠪᠣᠭᠤᠵᠢ ᠮᠣᠩᠭᠤᠯ ᠢ ᠲᠡᠷᠭᠡᠨ ᠤ ᠪᠠᠨ ᠭᠤᠣᠯ ᠳᠤ ᠬᠤᠶᠠᠷ ᠶᠠᠰᠢᠩ ᠤᠨ ᠲᠣᠮᠳᠠᠭᠤᠷ ᠵᠡᠷᠭᠡᠴᠡᠭᠦᠯᠦᠨ ᠲᠠᠯᠪᠢᠨ᠎ᠠ᠃ ᠡᠨᠡ ᠦᠶᠡᠰ ᠲᠡᠷᠭᠡᠨ ᠤ ᠶᠠᠰᠢᠩ ᠪᠣᠯᠣᠨ ᠲᠡᠷᠭᠡᠨ ᠤ ᠴᠢᠬᠢᠨ ᠲᠡᠭᠡᠷ᠎ᠡ ᠲᠡᠭᠡᠭᠡᠭᠰᠡᠨ ᠮᠣᠩᠭᠤᠯ ᠨᠢ ᠲᠡᠭᠰᠢ ᠪᠣᠯᠳᠠᠬ ᠠᠴᠠ ᠲᠡᠭᠡᠷ᠎ᠡ ᠨᠢ ᠪᠣᠭᠤᠵᠢ ᠲᠠᠢ ᠮᠣᠩᠭᠤᠯ ᠠᠮᠣ ᠪᠠᠨ ᠲᠣᠯᠣᠭᠠᠢ ᠶᠢ ᠨᠢ ᠲᠣᠳᠣᠬᠰᠢ ᠬᠠᠨᠳᠣᠭᠤᠯᠵᠦ ᠮᠦᠷ ᠭᠠᠷᠭᠠᠵᠦ ᠵᠡᠷᠭᠡᠴᠡᠭᠦᠯᠦᠨ ᠬᠤᠷᠢᠶᠠᠨ᠎ᠠ᠃ ᠨᠢᠭᠡ ᠮᠦᠷ ᠬᠤᠷᠢᠶᠠᠵᠦ ᠪᠠᠷᠠᠬᠰᠠᠨ ᠤ ᠲᠠᠷᠠᠭ᠎ᠠ ᠲᠡᠷᠭᠡᠨ ᠤ ᠬᠤᠶᠠᠷ ᠲᠠᠯ᠎ᠠ ᠶᠢᠨ ᠵᠡᠷᠭᠡᠴᠡᠭᠦᠯᠦᠨ ᠬᠤᠷᠢᠶᠠᠬᠰᠠᠨ ᠮᠣᠩᠭᠤᠯ ᠠᠮᠣ ᠶᠢᠨ ᠢᠶᠠᠨ ᠲᠣᠯᠣᠭᠠᠢ ᠶᠢ ᠲᠠᠷᠣᠵᠦ ᠪᠠᠰᠠ ᠨᠢᠭᠡ ᠮᠦᠷ ᠬᠤᠷᠢᠶᠠᠳᠠᠬ᠃ ᠡᠭᠦᠨ ᠢᠶᠠᠨ ᠬᠤᠷᠴᠢᠨᠴᠣᠳ ︿ᠭᠤᠣᠯ ᠲᠠᠷᠣᠬᠤ﹀ ᠭᠡᠵᠦ ᠬᠡᠯᠡᠳᠡᠭ᠃ ᠡᠨᠡ ᠮᠡᠳᠦ ᠪᠠᠷ ᠭᠤᠷᠪᠠ ᠠᠴᠠ ᠲᠦᠷᠪᠡᠨ ᠮᠦᠷ ᠬᠤᠷᠢᠶᠠᠵᠦ ᠪᠠᠷᠠᠬᠰᠠᠨ ᠤ ᠲᠠᠷᠠᠭ᠎ᠠ ᠲᠠᠷᠣᠯᠭ᠎ᠠ ᠶᠢᠨ ᠲᠡᠭᠡᠰᠦ ᠪᠠᠨ ᠲᠡᠭᠡᠭᠦᠷ ᠨᠢ ᠣᠷᠬᠢᠵᠦ ᠦᠵᠦᠭᠦᠷ ᠢ ᠨᠢ ᠲᠡᠷᠭᠡᠨ ᠤ ᠠᠷᠣ ᠲᠠᠯ᠎ᠠ ᠳᠤ ᠭᠠᠷᠭᠠᠭᠠᠳ ᠡᠷᠴᠢᠯᠡᠭᠦᠷ ᠮᠣᠳᠣ ᠪᠠᠷ ᠴᠢᠩᠭᠠᠷᠠᠭᠤᠯᠣᠨ ᠡᠷᠴᠢᠯᠡᠳᠡᠭ ᠶᠣᠮ᠃ ᠡᠨᠡ ᠨᠢ ᠲᠡᠭᠡᠭᠡᠭᠰᠡᠨ ᠮᠣᠩᠭᠤᠯ ᠢ ᠭᠡᠭᠡᠵᠦ ᠣᠷᠬᠢᠬᠳᠠᠭᠤᠯᠬᠤ ᠠᠴᠠ ᠰᠡᠷᠭᠡᠶᠢᠯᠡᠳᠡᠭ᠃ ᠬᠤᠷᠯᠣ ᠲᠡᠷᠭᠡ ᠪᠣᠶᠣ ᠬᠠᠰᠠᠬ ᠲᠡᠷᠭᠡᠨ ᠲᠡᠭᠡᠷ᠎ᠡ ᠰᠠᠶᠢᠨ ᠣᠷᠭᠤᠬᠰᠠᠨ ᠮᠣᠩᠭᠤᠯ ᠢ ᠵᠢᠷᠠ ᠲᠠᠯᠠᠨ ᠪᠣᠭᠤᠵᠢ ᠠᠴᠠ ᠠᠷᠪᠢᠨ ᠲᠡᠭᠡᠭᠡᠵᠦ ᠲᠡᠶᠢᠯᠳᠡᠭ ᠦᠭᠡᠢ ᠶᠣᠮ︾ ᠭᠡᠵᠡᠢ᠃      ᠮᠣᠩᠭᠤᠯ ᠠᠮᠣ ᠶᠢ ᠦᠳᠦᠷᠮᠡᠯᠡᠬᠦ      ᠬᠤᠷᠴᠢᠨᠴᠣᠳ ᠠᠩᠬ᠎ᠠ ᠡᠬᠢᠯᠡᠵᠦ ᠲᠠᠷᠢᠶᠠᠯᠠᠬᠤ ᠳᠠᠭᠠᠨ ᠬᠠᠮᠢᠭ᠎ᠠ ᠲᠠᠷᠢᠬᠰᠠᠨ ᠪᠣᠯ ᠲᠡᠨᠳᠡ ᠪᠠᠨ ᠲᠠᠷᠢᠶ᠎ᠠ ᠪᠠᠨ ᠠᠪᠣᠭᠠᠳ ᠠᠮᠣ ᠲᠠᠷᠢᠶ᠎ᠠ ᠪᠠᠨ ᠬᠡᠭᠡᠷ᠎ᠡ ᠨᠦᠬᠡᠴᠡᠯᠡᠵᠦ ᠲᠠᠯᠪᠢᠳᠠᠬ ᠪᠠᠶᠢᠵᠠᠢ᠃ ᠲᠠᠷᠢᠶᠠᠯᠠᠬᠤ ᠠᠮᠢᠳᠣᠷᠠᠯ ᠤᠨ ᠨᠡᠩ ᠶᠡᠭᠡ ᠦᠷᠭᠡᠵᠢᠯ ᠤᠨ ᠦᠷ᠎ᠡ ᠳ᠋ᠦᠡᠭ ᠳᠤ ᠰᠠᠶ᠋ᠢ ᠲᠠᠷᠢᠶ᠎ᠠ ᠶᠢ ᠭᠡᠷ ᠲᠡᠭᠡᠨ ᠲᠡᠭᠡᠭᠡᠨ ᠠᠪᠴᠢᠷᠠᠵᠦ ᠲᠣᠰᠬᠠᠢ ᠪᠡᠯᠡᠳᠭᠡᠭᠰᠡᠨ ᠦᠳᠦᠷᠮ᠎ᠡ ᠳᠡᠭᠡᠨ ᠦᠳᠦᠷᠮᠡᠯᠡᠵᠦ ᠠᠪᠬᠤ ᠪᠣᠯᠪᠠ᠃ ᠶᠡᠷᠦᠩᠬᠡᠢ ᠳᠡᠭᠡᠨ ᠲᠠᠷᠢᠶᠠᠨ ᠤ ᠡᠰᠢ ᠰᠦᠷᠡᠯ ᠬᠢᠭᠡᠳ ᠪᠣᠳᠠᠭ᠎ᠠ ᠶᠢ ᠨᠢ ᠰᠠᠯᠭᠠᠵᠦ ᠠᠪᠬᠤ ᠠᠵᠢᠯ ᠢ ᠬᠤᠷᠴᠢᠨ ᠳᠤ ᠦᠳᠦᠷᠮᠡᠯᠡᠬᠦ ᠪᠣᠶᠣ ᠦᠳᠦᠷᠮ᠎ᠡ ᠠᠪᠬᠤ ᠭᠡᠵᠦ ᠶᠠᠷᠢᠳᠠᠬ᠃ ᠨᠠᠮᠣᠷ ᠴᠠᠬ ᠲᠤ ᠲᠠᠷᠢᠶ᠎ᠠ ᠪᠠᠨ ᠬᠠᠳᠣᠭᠠᠳ ᠲᠡᠭᠡᠭᠡᠵᠦ ᠣᠷᠣᠭᠤᠯᠬᠤ ᠠᠴᠠ ᠡᠮᠦᠨ᠎ᠡ ᠦᠳᠦᠷᠮᠡᠯᠡᠬᠦ ᠶᠢᠨ ᠪᠡᠯᠡᠳᠭᠡᠯ ᠠᠵᠢᠯ ᠢ ᠰᠠᠶᠢᠳᠣᠷ ᠬᠢᠬᠦ ᠬᠡᠷᠡᠭᠳᠡᠢ᠃ ᠦᠳᠦᠷᠮ᠎ᠡ ᠶᠢᠨ ᠬᠦᠷᠢᠶ᠎ᠡ ᠬᠠᠰᠢᠶ᠎ᠠ ᠶᠢ ᠪᠠᠶᠢᠴᠠᠭᠠᠨ ᠪᠠᠬᠢᠯᠡᠵᠦ᠂ ᠡᠪᠳᠡᠷᠡᠭᠰᠡᠨ ᠬᠡᠰᠡᠭ ᠢ ᠵᠠᠰᠠᠨ ᠰᠡᠯᠪᠢᠨ᠎ᠡ᠃ ᠦᠳᠦᠷᠮ᠎ᠡ ᠶᠢᠨ ᠲᠣᠯᠢ ᠳᠤ ᠣᠷᠭᠤᠬᠰᠠᠨ ᠡᠪᠡᠰᠦ ᠣᠷᠭᠤᠮᠠᠯ ᠢ ᠬᠠᠷᠣᠵᠦ᠂ ᠴᠣᠭᠤᠷᠠᠵᠦ ᠡᠪᠳᠡᠷᠡᠭᠰᠡᠨ ᠬᠡᠰᠡᠭ ᠲᠤ ᠰᠢᠪᠠᠷ ᠲᠡᠪᠢᠰᠴᠦ ᠲᠡᠭᠰᠢ ᠮᠦᠷᠳᠡᠭᠡᠨ ᠬᠠᠳᠠᠭᠤ ᠪᠠᠬᠢᠯᠢᠭ᠌ ᠪᠣᠯᠭᠠᠨ᠎ᠠ᠃ ᠬᠠᠮᠳᠦ ᠳᠤᠨᠢ ᠦᠳᠦᠷᠮ᠎ᠡ ᠠᠪᠬᠤ ᠳᠤ ᠬᠡᠷᠡᠭᠯᠡᠳᠡᠭ ᠪᠣᠯᠣ᠂ ᠠᠴᠠ᠂ ᠰᠠᠪᠠᠷ᠂ ᠮᠣᠳᠣᠨ ᠬᠦᠷᠵᠡ᠂ ᠱᠦᠬᠦᠷ᠂ ᠦᠬᠡᠷ ᠮᠣᠷᠢ ᠵᠡᠷᠭᠡ ᠬᠦᠯᠭᠡ ᠣᠨᠤᠭ᠎ᠠ ᠪᠣᠶᠣ ᠪᠠᠭᠠᠵᠢ ᠵᠡᠪᠰᠡᠭ ᠢᠶᠠᠨ ᠪᠡᠯᠡᠬᠡᠨ ᠪᠣᠯᠭᠠᠨ᠎ᠠ᠃ ᠴᠢᠯᠦᠭᠡᠯᠡᠭᠳᠡᠬᠦ ᠠᠴᠠ ᠡᠮᠦᠨ᠎ᠡ ᠮᠣᠩᠭᠤᠯ ᠲᠠᠷᠢᠶ᠎ᠠ ᠶᠢᠨ ᠢᠶᠠᠨ ᠣᠶᠢᠢᠷᠠᠯᠴᠠᠭ᠎ᠠ ᠪᠠᠶᠢᠭ᠎ᠠ ᠲᠠᠯ᠎ᠠ ᠭᠠᠵᠠᠷ ᠪᠣᠶᠣ ᠬᠦᠷᠦᠰᠦ ᠰᠠᠶᠢᠳᠠᠢ ᠬᠤᠵᠢᠷᠯᠢᠬ ᠲᠠᠴᠢᠷ ᠭᠠᠵᠠᠷ ᠤᠨ ᠡᠪᠡᠰᠦ ᠶᠢ ᠨᠢ ᠬᠦᠷᠵᠡ ᠪᠠᠷ ᠬᠠᠷᠣᠵᠦ ᠬᠦᠯᠢᠭᠡᠷ ᠰᠠᠶᠢᠬᠠᠨ ᠪᠣᠯᠭᠠᠭᠠᠳ ᠮᠣᠩᠭᠤᠯ ᠢᠶᠠᠨ ᠡᠰᠢ ᠰᠦᠷᠡᠯ ᠠᠴᠠ ᠨᠢ ᠰᠠᠯᠭᠠᠨ ᠠᠪᠳᠠᠬ᠃ ᠡᠨᠡᠬᠦ ᠭᠦᠯᠢᠭᠡᠷ ᠰᠠᠶᠢᠬᠠᠨ ᠭᠠᠵᠠᠷ ᠢᠶᠠᠨ ᠪᠠᠰᠠ ᠬᠤᠷᠴᠢᠨᠴᠣᠳ ︽ᠦᠳᠦᠷᠮ᠎ᠡ ᠶᠢᠨ ᠲᠣᠯᠢ︾ ᠭᠡᠵᠦ ᠶᠠᠷᠢᠳᠠᠬ ᠶᠣᠮ᠃ ᠬᠤᠷᠴᠢᠨ ᠤ ᠮᠣᠩᠭᠤᠯ ᠭᠠᠵᠠᠷ ᠤᠳ ᠤᠨ ᠲᠣᠮᠳᠠ ᠦᠳᠦᠷᠮ᠎ᠡ ᠶᠢᠨ ᠲᠠᠴᠢ᠂ ᠦᠳᠦᠷᠮ᠎ᠡ ᠶᠢᠨ ᠠᠯᠠᠬ᠂ ᠦᠳᠦᠷᠮ᠎ᠡ ᠬᠢᠭᠰᠡᠨ ᠭᠠᠵᠠᠷ ᠁ ᠮᠡᠳᠦ ᠶᠢᠨ ᠦᠳᠦᠷᠮ᠎ᠡ ᠲᠠᠢ ᠬᠤᠯᠪᠣᠬᠳᠠᠬᠤ ᠮᠠᠰᠢ ᠣᠯᠠᠨ ᠭᠠᠵᠠᠷ ᠤᠨ ᠨᠡᠷ᠎ᠡ ᠣᠯᠠᠮᠵᠢᠯᠠᠬᠳᠠᠵᠦ ᠢᠷᠡᠭᠰᠡᠨ ᠪᠠᠶᠢᠳᠠᠬ᠃ ᠡᠨᠡ ᠦᠶᠡᠰ ᠲᠤ ᠬᠦᠮᠦᠰ ᠮᠣᠩᠭᠤᠯ ᠠᠮᠣ ᠪᠠᠨ ᠪᠦᠬᠦᠨ ᠢ ᠲᠡᠭᠡᠭᠡᠵᠦ ᠪᠠᠷᠠᠭᠠᠭᠠᠳ ᠣᠪᠣᠭᠠᠯᠠᠬᠰᠠᠨ ᠤ ᠲᠠᠷᠠᠭ᠎ᠠ ᠬᠡᠳᠦᠨ ᠡᠳᠦᠷ ᠪᠣᠯᠣᠮᠠᠭᠴᠠ ᠡᠰᠢ ᠰᠦᠷᠡᠯ ᠠᠴᠠ ᠨᠢ ᠰᠠᠯᠭᠠᠨ ᠠᠪᠳᠠᠬ ᠪᠠᠶᠢᠵᠠᠢ᠃ ᠬᠤᠷᠰᠢᠶᠠᠵᠢᠯ ᠤᠨ ᠲᠠᠷᠠᠭᠠᠬᠢ ᠦᠢᠯᠡᠳᠪᠦᠷᠢᠯᠡᠯ ᠪᠠᠷᠢᠭᠠᠳᠠ ᠶᠢᠨ ᠦᠶ᠎ᠡ ᠳᠤ ᠬᠦᠮᠦᠰ ᠲᠣᠰᠬᠠᠢ ᠦᠳᠦᠷᠮ᠎ᠡ ᠶᠢᠨ ᠬᠠᠰᠢᠶ᠎ᠠ ᠪᠠᠷᠢᠵᠦ᠂ ᠭᠠᠳᠠᠨ᠎ᠠ ᠠᠴᠠ ᠬᠤᠵᠢᠷ ᠲᠠᠢ ᠨᠠᠩᠬᠢ ᠰᠢᠪᠠᠷ ᠲᠡᠭᠡᠭᠡᠵᠦ ᠠᠪᠴᠢᠷᠠᠨ ᠦᠳᠦᠷᠮ᠎ᠡ ᠶᠢᠨ ᠬᠠᠰᠢᠶᠠᠨ ᠳᠠᠭᠠᠨ ᠱᠠᠯᠠᠳᠠᠨ ᠲᠡᠪᠢᠰᠦᠭᠡᠳ ᠬᠠᠳᠠᠭᠤᠷᠠᠭᠤᠯᠣᠨ ᠦᠳᠦᠷᠮ᠎ᠡ ᠶᠢᠨ ᠲᠣᠯᠢ ᠪᠣᠯᠭᠠᠬᠤ ᠪᠣᠯᠵᠠᠢ᠃ ᠵᠠᠷᠢᠮ ᠮᠠᠩᠬᠠᠨ ᠭᠠᠵᠠᠷ ᠤᠨ ᠲᠠᠷᠢᠶᠠᠴᠢᠳ ᠠᠴᠠ ᠲᠡᠭᠷᠢ ᠬᠦᠢᠳᠡᠷᠡᠭᠰᠡᠨ ᠤ ᠲᠠᠷᠠᠭ᠎ᠠ ᠦᠳᠦᠷᠮ᠎ᠡ ᠶᠢᠨ ᠬᠠᠰᠢᠶᠠᠨ ᠳᠠᠭᠠᠨ ᠣᠰᠣ ᠵᠦᠭᠡᠭᠡᠵᠦ ᠬᠦᠯᠳᠡᠭᠡᠭᠡᠳ ᠦᠳᠦᠷᠮ᠎ᠡ ᠶᠢᠨ ᠲᠣᠯᠢ ᠪᠣᠯᠭᠠᠳᠠᠬ ᠶᠣᠮ᠃ ᠦᠳᠦᠷᠮ᠎ᠡ ᠶᠢᠨ ᠬᠠᠰᠢᠶ᠎ᠠ ᠪᠣᠢ ᠪᠣᠯᠣᠬᠰᠠᠨ ᠠᠴᠠ ᠬᠤᠶᠢᠰᠢ ᠠᠮᠣ ᠲᠠᠷᠢᠮᠠᠯ ᠢ ᠦᠳᠦᠷᠮ᠎ᠡ ᠶᠢᠨ ᠬᠠᠰᠢᠶᠠᠨ ᠳᠤ ᠲᠡᠭᠡᠭᠡᠵᠦ ᠣᠷᠣᠭᠤᠯᠬᠤ ᠪᠤᠯᠪᠠ᠃ ᠨᠠᠮᠣᠷ ᠤᠨ ᠬᠤᠷᠢᠶᠠᠯᠳᠠ ᠶᠢᠨ ᠠᠵᠢᠯ ᠨᠡᠯᠢᠶᠡᠳ ᠵᠦᠭᠰᠢᠷᠡᠨ᠂ ᠲᠡᠭᠡᠭᠡᠵᠦ ᠣᠷᠣᠭᠤᠯᠣᠬᠰᠠᠨ ᠲᠠᠷᠢᠶ᠎ᠠ ᠲᠦᠮᠦᠰᠦ ᠬᠠᠳᠠᠵᠦ ᠬᠠᠭᠤᠷᠠᠢ ᠪᠣᠯᠣᠬᠰᠠᠨ ᠤ ᠲᠠᠷᠠᠭ᠎ᠠ ᠡᠬᠢᠯᠡᠨ ᠦᠳᠦᠷᠮ᠎ᠡ ᠠᠪᠴᠦ ᠪᠣᠯᠣᠨ᠎ᠠ᠃ ᠮᠣᠩᠭᠤᠯ ᠠᠮᠣ ᠶᠢ ᠦᠳᠦᠷᠮ᠎ᠡ ᠳᠤ ᠬᠤᠷᠢᠶᠠᠬᠤ ᠳᠠᠭᠠᠨ ᠪᠣᠭᠤᠵᠢ ᠲᠠᠢ ᠮᠣᠩᠭᠤᠯ ᠠᠮᠣ ᠶᠢᠨ ᠪᠣᠳᠠᠭ᠎ᠠ ᠲᠠᠢ ᠲᠠᠯ᠎ᠠ ᠶᠢ ᠨᠢ ᠲᠣᠳᠣᠬᠰᠢ ᠬᠠᠷᠠᠭᠤᠯᠤᠨ ᠬᠤᠷᠢᠶᠠᠵᠤ ᠪᠤᠯᠵᠤᠮᠤᠷ ᠰᠢᠪᠠᠭᠤ ᠢᠳᠡᠬᠦ ᠠᠴᠠ ᠰᠡᠷᠭᠡᠶᠢᠯᠡᠳᠡᠭ᠃ ᠦᠳᠦᠷᠮ᠎ᠡ ᠠᠪᠬᠤ ᠳᠤ ᠣᠷᠢᠳᠠᠪᠡᠷ ᠰᠠᠭᠠᠬ᠂ ᠪᠣᠷᠴᠠᠬ ᠵᠡᠷᠭᠡ ᠪᠣᠭᠤᠵᠢᠯᠠᠬᠰᠠᠨ ᠦᠭᠡᠢ ᠵᠠᠳᠠᠭᠠᠢ ᠲᠠᠷᠢᠮᠠᠯ ᠢ ᠠᠪᠳᠠᠬ᠃ ᠲᠠᠷᠠᠭ᠎ᠠ ᠨᠢ ᠰᠠᠶ᠋ᠢ ᠨᠠᠷᠢᠮᠣ᠂ ᠮᠣᠩᠭᠤᠯ ᠠᠮᠣ ᠵᠡᠷᠭᠡ ᠪᠣᠭᠤᠵᠢ ᠲᠠᠢ ᠲᠠᠷᠢᠶ᠎ᠠ ᠪᠠᠨ ᠠᠪᠳᠠᠬ᠃      ᠦᠳᠦᠷᠮ᠎ᠡ ᠲᠡᠭᠡᠷ᠎ᠡ ᠮᠣᠩᠭᠤᠯ ᠠᠮᠣ ᠶᠢ ᠠᠪᠬᠤ      ᠮᠣᠩᠭᠤᠯ ᠠᠮᠣ ᠶᠢ ᠡᠰᠢ ᠰᠦᠷᠡᠯ ᠠᠴᠠ ᠨᠢ ᠰᠠᠯᠭᠠᠵᠦ ᠠᠪᠬᠤ ᠪᠣᠯ ᠲᠠᠷᠢᠶᠠᠴᠢᠳ ᠤᠨ ᠣᠷ᠎ᠠ ᠲᠡᠮ ᠢ ᠰᠢᠯᠭᠠᠬᠰᠠᠨ ᠨᠠᠷᠢᠯᠢᠬ ᠠᠵᠢᠯ ᠪᠣᠯᠬᠤ ᠶᠣᠮ᠃ ᠰᠠᠶᠢᠨ ᠲᠠᠷᠢᠶᠠᠴᠢᠨ ᠨᠢ ᠮᠣᠩᠭᠤᠯ ᠠᠮᠣ ᠶᠢ ᠠᠪᠬᠤ ᠳᠠᠭᠠᠨ ᠪᠣᠳᠠᠭ᠎ᠠ ᠶᠢ ᠨᠢ ᠭᠡᠭᠡᠵᠦ ᠣᠷᠬᠢᠬᠳᠠᠭᠤᠯᠣᠯ ᠦᠭᠡᠢ ᠴᠡᠪᠡᠷ ᠰᠠᠶᠢᠬᠠᠨ ᠬᠤᠷᠢᠶᠠᠨ ᠠᠪᠴᠦ ᠴᠢᠳᠠᠳᠠᠬ ᠠᠴᠠ ᠣᠯᠠᠨ ᠤ ᠮᠠᠬᠳᠠᠭᠠᠯ ᠰᠠᠶᠢᠰᠢᠶᠠᠯ ᠢ ᠣᠯᠳᠠᠬ ᠪᠠᠶᠢᠵᠠᠢ᠃ ᠬᠤᠷᠴᠢᠨ ᠳᠤ ᠮᠣᠩᠭᠤᠯ ᠢ ᠡᠰᠢ ᠰᠦᠷᠡᠯ ᠠᠴᠠ ᠨᠢ ᠰᠠᠯᠭᠠᠵᠦ ᠠᠪᠬᠤ ᠠᠵᠢᠯ ᠢ ︽ᠮᠣᠩᠭᠤᠯ ᠠᠪᠬᠤ︾ ᠭᠡᠵᠦ ᠶᠠᠷᠢᠳᠠᠬ᠃ ᠮᠣᠩᠭᠤᠯ ᠠᠪᠬᠤ ᠲᠣᠬᠠᠢ ᠭᠠᠳᠠᠰᠣ ᠠᠴᠠ᠄ ︽ᠮᠣᠩᠭᠤᠯ ᠠᠪᠬᠤ ᠳᠤ ᠪᠣᠭᠤᠵᠢ ᠲᠠᠢ ᠮᠣᠩᠭᠤᠯ ᠢᠶᠠᠨ ᠦᠳᠦᠷᠮ᠎ᠡ ᠶᠢᠨ ᠲᠣᠯᠢ ᠲᠡᠭᠡᠷ᠎ᠡ ᠵᠦᠭᠡᠭᠡᠵᠦ ᠲᠡᠪᠢᠰᠳᠡᠭ ᠶᠣᠮ᠃ ᠮᠣᠩᠭᠤᠯ ᠠᠮᠣ ᠶᠢ ᠦᠳᠦᠷᠮ᠎ᠡ ᠳᠤ ᠬᠤᠶᠠᠷ ᠶᠠᠩᠵᠦ ᠪᠠᠷ ᠲᠡᠪᠢᠰᠴᠦ ᠪᠣᠯᠳᠠᠬ᠃ ᠦᠳᠦᠷᠮ᠎ᠡ ᠶᠢᠨ ᠲᠣᠯᠢ ᠪᠠᠷ ᠲᠦᠪ ᠪᠣᠯᠭᠠᠵᠦ ᠮᠣᠩᠭᠤᠯ ᠠᠮᠣ ᠶᠢᠨ ᠲᠦᠷᠦᠭᠦᠦ ᠶᠢ ᠨᠢ ᠲᠡᠭᠡᠭᠰᠢ ᠬᠠᠨᠳᠣᠭᠤᠯᠣᠨ ᠰᠢᠬᠠᠵᠦ ᠲᠡᠯᠭᠡᠨ ᠲᠡᠪᠢᠰᠬᠦ ᠶᠢ ︿ᠲᠣᠳᠣᠬᠰᠢ ᠬᠠᠨᠳᠣᠭᠤᠯᠣᠨ ᠲᠡᠪᠢᠰᠬᠦ﹀ ᠭᠡᠳᠡᠭ᠃ ᠠᠷᠪᠢᠨ ᠰᠢᠬ ᠮᠣᠩᠭᠤᠯ ᠠᠮᠣ ᠶᠢ ᠠᠪᠬᠤ ᠳᠠᠭᠠᠨ ᠪᠦᠷ ᠡᠨᠡ ᠠᠷᠭ᠎ᠠ ᠶᠢ ᠬᠡᠷᠡᠭᠯᠡᠳᠡᠭ ᠶᠣᠮ᠃ ᠦᠳᠦᠷᠮ᠎ᠡ ᠶᠢᠨ ᠲᠣᠯᠢ ᠲᠡᠭᠡᠷ᠎ᠡ ᠪᠠᠨ ᠲᠠᠷᠢᠶᠠᠨ ᠲᠦᠷᠦᠭᠦᠦ ᠪᠠᠨ ᠭᠠᠳᠠᠬᠰᠢ ᠬᠠᠨᠳᠣᠭᠤᠯᠣᠨ ᠨᠢᠭᠡ ᠮᠦᠷ ᠴᠠᠭᠠᠷᠢᠬᠯᠠᠭᠤᠯᠣᠨ ᠲᠡᠪᠢᠰᠦᠭᠡᠳ᠂ ᠲᠡᠪᠢᠰᠬᠦ ᠬᠦᠷᠢᠶ᠎ᠡ ᠬᠡᠪᠴᠢᠶ᠎ᠡ ᠪᠠᠨ ᠲᠣᠬᠳᠠᠭᠠᠬᠰᠠᠨ ᠤ ᠲᠠᠷᠠᠭ᠎ᠠ ᠡᠨᠡᠬᠦ ᠴᠠᠭᠠᠷᠢᠬ ᠲᠣᠳᠣᠷ᠎ᠠ ᠪᠠᠨ ᠮᠣᠩᠭᠤᠯ ᠠᠮᠣ ᠶᠢᠨ ᠢᠶᠠᠨ ᠲᠦᠷᠦᠭᠦᠦ ᠶᠢ ᠲᠡᠭᠡᠭᠰᠢ ᠬᠠᠨᠳᠣᠭᠤᠯᠣᠨ ᠦᠳᠦᠷᠮ᠎ᠡ ᠶᠢᠨ ᠭᠤᠣᠯ ᠵᠦᠭ ᠲᠡᠯᠭᠡᠨ ᠲᠡᠪᠢᠰᠬᠦ ᠶᠢ ︿ᠭᠠᠳᠠᠬᠰᠢ ᠬᠠᠷᠠᠭᠤᠯᠣᠨ ᠲᠡᠪᠢᠰᠬᠦ﹀ ᠭᠡᠨ᠎ᠡ᠃ ᠡᠨᠡ ᠨᠢ ᠭᠤᠣᠯᠳᠠᠭᠤ ᠴᠦᠬᠡᠨ ᠰᠢᠬ ᠮᠣᠩᠭᠤᠯ ᠠᠮᠣ ᠶᠢ ᠠᠪᠬᠤ ᠳᠤ ᠬᠡᠷᠡᠭᠯᠡᠳᠡᠭ ᠠᠷᠭ᠎ᠠ ᠪᠣᠯᠣᠨ᠎ᠠ᠃ ᠮᠣᠩᠭᠤᠯ ᠠᠮᠣ ᠶᠢ ᠡᠰᠢ ᠰᠦᠷᠡᠯ ᠠᠴᠠ ᠨᠢ ᠰᠠᠯᠭᠠᠨ ᠠᠪᠬᠤ ᠳᠤ ᠭᠤᠣᠯᠳᠠᠭᠤ ᠦᠬᠡᠷ ᠢᠶᠠᠷ ᠭᠢᠰᠭᠢᠭᠦᠯᠵᠦ ᠠᠪᠴᠦ ᠪᠠᠶᠢᠵᠠᠢ᠃ ᠣᠴᠢᠷ ᠨᠢ ᠦᠬᠡᠷ ᠤᠨ ᠬᠦᠯ ᠨᠢ ᠰᠠᠯᠠᠭ᠎ᠠ ᠲᠣᠭᠤᠷᠠᠢ ᠲᠠᠢ ᠪᠣᠯᠬᠤᠷ ᠮᠣᠩᠭᠤᠯ ᠠᠮᠣ ᠶᠢ ᠲᠣᠬᠳᠣᠢ ᠠᠴᠠ ᠪᠠᠨ ᠪᠣᠯᠳᠣᠷᠢᠨ ᠭᠠᠷᠬᠤ ᠠᠴᠠ ᠡᠮᠦᠨ᠎ᠡ ᠲᠠᠰᠣᠳᠠᠨ ᠬᠠᠶᠠᠬᠤ ᠠᠶᠣᠯ ᠦᠭᠡᠢ ᠪᠦᠭᠡᠳ ᠣᠬᠵᠣᠮ ᠡᠷᠭᠢᠳᠡᠭ ᠠᠴᠠ ᠨᠢᠳᠠᠷᠡᠨ ᠭᠢᠰᠭᠢᠬᠦ ᠨᠢ ᠰᠠᠶᠢᠨ ᠪᠠᠶᠢᠵᠦ ᠠᠮᠣ ᠶᠢ ᠲᠣᠬᠳᠣᠢ ᠠᠴᠠ ᠨᠢ ᠰᠠᠯᠭᠠᠨ ᠠᠪᠬᠤ ᠳᠤ ᠰᠠᠶᠢᠨ ᠪᠠᠶᠢᠳᠠᠬ᠃ ᠡᠶᠢᠮᠦ ᠠᠴᠠ ᠲᠠᠷᠢᠶᠠᠴᠢᠳ ᠡᠪᠦᠯ ᠤᠨ ᠣᠯᠠᠷᠢᠯ ᠳᠤ ᠮᠣᠩᠭᠤᠯ ᠠᠮᠣ ᠶᠢ ᠠᠪᠬᠤ ᠳᠠᠭᠠᠨ ᠡᠳᠦᠷ ᠨᠢ ᠮᠣᠩᠭᠤᠯ ᠠᠮᠣ ᠪᠠᠨ ᠦᠳᠦᠷᠮ᠎ᠡ ᠲᠡᠭᠡᠷ᠎ᠡ ᠪᠠᠨ ᠲᠡᠪᠢᠰᠦᠭᠡᠳ ᠲᠠᠬᠢᠶᠠᠨ ᠲᠠᠭᠤᠨ ᠤ ᠦᠶ᠎ᠡ ᠪᠠᠷ ᠪᠣᠰᠴᠦ ᠦᠬᠡᠷ ᠢᠶᠠᠨ ᠬᠤᠶᠠᠷ ᠭᠤᠷᠪᠠ ᠪᠠᠷ ᠬᠦᠵᠦᠭᠦᠦ ᠪᠠᠷ ᠨᠢ ᠬᠤᠯᠪᠣᠭᠠᠳ ᠲᠡᠭᠡᠷ᠎ᠡ ᠨᠢ ᠭᠢᠰᠭᠢᠭᠦᠯᠳᠡᠭ ᠶᠣᠮ᠃ ᠣᠴᠢᠷ ᠨᠢ ᠬᠤᠷᠢᠶᠠᠯᠭ᠎ᠠ ᠲᠠᠢ ᠪᠠᠶᠢᠬᠰᠠᠨ ᠴᠢᠬᠢᠭ ᠲᠠᠢ ᠮᠣᠩᠭᠤᠯ ᠠᠮᠣ ᠨᠢ ᠲᠡᠪᠢᠰᠦᠭᠰᠡᠨ ᠤ ᠲᠠᠷᠠᠭ᠎ᠠ ᠰᠦᠨᠢ ᠶᠢᠨ ᠬᠦᠢᠳᠡᠨ ᠳᠤ ᠬᠦᠯᠳᠡᠭᠡᠳ ᠦᠬᠡᠷ ᠭᠢᠰᠭᠢᠭᠰᠡᠨ ᠤ ᠲᠠᠷᠠᠭ᠎ᠠ ᠲᠣᠬᠳᠣᠢ ᠠᠴᠠ ᠪᠠᠨ ᠠᠮᠠᠷᠬᠠᠨ ᠪᠣᠯᠳᠣᠷᠴᠦ ᠭᠠᠷᠴᠦ ᠢᠷᠡᠳᠡᠭ᠃ ᠮᠣᠩᠭᠤᠯ ᠠᠮᠣ ᠶᠢ ᠦᠬᠡᠷ ᠢᠶᠠᠷ ᠭᠢᠰᠭᠢᠭᠦᠯᠬᠦ ᠳᠤ ᠮᠣᠩᠭᠤᠯ ᠠᠮᠣ ᠶᠢᠨ ᠢᠶᠠᠨ ᠠᠷᠪᠢᠨ ᠪᠠᠭ᠎ᠠ ᠵᠢᠴᠢ ᠦᠬᠡᠷ ᠤᠨ ᠢᠶᠠᠨ ᠪᠠᠶᠢᠳᠠᠯ ᠳᠤ ᠲᠣᠬᠢᠷᠠᠭᠤᠯᠣᠨ ᠦᠬᠡᠷ ᠢᠶᠠᠨ ᠬᠤᠯᠪᠣᠳᠠᠬ ᠶᠣᠮ᠃ ᠦᠢᠯᠡᠳᠪᠦᠷᠢᠯᠡᠯ ᠪᠠᠷᠢᠭᠠᠳᠠ ᠶᠢᠨ ᠦᠶ᠎ᠡ ᠳᠤ ᠪᠣᠯ ᠣᠯᠠᠩᠬᠢ ᠳᠠᠭᠠᠨ ᠦᠬᠡᠷ ᠢᠶᠠᠨ ᠭᠤᠷᠪᠠ ᠭᠤᠷᠪᠠ ᠪᠠᠷ ᠬᠤᠯᠪᠣᠵᠦ ᠨᠢᠭᠡ ᠬᠦᠮᠦᠨ 4 ᠬᠤᠯᠪᠣᠭ᠎ᠠ ᠪᠣᠶᠣ ᠲᠠᠪᠣᠨ ᠬᠤᠯᠪᠣᠭ᠎ᠠ ᠦᠬᠡᠷ ︵ᠠᠷᠪᠠᠨ ᠬᠤᠶᠠᠷ ᠪᠣᠶᠣ ᠠᠷᠪᠠᠨ ᠲᠠᠪᠣᠨ ᠦᠬᠡᠷ︶ ᠢᠶᠠᠨ ᠨᠢᠭᠡ ᠬᠡᠯᠬᠢᠶ᠎ᠡ ᠪᠣᠯᠭᠠᠵᠦ ᠦᠨᠳᠦᠷ ᠲᠠᠰᠢᠭᠤᠷ ᠪᠠᠷᠢᠵᠦ ᠪᠡᠶ᠎ᠡ ᠪᠠᠨ ᠲᠣᠭᠤᠷᠢᠭᠤᠯᠣᠨ ᠡᠷᠭᠢᠭᠦᠯᠳᠡᠭ ᠪᠠᠶᠢᠵᠠᠢ᠃ ᠦᠬᠡᠷ ᠢᠶᠠᠨ ᠲᠠᠷᠢᠶᠠᠨ ᠲᠡᠭᠡᠷ᠎ᠡ ᠣᠷᠣᠭᠤᠯᠬᠤ ᠠᠴᠠ ᠡᠮᠦᠨ᠎ᠡ ᠦᠬᠡᠷ ᠤᠨ ᠬᠤᠨᠭ᠍ᠰᠢᠶᠠᠷ ᠲᠤ ᠵᠡᠭᠦᠪᠴᠢ ︵ᠬᠤᠷᠴᠢᠨ ᠳᠤ ᠪᠠᠰᠠ ᠯᠦᠡᠭᠽᠢ ᠭᠡᠳᠡᠭ︶ ᠲᠠᠭᠠᠷᠠᠭᠤᠯᠵᠦ ᠲᠡᠷᠢᠶ᠎ᠡ ᠢᠳᠡᠬᠦ ᠠᠴᠠ ᠰᠡᠷᠭᠡᠶᠢᠯᠡᠭᠰᠡᠨ ᠤ ᠲᠠᠷᠠᠭ᠎ᠠ ᠲᠠᠷᠢᠶ᠎ᠠ ᠭᠢᠰᠭᠢᠭᠦᠯᠬᠦ ᠭᠡᠵᠦ ᠪᠠᠶᠢᠭ᠎ᠠ ᠦᠬᠡᠷ ᠤᠳ ᠢᠶᠠᠨ ᠭᠤᠶᠠᠳᠠᠵᠦ ᠲᠠᠰᠢᠭᠤᠷᠳᠠᠵᠦ ᠪᠠᠶᠢᠭᠠᠳ ᠬᠤᠭᠤᠰᠣᠨ ᠭᠠᠵᠠᠷ ᠪᠡᠶ᠎ᠡ ᠪᠠᠨ ᠲᠣᠭᠤᠷᠢᠭᠤᠯᠣᠨ ᠰᠢᠷᠦᠭᠦᠨ ᠬᠡᠳᠦ ᠡᠷᠭᠢᠭᠦᠯᠦᠭᠡᠳ ᠵᠣᠬᠰᠣᠭᠠᠪᠠᠯ ᠦᠬᠡᠷ ᠲᠡᠷᠡ ᠲᠠᠷᠣᠢ ᠰᠢᠭᠡᠵᠦ ᠪᠠᠭᠠᠳᠠᠬ᠃ ᠢᠡᠭᠭᠢᠵᠦ ᠦᠬᠡᠷ ᠢᠶᠠᠨ ᠴᠡᠪᠡᠷᠯᠡᠵᠦ ᠪᠠᠷᠠᠬᠰᠠᠨ ᠤ ᠲᠠᠷᠠᠭ᠎ᠠ ᠰᠠᠶ᠋ᠢ ᠦᠬᠡᠷ ᠢᠶᠠᠨ ᠲᠠᠷᠢᠶᠠᠨ ᠲᠡᠭᠡᠷ᠎ᠡ ᠣᠷᠣᠭᠤᠯᠵᠦ ᠡᠷᠬᠢᠭᠦᠯᠳᠡᠭ ᠶᠣᠮ᠃ ᠦᠬᠡᠷ ᠡᠷᠭᠢᠭᠦᠯᠵᠦ ᠪᠠᠶᠢᠭ᠎ᠠ ᠬᠦᠮᠦᠨ ᠨᠢ ᠲᠠᠷᠢᠶᠠᠨ ᠲᠡᠭᠡᠷ᠎ᠡ ᠦᠬᠡᠷ ᠤᠨ ᠪᠠᠭᠠᠬᠤ ᠶᠢ ᠲᠣᠩ ᠬᠢᠴᠢᠶᠡᠵᠦ ᠵᠠᠷᠢᠮ ᠦᠶᠡᠰ ᠦᠬᠡᠷ ᠪᠠᠭᠠᠬᠤ ᠴᠢᠬᠤᠯᠠ ᠲᠠᠢ ᠪᠣᠯ ᠦᠵᠡᠵᠦ ᠵᠠᠪᠳᠣᠪᠠᠯ ᠦᠬᠡᠷ ᠤᠨ ᠪᠠᠭᠠᠰᠣ ᠶᠢ ᠲᠠᠷᠢᠶᠠᠨ ᠲᠡᠭᠡᠷ᠎ᠡ ᠬᠦᠷᠬᠦ ᠠᠴᠠ ᠡᠮᠦᠨ᠎ᠡ ᠲᠣᠰᠣᠨ ᠠᠪᠴᠦ ᠭᠠᠳᠠᠬᠰᠢ ᠬᠠᠶᠠᠳᠠᠬ᠃ ᠡᠨᠡ ᠮᠡᠳᠦ ᠪᠠᠷ ᠬᠤᠶᠠᠷ ᠪᠣᠶᠣ ᠭᠤᠷᠪᠠᠨ ᠬᠦᠮᠦᠨ ᠬᠤᠶᠠᠷ ᠪᠣᠶᠣ ᠭᠤᠷᠪᠠᠨ ᠬᠡᠯᠬᠢᠶ᠎ᠡ ᠭᠤᠴᠢ ᠲᠦᠴᠢᠨ ᠦᠬᠡᠷ ᠢᠶᠠᠷ ᠮᠣᠩᠭᠤᠯ ᠠᠮᠣ ᠶᠢ ᠭᠢᠰᠭᠢᠭᠦᠯᠦᠨ ᠠᠪᠳᠠᠬ ᠪᠠᠶᠢᠵᠠᠢ ︾ ᠭᠡᠪᠡ᠃ ᠬᠤᠷᠴᠢᠨ ᠭᠠᠵᠠᠷ ᠤᠨ ᠲᠠᠷᠢᠶᠠᠯᠠᠬᠤ ᠠᠮᠢᠳᠣᠷᠠᠯ ᠤᠨ ᠦᠷᠭᠡᠵᠢᠯ ᠤᠨ ᠲᠠᠭᠠᠣ ᠳᠤ ᠲᠠᠷᠢᠶ᠎ᠠ ᠲᠠᠷᠢᠬᠤ ᠬᠡᠪᠴᠢᠶ᠎ᠡ ᠨᠢ ᠦᠷᠭᠡᠵᠢᠵᠦ ᠣᠨᠠᠯᠳᠠ ᠨᠡᠮᠡᠭᠳᠡᠭᠰᠡᠨ ᠠᠴᠠ ᠪᠣᠯᠵᠦ ᠬᠤᠵᠢᠮᠳᠠᠵᠦ ᠢᠷᠡᠭᠡᠳ ᠮᠣᠩᠭᠤᠯ ᠠᠮᠣ ᠶᠢ ᠮᠣᠷᠢ ᠪᠠᠷ ᠭᠢᠰᠭᠢᠭᠦᠯᠵᠦ ᠠᠪᠬᠤ ᠪᠣᠶᠣ ᠪᠣᠯᠣ᠂ ᠮᠠᠰᠢᠨ ᠵᠡᠷᠭᠡ ᠶᠢ ᠬᠡᠷᠡᠭᠯᠡᠵᠦ ᠠᠪᠬᠤ ᠪᠣᠯᠵᠠᠢ᠃      ᠮᠣᠩᠭᠤᠯ ᠠᠮᠣ ᠶᠢ ᠬᠠᠶᠠᠬᠤ      ᠲᠠᠷᠢᠶᠠᠴᠢᠳ ᠦᠳᠦᠷᠮ᠎ᠡ ᠲᠡᠭᠡᠷ᠎ᠡ ᠪᠠᠨ ᠡᠰᠢ ᠰᠦᠷᠡᠯ ᠠᠴᠠ ᠨᠢ ᠰᠠᠯᠭᠠᠬᠰᠠᠨ ᠪᠣᠳᠠᠭ᠎ᠠ ᠪᠠᠨ ᠰᠠᠯᠬᠢ ᠵᠢᠪᠡᠷ ᠲᠤ ᠭᠡᠶᠢᠰᠭᠡᠨ ᠬᠤᠬ ᠯᠠᠢ ᠪᠣᠶᠣ ᠴᠣᠣᠬᠠᠯ ᠠᠴᠠ ᠨᠢ ᠰᠠᠯᠭᠠᠨ ᠠᠪᠳᠠᠬ ᠠᠵᠢᠯ ᠢ ᠪᠣᠳᠠᠭ᠎ᠠ ᠬᠠᠶᠠᠬᠤ ᠭᠡᠳᠡᠭ᠃ ᠡᠭᠦᠨ ᠳᠤ ᠮᠣᠳᠣᠨ ᠬᠦᠷᠵᠡ ᠪᠠᠷ ᠣᠪᠣᠭᠠᠯᠠᠬᠰᠠᠨ ᠪᠣᠳᠠᠭ᠎ᠠ ᠪᠠᠨ ᠬᠤᠳᠬᠤᠨ ᠠᠪᠴᠦ ᠲᠡᠭᠡᠭᠰᠢ ᠰᠠᠯᠬᠢ ᠡᠰᠡᠷᠭᠦ ᠰᠠᠴᠤᠵᠦ ᠬᠠᠶᠠᠳᠠᠬ᠃ ᠪᠣᠳᠠᠭ᠎ᠠ ᠬᠠᠶᠠᠬᠤ ᠳᠤ ᠡᠷᠳᠡᠨᠢ ᠰᠢᠰᠢ ᠠᠴᠠ ᠪᠣᠰᠣᠳ ᠲᠠᠷᠢᠶ᠎ᠠ ᠶᠢ ᠪᠣᠯ ᠬᠤᠶᠠᠷ ᠣᠳᠠᠭ᠎ᠠ ᠬᠠᠶᠠᠵᠦ ᠨᠢᠭᠡ ᠣᠳᠠᠭ᠎ᠠ ᠰᠠᠶᠢᠵᠠᠳᠠᠳᠠᠬ ᠶᠣᠮ᠃ ᠮᠣᠩᠭᠤᠯ ᠠᠮᠣ ᠶᠢ ᠬᠠᠶᠠᠵᠦ ᠠᠪᠬᠤ ᠲᠣᠬᠠᠢ ᠭᠠᠳᠠᠰᠣ ᠠᠴᠠ᠄ ︽ᠮᠣᠩᠭᠤᠯ ᠪᠣᠳᠠᠭ᠎ᠠ ᠶᠢ ᠬᠠᠶᠠᠵᠦ ᠠᠪᠬᠤ ᠳᠤ ᠪᠣᠳᠠᠭ᠎ᠠ ᠬᠠᠶᠠᠬᠴᠢ ᠠᠴᠠ ᠣᠷᠢᠳᠠᠪᠡᠷ ᠰᠠᠯᠬᠢᠨ ᠤ ᠪᠠᠨ ᠵᠦᠭ ᠴᠢᠭ ᠢ ᠦᠨᠳᠦᠰᠦᠯᠡᠨ ᠪᠣᠳᠠᠭ᠎ᠠ ᠬᠠᠶᠠᠬᠤ ᠭᠠᠵᠠᠷ ᠢᠶᠠᠨ ᠲᠣᠬᠳᠠᠭᠠᠵᠦ᠂ ᠰᠠᠯᠬᠢᠨ ᠤ ᠵᠢᠰᠢᠭᠦᠦ ᠲᠣᠣᠷ᠎ᠠ ᠲᠠᠯ᠎ᠠ ᠠᠴᠠ ᠰᠠᠯᠬᠢ ᠡᠰᠡᠷᠭᠦ ᠬᠤᠳᠬᠤᠵᠦ ᠠᠪᠣᠬᠰᠠᠨ ᠮᠣᠳᠣᠨ ᠬᠦᠷᠵᠡ ᠲᠠᠢ ᠪᠣᠳᠠᠭ᠎ᠠ ᠪᠠᠨ ᠬᠦᠷᠵᠡ ᠶᠢᠨ ᠢᠶᠠᠨ ᠢᠷᠮᠡᠭ ᠢ ᠰᠠᠯᠬᠢ ᠣᠷᠣᠭᠤ ᠵᠢᠭᠠᠬᠠᠨ ᠬᠡᠯᠪᠠᠶᠢᠯᠭᠡᠭᠡᠳ ᠣᠬᠵᠣᠮ ᠲᠣᠬᠳᠣᠷᠴᠦ ᠲᠡᠭᠡᠭᠰᠢ ᠪᠠᠨ ᠰᠠᠴᠣᠨ ᠬᠠᠶᠠᠨ᠎ᠠ᠃ ᠪᠣᠳᠠᠭ᠎ᠠ ᠬᠠᠶᠠᠬᠤ ᠨᠢ ᠬᠦᠷᠵᠠ ᠲᠠᠢ ᠰᠢᠷᠣᠢ ᠬᠠᠶᠠᠬᠤ ᠲᠠᠢ ᠠᠳᠠᠯᠢ ᠦᠭᠡᠢ ᠪᠠᠶᠢᠳᠠᠬ᠃ ᠰᠠᠴᠣᠵᠦ ᠬᠠᠶᠠᠬᠤ ᠦᠭᠡᠢ ᠶᠣᠮ ᠪᠣᠯ ᠪᠣᠳᠠᠭ᠎ᠠ ᠨᠢ ᠬᠤᠬ ᠨᠣᠪᠰᠢ ᠠᠴᠠ ᠪᠠᠨ ᠰᠠᠯᠵᠦ ᠲᠡᠶᠢᠯᠬᠦ ᠦᠭᠡᠢ ᠪᠠᠶᠢᠳᠠᠬ᠃ ᠰᠠᠯᠬᠢ ᠶᠢᠨ ᠠᠰ ᠲᠣᠣᠷ᠎ᠠ ᠲᠠᠯ᠎ᠠ ᠠᠴᠠ ᠨᠢ ᠬᠠᠶᠠᠪᠠᠯ ᠬᠤᠬ ᠡᠪᠡᠰᠦ ᠨᠢ ᠣᠬ ᠤᠨ ᠣᠷᠣᠨ ᠳᠠᠭᠠᠨ ᠬᠡᠶᠢᠰᠦᠨ ᠢᠷᠡᠭᠡᠳ ᠪᠣᠳᠠᠭ᠎ᠠ ᠪᠣᠯᠣᠨ ᠬᠤᠬ ᠲᠠᠢ ᠪᠠᠨ ᠬᠤᠳᠬᠤᠯᠳᠣᠭᠠᠳ ᠰᠠᠯᠭᠠᠨ ᠠᠪᠬᠤ ᠳᠤ ᠬᠦᠴᠢᠷ ᠪᠣᠯᠳᠠᠬ᠃ ᠪᠣᠳᠠᠭ᠎ᠠ ᠬᠠᠶᠠᠬᠤ ᠬᠦᠮᠦᠨ ᠡᠷᠬᠡᠪᠰᠢ ᠬᠤᠶᠠᠷ ᠲᠠᠯ᠎ᠠ ᠪᠠᠷ ᠢᠶᠠᠨ ᠪᠣᠳᠠᠭ᠎ᠠ ᠬᠠᠶᠠᠵᠦ ᠴᠢᠳᠠᠬᠤ ᠴᠢᠬᠤᠯᠠ ᠲᠠᠢ ᠶᠣᠮ᠃ ᠬᠤᠶᠠᠷ ᠲᠠᠯ᠎ᠠ ᠪᠠᠷ ᠢᠶᠠᠨ ᠪᠣᠳᠠᠭ᠎ᠠ ᠬᠠᠶᠠᠵᠦ ᠴᠢᠳᠠᠬᠤ ᠦᠭᠡᠢ ᠪᠣᠯ ᠦᠳᠦᠷᠮ᠎ᠡ ᠪᠠ ᠰᠠᠯᠬᠢᠨ ᠤ ᠪᠠᠶᠢᠳᠠᠯ ᠲᠠᠢ ᠵᠣᠬᠢᠴᠠᠭᠤᠯᠬᠤ ᠳᠤ ᠬᠦᠴᠢᠷ ᠪᠣᠯᠵᠦ ᠪᠣᠳᠠᠭᠠᠨ ᠤ ᠰᠡᠭᠦᠯ ᠢ ᠰᠠᠯᠭᠠᠵᠦ ᠲᠡᠶᠢᠯᠬᠦ ᠦᠭᠡᠢ ᠪᠣᠯᠳᠠᠬ᠃ ᠮᠣᠩᠭᠤᠯ ᠠᠮᠣ ᠶᠢ ᠲᠠᠩ ᠬᠠᠶᠠᠬᠤ ᠳᠤ ᠬᠠᠮᠤᠬ ᠪᠠᠭ᠎ᠠ ᠳᠠᠭᠠᠨ ᠭᠤᠷᠪᠠᠨ ᠬᠦᠮᠦᠨ ᠪᠠᠶᠢᠪᠠᠯ ᠬᠠᠮᠤᠬ ᠰᠠᠶᠢᠨ᠂ ᠨᠢᠭᠡ ᠬᠦᠮᠦᠨ ᠨᠢ ᠪᠣᠳᠠᠭ᠎ᠠ ᠪᠠᠨ ᠬᠠᠶᠠᠵᠦ᠂ ᠨᠦᠭᠦᠭᠡ ᠨᠢᠭᠡ ᠬᠦᠮᠦᠨ ᠨᠢ ᠣᠯᠠᠭᠠᠨ ᠪᠣᠷᠭᠠᠰᠣ ᠪᠠᠷ ᠭᠤᠣᠯᠳᠠᠭᠤᠯᠵᠦ ᠪᠠᠭ᠎ᠠ ᠰᠠᠭ᠎ᠠ ᠠᠯᠳᠠᠭᠠᠨ᠎ᠠ ᠲᠠᠢ ᠬᠤᠯᠪᠣᠵᠦ ᠪᠣᠭᠤᠬᠰᠠᠨ ᠣᠷᠳᠦ ᠡᠰᠢ ᠲᠠᠢ ᠱᠦᠬᠦᠷ ᠢᠶᠠᠷ ᠬᠠᠶᠠᠬᠰᠠᠨ ᠪᠣᠳᠠᠭᠠᠨ ᠤ ᠲᠡᠭᠡᠳᠦ ᠬᠡᠰᠡᠭ ᠢ ᠡᠰᠢ ᠲᠡᠰᠢ ᠰᠢᠯᠭᠡᠭᠡᠨ ᠱᠦᠭᠦᠷᠳᠡᠳᠡᠭ᠃ ᠡᠭᠦᠨ ᠢᠶᠠᠨ ᠬᠤᠷᠴᠢᠨᠴᠣᠳ ᠪᠠᠰᠠ ︿ᠲᠠᠷᠢᠶ᠎ᠠ ᠮᠦᠶᠡᠳᠠᠬᠦ﹀ ᠭᠡᠵᠦ ᠬᠡᠯᠡᠳᠡᠭ᠃ ᠪᠠᠰᠠ ᠨᠢᠭᠡ ᠬᠦᠮᠦᠨ ᠨᠢ ᠬᠠᠷᠬᠢᠯ ᠤᠨ ᠱᠦᠬᠦᠷ ᠪᠣᠶᠣ ᠠᠯᠳᠠᠭᠠᠨ᠎ᠠ ᠶᠢᠨ ᠱᠦᠬᠦᠷ ᠵᠢᠴᠢ ᠵᠢᠵᠢᠭ ᠮᠠᠯᠳᠠᠭᠤᠷ ᠵᠡᠷᠭᠡ ᠶᠢ ᠬᠡᠷᠡᠭᠯᠡᠵᠦ ᠬᠠᠶᠠᠬᠰᠠᠨ ᠪᠣᠳᠠᠭᠠᠨ ᠤ ᠭᠡᠶᠢᠰᠴᠦ ᠭᠠᠷᠣᠬᠰᠠᠨ ᠨᠠᠷᠢᠨ ᠪᠦᠳᠦᠭᠦᠨ ᠬᠤᠬ ᠯᠠᠢ ᠶᠢ ᠨᠢ ᠱᠦᠭᠦᠷᠳᠡᠨ ᠰᠠᠯᠭᠠᠨ᠎ᠠ᠃ ᠪᠣᠳᠠᠭ᠎ᠠ ᠬᠠᠶᠠᠵᠦ ᠪᠠᠶᠢᠭ᠎ᠠ ᠬᠦᠮᠦᠨ ᠪᠣᠳᠠᠭ᠎ᠠ ᠪᠠᠨ ᠬᠡᠰᠡᠭ ᠬᠤᠭᠤᠴᠠᠭ᠎ᠠ ᠬᠠᠶᠠᠪᠠᠯ ᠬᠠᠶᠠᠬᠰᠠᠨ ᠪᠣᠳᠠᠭᠠᠨ ᠤ ᠪᠠᠨ ᠰᠠᠯᠬᠢᠨ ᠤ ᠲᠣᠣᠷ᠎ᠠ ᠲᠠᠯ᠎ᠠ ᠶᠢᠨ ᠬᠤᠬ ᠪᠣᠳᠠᠭ᠎ᠠ ᠬᠤᠯᠢᠯᠳᠣᠬᠰᠠᠨ ᠬᠡᠰᠡᠭ ᠢ ᠰᠠᠯᠭᠠᠨ ᠪᠣᠳᠠᠭᠠᠨ ᠣᠪᠣᠭ᠎ᠠ ᠶᠢᠨ ᠢᠶᠠᠨ ᠡᠰᠡᠷᠭᠦ ᠲᠠᠬᠢᠨ ᠬᠠᠶᠠᠵᠦ ᠪᠣᠳᠠᠭ᠎ᠠ ᠪᠠᠨ ᠰᠠᠯᠭᠠᠳᠠᠬ᠃ ᠡᠭᠦᠨ ᠢᠶᠠᠨ ︿ᠪᠣᠳᠠᠭᠠᠨ ᠤ ᠰᠡᠭᠦᠯ ᠰᠠᠯᠭᠠᠬᠤ﹀ ᠭᠡᠳᠡᠭ᠃ ᠢᠡᠭᠭᠢᠵᠦ ᠨᠢᠭᠡ ᠣᠳᠠᠭ᠎ᠠ ᠬᠠᠶᠠᠵᠦ ᠪᠠᠷᠠᠬᠰᠠᠨ ᠤ ᠲᠠᠷᠠᠭ᠎ᠠ ᠪᠣᠳᠠᠭ᠎ᠠ ᠪᠠ ᠯᠠᠢ ᠶᠢ ᠲᠣᠰ ᠲᠣᠰ ᠲᠤᠨᠢ ᠣᠪᠣᠭᠠᠯᠠᠵᠦ ᠲᠠᠯᠪᠢᠨ᠎ᠠ᠃ ᠪᠣᠳᠠᠭ᠎ᠠ ᠣᠪᠣᠭᠠᠯᠠᠬᠤ ᠳᠤ ᠦᠳᠦᠷᠮ᠎ᠡ ᠲᠡᠭᠡᠷᠡᠬᠢ ᠰᠠᠴᠣᠬᠳᠠᠬᠰᠠᠨ ᠪᠣᠳᠠᠭ᠎ᠠ ᠶᠢ ᠨᠢᠭᠡᠴᠦ ᠦᠯᠡᠳᠡᠭᠡᠯ ᠦᠭᠡᠢ ᠴᠡᠪᠡᠷ ᠱᠦᠭᠦᠷᠳᠡᠨ ᠣᠪᠣᠭᠠᠯᠠᠨ᠎ᠠ᠃ ᠡᠭᠦᠨ ᠢᠶᠠᠨ ᠪᠠᠰᠠ ᠬᠤᠷᠴᠢᠨᠴᠣᠳ ︿ᠣᠯᠠ ᠶᠢ ᠨᠢ ᠲᠠᠷᠣᠨ ᠱᠦᠭᠦᠷᠳᠡᠬᠦ﹀ ᠭᠡᠳᠡᠭ᠃ ᠲᠠᠩ ᠬᠠᠶᠠᠬᠰᠠᠨ ᠪᠣᠳᠠᠭ᠎ᠠ ᠪᠠᠨ ᠨᠢᠭᠡ ᠣᠳᠠᠭ᠎ᠠ ᠰᠠᠶᠢᠵᠠᠳᠠᠵᠦ ᠲᠣᠳᠣᠷ᠎ᠠ ᠨᠢ ᠪᠠᠶᠢᠭ᠎ᠠ ᠦᠬᠡᠷ ᠤᠨ ᠪᠠᠭᠠᠰᠣ ᠶᠢᠨ ᠬᠡᠮᠬᠡᠳᠡᠭ ᠪᠣᠶᠣ ᠪᠦᠳᠦᠭᠦᠨ ᠡᠰᠢ ᠰᠦᠷᠡᠯ ᠢ ᠨᠢ ᠰᠠᠯᠭᠠᠨ ᠠᠪᠳᠠᠬ᠃ ᠲᠡᠭᠡᠷ᠎ᠡ ᠵᠠᠭᠤᠨ ᠤ ᠵᠢᠷᠠᠭᠠᠳ ᠣᠨ ᠠᠴᠠ ᠡᠮᠦᠨ᠎ᠡ ᠪᠣᠯ ᠰᠠᠪᠬ᠎ᠠ ᠶᠢᠨ ᠬᠢᠷᠢ ᠪᠦᠳᠦᠭᠦᠨ ᠣᠷᠭᠤᠬᠰᠠᠨ ᠬᠤᠸᠠ ᠪᠣᠶᠣ ᠰᠢᠷ᠎ᠠ ᠪᠣᠷᠭᠠᠰᠣ ᠶᠢ ᠲᠣᠰᠬᠠᠢ ᠪᠠᠭᠠᠵᠢ ᠪᠠᠷ ᠭᠤᠣᠯ ᠢᠶᠠᠷ ᠨᠢ ᠭᠤᠷᠪᠠ ᠰᠠᠯᠭᠠᠵᠦ ᠰᠠᠶᠢᠵᠠ ᠭᠦᠷᠦᠭᠡᠳ ᠬᠡᠷᠡᠭᠯᠡᠵᠦ ᠪᠠᠶᠢᠬᠰᠠᠨ ᠶᠣᠮ᠃ ᠵᠢᠷᠠᠭᠠᠳ ᠣᠨ ᠤ ᠰᠡᠭᠦᠯᠴᠢ ᠠᠴᠠ ᠲᠡᠮᠦᠷ ᠣᠳᠠᠰᠣ ᠪᠠᠷ ᠰᠦᠯᠵᠢᠭᠰᠡᠨ ᠰᠠᠶᠢᠵᠠ ᠭᠠᠷᠴᠦ ᠢᠷᠡᠭᠡᠳ ᠣᠯᠠᠩᠬᠢ ᠬᠦᠮᠦᠰ ᠪᠣᠷᠭᠠᠰᠣᠨ ᠰᠠᠶᠢᠵᠠ ᠶᠢ ᠬᠡᠷᠡᠭᠯᠡᠬᠦ ᠪᠠᠨ ᠪᠣᠯᠢᠪᠠ᠃ ᠢᠡᠭᠭᠢᠵᠦ ᠰᠠᠶᠢᠵᠠᠳᠠᠬᠰᠠᠨ ᠮᠣᠩᠭᠤᠯ ᠠᠮᠣ ᠪᠠᠨ ᠬᠤᠶᠠᠳᠠᠬᠢ ᠣᠳᠠᠭ᠎ᠠ ᠬᠠᠶᠠᠵᠦ ᠪᠣᠳᠠᠭ᠎ᠠ ᠪᠠ ᠴᠣᠣᠬᠠᠯ ᠢ ᠨᠢ ᠢᠯᠭᠠᠷᠠᠭᠤᠯᠣᠨ ᠠᠪᠣᠨ᠎ᠠ᠃ ᠮᠣᠩᠭᠤᠯ ᠢ ᠬᠤᠶᠠᠳᠠᠬᠢ ᠣᠳᠠᠭ᠎ᠠ ᠬᠠᠶᠠᠬᠤ ᠳᠤ ᠮᠡᠷᠭᠡᠵᠢᠯᠳᠡᠢ ᠬᠦᠮᠦᠰ ᠤᠨ ᠬᠠᠶᠠᠬᠤ ᠨᠢ ᠲᠣᠩ ᠵᠢᠭᠳᠡ ᠪᠠᠶᠢᠵᠦ ᠬᠠᠵᠠᠭᠤ ᠠᠴᠠ ᠨᠢ ᠬᠠᠷᠠᠪᠠᠯ ᠬᠠᠶᠠᠬᠰᠠᠨ ᠪᠣᠳᠠᠭ᠎ᠠ ᠪᠠ ᠴᠤᠣᠬᠠᠯ ᠨᠢ ᠲᠣᠰ ᠲᠣᠰ ᠲᠠᠭᠠᠨ ᠰᠠᠯᠵᠦ᠂ ᠪᠣᠳᠠᠭ᠎ᠠ ᠨᠢ ᠣᠪᠣᠭᠠᠨ ᠲᠡᠭᠡᠷ᠎ᠡ ᠪᠠᠨ ᠰᠠᠶᠢᠵᠠ ᠶᠢᠨ ᠬᠢᠷᠢ ᠭᠠᠵᠠᠷ ᠵᠢᠭᠳᠡ ᠪᠠᠷ ᠴᠣᠪᠣᠷᠠᠨ ᠲᠣᠰᠬᠤ ᠨᠢ ᠰᠡᠯᠡᠮ᠎ᠡ ᠪᠠᠷ ᠴᠠᠪᠴᠢᠨ ᠰᠠᠯᠭᠠᠬᠰᠠᠨ ᠮᠡᠳᠦ ᠬᠠᠷᠠᠬᠳᠠᠳᠠᠬ᠃ ᠪᠢ ᠪᠠᠰᠠ ᠲᠠᠯᠠᠭᠠᠳ ᠣᠨ ᠤ ᠡᠬᠢᠨ ᠤ ᠦᠶ᠎ᠡ ᠳᠤ ᠦᠳᠦᠷᠮ᠎ᠡ ᠲᠡᠭᠡᠷ᠎ᠡ ᠮᠣᠩᠭᠤᠯ ᠠᠮᠣ ᠶᠢ ᠫᠣᠤᠯᠣᠣ ᠲᠣᠳᠣᠷ᠎ᠠ ᠬᠠᠶᠠᠵᠦ ᠮᠡᠯᠵᠢᠶ᠎ᠡ ᠲᠠᠯᠪᠢᠭᠠᠳ ᠫᠣᠤᠯᠣᠣ ᠲᠦᠭᠦᠷᠳᠡᠯ᠎ᠡ ᠬᠠᠶᠠᠭᠠᠳ ᠰᠠᠪᠠᠨ ᠤ ᠭᠠᠳᠠᠨ᠎ᠠ ᠲᠡᠮᠡᠢ ᠬᠡᠳᠦᠨ ᠮᠦᠬᠦᠯᠢᠭ ᠪᠣᠳᠠᠭ᠎ᠠ ᠣᠨᠠᠭᠠᠬᠰᠠᠨ ᠦᠭᠡᠢ ᠪᠠᠷ ᠢᠶᠠᠨ ᠮᠡᠯᠵᠢᠶ᠎ᠡ ᠢᠯᠠᠬᠰᠠᠨ ᠦᠡᠭᠭᠡᠷᠡᠯᠳᠡ ᠲᠠᠢ ᠶᠣᠮ᠃ ᠬᠤᠶᠠᠳᠣᠭᠠᠷ ᠣᠳᠠᠭ᠎ᠠ ᠮᠣᠩᠭᠤᠯ ᠢᠶᠠᠨ ᠬᠠᠶᠠᠭᠠᠳ ᠰᠡᠭᠦᠯ ᠰᠠᠯᠭᠠᠬᠤ ᠦᠶᠡᠰ ᠰᠠᠯᠬᠢᠨ ᠤ ᠬᠦᠴᠦᠨ ᠨᠢ ᠲᠡᠩᠴᠡᠭᠦᠷᠢ ᠦᠭᠡᠢ ᠪᠣᠯ ᠬᠤᠳᠬᠤᠨ ᠠᠪᠣᠬᠰᠠᠨ ᠮᠣᠳᠣᠨ ᠬᠦᠷᠵᠡ ᠲᠠᠢ ᠪᠣᠳᠠᠭᠠᠨ ᠤ ᠬᠦᠷᠵᠡ ᠶᠢᠨ ᠢᠷ ᠪᠠ ᠢᠷᠮᠡᠭ ᠢ ᠰᠠᠯᠬᠢᠨ ᠡᠰᠡᠷᠭᠦ ᠬᠠᠨᠳᠣᠭᠤᠯᠣᠨ ᠬᠦᠴᠦᠳᠡᠢ ᠰᠠᠵᠢᠨ ᠬᠠᠶᠠᠪᠠᠯ ᠪᠣᠯᠪᠠᠰᠣᠷᠠᠬᠰᠠᠨ ᠴᠢᠮᠦᠭᠡ ᠰᠠᠶᠢᠳᠠᠢ ᠪᠣᠳᠠᠭ᠎ᠠ ᠨᠢ ᠵᠢᠪᠠᠷ ᠦᠭᠡᠳᠡ ᠰᠣᠮᠣᠳᠠᠨ ᠪᠣᠳᠠᠭᠠᠨ ᠣᠪᠣᠭᠠᠨ ᠲᠡᠭᠡᠷ᠎ᠡ ᠪᠠᠨ ᠲᠣᠰᠴᠦ ᠴᠣᠣᠬᠠᠯ ᠨᠢ ᠣᠣᠯ ᠣᠷᠣᠨ ᠳᠠᠭᠠᠨ ᠦᠯᠡᠳᠡᠳᠡᠭ ᠡᠭᠦᠨ ᠢ ᠪᠠᠰᠠ ᠭᠤᠶᠠᠳᠠᠵᠦ ᠬᠠᠶᠠᠬᠤ ᠭᠡᠵᠦ ᠬᠡᠯᠡᠳᠡᠭ ᠶᠣᠮ᠃ ᠢᠡᠭᠭᠢᠵᠦ ᠪᠣᠳᠠᠭ᠎ᠠ ᠪᠠ ᠴᠣᠣᠬᠠᠯ ᠢ ᠢᠯᠭᠠᠷᠠᠭᠤᠯᠣᠨ ᠪᠠᠷᠠᠬᠰᠠᠨ ᠤ ᠲᠠᠷᠠᠭ᠎ᠠ ᠪᠣᠳᠠᠭ᠎ᠠ ᠪᠠᠨ ᠬᠦᠮᠦᠷᠭᠡ ᠳᠡᠭᠡᠨ ᠡᠭᠦᠷᠴᠦ ᠣᠷᠣᠭᠤᠯᠣᠨ᠎ᠠ᠃ ᠦᠯᠡᠳᠡᠭᠰᠡᠨ ᠴᠣᠣᠬᠠᠯ ᠪᠣᠯᠣᠨ ᠯᠠᠢ ᠶᠢ ᠨᠢ ᠱᠦᠭᠦᠷᠳᠡᠨ ᠠᠪᠴᠦ ᠰᠠᠶᠢᠵᠠᠳᠠᠭᠠᠳ ᠰᠢᠷᠣᠢ ᠶᠢ ᠨᠢ ᠭᠠᠷᠭᠠᠬᠰᠠᠨ ᠤ ᠲᠠᠷᠠᠭ᠎ᠠ ᠣᠰᠣᠨ ᠳᠤ ᠲᠡᠪᠳᠦᠭᠡᠵᠦ ᠭᠠᠭ᠋ᠠᠢ ᠶᠢᠨ ᠢᠳᠡᠰᠢ ᠪᠣᠯᠭᠠᠳᠠᠬ ᠶᠣᠮ︾ ᠭᠡᠵᠡᠢ᠃      ᠮᠣᠩᠭᠤᠯ ᠠᠮᠣ ᠶᠢ ᠬᠦᠮᠦᠷᠭᠡᠯᠡᠬᠦ      ᠬᠤᠷᠴᠢᠨ ᠳᠤ ᠪᠣᠳᠠᠭ᠎ᠠ ᠶᠢ ᠶᠡᠷᠦ ᠳᠡᠭᠡᠨ ᠳ᠋ᠧᠦ ᠪᠠᠷ ᠬᠡᠮᠵᠢᠶᠡᠯᠡᠵᠦ ᠳ᠋ᠠᠨ ᠢᠶᠠᠷ ᠪᠣᠳᠣᠳᠠᠬ᠃ ᠪᠣᠳᠠᠭ᠎ᠠ ᠶᠠᠨᠳᠠᠬᠤ ᠳᠤ ᠬᠦᠳᠡᠯᠵᠦ ᠪᠠᠷᠢᠬᠤ ᠨᠢ ᠲᠦᠷᠭᠡᠨ᠂ ᠪᠢᠷ᠎ᠠ ᠴᠢᠳᠠᠯ ᠢᠶᠠᠷ ᠰᠠᠶᠢᠨ ᠪᠦᠭᠡᠳ ᠲᠠᠭᠤ ᠨᠢ ᠦᠨᠳᠦᠷ ᠨᠢᠭᠡ ᠬᠦᠮᠦᠨ ᠳ᠋ᠧᠦ ᠪᠠᠷᠢᠵᠦ ᠬᠠᠵᠠᠭᠤ ᠳᠤᠨᠢ ᠨᠢᠭᠡ ᠬᠦᠮᠦᠨ ᠲᠡᠪᠢᠭᠦᠷ ᠢᠶᠠᠷ ᠪᠣᠳᠠᠭ᠎ᠠ ᠬᠤᠳᠬᠤᠵᠦ᠂ ᠳ᠋ᠧᠦ ᠪᠠᠷᠢᠬᠰᠠᠨ ᠬᠦᠮᠦᠨ ᠤ ᠬᠠᠭᠠᠰ ᠬᠤᠳᠬᠤᠬᠰᠠᠨ ᠳ᠋ᠧᠦ ᠶᠢ ᠲᠦᠭᠦᠷᠭᠡᠵᠦ ᠦᠭᠭᠦᠨ᠎ᠡ᠃ ᠳ᠋ᠧᠦ ᠪᠠᠷᠢᠬᠰᠠᠨ ᠬᠦᠮᠦᠨ ᠬᠤᠰᠣᠭᠤᠷ ᠮᠣᠳᠣ ᠪᠠᠷ ᠳ᠋ᠧᠦ ᠲᠠᠢ ᠪᠣᠳᠠᠭ᠎ᠠ ᠶᠢ ᠲᠡᠭᠰᠢᠯᠡᠨ ᠬᠤᠰᠣᠵᠦ᠂ ᠬᠠᠵᠠᠭᠤ ᠳᠤᠨᠢ ᠪᠠᠷᠢᠬᠰᠠᠨ ᠬᠡᠦᠳᠡᠢ ᠮᠠᠳᠠᠢ ᠳᠤ ᠰᠠᠪᠠᠯᠠᠬᠤ ᠶᠢᠨ ᠲᠠᠭᠠᠦ ᠦᠨᠳᠦᠷ ᠲᠠᠭᠤ ᠪᠠᠷ ᠳ᠋ᠧᠦ ᠶᠢᠨ ᠲᠤᠭ᠎ᠠ ᠶᠢ ᠬᠠᠰᠭᠢᠷᠣᠨ ᠮᠡᠳᠡᠭᠦᠯᠦᠨ᠎ᠡ᠃ ᠬᠡᠦᠳᠡᠢ ᠮᠠᠳᠠᠢ ᠪᠠᠨ ᠲᠦᠭᠦᠷᠭᠡᠭᠰᠡᠨ ᠵᠠᠯᠠᠭᠤᠴᠣᠳ ᠪᠣᠳᠠᠭ᠎ᠠ ᠡᠭᠦᠷᠴᠦ ᠬᠦᠴᠦ ᠴᠢᠳᠠᠯ ᠢᠶᠠᠨ ᠭᠠᠶᠢᠬᠠᠭᠤᠯᠣᠨ ᠰᠢᠯᠭᠠᠷᠠᠭᠤᠯᠵᠦ ᠂ ᠲᠣᠩ ᠬᠦᠷ ᠭᠦᠭᠵᠢᠶᠡᠨ ᠲᠠᠢ ᠪᠣᠯᠳᠠᠬ᠃ ᠮᠣᠩᠭᠤᠯ ᠠᠮᠣ ᠶᠢ ᠬᠦᠮᠦᠷᠭᠡᠯᠡᠬᠦ ᠲᠣᠬᠠᠢ ᠭᠠᠳᠠᠰᠣ ᠠᠴᠠ᠄ ︽ᠮᠠᠨ ᠤ ᠨᠣᠳᠤᠬ ᠲᠤ ᠮᠣᠩᠭᠤᠯ ᠠᠮᠣ ᠶᠢ ᠣᠣᠯ ᠳᠠᠭᠠᠨ ᠬᠤᠶᠠᠷ ᠶᠠᠩᠵᠦ ᠪᠠᠷ ᠬᠦᠮᠦᠷᠭᠡᠯᠡᠬᠦ ᠠᠷᠭ᠎ᠠ ᠪᠠᠶᠢᠬᠰᠠᠨ ᠶᠣᠮ᠃ ᠲᠣᠬᠠᠢ ᠶᠢᠨ ᠦᠶᠡᠰ ᠭᠠᠨᠭ᠌ ᠰᠠᠪᠠ ᠨᠢ ᠴᠦᠬᠡᠨ ᠪᠠᠶᠢᠬᠰᠠᠨ ᠪᠣᠯᠬᠤᠷ ᠪᠣᠷᠭᠠᠰᠣ ᠪᠠᠷ ᠲᠣᠮᠣ ᠳ᠋ᠦᠡᠭᠰᠡᠨ ᠰᠠᠬᠰᠣ ᠭᠦᠷᠦᠵᠦ ᠲᠠᠯᠪᠢᠭᠠᠳ ᠭᠠᠳᠠᠭᠤᠷ ᠨᠢ ᠦᠬᠡᠷ ᠤᠨ ᠪᠠᠭᠠᠰᠣ ᠪᠠᠷ ᠰᠢᠪᠠᠵᠦ ᠲᠠᠯᠪᠢᠭᠠᠳ ᠲᠣᠳᠣᠷ᠎ᠠ ᠨᠢ ᠮᠣᠩᠭᠤᠯ ᠠᠮᠣ ᠪᠠᠨ ᠬᠢᠵᠦ ᠬᠠᠳᠠᠭᠠᠯᠠᠳᠠᠬ᠃ ᠡᠭᠦᠨ ᠢᠶᠠᠨ ︿ᠳ᠋ᠦᠡᠭᠰᠡᠯᠡᠨ ᠬᠠᠳᠠᠭᠠᠯᠠᠬᠤ﹀ ᠭᠡᠳᠡᠭ᠃ ᠪᠠᠰᠠ ᠨᠢᠭᠡ ᠠᠷᠭ᠎ᠠ ᠨᠢ ᠪᠣᠯ ᠭᠠᠵᠠᠷ ᠲᠤ ᠨᠦᠬᠡ ᠮᠠᠯᠳᠠᠭᠠᠳ ᠨᠦᠬᠡᠨ ᠤ ᠪᠠᠨ ᠲᠣᠳᠣᠷ᠎ᠠ ᠲᠠᠯ᠎ᠠ ᠳᠤ ᠨᠠᠷᠢᠮᠣ ᠶᠢᠨ ᠰᠦᠷᠡᠯ ᠢ ᠵᠢᠵᠢᠭ ᠵᠢᠵᠢᠭ ᠢᠶᠠᠷ ᠪᠣᠭᠤᠵᠢᠯᠠᠭᠠᠳ ᠲᠡᠭᠳᠡᠷᠯᠡᠨ ᠲᠠᠯᠪᠢᠵᠦ ᠨᠦᠭᠡ ᠪᠠᠨ ᠭᠠᠳᠠᠷᠯᠠᠭᠠᠳ ᠲᠣᠳᠣᠷ᠎ᠠ ᠨᠢ ᠮᠣᠩᠭᠤᠯ ᠠᠮᠣ ᠪᠠᠨ ᠬᠢᠵᠦ ᠬᠠᠳᠠᠭᠠᠯᠠᠳᠠᠬ᠃ ᠢᠡᠭᠭᠢᠵᠦ ᠬᠠᠳᠠᠭᠠᠯᠠᠬᠤ ᠨᠢ ᠮᠣᠩᠭᠤᠯ ᠠᠮᠣ ᠶᠢ ᠴᠢᠬᠢᠭ ᠨᠦᠢᠳᠠᠨ ᠠᠴᠠ ᠰᠡᠷᠭᠡᠶᠢᠯᠡᠵᠦ᠂ ᠣᠳᠠᠭᠠᠨ ᠵᠢᠯ ᠬᠠᠳᠠᠭᠠᠯᠠᠵᠦ ᠲᠡᠶᠢᠯᠳᠡᠭ᠃ ᠡᠭᠦᠨ ᠢᠶᠠᠨ ᠪᠠᠰᠠ ︿ᠵᠣᠭᠤᠷᠢᠯᠠᠨ ᠬᠠᠳᠠᠭᠠᠯᠠᠬᠤ﹀ ᠭᠡᠳᠡᠭ︾ ᠭᠡᠪᠡ᠃      ᠴᠠᠬ ᠦᠶ᠎ᠡ ᠶᠢᠨ ᠬᠦᠭᠵᠢᠯᠳᠡ ᠶᠢ ᠲᠠᠭᠠᠯᠳᠤᠨ ᠣᠳᠤᠬᠠᠨ ᠳᠤ ᠮᠤᠩᠭᠤᠯ ᠠᠮᠤ ᠶᠢ ᠰᠢᠭᠤᠳ ᠣᠭᠤᠳᠠᠯᠠᠭᠠᠳ ᠬᠦᠮᠦᠷᠭᠡ ᠳᠡᠭᠡᠨ ᠣᠷᠤᠭᠤᠯᠬᠤ ᠪᠤᠯᠪᠠ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号