ᠬᠤᠷᠢᠮ ᠤᠨ ᠡᠳᠤᠷ ᠦᠵᠡᠯᠭᠡ ᠳᠤ ᠬᠤᠶᠠᠷ ᠭᠡᠤᠭᠡᠳ ᠤᠨ ᠮᠡᠩᠭᠡ᠂ ᠵᠢᠯ ᠬᠠᠷᠰᠢᠯᠳᠤᠬᠤ ᠶᠢ ᠶᠡᠭᠡ | ᠠᠩᠬᠠᠷᠳᠠᠭ ᠲᠤᠯᠠ ᠦᠷᠬᠦᠯᠵᠢ ᠠᠩᠬᠠᠷᠳᠠᠭ ᠭᠡᠳᠤᠨ ᠬᠤᠤᠰ ᠬᠠᠷᠰᠢ ᠤᠷᠤᠭ ᠪᠠ ᠢᠪᠡᠭᠡᠯ ᠤᠷᠤᠭ ᠢ ᠲᠤᠪᠴᠢᠯᠠᠪᠠᠯ | ᠄ ︵1︶ ᠡᠷᠡᠰ ᠬᠠᠷᠰᠢ ᠲᠦᠷᠪᠡᠨ ᠤᠴᠠᠷᠠᠯ᠄ ᠭᠠᠭ᠋ᠠᠢ ᠪᠡᠴᠢᠨ ᠵᠢᠯᠳᠡᠨ ᠤᠴᠠᠷᠠᠪᠠᠯ ᠨᠢᠯᠪᠤᠰᠤ ᠦᠯᠦ ᠬᠠᠳᠠᠬᠤ | ᠬᠠᠷᠰᠢ᠃ ᠬᠤᠯᠤᠭᠠᠨ᠎ᠠ ᠬᠤᠨᠢᠨ ᠵᠢᠯᠳᠡᠨ ᠤᠴᠠᠷᠠᠪᠠᠯ ᠬᠤᠨᠢᠨ ᠲᠤᠯᠤᠭᠠᠢ ᠶᠢ ᠬᠤᠯᠤᠭᠠᠨ᠎ᠠ ᠮᠦᠯᠵᠢᠬᠦ ᠬᠠᠷᠰᠢ᠃ | ᠮᠤᠭᠠᠢ ᠪᠠᠷᠰ ᠵᠢᠯᠳᠡᠨ ᠤᠴᠠᠷᠠᠪᠠᠯ ᠵᠠᠮ ᠮᠦᠷ ᠦᠯᠦ ᠨᠡᠶᠢᠯᠡᠬᠦ ᠬᠠᠷᠰᠢ᠃ ᠮᠤᠷᠢ ᠦᠭᠡᠷ ᠵᠢᠯᠳᠡᠨ ᠤᠴᠠᠷᠠᠪᠠᠯ ᠦᠭᠡᠷ | ᠠᠶᠤᠯ ᠵᠠᠩᠬᠢᠯᠠᠬᠤ ᠬᠠᠷᠰᠢ ᠲᠤᠯᠠ ᠵᠠᠶᠢᠯᠠᠭᠤᠯᠬᠤ ᠠᠷᠭ᠎ᠠ ᠲᠤᠮ ᠬᠢᠨ᠎ᠡ︕ ︵2︶ ᠲᠤᠰ ᠬᠠᠷᠰᠢ᠄ ᠪᠡᠷᠰ ᠪᠡᠴᠢ᠂ | ᠮᠤᠭᠠᠢ ᠭᠠᠭ᠋ᠠᠢ᠂ ᠬᠤᠯᠤᠭᠠᠨ᠎ᠠ ᠮᠤᠷᠢ᠂ ᠲᠠᠤᠯᠠᠢ ᠲᠠᠬᠢᠶ᠎ᠠ᠂ ᠯᠤᠤ ᠨᠤᠬᠠᠢ᠂ ᠦᠭᠡᠷ ᠬᠤᠨᠢ ᠦᠯᠦ ᠪᠤᠯᠬᠤ ᠵᠢᠯ ᠤᠳ | ᠪᠤᠯᠤᠨ᠎ᠠ᠃ ︵3︶ ᠬᠠᠪᠢᠷᠭ᠎ᠠ ᠬᠠᠷᠰᠢ᠄ ᠬᠤᠯᠤᠭᠠᠨ᠎ᠠ ᠦᠭᠡᠷ ᠢᠳᠡᠯᠴᠡᠬᠦ ᠬᠠᠷᠰᠢ᠂ ᠪᠠᠷᠰ ᠪᠠᠴᠢ ᠬᠢᠮᠤᠷᠠᠬᠤ ᠬᠠᠷᠰᠢ | ᠂ ᠦᠭᠡᠷ ᠬᠤᠨᠢ ᠪᠠᠭᠤᠷᠠᠬᠤ ᠬᠠᠷᠰᠢ᠂ ᠯᠤᠤ ᠨᠤᠬᠠᠢ ᠡᠳ᠋ ᠢᠶᠠᠨ ᠪᠠᠭᠤᠷᠠᠭᠤᠯᠬᠤ ᠬᠠᠷᠰᠢ᠂ ᠲᠠᠬᠢᠶ᠎ᠠ ᠲᠠᠤᠯᠠᠢ ᠬᠠᠪᠠᠷ | ᠬᠠᠷᠰᠢ᠂ ᠨᠤᠬᠠᠢ ᠭᠠᠭ᠋ᠠᠢ ᠬᠢᠮᠤᠷᠠᠯᠳᠤᠬᠤ ᠬᠠᠷᠰᠢ᠂ ᠮᠤᠷᠢᠨ ᠲᠤᠯᠤᠭᠠᠢ ᠶᠢ ᠲᠠᠬᠢᠶ᠎ᠠ ᠲᠤᠩᠰᠢᠬᠤ ᠬᠠᠷᠰᠢ᠂ ᠬᠤᠨᠢᠨ | ᠲᠤᠯᠤᠭᠠᠢ ᠶᠢ ᠪᠡᠴᠢ ᠴᠤᠬᠢᠵᠤ ᠠᠯᠠᠬᠤ ᠬᠠᠷᠰᠢ᠂ ᠲᠠᠬᠢᠶᠠᠨ ᠵᠤᠯᠵᠠᠭ᠎ᠠ ᠶᠢ ᠨᠤᠬᠠᠢ ᠪᠠᠷᠢᠬᠤ ᠬᠠᠷᠰᠢ᠂ ᠲᠠᠤᠯᠠᠢ | ᠬᠤᠯᠤᠭᠠᠨ᠎ᠠ ᠬᠠᠭᠠᠴᠠᠬᠤ ᠬᠠᠷᠰᠢ᠂ ᠦᠭᠡᠷ ᠪᠠᠷᠰ ᠬᠦᠴᠤᠨ ᠲᠡᠮᠡᠴᠡᠬᠦ ᠬᠠᠷᠰᠢ᠂ ᠯᠤᠤ ᠮᠤᠭᠠᠢ ᠪᠠᠶ᠎ᠠ ᠤᠷᠢᠶᠠᠬᠤ | ᠬᠠᠷᠰᠢ ᠭᠡᠵᠤ ᠤᠷᠤᠬᠯᠠᠵᠤ ᠬᠤᠷᠢᠮᠯᠠᠬᠤ ᠶᠢ ᠴᠡᠭᠡᠷᠯᠡᠳᠡᠭ᠃ ︵4︶ ᠡᠷ᠎ᠡ ᠡᠮ᠎ᠡ ᠶᠢᠨ ᠢᠪᠡᠭᠡᠯ ᠤᠴᠠᠷᠠᠯ᠄ | ᠬᠤᠯᠤᠭᠠᠨ᠎ᠠ᠂ ᠯᠤᠤ᠂ ᠪᠡᠴᠢᠨ ᠵᠢᠯᠳᠠᠨ ᠬᠢᠭᠡᠳ ᠪᠠᠷᠰ᠂ ᠮᠤᠷᠢ᠂ ᠨᠤᠬᠠᠢ ᠵᠢᠯᠳᠠᠨ ᠤᠴᠠᠷᠠᠪᠠᠯ ᠢᠪᠡᠭᠡᠯ ᠰᠠᠶᠢᠨ᠃ | ᠦᠭᠡᠷ᠂ ᠮᠤᠷᠢ᠂ ᠨᠤᠬᠠᠢ ᠤᠴᠠᠷᠠᠪᠠᠯ ᠢᠪᠡᠭᠡᠯ ᠰᠠᠶᠢᠨ ᠭᠡᠳᠡᠭ᠃ ︵5︶ ᠤᠯᠠᠭᠠᠨ ᠱᠠᠭᠠᠵᠠᠭᠠᠢ ᠡᠳᠤᠷ ᠤᠨ | ᠴᠡᠭᠡᠷᠯᠠᠯ — ᠤᠯᠠᠭᠠᠨ ᠱᠠᠭᠠᠵᠠᠭᠠᠢ ᠡᠳᠤᠷ ᠲᠤᠬᠢᠶᠠᠯᠳᠤᠪᠠᠯ ᠠᠯᠢᠪᠠ ᠦᠢᠯᠡ ᠳᠤ ᠮᠠᠭᠤ ᠭᠡᠵᠤ ᠨᠤᠳᠤᠭ ᠤᠨ | ᠮᠤᠩᠭᠤᠯᠴᠤᠳ ᠶᠡᠭᠡ ᠴᠡᠭᠡᠷᠯᠡᠵᠤ ᠠᠩᠬᠠᠷᠳᠠᠭ᠃ ᠵᠢᠯ ᠤᠨ ᠤᠯᠠᠭᠠᠨ ᠱᠠᠭᠠᠵᠠᠭᠠᠢ ᠡᠳᠤᠷ ᠨᠢ᠄ ᠤᠯᠠᠭᠠᠬᠴᠢᠨ | ᠤᠨ ᠳᠤ ᠭᠠᠭ᠋ᠠᠢ ᠡᠳᠤᠷ ᠪᠠᠶᠢᠳᠠᠭ᠃ ᠰᠠᠷ᠎ᠠ ᠶᠢᠨ ᠶᠡᠭᠡ ᠤᠯᠠᠭᠠᠨ ᠱᠠᠭᠠᠵᠠᠭᠠᠢ ᠡᠳᠤᠷ ᠨᠢ᠄ ᠲᠦᠷᠪᠡᠨ ᠲᠡᠷᠢᠬᠦᠨ | ᠰᠠᠷ᠎ᠠ ᠶᠢᠨ ᠤᠯᠠᠭᠠᠨ ᠪᠠᠷᠰ ᠡᠳᠤᠷ᠂ ᠲᠦᠷᠪᠡᠨ ᠲᠤᠮᠳᠠ ᠰᠠᠷ᠎ᠠ ᠶᠢᠨ ᠤᠯᠠᠭᠠᠨ ᠮᠤᠷᠢᠨ ᠡᠳᠤᠷ᠂ ᠲᠦᠷᠪᠡᠨ ᠰᠡᠬᠦᠯ | ᠰᠠᠷ᠎ᠠ ᠶᠢᠨ ᠬᠦᠭᠡ ᠨᠤᠬᠠᠢ ᠡᠳᠤᠷ ᠪᠤᠯᠤᠨ᠎ᠠ᠃ ᠪᠠᠭ᠎ᠠ ᠤᠯᠠᠭᠠᠨ ᠱᠠᠭᠠᠵᠠᠭᠠᠢ ᠡᠳᠤᠷ᠄ ᠲᠦᠷᠪᠡᠨ ᠲᠡᠷᠢᠬᠦᠨ | ᠰᠠᠷ᠎ᠠ ᠶᠢᠨ ᠮᠤᠭᠠᠢ ᠡᠳᠤᠷ᠂ ᠲᠦᠷᠪᠡᠨ ᠲᠤᠮᠳᠠ ᠰᠠᠷ᠎ᠠ ᠶᠢᠨ ᠲᠠᠬᠢᠶ᠎ᠠ ᠡᠳᠤᠷ᠂ ᠲᠦᠷᠪᠡᠨ ᠰᠡᠬᠦᠯ ᠰᠠᠷ᠎ᠠ ᠶᠢᠨ ᠦᠭᠡᠷ | ᠡᠳᠤᠷ ᠪᠤᠯᠤᠨ᠎ᠠ᠃ ᠤᠯᠠᠭᠠᠨ ᠱᠠᠭᠠᠵᠠᠭᠠᠢ ᠡᠳᠤᠷ ᠤᠳ ᠲᠤ ᠴᠢᠰᠤ ᠭᠠᠷᠭᠠᠬᠤ ᠶᠢ ᠤᠨᠴᠠ ᠴᠡᠭᠡᠷᠯᠡᠳᠡᠭ ᠪᠤᠯᠪᠠᠴᠤ | ᠠᠡᠭ ᠠᠪᠠ ᠬᠢᠬᠦ ᠶᠢ ᠬᠠᠷᠢᠨ ᠡᠷᠬᠢᠮᠯᠡᠳᠡᠭ᠃ |