ᠣᠬᠠᠭ᠎ᠠ ᠴᠣᠭᠤᠷᠠᠭᠤᠯᠤᠬᠰᠠᠨ ᠭᠤᠷᠪᠠᠨ ᠦᠯᠢᠭᠡᠷ | ᠵᠣᠬᠢᠶᠠᠭᠴᠢ᠄ ᠪ᠊ · ᠪᠢᠯᠢᠭ | ᠬᠤᠪᠴᠠᠰᠤ ᠪᠠᠨ ᠡᠷᠢᠭᠰᠡᠡ ᠨᠢ | ᠲᠡᠭᠡᠷ᠎ᠡ ᠵᠠᠭᠤᠨ ᠤ 74 ᠤᠨ ᠳᠤ ᠠᠩᠬ᠎ᠠ ᠲᠤᠮᠳᠠᠳᠤ ᠶᠢᠨ ᠬᠤᠶᠠᠳᠤᠭᠠᠷ ᠤᠨ ᠳᠤ ᠰᠤᠷᠤᠯᠴᠠᠵᠤ ᠪᠠᠶᠢᠭᠰᠠᠨ | ᠦᠶ᠎ᠡ ᠪᠢᠯᠡ᠃ ᠨᠢᠭᠡᠨ ᠤᠳᠠᠭ᠎ᠠ ᠬᠤᠪᠴᠠᠰᠤ ᠬᠠᠳᠠᠭᠠᠬᠤ ᠵᠢᠶᠠᠰᠨ ᠶᠢᠨ ᠲᠡᠷᠭᠡᠳᠡ ᠠᠴᠠ ᠮᠢᠨᠦ ᠨᠢᠭᠡᠨᠳᠡ ᠤᠷᠬᠢᠭᠰᠠᠨ | ᠬᠤᠪᠴᠠᠰᠤ ᠲᠠᠢ ᠠᠳᠠᠯᠢᠪᠳᠤᠷ ᠨᠢᠭᠡ ᠵᠠᠬ᠎ᠠ ᠬᠤᠪᠴᠠᠰᠤ ᠡᠯᠭᠦᠭᠡᠰᠦᠲᠡᠢ ᠪᠠᠶᠢᠬᠤ ᠶᠢ ᠤᠯᠵᠤ ᠦᠵᠡᠪᠡ᠃ ᠪᠢ ᠬᠠᠮᠳᠤ | ᠰᠤᠷᠤᠭᠴᠢ ᠪᠠᠨ ᠤᠷᠢᠵᠤ ᠲᠡᠭᠦᠨ ᠲᠠᠢ ᠬᠠᠮᠳᠤ ᠪᠠᠷ ᠲᠡᠷᠭᠡᠳᠡ ᠨᠢ ᠤᠴᠢᠵᠦ ᠲᠤᠷᠰᠢᠨ ᠦᠵᠡᠬᠦ ᠪᠠᠷ ᠪᠤᠯᠪᠠ᠃ ᠮᠢᠨᠦ | ᠬᠤᠪᠴᠠᠰᠤ ᠶᠢᠨ ᠵᠠᠭᠠᠮ᠎ᠠ ᠲᠡᠭᠡᠷ᠎ᠡ ᠨᠢ ᠤᠨᠴᠠᠭᠠᠢ ᠲᠡᠮᠳᠡᠭ ᠲᠠᠢ ᠶᠤᠮ᠂ ᠪᠢᠳᠡ ᠶᠠᠭ ᠰᠠᠶ᠋ᠢᠬᠠᠨ ᠲᠡᠷᠡ ᠭᠦ | ᠬᠤᠪᠴᠠᠰᠤᠨ ᠤ ᠲᠡᠷᠭᠡᠳᠡ ᠨᠢ ᠬᠦᠷᠦᠭᠡᠳ ᠵᠠᠭᠠᠮ᠎ᠠ ᠶᠢ ᠨᠢ ᠲᠡᠮᠳᠡᠷᠢᠬᠦ ᠭᠡᠳᠡᠯ᠎ᠡ ᠬᠤᠪᠴᠠᠰᠤᠨ ᠤ ᠡᠵᠡᠨ ᠨᠢ ᠭᠦᠶᠦᠨ | ᠢᠷᠡᠵᠤ᠂ ᠲᠡᠭᠡᠷ᠎ᠡ ᠲᠠᠭᠤᠨ ᠢᠶᠠᠷ᠄ ︽ᠬᠦᠢ︕ ᠲᠠ ᠴᠤᠬᠤᠮ ᠶᠠᠭᠠᠬᠢᠬᠤ ᠭᠡᠵᠤ ᠪᠠᠶᠢᠬᠤ ᠪᠤᠢ︖︾ ᠭᠡᠵᠦ | ᠠᠰᠠᠭᠤᠬᠤ ᠳᠤ ᠮᠢᠨᠦ ᠨᠠᠶᠢᠵᠠ ᠲᠡᠷᠡ ᠲᠤᠥᠷ᠎ᠠ ᠨᠢ ᠬᠠᠮᠤᠭ ᠪᠡᠶ᠎ᠡ ᠨᠢ ᠴᠡᠴᠡᠷᠭᠢᠯᠡᠨ ᠪᠠᠯᠠᠭ ᠠᠯᠳᠠᠨ ᠰᠠᠨᠳᠤᠷᠴᠤ᠂ | ᠲᠤᠷᠤᠭᠰᠢ ᠬᠠᠨᠳᠤᠨ ᠶᠠᠭ ᠯᠡ ᠬᠤᠯᠠᠭᠠᠶᠢᠴᠢ ᠮᠡᠳᠦ ᠶᠠᠭᠤ ᠴᠦ ᠲᠣᠣᠭᠠᠷᠴᠦ ᠴᠢᠳᠠᠬᠤ ᠦᠭᠡᠢ ᠪᠤᠯᠪᠠ᠃ ᠬᠡᠷᠪᠡ | ᠡᠨᠡ ᠦᠶᠡᠰ ᠪᠢ ᠴᠦ ᠦᠭᠡ ᠲᠤᠥᠭᠠᠷᠬᠤ ᠦᠭᠡᠢ ᠪᠤᠯ ᠪᠢᠳᠡ ᠯᠠᠪᠳᠠᠢ ᠬᠤᠪᠴᠠᠰᠤᠨ ᠤ ᠡᠵᠡᠨ ᠳᠤ ᠬᠤᠯᠠᠭᠠᠶᠢᠴᠢ | ᠭᠡᠵᠤ ᠰᠡᠵᠢᠭᠯᠡᠭᠳᠡᠬᠦ ᠨᠢ ᠭᠠᠷᠴᠠᠭ᠎ᠠ ᠦᠭᠡᠢ᠃ ᠨᠦᠭᠦᠭᠡ ᠲᠠᠯ᠎ᠠ ᠪᠠᠷ ᠦᠪᠡᠷ ᠤᠨ ᠬᠤᠪᠴᠠᠰᠣ ᠭᠡᠵᠦ ᠰᠡᠵᠢᠭᠯᠡᠭᠰᠡᠨ | ᠲᠣᠬᠠᠢ ᠦᠨᠡᠨ ᠢᠶᠠᠨ ᠬᠡᠯᠡᠬᠦ ᠶᠤᠮ ᠪᠤᠯ ᠯᠠᠪᠳᠠᠢ ᠨᠢᠭᠡᠨ ᠤᠳᠠᠭᠠᠨ ᠤ ᠵᠤᠳᠤᠯᠳᠤᠭᠠᠨ ᠴᠦ ᠡᠭᠦᠰᠴᠦ ᠮᠡᠳᠡᠬᠦ ᠶᠤᠮ︕ | ᠶᠠᠭᠠᠬᠢᠵᠦ ᠠᠵᠢᠬᠯᠠᠬᠰᠠᠨ ᠴᠦ ᠬᠤᠪᠴᠠᠰᠤ ᠮᠢᠨᠦ ᠪᠢᠰᠢ ᠨᠢ ᠢᠯᠡᠬᠡᠨ ᠪᠠᠶᠢᠯ᠎ᠠ᠃ | ᠪᠢ ᠠᠶᠤᠨ ᠬᠡᠯᠡᠮᠡᠭᠳᠡᠭᠰᠡᠨ ᠦᠭᠡᠢ᠂ ᠮᠦᠨ ᠯᠡ ᠡᠨᠡ ᠬᠦ ᠵᠠᠬ᠎ᠠ ᠬᠤᠪᠴᠠᠰᠤ ᠶᠢᠨ ᠵᠠᠭᠠᠮ᠎ᠠ ᠶᠢ ᠨᠢ | ᠲᠡᠮᠳᠡᠷᠢᠭᠰᠡᠭᠡᠷ ᠪᠠᠶᠢᠵᠤ ᠡᠵᠡᠨ ᠤ ᠬᠢᠨᠢ ᠵᠦᠭ ᠬᠠᠨᠳᠤᠵᠤ ᠢᠨᠢᠶᠡᠭᠰᠡᠭᠡᠷ᠄ ︽ᠪᠢᠳᠡᠭᠡᠢ ᠠᠭᠤᠷᠯᠠ︕ ᠪᠢᠳᠡ | ᠬᠤᠶᠠᠭᠤᠯᠠ ᠪᠠᠨ ᠡᠨᠡ ᠬᠤᠪᠴᠠᠰᠤ ᠶᠢ ᠦᠵᠡᠭᠡᠳ ᠪᠠᠭ᠋ᠠᠷᠬᠠᠭᠰᠠᠨ ᠣᠯᠠᠮ ᠠᠴᠠ ᠴᠤᠬᠤᠮ ᠶᠠᠮᠠᠷ ᠪᠦᠰ ᠢᠶᠠᠷ | ᠬᠢᠭᠰᠡᠨ ᠢ ᠨᠢ ᠦᠵᠡᠬᠦ ᠭᠡᠵᠦ ᠮᠦᠷᠦ᠋ᠢᠴᠡᠭᠡ ᠲᠠᠯᠪᠢᠵᠤ᠂ ᠬᠤᠪᠢ ᠬᠤᠪᠢᠨ ᠤ ᠪᠠᠨ ᠪᠠᠷᠢᠮᠳᠠᠯᠠᠬᠤ ᠳᠤ ᠪᠠᠨ ᠲᠡᠮᠳᠡᠷᠢᠵᠦ | ᠪᠠᠶᠢᠭᠰᠠᠨ ᠨᠢ ᠡᠨᠡ ᠪᠢᠯᠡ︕ ᠮᠢᠨᠦ ᠲᠠᠭᠠᠮᠠᠭᠯᠠᠭᠰᠠᠨ ᠬᠠᠷᠢᠨ ᠵᠦᠪ ᠪᠠᠶᠢᠵᠠᠢ᠃ ᠡᠨᠡ ᠬᠤᠪᠴᠠᠰᠣ ᠶᠢ ᠳ᠋ᠢ ᠺᠠᠠ | ᠪᠦᠰ ᠢᠶᠠᠷ ᠬᠢᠭᠰᠡᠨ ᠠᠵᠢ︾ ᠭᠡᠵᠦ ᠬᠡᠯᠡᠵᠤ ᠪᠠᠷᠠᠩᠭᠤᠳᠠ ᠲᠡᠪᠡᠯ ᠤᠨ ᠵᠠᠭᠠᠮ᠎ᠠ ᠠᠴᠠ ᠭᠠᠷ ᠢᠶᠠᠨ ᠠᠪᠤᠪᠠ᠃ ᠡᠨᠡ | ᠦᠶᠡᠰ ᠨᠠᠶᠢᠵᠠ ᠮᠢᠨᠢ ᠴᠦ ᠵᠠᠪᠰᠢᠶᠠᠨ ᠢ ᠠᠮᠵᠢᠵᠤ᠄ ︽ᠪᠢ ᠤᠳᠤ ᠴᠢᠮ᠎ᠠ ᠳᠤ ᠬᠤᠨᠵᠢᠭᠳᠠᠵᠠᠢ︕ ᠪᠤᠯᠤᠨ᠎ᠠ ᠪᠠ︖ | ᠤᠳᠤ ᠶᠠᠪᠤᠶ᠎ᠠ︕ ᠪᠢᠳᠡᠭᠡᠢ ᠪᠤᠰᠤᠳ ᠲᠤ ᠶᠠᠷᠰᠢᠭ ᠲᠠᠳᠠᠭᠠᠷᠠᠢ︕︾ ᠭᠡᠭᠦ ᠳᠤ ᠬᠤᠪᠴᠠᠰᠤᠨ ᠤ ᠡᠵᠡᠨ ᠨᠢ ᠶᠠᠮᠠᠷ | ᠴᠦ ᠦᠭᠡ ᠦᠭᠡᠢ ᠬᠤᠴᠣᠷᠣᠬᠰᠠᠨ ᠪᠢᠯᠡ᠃ | ᠡᠨᠡ ᠮᠡᠳᠦ ᠪᠠᠷ ᠨᠢᠭᠡᠨ ᠤᠳᠠᠭ᠎ᠠ ᠶᠢᠨ ᠬᠠᠮᠳᠤ ᠰᠤᠷᠤᠭᠴᠢ ᠶᠢᠨ ᠬᠤᠭᠤᠷᠤᠨᠳᠤ ᠪᠠᠨ ᠡᠭᠦᠰᠴᠦ ᠮᠡᠳᠡᠬᠦ | ᠬᠡᠷᠡᠭᠦᠯ ᠵᠢᠭᠤᠷᠠᠭᠠᠨ ᠢ ᠬᠤᠯᠠᠳᠠᠭᠤᠯᠪᠠ᠃ | ᠠᠵᠢᠯᠴᠢ ᠪᠤᠷᠤᠭᠵᠢᠭᠤᠨ ᠬᠠᠮᠳᠤ ᠰᠤᠷᠤᠭᠴᠢ | 1972 ᠤᠨ ᠤ ᠡᠪᠦᠯ ᠤᠨ ᠠᠮᠠᠷᠠᠯᠳᠠ ᠲᠠᠯᠪᠢᠬᠤ ᠦᠶᠡᠰ ᠶᠤᠮ ᠰᠠᠨ᠃ ᠪᠢ ᠪᠦᠬᠦ ᠨᠢᠭᠡᠳᠦᠯ ᠤᠨ | ᠲᠦᠷᠪᠡᠨ ᠵᠠᠭᠤ ᠭᠠᠷᠤᠢ ᠰᠤᠷᠤᠭᠴᠢᠳ ᠲᠠᠢ ᠬᠠᠮᠳᠤ ᠪᠠᠷ ᠨᠢᠭᠡᠳᠦᠯ ᠳᠤ ᠬᠦᠷᠴᠦ ᠠᠩᠬ᠎ᠠ ᠲᠤᠮᠳᠠᠳᠤ ᠳᠤ ᠲᠠᠪᠰᠢᠬᠤ | ᠰᠢᠯᠭᠠᠯᠳᠠ ᠳᠤ ᠤᠷᠤᠯᠴᠠᠪᠠ᠃ ᠲᠤᠭᠳᠠᠭᠰᠠᠨ ᠨᠤᠮᠧᠷ ᠢᠶᠠᠨ ᠤᠯᠵᠤ ᠰᠠᠭᠤᠬᠰᠠᠨ ᠤ ᠲᠠᠷᠠᠭ᠎ᠠ ᠨᠠᠳᠠ ᠲᠠᠢ ᠬᠠᠮᠳᠤ | ᠨᠢᠭᠡ ᠰᠢᠷᠡᠭᠡᠨ ᠳᠤ ᠰᠠᠭᠤᠵᠤ ᠰᠢᠯᠭᠠᠯᠳᠠ ᠳᠤ ᠣᠷᠤᠯᠴᠠᠬᠰᠠᠨ ᠨᠢ ᠨᠢᠭᠡᠨ ᠡᠮᠡᠭᠳᠡᠢ ᠰᠤᠷᠤᠬᠴᠢ ᠪᠤᠯᠬᠤ ᠶᠢ ᠮᠡᠳᠡᠵᠡᠢ᠃ | ᠰᠢᠯᠭᠠᠯᠳᠠ ᠶᠢ ᠪᠢᠳᠡ ᠦᠪᠡᠷ ᠦᠪᠡᠷ ᠤᠨ ᠰᠣᠷᠣᠬᠰᠠᠨ ᠬᠢᠷᠢ ᠬᠡᠮᠵᠢᠶᠡᠨ ᠤ ᠪᠠᠶᠢᠳᠠᠯ ᠢᠶᠠᠨ ᠦᠨᠳᠦᠰᠦᠯᠡᠵᠦ | ᠬᠠᠷᠢᠭᠤᠯᠪᠠ᠃ ᠲᠡᠮᠡᠢ ᠤᠳᠠᠭᠰᠠᠨ ᠦᠭᠡᠢ ᠰᠣᠷᠭᠠᠭᠤᠯᠢ ᠲᠠᠪᠰᠢᠬᠰᠠᠨ ᠮᠡᠳᠡᠭᠳᠡᠯ ᠢᠶᠠᠨ ᠲᠤᠰᠴᠤ ᠨᠢᠭᠡᠳᠦᠯ ᠤᠨ | ᠲᠤᠮᠳᠠᠳᠤ ᠰᠤᠷᠭᠠᠭᠤᠯᠢ ᠶᠢᠨ ᠨᠢᠭᠡᠨ ᠤ ᠬᠤᠶᠠᠷ ᠤᠨ ᠠᠩᠭᠢ ᠳᠤ ᠨᠡᠷ᠎ᠡ ᠮᠡᠳᠡᠭᠦᠯᠬᠦ ᠪᠠᠷ ᠣᠴᠢᠭᠠᠳ ᠡᠨᠡ ᠬᠦ ᠡᠮᠡᠭᠳᠡᠢ | ᠰᠤᠷᠤᠬᠴᠢ ᠨᠢ ᠨᠠᠳᠠ ᠲᠠᠢ ᠨᠢᠭᠡ ᠠᠩᠭᠢ ᠶᠢᠨ ᠬᠠᠮᠳᠤ ᠰᠤᠷᠣᠯᠭᠠᠳᠠᠨ ᠪᠤᠯᠤᠭᠰᠠᠨ ᠢ ᠨᠢ ᠮᠡᠳᠡᠪᠡ᠃ ᠰᠢᠯᠭᠠᠯᠳᠠ ᠶᠢᠨ | ᠬᠢᠷᠢ ᠬᠡᠮᠵᠢᠶ᠎ᠡ ᠪᠣᠯᠣᠨ ᠰᠤᠩᠭᠤᠯᠳᠠ ᠬᠢᠬᠦ ᠪᠠᠷ ᠲᠠᠮᠵᠢᠵᠤ ᠨᠠᠮ᠎ᠠ ᠶᠢ ᠠᠩᠭᠢ ᠶᠢᠨ ᠲᠠᠷᠤᠭ᠎ᠠ ᠪᠣᠯᠭᠠᠪᠠ᠃ ᠪᠢ ᠡᠳᠦᠷ | ᠪᠦᠷᠢ ᠠᠩᠭᠢ ᠶᠢᠨ ᠨᠦᠬᠦᠳ ᠢᠶᠠᠨ ᠲᠠᠭᠠᠭᠤᠯᠤᠨ ᠦᠷᠯᠦᠭᠡ ᠶᠢᠨ ᠲᠠᠮᠢᠷ ᠲᠤ ᠤᠷᠤᠯᠴᠠᠬᠤ ᠪᠤᠶᠤ ᠬᠢᠴᠢᠶᠡᠯ | ᠡᠬᠢᠯᠡᠬᠦ ᠠᠴᠠ ᠡᠮᠦᠨ᠎ᠡ ᠠᠩᠭᠢ ᠶᠢᠨ ᠨᠦᠬᠦᠳ ᠤᠨ ᠢᠶᠠᠨ ᠨᠡᠷᠡᠰ ᠢ ᠪᠦᠷᠢᠳᠭᠡᠳᠡᠭ ᠪᠠᠶᠢᠵᠠᠢ᠃ ᠡᠮᠡᠭᠳᠡᠢ ᠬᠠᠮᠳᠤ | ᠰᠤᠷᠤᠭᠴᠢ ᠶᠢᠨ ᠮᠠᠨᠢ ᠨᠡᠷ᠎ᠡ ᠶᠢ ᠬᠦᠥᠳᠤᠭᠳᠠᠬᠤ ᠭᠡᠳᠡᠭ᠃ ᠲᠡᠷᠡ ᠰᠤᠷᠤᠯᠭ᠎ᠠ ᠪᠤᠶᠤ ᠠᠩᠭᠢ ᠶᠢᠨ ᠡᠯ᠎ᠡ ᠵᠦᠢᠯ ᠤᠨ | ᠬᠦᠳᠡᠯᠭᠡᠭᠡᠨ ᠳᠤ ᠲᠦᠢᠯ ᠤᠨ ᠢᠳᠡᠪᠬᠢᠳᠡᠢ ᠣᠷᠣᠯᠴᠠᠳᠠᠬ ᠪᠦᠭᠡᠳ ᠲᠠᠰᠬᠠᠯ ᠲᠠᠭᠠᠭᠠᠯᠭᠠᠪᠤᠷᠢ ᠪᠠᠨ ᠴᠦ ᠲᠦᠢᠯ ᠤᠨ | ᠨᠠᠷᠢᠨ ᠨᠢᠭᠳᠠ ᠪᠡᠶᠡᠯᠡᠭᠦᠯᠳᠡᠭ ᠪᠠᠶᠢᠵᠠᠢ᠃ | ᠰᠤᠷᠭᠠᠭᠤᠯᠢ ᠡᠬᠢᠯᠡᠭᠰᠡᠨ ᠤ ᠠᠩᠬᠠᠨ ᠤ ᠡᠳᠦᠷ ᠠᠴᠠ ᠡᠬᠢᠯᠡᠨ ᠬᠦᠥᠳᠤᠭᠳᠠᠬᠤ ᠳᠤ ᠶᠠᠮᠠᠷ ᠨᠢᠭᠡᠨ | ᠡᠭᠡᠳᠡᠷᠡᠭᠡᠨ ᠲᠠᠢ ᠶᠠᠪᠤᠳᠠᠯ ᠲᠤᠬᠢᠶᠠᠯᠳᠤᠵᠤ ᠪᠠᠶᠢᠬᠤ ᠮᠡᠳᠦ ᠨᠠᠳᠠ ᠳᠤ ᠶᠡᠬᠡᠯ᠎ᠡ ᠤᠷᠮ᠎ᠠ ᠮᠠᠭᠤᠳᠠᠶᠢᠬᠠᠨ ᠬᠠᠷᠠᠬᠳᠠᠵᠦ | ᠪᠠᠶᠢᠬᠰᠠᠨ ᠶᠣᠮ᠃ ᠡᠳᠦᠷ ᠪᠦᠷᠢ ᠶᠢᠨ ᠲᠤᠯᠤᠳᠤᠭᠠᠷ ᠬᠢᠴᠢᠶᠡᠯ ᠪᠤᠯᠤᠮᠠᠭᠴᠠ ᠲᠡᠷᠡ ᠨᠠᠳᠠ ᠠᠴᠠ᠄ ︽ᠠᠩᠭᠢ ᠶᠢᠨ | ᠲᠠᠷᠤᠭ᠎ᠠ ᠡ︕ ᠭᠡᠷ ᠲᠤ ᠤᠴᠢᠷ ᠲᠠᠢ ᠲᠤᠯᠠ ᠪᠢ ᠤᠷᠢᠳᠴᠢᠯᠠᠨ ᠴᠢᠯᠦᠭᠡ ᠭᠤᠶᠤᠶ᠎ᠠ︾ ᠭᠡᠳ ᠭᠡᠷ ᠲᠤ ᠪᠠᠨ | ᠬᠠᠷᠢᠳᠠᠬ᠃ ᠬᠤᠵᠢᠮ ᠨᠢ ᠪᠣᠰᠣᠳ ᠨᠦᠬᠦᠳ ᠠᠴᠠ ᠰᠤᠨᠤᠰᠤᠭᠰᠠᠨ ᠢᠶᠠᠷ ᠲᠤᠰ ᠬᠠᠮᠳᠤ ᠰᠤᠷᠤᠭᠴᠢ ᠶᠢᠨ ᠠᠪᠤ ᠨᠢ | ᠨᠢᠭᠡᠳᠦᠯ ᠤᠨ ᠲᠠᠷᠤᠭ᠎ᠠ᠂ ᠤᠯᠠᠩᠬᠢ ᠳᠤ ᠪᠠᠨ ᠠᠯᠪᠠᠨ ᠤᠴᠢᠷ ᠤᠯᠠᠨ ᠪᠠᠶᠢᠳᠠᠭ ᠠᠴᠠ ᠭᠡᠷ ᠲᠤ ᠪᠠᠨ ᠲᠡᠮᠡᠢ | ᠰᠠᠭᠤᠳᠠᠬ ᠦᠭᠡᠢ᠂ ᠬᠦᠦᠳᠣᠬᠳᠠᠬᠤ ᠬᠡᠥᠬᠡᠳ ᠤᠨ ᠬᠢᠨᠢ ᠦᠭᠡᠯᠡᠢ ᠨᠢ᠂ ᠬᠡᠳᠦᠨ ᠲᠡᠭᠦᠥ ᠨᠠᠷ ᠨᠢ ᠴᠤ ᠪᠢᠴᠢᠭ | ᠦᠵᠡᠵᠦ ᠪᠠᠶᠢᠬᠤ ᠶᠤᠮ ᠭᠡᠨ᠎ᠡ᠃ ᠪᠠᠰᠠ ᠡᠵᠢ ᠨᠢ ᠲᠤᠮᠤ ᠡᠪᠡᠳᠴᠢᠨ ᠲᠠᠢ ᠲᠤᠯᠠ ᠪᠠᠷᠤᠭ ᠭᠡᠷ ᠪᠦᠯᠢ ᠶᠢᠨ ᠢᠶᠠᠨ | ᠠᠯᠢᠪᠠ ᠠᠵᠢᠯ ᠢ ᠪᠦᠷ ᠬᠦᠥᠳᠤᠭᠳᠠᠬᠤ ᠬᠢᠳᠡᠭ᠃ ᠶᠠᠭ ᠡᠶᠢᠮᠦ ᠣᠴᠢᠷ ᠠᠴᠠ ᠬᠦᠥᠳᠤᠭᠳᠠᠬᠤ ᠡᠳᠦᠷ ᠪᠦᠷᠢ ᠶᠢᠨ | ᠬᠠᠮᠤᠭ ᠰᠡᠭᠦᠯ ᠤᠨ ᠲᠠᠪᠳᠠᠯᠭ᠎ᠠ ᠶᠢᠨ ᠴᠠᠭ ᠲᠤ ᠪᠠᠨ ᠴᠢᠯᠦᠭᠡ ᠭᠤᠶᠤᠨ ᠭᠡᠷ ᠪᠦᠯᠢ ᠶᠢᠨ ᠢᠶᠠᠨ ᠪᠤᠳᠠᠭ᠎ᠠ | ᠨᠤᠭᠤᠭ᠎ᠠ ᠶᠢ ᠪᠡᠯᠡᠳᠭᠡᠬᠦ ᠪᠤᠶᠤ ᠪᠣᠰᠣᠳ ᠠᠷᠰᠠᠷ ᠠᠵᠢᠯ ᠢᠶᠠᠨ ᠴᠦ ᠲᠤᠬᠢᠳᠠᠢ ᠬᠢᠵᠦ ᠡᠵᠢ ᠪᠠᠨ ᠠᠰᠠᠷᠠᠨ ᠲᠡᠭᠦᠥ | ᠨᠠᠷ ᠢᠶᠠᠨ ᠬᠠᠷᠠᠭᠠᠯᠵᠠᠳᠠᠬ ᠪᠠᠶᠢᠵᠠᠢ᠃ | ᠪᠢ ᠪᠠᠭᠰᠢ ᠶᠢᠨ ᠰᠤᠷᠭᠠᠭᠤᠯᠢ ᠪᠠᠨ ᠲᠡᠭᠦᠰᠭᠡᠭᠰᠡᠨ ᠤ ᠲᠠᠷᠠᠭ᠎ᠠ ᠨᠢᠭᠡ ᠤᠳᠠᠭ᠎ᠠ ᠭᠡᠷ ᠲᠤ ᠪᠠᠨ ᠪᠣᠴᠠᠬᠤ ᠪᠠᠷ | ᠮᠠᠰᠢᠨ ᠲᠡᠷᠭᠡᠨ ᠲᠡᠭᠡᠷ᠎ᠡ ᠭᠠᠷᠣᠭᠠᠳ ᠬᠦᠥᠳᠤᠭᠳᠠᠬᠤ ᠲᠠᠢ ᠬᠠᠮᠳᠤ ᠠᠵᠢᠯᠯᠠᠵᠦ ᠪᠠᠶᠢᠬᠰᠠᠨ ᠨᠢᠭᠡᠨ ᠨᠦᠬᠦᠷ ᠲᠠᠢ | ᠤᠴᠠᠷᠠᠪᠠ᠃ ᠶᠠᠷᠢᠯᠴᠠᠭᠠᠨ ᠤ ᠲᠤᠮᠳᠠ ᠠᠴᠠ ᠬᠦᠥᠳᠤᠭᠳᠠᠬᠤ ᠮᠠᠨᠢ ᠪᠤᠰᠤᠳ ᠬᠤᠰᠢᠭᠤᠨ ᠤ ᠴᠠᠬᠢᠯᠭᠠᠨ ᠦᠷᠳᠡᠭᠡᠨ | ᠲᠡᠭᠡᠷ᠎ᠡ ᠠᠵᠢᠯᠯᠠᠵᠤ ᠪᠠᠶᠢᠭᠰᠠᠨ ᠢᠶᠠᠨ ᠬᠦᠨᠳᠦ ᠡᠪᠡᠳᠴᠢᠨ ᠳᠤ ᠨᠡᠷᠪᠡᠭᠳᠡᠭᠡᠳ ᠨᠠᠰᠤ ᠪᠠᠷᠠᠭᠰᠠᠨ ᠭᠠᠰᠢᠭᠤᠨ | ᠴᠢᠮᠡᠭᠡ ᠶᠢ ᠰᠤᠨᠤᠰᠤᠭᠰᠠᠨ ᠶᠤᠮ᠃ | ᠲᠡᠷᠡ ᠪᠤᠯ ᠦᠨᠡᠬᠡᠷ ᠨᠢᠭᠡᠨ ᠠᠵᠢᠯᠴᠢ ᠬᠦᠳᠡᠯᠮᠦᠷᠢᠴᠢ᠂ ᠦᠨᠡᠨᠴᠢ ᠰᠢᠳᠤᠷᠭᠤ ᠬᠠᠮᠳᠦ ᠰᠣᠷᠣᠯᠭᠠᠳᠠᠨ ᠮᠦᠨ᠃ | ᠭᠡᠷ ᠪᠦᠯᠢ ᠶᠢᠨ ᠢᠶᠠᠨ ᠠᠯᠢᠪᠠ ᠠᠵᠢᠯ ᠢ ᠡᠭᠦᠷᠭᠡᠯᠡᠨ ᠬᠢᠳᠡᠭ ᠰᠢᠯᠢᠳᠡᠭ ᠬᠡᠥᠬᠡᠨ ᠶᠤᠮ᠂ ᠲᠠᠷᠠ ᠪᠠᠰᠠ᠂ ᠠᠩᠭ᠎ᠠ | ᠲᠡᠭᠦᠥ ᠨᠠᠷ ᠲᠤ ᠪᠠᠨ ᠲᠦᠢᠯ ᠤᠨ ᠶᠡᠭᠡ ᠠᠴᠢᠯᠠᠯᠳᠠᠢ ᠡᠬᠡᠴᠢ ᠪᠤᠯᠬᠤ ᠮᠦᠷᠳᠡᠭᠡᠨ ᠮᠠᠨ ᠤ ᠠᠩᠭᠢ ᠳᠤ ᠰᠣᠷᠣᠯᠴᠠᠵᠦ | ᠪᠠᠶᠢᠬᠰᠠᠨ ᠰᠢᠯᠢᠳᠡᠭ ᠬᠠᠮᠳᠤ ᠰᠤᠷᠤᠭᠴᠢ ᠶᠤᠮ᠃ | ᠪᠤᠯᠤᠳ ᠪᠢᠷ ᠡᠷᠢᠭᠰᠡᠨ ᠨᠢ | ᠪᠠᠭ᠎ᠠ ᠰᠤᠷᠭᠠᠭᠤᠯᠢ ᠶᠢᠨ ᠲᠦᠷᠪᠡᠳᠦᠭᠡᠷ ᠤᠨ ᠳᠤ ᠰᠤᠷᠤᠯᠴᠠᠵᠤ ᠪᠠᠶᠢᠬᠤ ᠳᠤ ᠠᠪᠤ ᠮᠢᠨᠢ ᠭᠠᠳᠠᠭᠰᠢ | ᠭᠠᠷᠤᠭᠠᠳ ᠮᠢᠨᠦ ᠬᠦᠰᠡᠯ ᠢᠶᠠᠷ ᠨᠠᠳᠠ ᠳᠤ ᠨᠢᠭᠡᠨ ᠭᠤᠶᠤ ᠰᠠᠶᠢᠬᠠᠨ ᠪᠤᠯᠤᠳ ᠪᠢᠷ ᠠᠪᠴᠤ ᠦᠭᠴᠡᠢ᠃ ᠲᠡᠷᠡ ᠨᠢ | ︽ᠡᠷᠡᠯᠬᠡᠭ ᠪᠦᠷᠭᠦᠳ︾ ᠬᠢᠴᠡᠳᠡᠢ᠂ ᠬᠠᠷ᠎ᠠ ᠰᠦᠯᠢᠶᠤᠥ ᠪᠠ ᠬᠢᠯᠯᠠᠵᠠᠬᠰᠠᠨ ᠴᠠᠭᠠᠨ ᠲᠡᠮᠦᠷᠯᠢᠭ ᠪᠦᠳᠦᠴᠡ ᠲᠠᠢ | ᠪᠠᠶᠢᠵᠤ᠂ ᠪᠢᠷ ᠤᠨ ᠦᠵᠦᠭᠦᠷ ᠤᠨ ᠲᠡᠭᠡᠳᠦ ᠲᠠᠯ᠎ᠠ ᠳᠤ ᠨᠢ ᠨᠢᠭᠡᠨ ᠬᠤᠷᠴᠠ ᠰᠤᠮᠤᠨ ᠲᠡᠮᠦᠷ ᠤᠨ ᠲᠡᠮᠳᠡᠭ ᠲᠠᠢ | ᠲᠤᠯᠠ ᠲᠡᠭᠦᠨ ᠢᠶᠠᠨ ᠪᠢ ︽ᠮᠢᠨᠦ ᠮᠠᠩᠨᠠᠢ ᠬᠠᠯᠵᠠᠨ︾ ᠪᠢᠷ ᠭᠡᠳ ᠯᠡ ᠲᠤᠭᠤᠵᠤ ᠪᠠᠭ᠋ᠠᠷᠠᠵᠤ ᠶᠠᠪᠣᠳᠠᠬ ᠪᠠᠶᠢᠯ᠎ᠠ᠃ | ᠲᠡᠷᠡ ᠦᠶᠡᠰ ᠡᠵᠢ ᠠᠪᠤ ᠮᠢᠨᠢ᠄ ︽ᠮᠢᠨᠦ ᠬᠦᠥ ᠠᠩᠭᠢ ᠳᠤ ᠪᠠᠨ ᠲᠡᠷᠢᠭᠦᠨ ᠨᠡᠷᠡᠰ ᠲᠤ ᠰᠢᠯᠭᠠᠪᠠᠯ᠂ ᠬᠦᠥ ᠳᠤ ᠪᠠᠨ | ᠯᠠᠪᠳᠠᠢ ᠨᠢᠭᠡᠨ ᠰᠠᠶᠢᠬᠠᠨ ᠪᠤᠯᠤᠳ ᠪᠢᠷ ᠠᠪᠴᠤ ᠦᠭᠭᠦᠶ᠎ᠡ︾ ᠭᠡᠵᠦ ᠲᠠᠩᠳᠠ ᠶᠠᠷᠢᠳᠠᠬ ᠪᠤᠯᠬᠤᠷ ᠪᠢ ᠴᠦᠬᠦᠷᠡᠯ | ᠦᠭᠡᠢ ᠴᠢᠷᠮᠠᠶᠢᠵᠤ ᠤᠳᠠᠭ᠎ᠠ ᠪᠦᠷᠢ ᠶᠢᠨ ᠰᠢᠯᠭᠠᠯᠳᠠ ᠳᠤ ᠠᠩᠭᠢ ᠶᠢᠨ ᠢᠶᠠᠨ ᠲᠡᠷᠢᠭᠦᠨ ᠨᠡᠷᠡᠰ ᠲᠤ ᠤᠷᠤᠵᠤ ᠡᠨᠡ ᠬᠦ | ᠬᠦᠨᠳᠦ ᠪᠡᠯᠡᠭ ᠢ ᠲᠤᠰᠤᠭᠰᠠᠨ ᠶᠤᠮ᠃ ᠲᠡᠷᠡ ᠦᠶᠡᠰ ᠡᠨᠡ ᠬᠦ ᠪᠤᠯᠤᠳ ᠪᠢᠷ ᠤᠨ ᠦᠨ᠎ᠡ ᠨᠢ ᠲᠤᠯᠤᠭᠠᠨ | ᠲᠦᠭᠦᠷᠢᠭ ᠲᠠᠪᠢᠨ ᠮᠦᠩᠭᠦ ᠪᠠᠶᠢᠭᠰᠠᠨ ᠲᠤᠯᠠ ᠠᠮᠠ ᠪᠦᠯᠢ ᠣᠯᠠᠨᠳᠠᠢ ᠪᠠᠶᠢᠬᠰᠠᠨ ᠮᠠᠨ ᠤ ᠭᠡᠷ ᠤᠨ ᠠᠮᠢᠳᠣᠷᠠᠯ ᠳᠤ | ᠠᠪᠴᠦ ᠬᠡᠯᠡᠪᠡᠯ ᠡᠨᠡ ᠬᠦ ᠪᠢᠷ ᠢ ᠠᠪᠴᠦ ᠦᠭᠭᠦᠭᠰᠡᠨ ᠨᠢ ᠦᠨᠡᠬᠡᠷ ᠬᠢᠯᠪᠡᠷ ᠪᠢᠰᠢ ᠶᠠᠪᠣᠳᠠᠯ ᠪᠠᠶᠢᠵᠠᠢ᠃ | ᠪᠢ ᠡᠨᠡ ᠬᠦ ᠪᠤᠯᠤᠳ ᠪᠢᠷ ᠢᠶᠠᠨ ᠦᠪᠡᠷ ᠤᠨ ᠢᠶᠠᠨ ᠨᠢᠳᠦᠨ ᠤ ᠪᠠᠨ ᠴᠡᠴᠡᠭᠡᠢ ᠰᠢᠭ ᠬᠢᠮᠠᠭᠠᠳᠠᠨ ᠬᠡᠷᠡᠭᠯᠡᠭᠰᠡᠭᠡᠷ | ᠪᠠᠶᠢᠵᠤ᠂ ᠠᠩᠬ᠎ᠠ ᠲᠤᠮᠳᠠᠳᠤ ᠶᠢᠨ ᠬᠤᠶᠠᠳᠤᠭᠠᠷ ᠤᠨ ᠤ ᠬᠠᠪᠤᠷ ᠤᠨ ᠨᠢᠭᠡᠨ ᠡᠳᠦᠷ ᠠᠩᠭᠢ ᠨᠢᠭᠡᠴᠢ ᠪᠠᠷ ᠢᠶᠠᠨ | ᠰᠤᠷᠭᠠᠭᠤᠯᠢ ᠶᠢᠨ ᠡᠮᠦᠨ᠎ᠡ ᠮᠠᠩᠬᠠᠨ ᠳᠤ ᠭᠠᠷᠴᠤ ᠰᠤᠷᠭᠠᠭᠤᠯᠢ ᠶᠢᠨ ᠲᠠᠷᠢᠶ᠎ᠠ ᠶᠢ ᠠᠷᠴᠢᠬᠤ ᠠᠵᠢᠯ ᠳᠤ | ᠤᠷᠤᠯᠴᠠᠭᠠᠳ ᠣᠷᠣᠢ ᠶᠢᠨ ᠲᠠᠪᠳᠠᠯᠭ᠎ᠠ ᠳᠤ ᠪᠢᠷ ᠢᠶᠠᠨ ᠬᠡᠷᠡᠭᠯᠡᠬᠦ ᠭᠡᠳ ᠰᠠᠶ᠋ᠢ ᠠᠮᠢᠨ ᠰᠠᠬᠢᠶ᠎ᠠ ᠪᠣᠯᠣᠬᠰᠠᠨ ᠪᠤᠯᠤᠳ | ᠪᠢᠷ ᠮᠢᠨᠢ ᠠᠯᠠᠭ᠎ᠠ ᠪᠣᠯᠣᠬᠰᠠᠨ ᠢ ᠰᠡᠷᠡᠵᠦ ᠮᠡᠳᠡᠭᠰᠡᠨ ᠶᠤᠮ᠃ ᠵᠠ ᠲᠡᠭᠡᠭᠡᠳ ᠮᠠᠷᠭᠠᠰᠢ ᠨᠢ ᠶᠠᠭ ᠭᠠᠷᠠᠭ ᠤᠨ | ᠵᠢᠷᠭᠤᠭᠠᠨ ᠤ ᠡᠳᠦᠷ ᠲᠤᠬᠢᠶᠠᠯᠳᠤᠬᠰᠠᠨ ᠪᠣᠯᠬᠤᠷ ᠪᠢ ᠵᠡᠷᠭᠡᠯᠡᠳᠡᠭᠡ ᠠᠩᠭᠢ ᠶᠢᠨ ᠬᠠᠮᠳᠤ ᠰᠤᠷᠤᠭᠴᠢ ᠪᠣᠯᠬᠤ | ᠬᠦᠷᠡᠯ ᠲᠠᠢ ᠬᠠᠮᠳᠤ ᠪᠠᠷ ᠲᠠᠬᠢᠨ ᠡᠮᠦᠨ᠎ᠡ ᠮᠠᠩᠬᠠᠨ ᠳᠤ ᠬᠦᠷᠴᠦ ᠶᠠᠪᠤᠭᠰᠠᠨ ᠮᠦᠷ ᠬᠢᠭᠡᠳ ᠠᠷᠴᠢᠭᠰᠠᠨ ᠲᠠᠷᠢᠶᠠᠨ | ᠵᠤᠷᠬ᠎ᠠ ᠶᠢᠨ ᠢᠶᠠᠨ ᠲᠠᠭᠠᠥ ᠬᠡᠴᠢᠨᠡᠬᠡᠨ ᠡᠷᠢᠭᠰᠡᠨ ᠪᠤᠯᠪᠠᠴᠤ ᠣᠯᠳᠠᠬᠰᠠᠨ ᠦᠭᠡᠢ ᠪᠣᠯᠬᠤᠷ ᠠᠷᠭ᠎ᠠ ᠪᠤᠰᠤ ᠰᠤᠷᠭᠠᠭᠤᠯᠢ | ᠵᠦᠭ ᠢᠶᠠᠨ ᠪᠤᠴᠠᠬᠤ ᠪᠠᠷ ᠪᠤᠯᠪᠠ᠃ ᠶᠠᠭ ᠰᠠᠶ᠋ᠢᠬᠠᠨ ᠬᠦᠷᠡᠯ ᠪᠢᠳᠡ ᠬᠤᠶᠠᠭᠤᠯᠠ ᠪᠠᠨ ᠰᠤᠷᠭᠠᠭᠤᠯᠢ ᠶᠢᠨ ᠵᠠᠮ ᠢᠶᠠᠨ | ᠡᠯᠭᠦᠬᠦ ᠭᠡᠵᠦ ᠪᠠᠶᠢᠳᠠᠯ᠎ᠠ ᠬᠦᠷᠡᠯ ᠭᠡᠨᠡᠳᠳᠡ᠄ ︽ᠡ︕ ᠪᠤᠯᠤᠳ ᠪᠢᠷ ᠡ︕︾ ᠭᠡᠵᠦ ᠦᠨᠳᠦᠷ ᠲᠠᠭᠤᠨ ᠢᠶᠠᠷ | ᠬᠠᠰᠭᠢᠷᠪᠠ᠃ ᠪᠢ ᠪᠡᠶ᠎ᠡ ᠡᠷᠭᠢᠨ ᠬᠠᠷᠠᠪᠠᠯ ᠮᠢᠨᠦ ᠮᠠᠩᠨᠠᠢ ᠬᠠᠯᠵᠠᠨ ᠪᠤᠯᠤᠳ ᠪᠢᠷ ᠰᠢᠷᠣᠢ ᠠᠴᠠ ᠴᠣᠬᠤᠶᠢᠢᠨ | ᠬᠠᠷᠬᠠᠳᠠᠵᠦ ᠪᠠᠶᠢᠪᠠ᠃ | ᠲᠡᠷᠡ ᠦᠶ᠎ᠡ ᠳᠤ ᠪᠢ ᠪᠣᠯᠣᠳ ᠪᠢᠷ ᠢᠶᠠᠨ ᠣᠯᠣᠭᠠᠳ ᠬᠠᠮᠳᠤ ᠰᠤᠷᠤᠭᠴᠢ ᠬᠦᠷᠡᠯ ᠢᠶᠠᠨ ᠬᠦᠵᠦᠭᠦᠳᠡᠨ | ᠠᠪᠴᠤ ᠲᠦᠢᠯ ᠤᠨ ᠶᠡᠭᠡ ᠪᠠᠷ ᠪᠠᠶᠠᠷᠯᠠᠭᠰᠠᠨ ᠢᠶᠠᠨ ᠤᠳᠤ ᠪᠣᠳᠣᠬᠰᠠᠨ ᠴᠦ ᠶᠠᠮᠠᠷ ᠴᠦ ᠦᠭᠡ ᠦᠬᠦᠯᠡᠪᠦᠷᠢ ᠪᠠᠷ | ᠢᠯᠡᠳᠭᠡᠵᠦ ᠲᠡᠶᠢᠯᠬᠦ ᠦᠭᠡᠢ ᠰᠢᠭ ᠰᠠᠨᠠᠬᠳᠠᠵᠦ ᠪᠠᠶᠢᠨ᠎ᠠ᠃ ᠲᠣᠰᠠᠴᠢ ᠰᠡᠳᠭᠢᠯ ᠲᠠᠢ ᠬᠠᠮᠳᠤ ᠰᠤᠷᠤᠭᠴᠢ ᠬᠦᠷᠡᠯ | ᠮᠠᠨᠢ ᠬᠤᠵᠢᠮ ᠨᠢ ᠨᠣᠳᠤᠬ ᠲᠤ ᠪᠠᠨ ᠪᠣᠴᠠᠵᠦ ᠶᠡᠭᠡ ᠪᠠᠷᠢᠭᠠᠳᠠ ᠶᠢᠨ ᠲᠷᠠᠺᠲ᠋ᠤᠷ ᠵᠢᠯᠤᠭᠤᠳᠴᠤ ᠪᠠᠶᠢᠪᠠ᠃ | ᠲᠡᠭᠦᠨ ᠤ ᠬᠦᠥ ᠨᠢ ᠮᠢᠨᠦ ᠪᠠᠭᠰᠢᠯᠠᠵᠤ ᠪᠠᠶᠢᠭᠰᠠᠨ ᠰᠤᠷᠭᠠᠭᠤᠯᠢ ᠠᠴᠠ ᠭᠤᠥᠯᠳᠠᠯᠭᠠᠳᠤ ᠶᠡᠭᠡ ᠰᠤᠷᠭᠠᠭᠤᠯᠢ ᠳᠤ | ᠰᠢᠯᠭᠠᠭᠤᠯᠣᠨ ᠣᠷᠣᠵᠠᠢ᠃ | | |