ᠡᠷᠳᠡ ᠲᠡᠭᠡᠳᠦ ᠶᠢᠨ ᠦᠯᠦᠭᠡᠢ ᠮᠢᠨᠢ | ᠵᠣᠬᠢᠶᠠᠭᠴᠢ᠄ ᠭᠤ · ᠵᠢᠷᠭᠠᠯ | ᠲᠡᠯᠭᠡᠷ ᠬᠠᠩᠭᠠᠢ ᠳᠤ ᠰᠦᠮᠪᠤᠷᠯᠡᠭᠰᠡᠨ | ᠲᠡᠯ ᠤᠨ ᠤᠪᠤᠭ᠎ᠠ ᠶᠢ ᠵᠤᠷᠢᠭᠠᠷᠠᠢ | ᠲᠡᠪᠡᠯ ᠲᠠᠢ ᠰᠠᠯᠬᠢ ᠪᠠᠷ ᠭᠠᠩᠭᠠᠷᠠᠭᠰᠠᠨ | ᠲᠡᠭᠡᠳᠦ ᠶᠢᠨ ᠨᠤᠳᠤᠭ ᠢᠶᠠᠷ ᠰᠠᠭᠠᠳᠠᠭᠠᠷᠠᠢ | ᠡᠷᠳᠡ ᠲᠡᠭᠡᠳᠦ ᠶᠢᠨ ᠦᠯᠦᠭᠡᠢ ᠮᠢᠨᠢ | ᠡᠵᠡᠨ ᠴᠢᠩᠭᠢᠰ ᠤᠨ ᠲᠠᠮᠠᠭ᠎ᠠ ᠲᠠᠢ ᠶᠤᠮ | ᠢᠬᠡᠷ᠎ᠡ ᠤᠩᠭᠤᠨ ᠠᠭᠤᠯᠠᠨ ᠲᠡᠭᠡᠷ᠎ᠡ | ᠤᠶᠢᠯᠡᠰ ᠤᠨ ᠤᠯᠠᠭᠠᠨ ᠲᠤᠭ ᠨᠠᠮᠢᠷᠠᠨ᠎ᠠ | ᠢᠨᠵᠠᠭ᠎ᠠ ᠵᠢᠰᠤ ᠪᠠᠨ ᠲᠤᠯᠢᠳᠠᠭᠰᠠᠨ | ᠢᠨᠵᠠᠭᠠᠨ ᠭᠤᠷᠤᠬᠠᠨ ᠳᠤ ᠢᠷᠡᠭᠡᠷᠡᠢ | ᠢᠳᠡᠭᠡᠯ ᠲᠡᠭᠦᠯᠳᠡᠷ ᠮᠠᠯᠴᠢᠳ ᠲᠠᠢ | ᠢᠨᠢᠶᠡᠮᠰᠦᠭᠯᠡᠵᠦ ᠰᠡᠭᠦᠳᠡᠷ ᠢᠶᠠᠨ ᠲᠠᠳᠠᠭᠠᠷᠠᠢ | ᠡᠷᠳᠡ ᠲᠡᠭᠡᠳᠦ ᠶᠢᠨ ᠦᠯᠦᠭᠡᠢ ᠮᠢᠨᠢ | ᠡᠭᠡᠰᠢᠭ ᠲᠠᠭᠤᠨ ᠤ ᠬᠤᠷᠸ᠎ᠠ ᠶᠤᠮ | ᠪᠤᠭᠤᠷᠤᠯ ᠬᠠᠶᠢᠷᠬᠠᠨ ᠤ ᠮᠠᠨᠳᠤᠯ ᠲᠡᠭᠡᠷ᠎ᠡ | ᠪᠦᠯᠬᠦᠮᠳᠡᠯ ᠤᠨ ᠤᠯᠠᠭᠠᠨ ᠲᠤᠭ ᠨᠠᠮᠢᠷᠠᠨ᠎ᠠ | ᠠᠶᠢᠷᠠᠭ ᠴᠡᠭᠡ ᠨᠢ ᠰᠡᠩᠭᠢᠨᠡᠭᠰᠡᠨ | ᠠᠷᠪᠠᠨ ᠬᠠᠨᠠᠳᠤ ᠪᠠᠷ ᠠᠶᠢᠯᠴᠢᠯᠠᠭᠠᠷᠠᠢ | ᠠᠷᠢᠭᠤᠨ ᠪᠤᠯᠪᠠᠰᠤᠨ ᠰᠤᠶᠤᠯ ᠢ ᠨᠢ | ᠠᠮᠳᠠᠷᠬᠠᠵᠤ ᠵᠤᠭᠤᠭᠳᠠᠭᠠᠳ ᠨᠠᠶᠢᠵᠠᠯᠠᠭᠠᠷᠠᠢ | ᠡᠷᠳᠡ ᠲᠡᠭᠡᠳᠦ ᠶᠢᠨ ᠦᠯᠦᠭᠡᠢ ᠮᠢᠨᠢ | ᠡᠯᠢᠭᠡᠨ ᠬᠠᠶᠢᠷ᠎ᠠ ᠶᠢᠨ ᠰᠢᠳᠦᠭᠡᠨ ᠶᠤᠮ | ᠤᠴᠠᠷᠠᠯ ᠢᠷᠦᠭᠡᠯ ᠤᠨ ᠦᠨᠳᠦᠷᠯᠢᠭ ᠲᠡᠭᠡᠷ᠎ᠡ | ᠤᠯᠤᠰ ᠤᠨ ᠤᠯᠠᠭᠠᠨ ᠲᠤᠭ ᠨᠠᠮᠢᠷᠠᠨ᠎ᠠ᠃ | | |