ᠪᠢ ᠬᠢᠮᠣᠷᠠᠴᠢᠬᠠᠯ᠎ᠠ
ᠨᠡᠶᠢᠲᠡᠯᠡᠭᠰᠡᠨ ᠴᠠᠭ᠄
2020/10/22
ᠪᠢ ᠬᠢᠮᠣᠷᠠᠴᠢᠬᠠᠯ᠎ᠠ                  ᠵᠣᠬᠢᠶᠠᠭᠴᠢ᠄ ᠪ᠊ · ᠬᠠᠰᠪᠠᠭᠠᠨ᠎ᠠᠬᠠᠨ᠎ᠠ ᠨᠡᠪᠳᠡᠯᠦᠭᠰᠡᠨ ᠬᠤᠯᠠᠭᠠᠢ ᠵᠢᠪᠠᠷ ᠰᠦᠪᠡᠭᠡ ᠰᠢᠪᠦᠭᠡᠯᠡᠬᠦ ᠨᠢ ᠡᠵᠢ ᠡᠬᠠᠯᠬᠠᠪᠴᠢ ᠪᠣᠯᠳᠠᠬ ᠲᠠᠨ ᠤ ᠡᠩᠭᠡᠷ ᠲᠠᠩᠴᠦ ᠡᠷᠢᠭᠳᠡᠨᠡᠮᠬᠠᠷᠠᠩᠭᠤᠢ ᠪᠦᠬᠦᠨ ᠤ ᠵᠦᠢᠳᠡᠰᠦ ᠬᠡᠷᠢᠶ᠎ᠡ ᠮᠡᠳᠦ ᠲᠡᠯᠪᠡᠯᠵᠠᠬᠤ ᠪᠠᠷᠬᠠᠷ᠎ᠠ ᠲᠠᠷᠣᠬᠰᠠᠨ ᠵᠡᠭᠦᠳᠦᠨ ᠳᠤ ᠪᠠᠨ ᠪᠢ ᠦᠬᠦᠭᠡᠷ ᠤᠨ ᠭᠠᠵᠠᠷ ᠲᠡᠯᠴᠢᠯᠡᠨᠡᠮᠬᠠᠷᠠᠮᠨᠠᠵᠦ ᠪᠠᠶᠢᠬᠰᠠᠨ ᠴᠦ ᠶᠠᠭᠤ ᠪᠦᠬᠦᠨ ᠢ ᠭᠤᠪᠣᠷ ᠬᠤᠯᠣᠭᠠᠨ᠎ᠠ ᠮᠡᠷᠡᠬᠦ ᠮᠡᠳᠦᠬᠠᠷᠠᠰᠴᠦ ᠵᠣᠬᠰᠣᠬᠤ ᠠᠴᠠ ᠢᠯᠡᠭᠦᠦ ᠭᠤᠳᠣᠭᠠᠯ ᠭᠡᠵᠦ ᠠᠯᠠᠭ᠎ᠠ ᠡ᠂ ᠡᠨᠡ ᠬᠤᠷᠣᠮᠬᠠᠪᠣᠷ ᠣᠷᠣᠬᠰᠠᠨ ᠦᠭᠡᠢ ᠪᠣᠷᠣᠭᠠᠨ ᠨᠠᠮᠣᠷ ᠰᠢᠷᠦᠭᠦᠰᠬᠦ ᠨᠢ ᠬᠠᠯᠠ ᠲᠠᠢ ᠭᠡᠵᠦ ᠡ ᠡᠵᠢ ᠮᠢᠨᠢ ᠪᠢ ᠬᠢᠮᠦᠷᠠᠴᠢᠬᠠᠯ᠎ᠠ᠃ ᠲᠠᠩᠴᠦ ᠬᠢᠮᠣᠷᠠᠴᠢᠬᠠᠯ᠎ᠠ︕ᠶᠡᠭᠡ ᠨᠢᠬᠦᠯ ᠤᠨ ᠪᠠᠷᠠᠭᠠᠨ ᠡᠭᠦᠯᠡᠰ ᠭᠡᠨᠡᠳᠳᠡ ᠬᠦᠮᠦᠷᠢᠵᠦ ᠢᠷᠡᠬᠦ ᠮᠡᠳᠦᠶᠠᠭᠠᠬᠢᠨ ᠴᠢᠨᠦ ᠶᠡᠭᠡ ᠬᠠᠶᠢᠷ᠎ᠠ ᠶᠢᠨ ᠴᠢᠨᠢ ᠬᠤᠷᠮᠣᠢ ᠳᠤ ᠲᠣᠬᠳᠣᠯᠣᠨ ᠴᠢᠳᠠᠨᠠᠮᠶᠡᠷᠡ ᠶᠢᠰᠦᠨ ᠲᠠᠮᠣ ᠶᠢᠨ ᠲᠣᠳᠣᠷ᠎ᠠ ᠢᠯᠡᠭᠦᠷᠳᠡᠵᠦ ᠨᠣᠴᠣᠭᠠᠬᠤ ᠶᠢᠨ ᠲᠠᠮᠣ ᠭᠡᠴᠡᠭᠦᠦ ᠭᠡᠳᠡᠭ ᠢᠶᠠᠷᠶᠢᠷᠳᠢᠨᠴᠦ ᠶᠢᠨ ᠬᠦᠮᠦᠰ ᠤᠨ ᠦᠮᠡᠬᠡᠢ ᠲᠣᠭᠤᠰᠣ ᠴᠢᠳᠭᠦᠷ ᠤᠨ ᠡᠭᠦᠳᠡᠨ ᠠᠴᠠ ᠡᠰᠢᠳᠡᠢ ᠭᠡᠨᠡᠮᠶᠢᠰᠦᠨ ᠲᠡᠭᠷᠢ ᠶᠢᠨ ᠴᠠᠭᠠᠨ᠎ᠠ ᠠᠴᠠ ᠡᠵᠢ ᠮᠢᠨᠢ ᠨᠠᠮ᠎ᠠ ᠪᠠᠨ ᠰᠢᠷᠳᠡᠳᠡᠭ ᠴᠦ ᠪᠣᠯ ᠦᠦ⁈ᠶᠠᠰᠣᠨ ᠳᠤ ᠣᠷᠣᠳᠠᠯ᠎ᠠ ᠱᠠᠷᠬᠢᠷᠠᠵᠦ᠂ ᠦᠶ᠎ᠡ ᠭᠡᠰᠢᠭᠦᠦ ᠶᠢ ᠵᠠᠳᠠᠷᠠᠭᠤᠯᠣᠮᠠᠷ ᠯᠡ ᠪᠠᠶᠢᠭ᠎ᠠ ᠡᠷᠢᠨ ᠭᠡᠵᠦ ᠶᠢᠰᠦᠨ ᠰᠠᠷ᠎ᠠ ᠶᠢᠨ ᠪᠣᠷᠣᠭᠠᠨ ᠠᠴᠠ ᠢᠯᠡᠭᠦᠦ ᠵᠢᠩᠳᠡᠭᠦᠨ ᠭᠡᠳᠡᠭ ᠠᠯᠠᠭ᠎ᠠ ᠡ ᠡᠵᠢ ᠮᠢᠨᠢ ᠪᠢ ᠬᠢᠮᠣᠷᠠᠴᠢᠬᠠᠯ᠎ᠠ᠂ ᠲᠠᠩᠴᠦ ᠬᠢᠮᠣᠷᠠᠴᠢᠬᠠᠯ᠎ᠠ︕ᠵᠦᠭ ᠢᠶᠠᠨ ᠠᠯᠳᠠᠬᠰᠠᠨ ᠰᠢᠪᠠᠭᠤ ᠮᠡᠳᠦ ᠪᠢ ᠬᠠᠮᠢᠭᠠᠰᠢ ᠪᠠᠨ ᠨᠢᠰᠦᠨᠡᠮ ᠡᠵᠢ ᠮᠢᠨᠢ ᠵᠢᠩ ᠤᠨ ᠬᠠᠯᠠᠭᠤᠨ ᠪᠠᠭᠠᠯᠵᠠᠭᠤᠷ ᠰᠢᠬᠠᠭᠠᠳ ᠲᠠᠪᠣᠨ ᠴᠣᠯᠣ ᠶᠢ ᠮᠢᠨᠢ ᠲᠠᠷᠴᠢᠯᠠᠭᠠᠨᠠᠮᠵᠢᠭᠦᠷᠯᠡᠨ ᠲᠣᠬᠯᠠᠳᠠᠬ ᠬᠤᠨᠭ᠍ᠭᠤᠷ ᠣᠨᠠᠭ᠎ᠠ ᠪᠢᠯᠢᠭ ᠤᠨ ᠬᠦᠯᠦᠭ ᠲᠤ ᠪᠠᠨ ᠣᠰᠣᠯᠳᠠᠬᠤ ᠮᠡᠳᠦᠵᠦᠡᠭ ᠪᠡᠯᠭᠡ ᠶᠢᠨ ᠡᠭᠦᠯᠡᠰ ᠢᠷᠠᠬᠰᠠᠨ ᠭᠡᠭᠡᠨ ᠰᠠᠷᠠᠨ ᠤ ᠲᠡᠷᠭᠡᠯ ᠲᠣᠮᠤᠬ ᠢ ᠮᠦᠷᠦᠭᠡᠳᠬᠦ ᠮᠡᠳᠦᠵᠢᠳᠭᠦᠯ ᠢᠳᠡᠭᠡᠯ ᠬᠤᠶᠠᠷ ᠢ ᠮᠢᠨᠢ ᠨᠣᠪᠰᠢᠯᠠᠵᠦ ᠣᠷᠬᠢᠳᠠᠬ ᠡᠷᠯᠢᠭ ᠤᠨ ᠡᠯᠴᠢᠨ ᠳᠤᠵᠦᠪ ᠰᠠᠨᠠᠭ᠎ᠠ ᠦᠭᠭᠢᠶᠡᠮᠦᠷ ᠬᠠᠶᠢᠷ᠎ᠠ ᠭᠡᠵᠦ ᠬᠠᠮᠢᠭ᠎ᠠ ᠪᠠᠶᠢᠳᠠᠬ ᠪᠣᠢ ᠡᠵᠢ ᠮᠢᠨᠢ ᠪᠢ ᠬᠢᠮᠣᠷᠠᠴᠢᠬᠠᠯ᠎ᠠ᠃ ᠲᠠᠩᠴᠦ ᠬᠢᠮᠣᠷᠠᠴᠢᠬᠠᠯ᠎ᠠ︕
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号