ᠬᠠᠨᠤᠮᠵᠢ ᠪᠠ ᠪᠠᠭᠲᠠᠭᠠᠮᠵᠢ | ︵ᠭᠠᠳᠠᠨ᠎ᠠ ᠨᠢᠭᠡ︶ | ᠵᠣᠬᠢᠶᠠᠭᠴᠢ᠄ ᠯᠢ ᠪᠣᠶᠠᠨᠴᠣᠬᠯᠠ | ᠬᠠᠨᠤᠮᠵᠢ ᠪᠠᠷ ᠥᠪᠡᠷ ᠢ ᠪᠠᠨ ᠠᠮᠢᠯᠠᠭᠤᠯᠤᠨ᠎ᠠ | ᠪᠠᠭᠲᠠᠭᠠᠮᠵᠢ ᠪᠠᠷ ᠪᠣᠰᠣᠤᠨ ᠢ ᠠᠭᠤᠴᠢᠯᠠᠨ᠎ᠠ | ᠬᠠᠨᠤᠮᠵᠢ ᠪᠠᠷ ᠬᠡᠭᠦᠳᠡᠭ ᠲᠡᠨᠢᠢᠨ᠎ᠡ | ᠪᠠᠭᠲᠠᠭᠠᠮᠵᠢ ᠪᠠᠷ ᠪᠦᠯᠭᠦᠮᠳᠡᠯ ᠪᠠᠬᠢᠵᠢᠨ᠎ᠡ᠃ | ᠬᠠᠨᠤᠮᠵᠢ ᠲᠠᠢ ᠪᠣᠯ ᠵᠢᠷᠭᠠᠯ ᠲᠠᠢ | ᠪᠠᠭᠲᠠᠭᠠᠮᠵᠢ ᠲᠠᠢ ᠪᠣᠯ ᠪᠠᠶᠠᠰᠤᠯ ᠲᠠᠢ | ᠬᠠᠨᠤᠮᠵᠢᠲᠠᠢ ᠬᠦᠮᠦᠨ ᠤ ᠨᠠᠰᠣᠨ ᠤᠷᠳᠤ | ᠪᠠᠭᠲᠠᠭᠠᠮᠵᠢᠲᠠᠢ ᠬᠦᠮᠦᠨ ᠤ ᠨᠠᠶᠢᠵᠠ ᠣᠯᠠᠨ᠃ | ᠪᠣᠯᠪᠠᠰᠤᠷᠠᠯ ᠲᠠᠢ ᠬᠦᠮᠦᠨ ᠬᠠᠨᠤᠮᠵᠢᠲᠠᠢ | ᠪᠣᠯᠪᠠᠰᠤᠨ ᠬᠦᠮᠦᠨ ᠪᠠᠭᠲᠠᠭᠠᠮᠵᠢᠲᠠᠢ | ᠪᠤᠶᠠᠨ ᠶᠡᠬᠡᠲᠡᠨ ᠬᠠᠨᠣᠮᠵᠢᠲᠠᠢ | ᠪᠤᠷᠬᠠᠨ ᠰᠡᠦᠨᠬᠢᠯᠲᠡᠨ ᠪᠠᠭᠲᠠᠭᠠᠮᠵᠢᠲᠠᠢ᠃ | ᠬᠤᠪᠳᠤᠭ ᠬᠦᠮᠦᠨ ᠬᠠᠨᠤᠮᠵᠢ ᠦᠭᠡᠢ | ᠬᠤᠶᠢᠬᠤᠷ ᠬᠦᠮᠦᠨ ᠪᠠᠭᠲᠠᠭᠠᠮᠵᠢ ᠦᠭᠡᠢ | ᠬᠠᠨᠤᠮᠵᠢ ᠦᠭᠡᠢ ᠪᠣᠯ ᠳ᠋ᠧᠪᠠᠵᠠᠨ ᠴᠤ ᠲᠠᠮᠤ | ᠪᠠᠭᠲᠠᠭᠠᠮᠵᠢ ᠦᠭᠡᠢ ᠪᠣᠯ ᠲᠥᠷᠥᠯ ᠨᠢ ᠴᠤ ᠳᠠᠶᠢᠰᠤᠨ᠃ | ᠬᠠᠨᠤᠮᠵᠢ ᠪᠠ ᠪᠠᠭᠲᠠᠭᠠᠮᠵᠢ | ᠬᠤᠪᠢ ᠬᠤᠪᠢᠨ ᠤ ᠣᠨᠴᠠᠯᠢᠭ ᠲᠠᠢ | ᠬᠠᠷᠢᠯᠴᠠᠨ ᠨᠢᠬᠲᠠ ᠬᠠᠷᠢᠴᠠᠭ᠎ᠠ ᠲᠠᠢ | ᠬᠠᠶᠢᠷ᠎ᠠ ᠨᠠᠶᠢᠷ ᠤᠨ ᠬᠤᠯᠪᠤᠭ᠎ᠠ ᠲᠠᠢ᠃ | ᠪᠣᠷᠬᠠᠨ ᠢᠶᠠᠨ ᠪᠢᠲᠡᠬᠡᠢ ᠭᠤᠮᠤᠲᠠᠭᠠ | ᠪᠣᠷᠬᠠᠨ ᠭᠡᠳᠡᠭ ᠨᠡᠷ᠎ᠡ ᠶᠢ | ᠪᠤᠶᠠᠨᠳᠦ ᠬᠦᠮᠦᠰ ᠵᠡᠭᠦᠳᠡᠭ ᠶᠤᠮ | ᠪᠣᠯᠪᠠᠰᠤᠨ ᠶᠣᠰᠤᠷᠬᠠᠭ ᠬᠦᠮᠦᠰ | ᠪᠣᠷᠬᠠᠨ ᠤ ᠰᠡᠦᠨᠬᠢᠯ ᠢ ᠮᠡᠳᠡᠳᠡᠭ ᠶᠤᠮ᠃ | ᠠᠪᠤ ᠡᠵᠢ ᠬᠦᠮᠦᠨ ᠢ | ᠠᠮᠢᠳᠤ ᠪᠣᠷᠬᠠᠨ ᠭᠡᠳᠡᠭ ᠶᠤᠮ | ᠠᠮᠢᠳᠤ ᠪᠣᠷᠬᠠᠨ ᠢᠶᠠᠨ ᠬᠦᠨᠳᠦᠯᠡᠬᠦ ᠶᠢ | ᠠᠩᠬ᠎ᠠ ᠭᠠᠯᠪᠠ ᠠᠴᠠ ᠡᠷᠬᠢᠮᠯᠡᠳᠡᠭ ᠶᠤᠮ᠃ | ᠠᠪᠤ ᠡᠵᠢ ᠪᠠᠨ ᠭᠤᠮᠤᠲᠠᠭᠠᠪᠠᠯ | ᠠᠶᠤᠯ ᠵᠣᠪᠠᠯᠠᠩ ᠪᠣᠯᠤᠨ᠎ᠠ ᠭᠡᠳᠡᠭ | ᠠᠵᠤ ᠠᠮᠢᠳᠤᠷᠠᠯ ᠳᠣᠷᠦ᠋ᠢᠲᠠᠨᠠ ᠭᠡᠳᠡᠭ | ᠠᠮᠢ ᠨᠠᠰᠤ ᠣᠬᠤᠷᠯᠠᠨᠠ ᠭᠡᠳᠡᠭ᠃ | ᠠᠶᠤᠯᠭᠠᠵᠤ ᠬᠡᠯᠡᠭᠡ ᠦᠭᠡ ᠪᠢᠰᠢ | ᠠᠪᠢᠳᠠ ᠪᠣᠷᠬᠠᠨ ᠤ ᠰᠤᠷᠭᠠᠯ ᠰᠢᠦ | ᠠᠰᠢᠳᠠ ᠲᠡᠭᠷᠢ ᠶᠢᠨ ᠢᠣᠨᠬᠠᠯ ᠰᠢᠦ | ᠠᠭᠤᠤ ᠮᠡᠷᠭᠡᠳ ᠤᠨ ᠦᠵᠡᠯ ᠰᠢᠦ᠃ | ᠠᠷᠪᠠᠨ ᠰᠠᠷ᠎ᠠ ᠬᠤᠷᠮᠦ᠋ᠢᠯᠠᠬᠰᠠᠨ | ᠠᠷᠢᠭᠤᠨ ᠰᠦ ᠪᠠᠨ ᠬᠦᠬᠦᠭᠦᠯᠦᠭᠰᠡᠨ | ᠠᠯᠠᠭᠠᠨ ᠳᠡᠭᠡᠷ᠎ᠡ ᠪᠠᠨ ᠪᠥᠪᠠᠶᠢᠯᠠᠬᠰᠠᠨ | ᠠᠰᠠᠷᠠᠯ ᠬᠠᠶᠢᠷ᠎ᠠ ᠶᠢ ᠨᠢ ᠪᠣᠳᠤᠭᠠᠷᠠᠢ︕ | ᠦᠷ᠎ᠡ ᠶᠢᠨ ᠲᠥᠯᠦᠭᠡ ᠦᠬᠦᠬᠦ | ᠦᠨᠡᠨ ᠰᠡᠦᠨᠬᠢᠯ ᠢ ᠨᠢ ᠮᠡᠳᠡᠭᠡᠷᠡᠢ | ᠵᠤᠯᠵᠠᠭᠠᠨ ᠤ ᠲᠥᠯᠦᠭᠡ ᠵᠤᠳᠠᠬᠰᠠᠨ | ᠵᠣᠷᠢᠭ ᠵᠢᠷᠦᠬᠡ ᠶᠢ ᠨᠢ ᠰᠠᠨᠠᠭᠠᠷᠠᠢ︕ | ᠠᠬᠠᠰᠢᠷᠠᠭ᠎ᠠ ᠪᠤᠭᠤᠷᠤᠯ ᠪᠣᠯᠬᠤ ᠳᠤ ᠨᠢ | ᠠᠯᠬᠤᠵᠤ ᠳᠡᠶᠢᠯᠬᠦ ᠦᠭᠡᠢ ᠪᠠᠶᠢᠬᠤ ᠳᠤ ᠨᠢ | ᠠᠯᠳᠠᠭ᠎ᠠ ᠣᠰᠣᠯ ᠭᠠᠷᠭᠠᠬᠤ ᠳᠤ ᠨᠢ | ᠠᠩᠬᠠᠷᠴᠤ ᠠᠰᠠᠷᠠᠵᠤ ᠶᠠᠪᠤᠭᠠᠰᠠᠢ︕ | ᠠᠬᠰᠤᠮᠨᠠᠵᠤ ᠪᠢᠲᠡᠬᠡᠢ ᠠᠭᠠᠰᠢᠯᠠ | ᠠᠶᠣᠤᠯᠢᠬᠠᠢ ᠳᠤ ᠪᠠᠨ ᠪᠢᠲᠡᠬᠡᠢ ᠡᠭᠳᠡᠭᠦᠴᠡ | ᠠᠩᠭᠠᠢ ᠦᠷᠡᠰ ᠮᠢᠨᠢ ᠬᠢᠴᠢᠶᠡᠭᠳᠦᠨ | ᠠᠰ ᠤᠨ ᠪᠡᠶ᠎ᠡ ᠳᠤ ᠴᠢᠨᠢ ᠰᠠᠶᠢᠨ ᠶᠤᠮ ᠡ᠃ | | |