ᠮᠤᠩᠭᠤᠯ ᠮᠤᠷᠢᠨ ᠤ ᠵᠤᠷᠢᠭ ᠰᠠᠨᠠᠭ᠎ᠠ
ᠨᠡᠶᠢᠲᠡᠯᠡᠭᠰᠡᠨ ᠴᠠᠭ᠄
2020/10/22
ᠮᠤᠩᠭᠤᠯ ᠮᠤᠷᠢᠨ ᠤ ᠵᠤᠷᠢᠭ ᠰᠠᠨᠠᠭ᠎ᠠ                     ᠵᠣᠬᠢᠶᠠᠭᠴᠢ᠄ ᠲᠠᠩ ᠱᠠᠨ ᠬᠤ᠋                    ︵ᠬᠤᠯᠪᠣᠭ᠎ᠠ︶ᠤᠳᠠᠰᠤᠳᠤ ᠬᠤᠭᠤᠷ ᠢᠶᠠᠨ ᠬᠦᠭᠯᠡᠶ᠎ᠡᠤᠶᠠᠩᠭᠠᠳᠤ ᠬᠤᠯᠪᠤᠭ᠎ᠠ ᠪᠠᠨ ᠡᠭᠦᠰᠭᠡᠶ᠎ᠡᠤᠳᠤᠮᠳᠤ ᠮᠤᠩᠭᠤᠯ ᠮᠤᠷᠢᠨ ᠤ ᠪᠠᠨᠤᠯᠠᠮᠵᠢᠯᠠᠯᠳᠤ ᠵᠤᠷᠢᠭ ᠰᠠᠨᠠᠭ᠎ᠠ ᠶᠢ ᠮᠠᠭᠳᠠᠶ᠎ᠠ︕      ᠠᠷᠠᠯᠳᠤ ᠬᠤᠭᠤᠷ ᠢᠶᠠᠨ ᠠᠳᠬᠤᠶ᠎ᠠ      ᠠᠶᠠᠯᠭᠤ ᠬᠦᠭᠵᠢᠮ ᠢᠶᠠᠨ ᠡᠭᠦᠰᠭᠡᠶ᠎ᠡ      ᠠᠪᠬᠠᠯᠵᠢᠳᠤ ᠮᠤᠩᠭᠤᠯ ᠮᠤᠷᠢᠨ ᠤ ᠪᠠᠨ      ᠠᠤᠭ᠎ᠠ ᠵᠤᠷᠢᠭ ᠰᠠᠨᠠᠭ᠎ᠠ ᠶᠢ ᠲᠠᠭᠤᠯᠠᠶ᠎ᠠ︕ᠡᠷᠭᠦᠨ᠎ᠡ ᠬᠤᠨ ᠤ ᠲᠤᠮᠤᠭ ᠠᠴᠠᠡᠭᠦᠰᠴᠦ ᠪᠦᠷᠢᠯᠳᠦᠭᠰᠡᠨ ᠵᠤᠷᠢᠭ ᠰᠠᠨᠠᠭ᠎ᠠᠡᠵᠡᠨ ᠴᠢᠩᠭᠢᠰ ᠤᠨ ᠦᠶ᠎ᠡ ᠠᠴᠠᠡᠷᠡᠯᠬᠡᠭᠯᠡᠨ ᠪᠠᠭᠠᠳᠤᠷᠯᠠᠭᠰᠠᠨ ᠵᠤᠷᠢᠭ ᠰᠠᠨᠠᠭ᠎ᠠ      ᠲᠠᠪᠤᠨ ᠮᠦᠰᠦ ᠶᠢᠨ ᠰᠤᠷᠭᠠᠯ ᠠᠴᠠ      ᠲᠠᠭᠠᠷᠠᠵᠤ ᠨᠢᠭᠳᠠᠷᠠᠭᠰᠠᠨ ᠵᠤᠷᠢᠭ ᠰᠠᠨᠠᠭ᠎ᠠ      ᠲᠠᠯ᠎ᠠ ᠶᠢᠨ ᠮᠤᠩᠭᠤᠯ ᠡᠬᠡ ᠠᠴᠠ      ᠲᠠᠨᠢᠭᠤᠯᠵᠤ ᠤᠬᠠᠭᠠᠷᠠᠭᠤᠯᠤᠭᠰᠠᠨ ᠵᠤᠷᠢᠭ ᠰᠠᠨᠠᠭ᠎ᠠᠲᠠᠯ᠎ᠠ ᠪᠠᠨ ᠲᠠᠮᠠᠭᠠᠯᠠᠭᠰᠠᠨ ᠪᠠᠭᠤᠷᠢ ᠠᠴᠠᠲᠠᠷᠬᠠᠨ ᠤᠯᠠᠮᠵᠢᠯᠠᠭᠰᠠᠨ ᠵᠤᠷᠢᠭ ᠰᠠᠨᠠᠭ᠎ᠠᠲᠠᠪᠤᠨ ᠬᠠᠨ᠎ᠠ ᠲᠠᠢ ᠭᠡᠷ ᠠᠴᠠᠲᠠᠨᠢᠭᠳᠠᠵᠤ ᠮᠡᠳᠡᠷᠡᠭᠳᠡᠭᠰᠡᠨ ᠵᠤᠷᠢᠭ ᠰᠠᠨᠠᠭ᠎ᠠ      ᠴᠡᠯᠭᠡᠷᠡᠨ ᠨᠤᠭᠤᠭᠠᠷᠠᠭᠰᠠᠨ ᠬᠦᠳᠡᠭᠡ ᠠᠴᠠ      ᠴᠡᠴᠡᠭᠯᠡᠨ ᠬᠦᠭᠵᠢᠭᠰᠡᠨ ᠵᠤᠷᠢᠭ ᠰᠠᠨᠠᠭ᠎ᠠ      ᠴᠡᠩᠭᠡᠷᠯᠡᠨ ᠤᠨᠢᠶᠠᠷᠳᠤᠭᠰᠠᠨ ᠲᠠᠯ᠎ᠠ ᠠᠴᠠ      ᠴᠡᠩᠭᠡᠯᠳᠦᠨ ᠨᠠᠶᠢᠷᠠᠮᠳᠤᠭᠰᠠᠨ ᠵᠤᠷᠢᠭ ᠰᠠᠨᠠᠭ᠎ᠠᠪᠤᠰᠤᠭ᠎ᠠ ᠬᠡᠶᠢᠮᠤᠷᠢ ᠰᠦᠯᠳᠡ ᠲᠠᠢᠪᠤᠰᠴᠤ ᠮᠠᠨᠳᠤᠭᠰᠠᠨ ᠵᠤᠷᠢᠭ ᠰᠠᠨᠠᠭ᠎ᠠᠪᠤᠷᠬᠠᠨ ᠬᠠᠯᠳᠤᠨ ᠤ ᠴᠢᠯᠠᠭᠤᠳ ᠲᠠᠢᠪᠤᠭᠳᠠ ᠮᠡᠨᠳᠦᠯᠡᠭᠰᠡᠨ ᠵᠤᠷᠢᠭ ᠰᠠᠨᠠᠭ᠎ᠠ      ᠤᠨᠤᠨ ᠮᠦᠷᠡᠨ ᠤ ᠤᠷᠤᠰᠬᠠᠯ ᠳᠤ ᠪᠠᠨ      ᠦᠭᠰᠦᠨ ᠤᠷᠤᠭᠤᠳᠠᠭᠰᠠᠨ ᠵᠤᠷᠢᠭ ᠰᠠᠨᠠᠭ᠎ᠠ      ᠬᠡᠷᠦᠯᠦᠨ ᠭᠤᠤᠯ ᠤᠨ ᠲᠡᠨᠵᠢᠨ ᠳᠤ ᠪᠠᠨ      ᠬᠡᠶᠢᠮᠤᠷᠢ ᠲᠡᠭᠳᠡᠭᠡᠭᠰᠡᠨ ᠵᠤᠷᠢᠭ ᠰᠠᠨᠠᠭ᠎ᠠᠪᠤᠷᠵᠢᠭᠢᠨ ᠤᠪᠤᠭᠳᠠᠨ ᠤ ᠲᠤᠮᠤᠭ ᠲᠠᠢᠪᠦᠯᠬᠦᠮᠳᠡᠯ ᠨᠢᠭᠳᠠᠷᠠᠯ ᠤᠨ ᠵᠤᠷᠢᠭ ᠰᠠᠨᠠᠭ᠎ᠠᠪᠤᠯᠪᠠᠰᠤᠨ ᠲᠡᠤᠬᠡᠨ ᠦᠯᠢᠭᠡᠷ ᠲᠠᠢᠪᠦᠳᠦᠭᠡᠯᠴᠢ ᠬᠦᠳᠡᠯᠮᠦᠷᠢ ᠶᠢᠨ ᠵᠤᠷᠢᠭ ᠰᠠᠨᠠᠭ᠎ᠠ      ᠪᠠᠭᠠᠳᠤᠷ ᠴᠤᠯᠠᠳᠠᠨ ᠤ ᠡᠭᠦᠰᠦᠯ ᠲᠠᠢ      ᠪᠠᠳᠠᠷᠠᠭᠰᠠᠨ ᠤᠳᠤᠮᠯᠠᠯᠳᠤ ᠵᠤᠷᠢᠭ ᠰᠠᠨᠠᠭ᠎ᠠ      ᠪᠠᠶᠢᠯᠳᠤᠭᠠᠨ ᠤ ᠮᠡᠷᠭᠡᠨ ᠪᠤᠳᠤᠯᠭ᠎ᠠ ᠲᠠᠢ      ᠪᠠᠳᠤ ᠵᠢᠷᠤᠮᠳᠤ ᠵᠤᠷᠢᠭ ᠰᠠᠨᠠᠭ᠎ᠠᠠᠽᠢᠶ᠎ᠠ ᠡᠸᠦ᠋ᠷᠦᠫᠡ ᠶᠢ ᠰᠤᠨᠳᠠᠯᠠᠬᠰᠠᠨᠠᠯᠳᠠᠨ ᠴᠠᠲᠢᠭ ᠲᠠᠢ ᠵᠤᠷᠢᠭ ᠰᠠᠨᠠᠭ᠎ᠠᠠᠷᠤᠤᠬᠠᠨ ᠮᠤᠩᠭᠤᠯ ᠤᠨ ᠵᠤᠯᠪᠤᠭ᠎ᠠ ᠶᠢᠠᠰᠠᠭᠠᠵᠤ ᠪᠠᠳᠠᠷᠠᠭᠠᠭᠰᠠᠨ ᠵᠤᠷᠢᠭ ᠰᠠᠨᠠᠭ᠎ᠠ      ᠨᠠᠢᠮᠠᠨ ᠰᠢᠷᠭ᠎ᠠ ᠠᠭᠳᠠ ᠠᠴᠠ      ᠨᠠᠶᠢᠷᠠᠮᠳᠠᠵᠤ ᠨᠢᠭᠡᠳᠦᠭᠰᠡᠨ ᠵᠤᠷᠢᠭ ᠰᠠᠨᠠᠭ᠎ᠠ      ᠨᠠᠷᠠᠯᠠᠭ ᠬᠤᠷᠸ᠎ᠠ ᠶᠢᠨ ᠬᠦᠭᠵᠢᠯᠳᠡ ᠳᠤ      ᠨᠠᠶᠢᠳᠠᠪᠤᠷᠢ ᠲᠦᠰᠢᠭ ᠲᠠᠢ ᠵᠤᠷᠢᠭ ᠰᠠᠨᠠᠭ᠎ᠠᠪᠠᠶᠢᠭᠠᠯᠢ ᠲᠡᠯᠡᠬᠡᠢ ᠶᠢᠨ ᠬᠠᠭᠤᠳᠠᠰᠤᠨ ᠳᠤᠮᠠᠩᠯᠠᠶᠢᠯᠠᠵᠤ ᠲᠡᠷᠢᠭᠦᠯᠡᠭᠰᠡᠨ ᠵᠤᠷᠢᠭ ᠰᠠᠨᠠᠭ᠎ᠠᠪᠠᠭᠠᠳᠤᠷ ᠮᠤᠩᠭᠤᠯ ᠤᠨ ᠠᠯᠳᠠᠷ ᠢᠮᠠᠨᠳᠤᠭᠤᠯᠵᠤ ᠭᠠᠶᠢᠬᠠᠭᠤᠯᠤᠭᠰᠠᠨ ᠵᠤᠷᠢᠭ ᠰᠠᠨᠠᠭ᠎ᠠ      ᠰᠦᠰᠦ ᠲᠠᠢ ᠵᠤᠷᠢᠭ ᠲᠠᠢ ᠤᠭᠰᠠᠭᠠᠳᠠᠨ ᠤ      ᠰᠦᠯᠳᠡ ᠶᠢ ᠪᠤᠰᠬᠠᠬᠰᠠᠨ ᠵᠤᠷᠢᠭ ᠰᠠᠨᠠᠭ᠎ᠠ      ᠰᠦᠯᠪᠡᠭᠡᠯᠡᠵᠦ ᠬᠤᠤᠪᠢᠯᠳᠠᠬᠤ ᠡᠳᠡᠭᠡᠳ ᠤᠨ      ᠰᠦᠨᠡᠰᠦ ᠶᠢ ᠰᠠᠷᠨᠢᠭᠤᠯᠤᠭᠰᠠᠨ ᠵᠤᠷᠢᠭ ᠰᠠᠨᠠᠭ᠎ᠠᠭᠠᠳᠠᠭᠠᠳᠤ ᠭᠦᠷᠦᠨ ᠤ ᠤᠷᠤᠨ ᠠᠴᠠᠭᠠᠵᠠᠷᠯᠠᠭᠠᠳ ᠢᠷᠡᠭᠰᠡᠨ ᠵᠤᠷᠢᠭ ᠰᠠᠨᠠᠭ᠎ᠠᠭᠤᠷᠪᠠᠨ ᠵᠢᠯ ᠤᠨ ᠤᠷᠳᠤ ᠠᠶᠠᠨ ᠢᠶᠠᠷᠨᠤᠳᠤᠭ ᠲᠤ ᠪᠠᠨ ᠪᠤᠴᠠᠭᠰᠠᠨ ᠵᠤᠷᠢᠭ ᠰᠠᠨᠠᠭ᠎ᠠ      ᠤᠤᠭᠤᠭᠰᠠᠨ ᠤᠰᠤᠨ ᠤ ᠪᠠᠨ ᠲᠤᠩᠭᠠᠯᠠᠭ ᠢᠶᠠᠷ      ᠦᠨᠦᠷᠯᠡᠭᠡᠳ ᠲᠡᠮᠡᠤᠯᠦᠭᠰᠡᠨ ᠵᠤᠷᠢᠭ ᠰᠠᠨᠠᠭ᠎ᠠ      ᠤᠨᠠᠬᠰᠠᠨ ᠰᠢᠷᠤᠢ ᠶᠢᠨ ᠢᠶᠠᠨ ᠰᠢᠮᠡᠯᠢᠭ ᠢᠶᠠᠷ      ᠦᠤᠷᠰᠡᠭᠡᠳ ᠲᠠᠪᠬᠢᠭᠤᠯᠤᠭᠰᠠᠨ ᠵᠤᠷᠢᠭ ᠰᠠᠨᠠᠭ᠎ᠠᠬᠦᠬᠡ ᠮᠤᠩᠭᠤᠯ ᠨᠤᠳᠤᠭ ᠲᠠᠢ ᠪᠠᠨᠬᠦᠰᠡᠯ ᠢᠶᠠᠨ ᠬᠠᠮᠳᠤᠳᠬᠠᠬᠰᠠᠨ ᠵᠤᠷᠢᠭ ᠰᠠᠨᠠᠭ᠎ᠠᠬᠦᠭᠵᠢᠭᠰᠡᠨ ᠲᠤᠯᠭ᠎ᠠ ᠶᠢᠨ ᠭᠠᠯ ᠲᠠᠢ ᠪᠠᠨᠬᠦᠢᠰᠦ ᠪᠠᠨ ᠬᠤᠯᠪᠤᠬᠰᠠᠨ ᠵᠤᠷᠢᠭ ᠰᠠᠨᠠᠭ᠎ᠠ      ᠲᠦᠮᠡᠨ ᠠᠭᠤᠯᠠ ᠮᠢᠩᠭᠠᠨ ᠲᠠᠪᠠᠭ᠎ᠠ ᠠᠴᠠ      ᠲᠦᠳᠡᠭᠡᠯᠵᠡᠭᠰᠡᠨ ᠦᠭᠡᠢ ᠵᠤᠷᠢᠭ ᠰᠠᠨᠠᠭ᠎ᠠ      ᠲᠦᠨᠡᠷ ᠬᠠᠷᠠᠩᠭᠤᠢ ᠶᠢᠨ ᠲᠤᠮᠳᠠᠭᠤᠷ      ᠲᠦᠭᠡᠷᠢᠭᠰᠡᠨ ᠦᠭᠡᠢ ᠵᠤᠷᠢᠭ ᠰᠠᠨᠠᠭ᠎ᠠᠡᠵᠡᠨ ᠢᠶᠠᠨ ᠦᠵᠡᠪᠡᠯ ᠦᠤᠷᠰᠡᠳᠡᠭᠡᠯᠢᠭᠡ ᠨᠢᠭᠡᠳᠦᠭᠰᠡᠨ ᠵᠤᠷᠢᠭ ᠰᠠᠨᠠᠭ᠎ᠠᠡᠵᠡᠷᠬᠡᠭ ᠢ ᠦᠵᠡᠪᠡᠯ ᠲᠠᠭᠠᠷᠢᠳᠠᠭᠡᠷᠡᠯᠬᠡᠭᠯᠡᠵᠦ ᠪᠠᠭᠠᠳᠤᠷᠯᠠᠬᠰᠠᠨ ᠵᠤᠷᠢᠭ ᠰᠠᠨᠠᠭ᠎ᠠ      ᠨᠢᠭᠡᠨ ᠦᠶ᠎ᠡ ᠶᠢᠨ ᠲᠡᠭᠷᠢᠯᠢᠭ ᠲᠡᠤᠬᠡ ᠶᠢᠨ      ᠠᠯᠳᠠᠷ ᠮᠠᠨᠳᠤᠭᠰᠠᠨ ᠵᠤᠷᠢᠭ ᠰᠠᠨᠠᠭ᠎ᠠ      ᠨᠢᠭᠤᠴᠠ ᠲᠤᠪᠴᠢᠶᠠᠨ ᠤ ᠪᠠᠭᠠᠳᠤᠷᠯᠢᠭ ᠲᠤᠤᠯᠢ ᠶᠢᠨ      ᠠᠮᠵᠢᠯᠳᠠ ᠭᠢᠯᠠᠯᠵᠠᠭᠰᠠᠨ ᠵᠤᠷᠢᠭ ᠰᠠᠨᠠᠭ᠎ᠠᠲᠡᠯᠡᠬᠡᠢ ᠶᠢᠨ ᠲᠡᠤᠬᠡᠨ ᠳᠤ ᠠᠯᠳᠠᠷᠰᠢᠬᠰᠠᠨᠲᠡᠯᠭᠡᠷ ᠮᠤᠩᠭᠤᠯ ᠤᠨ ᠵᠤᠷᠢᠭ ᠰᠠᠨᠠᠭ᠎ᠠᠲᠡᠭᠡᠳᠦᠰ ᠤᠨ ᠤᠳᠤᠮᠰᠢᠯ ᠢᠶᠠᠨ ᠦᠪᠯᠡᠭᠰᠡᠨᠲᠡᠭᠵᠢᠷᠡᠯ ᠬᠦᠭᠵᠢᠯ ᠤᠨ ᠵᠤᠷᠢᠭ ᠰᠠᠨᠠᠭ᠎ᠠ      ᠬᠦᠰᠡᠯ ᠮᠦᠷᠦᠭᠡᠳᠦᠯ ᠢᠶᠠᠨ ᠬᠤᠷᠦ᠋ᠢᠯᠠᠬᠰᠠᠨ      ᠬᠦᠭᠵᠢᠯ ᠪᠠᠳᠠᠷᠠᠯ ᠤᠨ ᠵᠤᠷᠢᠭ ᠰᠠᠨᠠᠭ᠎ᠠ      ᠬᠦᠮᠦᠨ ᠠᠷᠠᠳ ᠤᠨ ᠢᠶᠠᠨ ᠨᠠᠶᠢᠳᠠᠪᠤᠷᠢ ᠶᠢ      ᠬᠦᠰᠡᠷᠳᠡᠭᠦᠯᠦᠯ ᠦᠭᠡᠢ ᠵᠤᠷᠢᠭ ᠰᠠᠨᠠᠭ᠎ᠠᠦᠪᠦᠷ ᠮᠤᠩᠭᠤᠯ ᠤᠨ ᠮᠤᠷᠢᠳᠤ ᠴᠡᠷᠢᠭ ᠤᠨᠲᠠᠶᠢᠴᠢᠨ ᠲᠠᠭᠤᠯᠠᠯ ᠲᠠᠢ ᠵᠤᠷᠢᠭ ᠰᠠᠨᠠᠭ᠎ᠠᠦᠰᠳᠡᠨ ᠲᠠᠶᠢᠰᠤᠨ ᠢ ᠴᠠᠪᠴᠢᠵᠤ ᠰᠦᠷᠳᠡᠭᠦᠯᠦᠭᠰᠡᠨᠲᠠᠭᠠᠷᠢᠯᠳᠠ ᠶᠢᠨ ᠤᠷᠢᠶ᠎ᠠ ᠲᠠᠢ ᠵᠤᠷᠢᠭ ᠰᠠᠨᠠᠭ᠎ᠠ      ᠬᠠᠭᠠᠨ ᠡᠵᠡᠳ ᠤᠨ ᠵᠠᠷᠯᠢᠭ ᠠᠴᠠ      ᠪᠤᠴᠠᠳᠠᠭ ᠦᠭᠡᠢ ᠵᠤᠷᠢᠭ ᠰᠠᠨᠠᠭ᠎ᠠ      ᠬᠠᠨᠳᠤᠭᠰᠠᠨ ᠵᠦᠭ ᠪᠦᠬᠦᠨ ᠳᠤ ᠪᠠᠨ      ᠪᠦᠳᠦᠷᠢᠳᠡᠭ ᠦᠭᠡᠢ ᠵᠤᠷᠢᠭ ᠰᠠᠨᠠᠭ᠎ᠠᠬᠠᠷ᠎ᠠ ᠰᠠᠯᠬᠢ ᠬᠠᠪᠰᠠᠷᠭ᠎ᠠ ᠵᠤᠳ ᠠᠴᠠᠬᠠᠯᠢᠷᠠᠳᠠᠭ ᠦᠭᠡᠢ ᠵᠤᠷᠢᠭ ᠰᠠᠨᠠᠭ᠎ᠠᠬᠠᠳᠠᠭᠤ ᠪᠡᠷᠬᠡ ᠰᠢᠯᠭᠠᠯᠳᠠ ᠲᠠᠪᠳᠠᠯᠳᠠ ᠠᠴᠠᠬᠠᠯᠠᠰᠢᠷᠠᠳᠠᠭ ᠦᠭᠡᠢ ᠵᠤᠷᠢᠭ ᠰᠠᠨᠠᠭ᠎ᠠ      ᠶᠡᠷᠦᠩᠬᠡᠢ ᠱᠦᠵᠢ ᠰᠢ ᠶᠢᠨ ᠫᠢᠩ ᠠᠴᠠ      ᠬᠦᠨᠳᠦᠳᠭᠡᠵᠦ ᠦᠵᠡᠭᠰᠡᠨ ᠵᠤᠷᠢᠭ ᠰᠠᠨᠠᠭ᠎ᠠ      ᠬᠦᠴᠦᠷᠬᠡᠭ ᠤᠯᠤᠰ ᠤᠨ ᠪᠠᠶᠢᠭᠤᠯᠤᠯᠳᠠ ᠳᠤ      ᠶᠡᠭᠡ ᠪᠠᠷ ᠦᠨᠡᠯᠡᠭᠳᠡᠭᠰᠡᠨ ᠵᠤᠷᠢᠭ ᠰᠠᠨᠠᠭ᠎ᠠᠡᠮᠡᠭᠡᠯᠳᠦ ᠮᠤᠷᠢ ᠵᠤᠷᠢᠬᠰᠠᠨ ᠳᠤ ᠪᠠᠨ ᠬᠦᠷᠬᠦᠵᠤᠷᠢᠯᠳᠠ ᠬᠠᠷᠠᠯᠳᠠ ᠲᠠᠢ ᠵᠤᠷᠢᠭ ᠰᠠᠨᠠᠭ᠎ᠠᠡᠷ᠎ᠡ ᠬᠦᠮᠦᠨ ᠬᠡᠯᠡᠭᠰᠡᠨ ᠳᠤ ᠪᠠᠨ ᠲᠤᠯᠬᠤᠵᠤᠭᠰᠤᠯᠳᠠ ᠪᠠᠳᠤ ᠲᠠᠢ ᠵᠤᠷᠢᠭ ᠰᠠᠨᠠᠭ᠎ᠠ      ᠮᠤᠩᠭᠤᠯ ᠮᠤᠷᠢᠨ ᠤ ᠵᠤᠷᠢᠭ ᠰᠠᠨᠠᠭ᠎ᠠ ᠪᠠᠷ      ᠡᠬᠡ ᠤᠯᠤᠰ ᠤᠨ ᠢᠶᠠᠨ ᠤᠮᠠᠷᠠᠳᠤ ᠬᠢᠯᠢ ᠶᠢᠨ      ᠦᠵᠡᠮᠵᠢᠳᠦ ᠤᠷᠤᠨ ᠢᠶᠠᠨ ᠤᠯᠠᠮ ᠢᠯᠡᠭᠦᠦ      ᠦᠵᠡᠰᠭᠦᠯᠡᠩ ᠪᠤᠯᠭᠠᠨ ᠪᠠᠶᠢᠭᠤᠯᠳᠤᠭᠠᠢ ᠭᠡᠵᠦᠦᠨᠳᠦᠰᠦᠳᠡᠨ ᠨᠥᠭᠦᠳ ᠤᠨ ᠠᠷᠠᠳ ᠤᠯᠠᠨ ᠳᠤᠬᠦᠰᠡᠵᠦ ᠨᠠᠶᠢᠳᠠᠭᠰᠠᠨ ᠵᠤᠷᠢᠭ ᠰᠠᠨᠠᠭ᠎ᠠᠦᠷᠨᠢᠯᠳᠡ ᠬᠦᠭᠵᠢᠯᠳᠠ ᠶᠢ ᠠᠬᠢᠭᠤᠯᠬᠤ ᠳᠤᠤᠷᠮᠠᠰᠢᠭᠤᠯᠵᠤ ᠵᠤᠷᠢᠭᠵᠢᠭᠤᠯᠤᠬᠰᠠᠨ ᠵᠤᠷᠢᠭ ᠰᠠᠨᠠᠭ᠎ᠠ      ᠮᠤᠩᠭᠤᠯ ᠮᠤᠷᠢᠨ ᠤ ᠵᠤᠷᠢᠭ ᠰᠠᠨᠠᠭ᠎ᠠ      ᠮᠤᠬᠤᠰᠢ ᠦᠭᠡᠢ ᠲᠠᠭᠠᠭᠠᠮᠠᠭᠠᠢ ᠪᠠᠶᠢᠳᠠᠭ      ᠮᠤᠩᠭᠤᠯ ᠮᠤᠷᠢᠨ ᠤ ᠵᠤᠷᠢᠭ ᠰᠠᠨᠠᠭ᠎ᠠ      ᠮᠤᠨᠳᠠᠭ ᠲᠤᠮᠤ ᠪᠠᠭᠠᠳᠤᠷ ᠲᠠᠢ ᠪᠠᠶᠢᠳᠠᠭᠬᠦᠴᠢᠷ ᠪᠡᠷᠬᠡ ᠠᠴᠠ ᠠᠶᠤᠳᠠᠭ ᠦᠭᠡᠢᠲᠡᠰᠪᠦᠷᠢ ᠬᠠᠳᠠᠭᠤ ᠰᠢᠨᠳᠠᠰᠤ ᠲᠠᠢ ᠪᠠᠶᠢᠳᠠᠭᠬᠦᠨᠳᠦ ᠲᠠᠷᠤᠯᠳᠠ ᠠᠴᠠ ᠡᠮᠢᠶᠡᠳᠡᠭ ᠦᠭᠡᠢᠲᠡᠪᠵᠢᠶᠡᠷᠢ ᠲᠠᠭᠠᠭᠠᠮᠠᠭᠠᠢ ᠰᠦᠰᠦ ᠲᠠᠢ ᠪᠠᠶᠢᠳᠠᠭ      ᠮᠤᠬᠤᠰᠢ ᠦᠭᠡᠢ ᠲᠡᠮᠡᠤᠯᠬᠦ      ᠮᠤᠩᠭᠤᠯ ᠮᠤᠷᠢᠨ ᠤ ᠵᠤᠷᠢᠭ ᠰᠠᠨᠠᠭ᠎ᠠ ᠪᠠᠷ      ᠬᠦᠴᠦᠷᠬᠡᠭ ᠤᠯᠤᠰ ᠤᠨ ᠢᠶᠠᠨ ᠬᠦᠭᠵᠢᠯᠳᠡ ᠳᠤ      ᠬᠦᠴᠦᠨ ᠴᠢᠳᠠᠯ ᠢᠶᠠᠨ ᠡᠷᠭᠦᠵᠡᠭᠡᠶ᠎ᠡ︕ᠮᠢᠳᠠᠷᠠᠰᠢ ᠦᠭᠡᠢ ᠵᠢᠳᠭᠦᠯᠬᠦᠮᠤᠩᠭᠤᠯ ᠮᠤᠷᠢᠨ ᠤ ᠵᠤᠷᠢᠭ ᠰᠠᠨᠠᠭ᠎ᠠ ᠪᠠᠷᠮᠠᠨᠳᠤᠭᠰᠠᠨ ᠲᠦᠷᠦ ᠶᠢᠨ ᠢᠶᠠᠨ ᠢᠷᠡᠭᠡᠳᠦᠢ ᠳᠤᠮᠠᠬᠠᠷᠠᠨ ᠴᠢᠷᠮᠠᠶᠢᠵᠤ ᠲᠡᠮᠡᠴᠡᠵᠡᠭᠡᠶ᠎ᠡ︕
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号