ᠡᠬᠡ ᠬᠡᠯᠡᠨ ᠤ ᠲᠠᠷᠬᠠᠯᠠᠭ᠎ᠠ
ᠨᠡᠶᠢᠲᠡᠯᠡᠭᠰᠡᠨ ᠴᠠᠭ᠄
2020/8/11
ᠡᠬᠡ ᠬᠡᠯᠡᠨ ᠤ ᠲᠠᠷᠬᠠᠯᠠᠭ᠎ᠠ                ᠵᠣᠬᠢᠶᠠᠭᠴᠢ᠄ ᠰᠡᠭᠡᠭᠡᠷᠡᠯᠡᠬᠡ ᠬᠡᠯᠡᠨ ᠤ ᠲᠠᠷᠬᠠᠯᠠᠭ᠎ᠠᠡᠬᠡ ᠬᠡᠯᠡᠨ ᠤ ᠬᠦᠭᠵᠢᠯ ᠮᠠᠨᠳᠣᠯ ᠤᠨ ᠰᠢᠮᠡᠳᠦ ᠬᠦᠷᠦᠰᠦᠡᠬᠡ ᠬᠡᠯᠡᠨ ᠤ ᠴᠡᠴᠡᠭᠯᠡᠯ ᠪᠠᠳᠠᠷᠠᠯ ᠤᠨ ᠷᠠᠰᠢᠶᠠᠨ ᠬᠤᠷ᠎ᠠᠡᠬᠡ ᠬᠡᠯᠡᠨ ᠤ ᠭᠡᠭᠡᠷᠡᠯ ᠪᠣᠯᠪᠠᠰᠣᠷᠠᠯ ᠤᠨ ᠨᠠᠷᠠ ᠰᠠᠷᠠᠡᠬᠡ ᠬᠡᠯᠡᠨ ᠤ ᠵᠠᠯᠭᠠᠮᠵᠢᠯᠠᠯ ᠣᠯᠠᠮᠵᠢᠯᠠᠯ ᠤᠨ ᠦᠮᠦᠭ ᠲᠦᠰᠢᠭᠡᠬᠡ ᠬᠡᠯᠡᠨ ᠤ ᠵᠣᠷᠢᠬ ᠰᠠᠨᠠᠭ᠎ᠠ ᠶᠢᠨ ᠲᠣᠷᠣᠨ᠎ᠠ ᠶᠢᠨ ᠰᠠᠯᠬᠢᠡᠬᠡ ᠬᠡᠯᠡᠨ ᠤ ᠲᠠᠷᠬᠠᠯᠠᠭ᠎ᠠᠡᠬᠡ ᠬᠡᠯᠡ ᠪᠠᠷ ᠢᠶᠠᠨ ᠣᠷᠣᠰᠢᠨ ᠲᠣᠬᠳᠠᠨᠢᠬᠤ ᠶᠢᠨ ᠰᠣᠣ ᠪᠢᠯᠢᠭᠡᠬᠡ ᠬᠡᠯᠡ ᠪᠠᠷ ᠢᠶᠠᠨ ᠰᠣᠶᠣᠯᠵᠢᠨ ᠮᠠᠨᠳᠣᠬᠤ ᠶᠢᠨ ᠣᠶᠣᠨᠯᠢᠬ ᠮᠡᠳᠡᠷᠡᠮᠵᠢᠡᠬᠡ ᠬᠡᠯᠡ ᠪᠠᠷ ᠢᠶᠠᠨ ᠬᠦᠴᠦᠷᠬᠡᠭᠵᠢᠨ ᠬᠦᠭᠵᠢᠬᠦ ᠶᠢᠨ ᠣᠮᠤᠬ ᠵᠣᠷᠢᠬᠡᠬᠡ ᠬᠡᠯᠡ ᠪᠠᠷ ᠢᠶᠠᠨ ᠰᠡᠷᠭᠦᠨ ᠮᠠᠨᠳᠣᠬᠤ ᠶᠢᠨ ᠬᠠᠳᠠᠨ ᠪᠠᠳᠣᠯᠠᠭ᠎ᠠᠡᠬᠡ ᠬᠡᠯᠡ ᠪᠠᠷ ᠢᠶᠠᠨ ᠬᠤᠷᠸ᠎ᠠ ᠭᠡᠶᠢᠭᠦᠯᠬᠦ ᠶᠢᠨ ᠬᠠᠭᠠᠨ ᠰᠡᠳᠭᠢᠬᠦᠢᠡᠬᠡ ᠬᠡᠯᠡᠨ ᠤ ᠲᠠᠷᠬᠠᠯᠠᠭ᠎ᠠᠡᠬᠡ ᠬᠡᠯᠡ ᠪᠠᠨ ᠭᠤᠯᠣᠬᠴᠢᠳ ᠢ ᠨᠢᠷᠭᠡᠬᠦ ᠠᠶᠣᠩᠭ᠎ᠠ ᠶᠢᠨ ᠰᠠᠬᠢᠭᠤᠰᠣᠡᠬᠡ ᠬᠡᠯᠡ ᠪᠠᠨ ᠬᠠᠶᠠᠬᠴᠢᠳ ᠢ ᠨᠣᠮᠣᠬᠠᠳᠬᠠᠬᠤ ᠠᠭᠤᠯᠠᠨ ᠤ ᠲᠣᠬᠰᠢᠳᠡᠬᠡ ᠬᠡᠯᠡ ᠪᠠᠨ ᠬᠠᠶᠢᠷᠠᠯᠠᠬᠴᠢᠳ ᠢ ᠵᠣᠷᠢᠬᠵᠢᠭᠤᠯᠬᠤ ᠣᠷᠣᠬᠰᠢᠯᠠᠯᠳᠠ ᠶᠢᠨ ᠠᠶᠠᠰᠡᠬᠡ ᠬᠡᠯᠡ ᠪᠠᠨ ᠬᠡᠷᠡᠭᠯᠡᠭᠴᠢᠳ ᠢ ᠬᠦᠬᠢᠭᠦᠯᠬᠦ ᠣᠳᠣᠨ ᠮᠧᠳᠠᠯᠡᠬᠡ ᠬᠡᠯᠡ ᠪᠠᠨ ᠬᠦᠭᠵᠢᠭᠦᠯᠦᠭᠴᠢᠳ ᠢ ᠮᠢᠯᠢᠶᠠᠬᠤ ᠴᠢᠩᠬᠢᠰ ᠣᠬᠠᠭᠠᠨᠡᠬᠡ ᠬᠡᠯᠡᠨ ᠤ ᠲᠠᠷᠬᠠᠯᠠᠭ᠎ᠠᠡᠬᠡ ᠬᠡᠯᠡᠨ ᠤ ᠴᠡᠪᠡᠷᠰᠢᠯ ᠢ ᠬᠠᠮᠠᠭᠠᠯᠠᠬᠤ ︽ᠮᠠᠬᠢᠷ ᠢᠯᠳᠦ︾ᠡᠬᠡ ᠬᠡᠯᠡᠨ ᠤ ᠲᠦᠷᠢᠮᠵᠢᠯ ᠢ ᠪᠠᠳᠣᠯᠠᠬᠤ ᠬᠠᠦᠯᠢ ᠶᠢᠨ ᠰᠠᠬᠢᠭᠤᠯᠡᠬᠡ ᠬᠡᠯᠡᠨ ᠤ ᠮᠣᠰᠢᠭᠠᠶᠢᠷᠠᠯ ᠢ ᠰᠡᠷᠭᠡᠶᠢᠯᠡᠬᠦ ︽ᠬᠤᠷᠮᠣᠰᠳᠠ ᠶᠢᠨ ᠲᠠᠰᠢᠭᠤᠷ︾ᠡᠬᠡ ᠬᠡᠯᠡᠨ ᠤ ᠢᠷᠡᠭᠡᠳᠦᠢ ᠶᠢ ᠪᠡᠯᠭᠡᠰᠢᠶᠡᠬᠦ ᠰᠣᠳᠣᠨ ᠵᠦᠡᠭᠨᠡᠭᠴᠢᠡᠬᠡ ᠬᠡᠯᠡᠨ ᠤ ᠵᠣᠷᠢᠬ ᠰᠠᠨᠠᠭ᠎ᠠ ᠶᠢᠨ ᠡᠶᠡᠷᠬᠦ ᠠᠧᠷᠬᠢᠡᠬᠡ ᠬᠡᠯᠡᠨ ᠤ ᠲᠠᠷᠬᠠᠯᠠᠭ᠎ᠠᠬᠡᠵᠢᠶ᠎ᠡ ᠡᠭᠦᠷᠢᠳᠡ ᠪᠠᠭ᠋ᠠᠷᠬᠠᠵᠦ ᠪᠠᠳᠠᠷᠠᠭᠤᠯᠵᠦ ᠶᠠᠪᠣᠬᠤᠬᠡᠯᠡ ᠪᠢᠴᠢᠭ ᠤᠨ ᠴᠢᠩᠬᠢᠰ ᠵᠣᠷᠢᠬ ᠰᠠᠨᠠᠭ᠎ᠠᠬᠡᠨ ᠲᠠᠢ ᠴᠦ ᠬᠤᠪᠢᠶᠠᠯᠴᠠᠬᠤ ᠦᠭᠡᠢ ᠬᠠᠶᠢᠷ᠎ᠠ ᠪᠠᠷ ᠢᠶᠠᠨᠨᠠᠨᠳᠢᠩᠨᠠᠵᠦ ᠬᠦᠨᠳᠦᠳᠭᠡᠵᠦ ᠶᠠᠪᠣᠬᠤ ᠬᠡᠯᠡ ᠰᠣᠶᠣᠯ ᠤᠨ ᠬᠠᠮᠠᠭᠠᠯᠠᠬᠴᠢᠨᠠᠷᠠ ᠪᠦᠳᠦᠨ ᠡᠬᠡ ᠬᠡᠯᠡᠨ ᠤ ᠲᠠᠷᠬᠠᠯᠠᠭ᠎ᠠ ᠮᠢᠨᠦ
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号