ᠡᠪᠦᠭᠡᠨ ᠴᠡᠷᠢᠭ
ᠨᠡᠶᠢᠲᠡᠯᠡᠭᠰᠡᠨ ᠴᠠᠭ᠄
2020/8/4
           ᠡᠪᠦᠭᠡᠨ ᠴᠡᠷᠢᠭ                          ᠵᠣᠬᠢᠶᠠᠭᠴᠢ᠄ ᠬ᠊ · ᠬᠢᠨᠭ᠍ᠭᠠᠨ      ᠴᠡᠷᠢᠭ ᠢᠷᠡᠯ᠎ᠡ᠂ ᠴᠡᠷᠢᠭ ᠢᠷᠡᠯ᠎ᠡ᠂ ᠡᠪᠦᠭᠡᠨ ᠴᠡᠷᠢᠭ ᠢᠷᠡᠯ᠎ᠡ︕      ᠬᠦᠭᠡᠷᠦᠯᠳᠦᠨ ᠬᠠᠰᠭᠢᠷᠬᠤ ᠬᠡᠦᠬᠡᠳ ᠤᠨ ᠴᠠᠩᠭᠢᠨᠠᠬᠰᠠᠨ ᠲᠠᠭᠤ ᠮᠠᠩᠬᠠᠨ ᠠᠶᠢᠯ ᠤᠨ ᠦᠳᠡᠰᠢ ᠶᠢᠨ ᠨᠠᠮ ᠵᠢᠮ ᠢ ᠡᠪᠳᠡᠨ ᠴᠣᠣᠷᠢᠶᠠᠯᠠᠵᠦ ᠬᠡᠴᠢᠨᠡᠬᠡᠨ ᠵᠠᠭᠤᠨ ᠭᠠᠵᠠᠷ ᠢ ᠡᠪᠬᠡᠨ ᠢᠯᠪᠢᠯᠵᠡᠭᠰᠡᠭᠡᠷ ᠮᠢᠨᠦ ᠰᠣᠨᠣᠷ ᠢ ᠬᠦᠨᠳᠡᠬᠦ ᠰᠢᠭ ᠪᠣᠯᠣᠨ᠎ᠠ᠃      ᠬᠦᠮᠦᠨ ᠭᠡᠵᠦ ᠬᠤᠯᠠ ᠶᠠᠪᠣᠬᠤ ᠲᠣᠰᠣᠮ ᠢᠶᠠᠨ ᠨᠣᠳᠤᠬ ᠣᠰᠣ ᠪᠠᠨ ᠦᠭᠡᠶᠢᠯᠡᠵᠦ ᠰᠠᠨᠠᠬᠤ ᠨᠢ ᠦᠨᠡᠨ᠃ ᠬᠦᠷᠪᠡᠵᠦ ᠲᠣᠬᠯᠠᠵᠦ ᠦᠰᠦᠭᠰᠡᠨ ᠮᠠᠩᠬ᠎ᠠ ᠲᠣᠪᠤ ᠨᠤᠭᠤᠳ ᠢᠶᠠᠨ ᠦᠭᠡᠶᠢᠯᠡᠬᠦ ᠪᠦᠷᠢ ᠳᠤ ᠬᠡᠦᠬᠡᠳ ᠨᠠᠰᠣᠨ ᠤ ᠪᠠᠯᠴᠢᠷ ᠣᠶᠣᠨ ᠳᠤ ᠲᠠᠮᠠᠭᠠᠯᠠᠬᠳᠠᠬᠰᠠᠨ ᠣᠴᠢᠷᠳᠠᠢ ᠰᠠᠶᠢᠬᠠᠨ ᠦᠯᠢᠭᠡᠷ ᠤᠳ ᠮᠦᠷᠦᠭᠡᠳᠦᠯ ᠤᠨ ᠭᠠᠯ ᠢ ᠴᠠᠬᠢᠭᠠᠳ ᠠᠪᠬᠤ ᠨᠢ ᠬᠡᠴᠡᠭᠦᠦ᠃      ᠣᠳᠣ ᠴᠠᠬ ᠦᠶ᠎ᠡ ᠬᠦᠭᠵᠢᠭᠡᠳ᠂ ᠨᠣᠳᠤᠬ ᠣᠰᠣ ᠮᠢᠨᠢ ᠬᠤᠪᠢᠷᠠᠯ᠎ᠠ᠃ ᠪᠠᠭ᠎ᠠ ᠶᠢᠨ ᠦᠶ᠎ᠡ ᠶᠢᠨ ᠪᠠᠶᠢᠭᠠᠯᠢ ᠠᠬᠤᠢ ᠲᠠᠨᠢᠬᠳᠠᠰᠢ ᠦᠭᠡᠢ ᠪᠣᠯᠪᠠ᠃ ᠵᠢᠷᠭᠠᠯᠳᠦ ᠠᠮᠢᠳᠣᠷᠠᠯ ᠳᠠᠭᠠᠨ ᠰᠡᠳᠭᠢᠯ ᠬᠠᠨᠭ᠍ᠬᠤᠯᠤᠭᠤᠨ ᠶᠠᠪᠣᠵᠦ ᠪᠠᠶᠢᠭ᠎ᠠ ᠬᠦᠮᠦᠨ ᠵᠣᠨ ᠢ ᠬᠠᠷᠠᠬᠤ ᠪᠦᠷᠢ ᠯᠡ ︽ᠮᠦᠡᠭᠬᠡ ᠶᠢᠨ ᠠᠮᠢᠳᠣᠷᠠᠯ ᠭᠡᠵᠦ ᠪᠠᠶᠢᠬᠤ ᠠᠴᠠ ᠪᠢᠰᠢ᠂ ᠮᠦᠡᠭᠬᠡ ᠶᠢᠨ ᠶᠠᠭᠤᠮ᠎ᠠ ᠭᠡᠵᠦ ᠬᠠᠮᠢᠭ᠎ᠠ ᠠᠴᠠ ᠪᠠᠶᠢᠬᠤ ᠪᠣᠢ ᠪᠦᠭᠡᠷ᠎ᠡ ᠡ︕ ᠡᠩᠭᠡ ᠲᠠᠶᠢᠪᠤᠡᠭ ᠪᠣᠯ ᠡᠷᠬᠢᠮ ᠵᠢᠷᠭᠠᠯ ᠶᠣᠮ ᠰᠢᠦ︕︾ ᠭᠡᠵᠦ ᠬᠦᠡᠭᠭᠢᠨᠡᠭᠰᠡᠨ ᠬᠤᠭᠤᠯᠠᠢ ᠪᠠᠷ ᠬᠦᠨᠳᠦᠬᠡᠨ ᠰᠣᠷᠭᠠᠯ ᠬᠠᠶᠢᠷᠠᠯᠠᠵᠦ ᠪᠠᠶᠢᠬᠰᠠᠨ ᠨᠣᠳᠤᠬ ᠤᠨ ᠨᠢᠭᠡᠨ ᠪᠣᠭᠤᠷᠣᠯ ᠡᠪᠦᠭᠡᠨ ᠤ ᠲᠦᠷᠢ ᠲᠣᠳᠣᠷᠠᠬᠤ ᠰᠢᠬ ᠪᠣᠯᠣᠨ᠎ᠠ᠃ ᠪᠠᠯᠴᠢᠷ ᠨᠠᠰᠣᠨ ᠤ ᠮᠢᠨᠢ ᠣᠢ ᠲᠠᠷᠢᠬᠢᠨ ᠳᠤ ᠡᠩᠭᠡ ᠶᠢᠨ ᠲᠣᠬᠠᠢ ᠡᠭᠦᠷᠢᠳᠡ ᠶᠢᠨ ᠰᠡᠳᠦᠪ ᠢ ᠲᠡᠯᠭᠡᠵᠦ ᠪᠠᠶᠢᠬᠰᠠᠨ ᠡᠨᠡ ᠬᠦ ᠡᠪᠦᠭᠡᠨ ᠢ ᠨᠣᠳᠤᠬ ᠤᠨ ᠬᠦᠮᠦᠰ ︽ᠡᠪᠦᠭᠡᠨ ᠴᠡᠷᠢᠭ︾ ᠭᠡᠵᠦ ᠶᠠᠷᠢᠭᠠᠳ ᠯᠡ ᠵᠠᠩᠰᠢᠪᠠ᠃      ᠡᠪᠦᠭᠡᠨ ᠴᠡᠷᠢᠭ ᠭᠡᠵᠦ ᠦᠨᠡᠨ ᠳᠡᠭᠡᠨ ᠲᠦᠷᠪᠡᠳᠦᠭᠡᠷ ᠡᠪᠦᠭᠡ ᠶᠢᠨ ᠬᠤᠴᠢ ᠨᠡᠷ᠎ᠡ ᠪᠠᠶᠢᠵᠠᠢ᠃ ᠲᠦᠷᠪᠡᠳᠦᠭᠡᠷ ᠡᠪᠦᠭᠡ ᠶᠢᠨ ︽ᠠᠮᠧᠷᠢᠺᠡ ᠶᠢ ᠡᠰᠡᠷᠭᠦᠴᠡᠵᠦ ᠰᠣᠯᠣᠩᠭᠤᠰ ᠢ ᠲᠣᠰᠠᠯᠠᠬᠤ ᠲᠠᠶᠢᠨ︾ ᠳᠤ ᠣᠷᠣᠯᠴᠠᠬᠰᠠᠨ ᠲᠣᠬᠠᠢ ᠵᠣᠭᠤᠬ ᠢ ᠠᠪᠠᠭ᠎ᠠ ᠨᠠᠷ ᠪᠠᠭ᠎ᠠ ᠰᠠᠭ᠎ᠠ ᠬᠠᠭᠤᠴᠢᠯᠠᠳᠠᠬ ᠪᠣᠯᠪᠠᠴᠦ ᠲᠠᠶᠢᠨ ᠳᠤ ᠣᠷᠣᠯᠴᠠᠭᠠᠳ ᠬᠢᠷᠢ ᠵᠡᠷᠭᠡ ᠪᠠᠶᠢᠯᠳᠣᠵᠦ ᠬᠡᠷᠭᠢᠵᠦ ᠪᠠᠭᠠᠳᠣᠷᠯᠠᠬᠰᠠᠨ ᠲᠣᠬᠠᠢ ᠮᠡᠳᠡᠬᠦ ᠬᠦᠮᠦᠨ ᠴᠦᠬᠡᠨ᠃ ᠶᠠᠭᠤ ᠴᠦ ᠭᠡᠰᠡᠨ ᠲᠦᠷᠪᠡᠳᠦᠭᠡᠷ ᠡᠪᠦᠭᠡ ᠶᠢᠨ ᠡᠪᠴᠢᠭᠦᠦ ᠲᠠᠪᠠᠮ᠎ᠠ ᠣᠷᠳᠣ ᠰᠠᠬᠠᠯ᠂ ᠬᠦᠡᠭᠭᠢᠨᠡᠭᠰᠡᠨ ᠪᠦᠳᠦᠭᠦᠨ ᠬᠤᠭᠤᠯᠠᠢ᠂ ᠬᠦᠳᠡᠷ ᠪᠦᠳᠦᠭᠦᠨ ᠪᠡᠶ᠎ᠡ ᠶᠢ ᠨᠢ ᠬᠠᠷᠠᠬᠤ ᠪᠦᠷᠢ ᠯᠡ ᠡᠨᠡ ᠬᠦᠮᠦᠨ ᠡᠷᠳᠡ ᠴᠠᠬ ᠲᠤ ᠪᠠᠶᠢᠬᠰᠠᠨ ᠪᠣᠯ ᠲᠦᠮᠡᠨ ᠴᠡᠷᠢᠭ ᠢ ᠵᠠᠬᠢᠷᠬᠤ ᠲᠡᠷᠢᠭᠦᠨ ᠵᠠᠩᠵᠣᠨ ᠪᠣᠯᠬᠤ ᠦᠭᠡᠢ ᠴᠦ ᠭᠡᠰᠡᠨ ᠮᠢᠩᠭᠠᠨ ᠴᠡᠷᠢᠭ ᠢ ᠪᠣᠯ ᠯᠠᠪᠳᠠᠭᠤᠨ ᠵᠠᠬᠢᠷᠴᠦ ᠲᠡᠶᠢᠯᠬᠦ ᠵᠠᠩᠵᠣᠨ ᠣᠳᠣᠨ ᠤ ᠬᠦᠮᠦᠨ ᠪᠠᠶᠢᠵᠠᠢ ᠭᠡᠵᠦ ᠪᠣᠳᠣᠵᠦ ᠠᠮᠵᠢᠳᠠᠬ᠃ ᠲᠡᠭᠦᠨ ᠤ ᠶᠠᠪᠣᠵᠦ ᠰᠠᠭᠤᠬᠤ᠂ ᠠᠮᠢᠳᠣᠷᠠᠵᠦ ᠣᠨᠳᠣᠷᠬᠤ ᠠᠷᠭ᠎ᠠ ᠬᠡᠯᠪᠡᠷᠢ ᠨᠢ ᠪᠣᠰᠣᠳ ᠬᠦᠮᠦᠨ ᠲᠠᠢ ᠦᠰᠦᠳ ᠦᠭᠡᠷ᠎ᠡ ᠰᠢᠭ ᠰᠠᠨᠠᠬᠳᠠᠭᠠᠳ ᠪᠠᠶᠢᠨ᠎ᠠ᠃ ᠵᠢᠱᠢᠶᠡᠯᠡᠭᠡᠳ ᠬᠡᠯᠡᠪᠡᠯ᠂ ᠵᠣᠨ ᠤ ᠠᠭᠠᠬᠢᠮ᠎ᠠ ᠬᠠᠯᠠᠭᠤᠨ ᠳᠤ ᠬᠦᠮᠦᠨ ᠪᠦᠬᠦᠨ ᠬᠠᠯᠠᠭᠤᠴᠠᠭᠠᠳ ᠡᠩᠭᠡᠷ ᠢᠶᠠᠨ ᠵᠠᠳᠠᠭᠠᠶᠢᠯᠠᠭᠠᠳ ᠶᠠᠪᠣᠵᠦ ᠪᠠᠶᠢᠬᠤ ᠳᠤ ᠲᠡᠷᠡ ᠬᠠᠷᠢᠨ ᠬᠠᠨᠴᠣᠢ᠂ ᠵᠠᠭᠠᠮ᠎ᠠ ᠶᠢᠨ ᠢᠶᠠᠨ ᠲᠣᠪᠴᠢᠨ ᠳᠤ ᠬᠦᠷᠳᠡᠯ᠎ᠡ ᠶᠠᠬᠰᠢᠷᠠᠳᠠᠯ᠎ᠠ ᠲᠣᠪᠴᠢᠯᠠᠴᠢᠬᠠᠭᠠᠳ ᠶᠠᠪᠣᠳᠠᠬ᠂ ᠠᠵᠢᠯ ᠨᠢ ᠬᠡᠳᠦᠢ ᠶᠠᠭᠠᠷᠠᠦ ᠪᠠᠶᠢᠬᠰᠠᠨ ᠴᠦ ᠬᠠᠮᠢᠶ᠎ᠠ ᠦᠭᠡᠢ ᠣᠷᠣ ᠲᠡᠪᠢᠰᠭᠡᠷ ᠢᠶᠠᠨ ᠵᠠᠪᠠᠯ ᠬᠠᠶᠢᠷᠴᠠᠬ ᠰᠢᠬ ᠲᠦᠷᠪᠡᠯᠵᠢᠨ ᠬᠤᠷᠢᠶᠠᠳᠠᠬ᠂ ᠨᠠᠰᠣ ᠠᠬᠢᠬᠰᠠᠨ ᠪᠠᠶᠢᠳᠠᠯ᠎ᠠ ᠲᠠᠶᠠᠬ ᠢᠶᠠᠨ ᠲᠣᠯᠵᠦ ᠶᠠᠪᠣᠬᠤ ᠦᠭᠡᠢ ᠬᠠᠷᠢᠨ ᠫᠣᠣ ᠰᠢᠬ ᠬᠦᠨᠳᠡᠯᠡᠨ ᠪᠠᠷᠢᠴᠢᠬᠠᠭᠠᠳ ᠬᠦᠳᠡᠯᠳᠡᠭ᠂ ᠲᠠᠶᠢᠨ ᠪᠠᠶᠢᠯᠳᠣᠭᠠᠨ ᠡᠭᠦᠰᠬᠦ ᠳᠤ ᠬᠦᠷᠪᠡᠯ ᠡᠬᠡ ᠣᠷᠣᠨ ᠤ ᠪᠠᠨ ᠡᠩᠬᠡ ᠲᠠᠶᠢᠪᠤᠡᠭ ᠤᠨ ᠲᠦᠯᠦᠭᠡ ᠲᠠᠬᠢᠭᠠᠳ ᠴᠡᠷᠢᠭ ᠲᠤ ᠶᠠᠪᠣᠬᠤ ᠳᠤ ᠪᠡᠯᠡᠭᠡᠨ ᠭᠡᠵᠦ ᠪᠡᠶ᠎ᠡ ᠪᠠᠨ ᠦᠨᠡᠯᠡᠳᠡᠭ ᠠᠴᠠ ᠨᠢ ᠦᠵᠡᠪᠡᠯ ᠲᠦᠷᠪᠡᠳᠦᠭᠡᠷ ᠡᠪᠦᠭᠡ ᠶᠢ ︽ᠡᠪᠦᠭᠡᠨ ᠴᠡᠷᠢᠭ︾ ᠭᠡᠵᠦ ᠨᠡᠷᠡᠯᠡᠭᠰᠡᠨ ᠨᠢ ᠶᠠᠬ ᠲᠣᠬᠢᠷᠠᠬᠰᠠᠨ ᠲᠠᠭᠤᠳᠠᠯᠭ᠎ᠠ ᠪᠠᠶᠢᠵᠦ ᠲᠠᠭᠠᠷᠠᠨ᠎ᠠ᠃ ᠬᠤᠴᠢ ᠨᠡᠷ᠎ᠡ ᠳᠤ ᠣᠯᠠᠩᠬᠢ ᠬᠦᠮᠦᠨ ᠲᠣᠷ᠎ᠠ ᠦᠭᠡᠢ ᠪᠣᠯᠪᠠᠴᠦ ᠲᠦᠷᠪᠡᠳᠦᠭᠡᠷ ᠡᠪᠦᠭᠡ ᠡᠨᠡ ᠬᠦ ᠬᠤᠴᠢ ᠨᠡᠷ᠎ᠡ ᠪᠠᠷ ᠢᠶᠠᠨ ᠶᠠᠭᠠᠬᠢᠬᠤ ᠶᠢᠨ ᠠᠷᠭ᠎ᠠ ᠦᠭᠡᠢ ᠲᠠᠭᠤᠳᠠᠭᠤᠯᠬᠤ ᠲᠣᠷᠠᠳᠠᠢ ᠰᠠᠨᠵᠠᠢ᠃ ᠵᠢᠯ ᠪᠦᠷᠢ ᠶᠢᠨ 8 ᠰᠠᠷ᠎ᠠ ᠶᠢᠨ 1 ᠪᠣᠯᠣᠭᠠᠳ ᠴᠡᠷᠢᠭ ᠤᠨ ᠭᠡᠷ ᠪᠦᠯᠢ ᠶᠢ ᠲᠣᠬᠤᠨᠢᠭᠤᠯᠬᠤ ᠦᠶᠡᠰ ᠯᠡ ᠲᠦᠷᠪᠡᠳᠦᠭᠡᠷ ᠡᠪᠦᠭᠡ ᠰᠠᠬᠠᠯ ᠢᠶᠠᠨ ᠰᠢᠪᠳᠣᠷᠠᠴᠢᠬᠠᠭᠠᠳ ︽ᠡᠪᠦᠭᠡᠨ ᠴᠡᠷᠢᠭ ᠪᠢ ᠴᠢᠨᠢ ᠁︾ ᠭᠡᠵᠦ ᠰᠡᠳᠭᠢᠯ ᠬᠠᠨᠭ᠍ᠬᠤᠯᠤᠭᠤᠨ ᠬᠡᠳᠦᠨ ᠡᠳᠦᠷ ᠬᠦᠯᠴᠦᠭᠦᠦ ᠶᠠᠪᠣᠳᠠᠬ᠃      ᠡᠪᠦᠭᠡᠨ ᠴᠡᠷᠢᠭ ᠤᠨ ᠵᠠᠩᠵᠣᠨ ᠪᠣᠯᠣᠬᠰᠠᠨ ᠡᠰᠡᠬᠦ ᠶᠢ ᠮᠡᠳᠡᠬᠦ ᠬᠦᠮᠦᠨ ᠴᠦᠬᠡᠨ ᠪᠣᠯᠪᠠᠴᠦ ᠬᠡᠨ ᠨᠢᠬᠡ ᠬᠦᠮᠦᠨ ︽ᠲᠠᠶᠢᠨ︾ ᠭᠡᠵᠦ ᠶᠠᠷᠢᠬᠤ ᠲᠠᠢ ᠯᠡ ᠵᠡᠷᠭᠡ ᠦᠰᠦ ᠰᠠᠬᠠᠯ ᠢᠶᠠᠨ ᠪᠣᠰᠬᠠᠵᠦ ᠣᠨᠳᠣᠭᠤᠴᠠᠵᠦ ᠠᠭᠤᠷᠯᠠᠳᠠᠬ ᠢ ᠨᠢ ᠮᠠᠩᠬᠠᠨ ᠠᠶᠢᠯ ᠤᠨ ᠲᠣᠮᠣᠴᠣᠣᠯ ᠪᠠᠶᠢᠳᠣᠭᠠᠢ ᠦᠯᠦᠭᠡᠢ ᠲᠠᠢ ᠬᠡᠦᠬᠡᠳ ᠨᠢ ᠬᠦᠷᠳᠡᠯ᠎ᠡ ᠲᠣᠪ ᠲᠣᠳᠣᠷᠬᠠᠢ ᠮᠡᠳᠡᠨ᠎ᠡ᠃      ᠲᠡᠷᠡ ᠦᠶᠡᠰ ᠮᠠᠨ ᠤ ᠬᠢᠨ ᠤ ᠶᠡᠬᠡᠰ ᠨᠢ ᠬᠡᠭᠡᠷ᠎ᠡ ᠲᠠᠷᠢᠶᠠᠨ ᠠᠵᠢᠯ ᠳᠠᠭᠠᠨ ᠭᠠᠷᠪᠠᠯ ᠬᠡᠦᠬᠡᠳ ᠨᠢ ᠭᠡᠷ ᠲᠡᠭᠡᠨ ᠦᠮᠦᠳᠦ ᠦᠭᠡᠢ ᠬᠠᠭᠠᠨ ᠪᠣᠯᠵᠦ ᠪᠦᠬᠦᠯᠢ ᠡᠳᠦᠷ ᠢᠶᠠᠷ ᠬᠡᠷ ᠢᠶᠠᠨ ᠰᠠᠬᠢᠵᠦ ᠪᠠᠶᠢᠨ᠎ᠠ ᠭᠡᠳ ᠲᠦᠢᠳᠭᠡᠷ ᠤᠨ ᠡᠵᠡᠨ ᠪᠣᠯᠳᠠᠬ ᠪᠣᠯᠪᠠᠴᠦ ᠦᠳᠡᠰᠢ ᠪᠣᠯᠬᠤ ᠬᠢᠷᠢᠨ᠎ᠡ ᠪᠡᠯᠴᠢᠭᠡᠷ ᠠᠴᠠ ᠪᠣᠴᠠᠬᠤ ᠦᠬᠡᠷ ᠮᠠᠯ ᠢᠶᠠᠨ ᠲᠣᠰᠴᠦ ᠠᠪᠣᠭᠠᠳ ᠪᠣᠰᠣᠳ ᠤᠨ ᠲᠠᠷᠢᠶ᠎ᠠ ᠲᠦᠮᠦᠰᠦ ᠶᠢ ᠲᠠᠯᠬᠢᠬᠳᠠᠭᠤᠯᠣᠯ ᠦᠭᠡᠢ ᠪᠠᠷ ᠬᠤᠷᠢᠵᠦ ᠬᠤᠳᠠᠯᠠᠭᠠᠳ ᠶᠡᠬᠡᠰ ᠲᠡᠭᠡᠨ ᠬᠠᠮᠵᠢᠶ᠎ᠠ ᠪᠣᠯᠳᠠᠬ ᠪᠠᠶᠢᠪᠠ᠃ ᠲᠡᠶᠢᠮᠦ ᠪᠣᠯᠬᠤᠷ ᠠᠷᠪᠠ ᠬᠦᠷᠦᠭᠰᠡᠨ ᠬᠦᠳᠡᠭᠡ ᠶᠢᠨ ᠬᠡᠦᠬᠡᠳ ᠢ ︽ᠡᠷᠦᠬᠡ ᠭᠡᠷ ᠤᠨ ᠢᠶᠠᠨ ᠬᠠᠭᠠᠰ ᠲᠣᠯᠭᠠᠭᠤᠷᠢ ᠪᠣᠯᠵᠠᠢ︾ ᠭᠡᠵᠦ ᠬᠡᠯᠡᠬᠦ ᠨᠢ ᠴᠦ ᠢᠯᠡᠭᠦᠳᠡᠮᠡᠷ ᠦᠭᠡ ᠪᠢᠰᠢ ᠪᠠᠶᠢᠵᠠᠢ᠃      ᠦᠳᠡᠰᠢ ᠶᠢᠨ ᠨᠠᠷᠠ ᠬᠤᠯᠠᠩ ᠰᠢᠬᠦᠷᠡᠬᠦ ᠦᠶ᠎ᠡ ᠪᠠᠷ ᠪᠢᠳᠡ ᠪᠣᠷᠭᠠᠰᠣᠨ ᠮᠣᠷᠢ ᠪᠠᠨ ᠬᠠᠳᠠᠷᠢᠭᠤᠯᠣᠬᠰᠠᠭᠠᠷ ᠠᠶᠢᠯ ᠤᠨ ᠠᠷᠣ ᠶᠢᠨ ᠯᠠᠬᠰᠠᠭᠠᠷ ᠣᠳᠠᠨ ᠤ ᠲᠣᠣᠷ᠎ᠠ ᠮᠠᠯ ᠲᠣᠰᠬᠤ ᠪᠠᠷ ᠴᠣᠬᠯᠠᠷᠠᠳᠠᠬ᠃ ᠨᠢᠭᠡᠨ ᠡᠳᠦᠷ ᠪᠢᠳᠡ ᠫᠣᠣ ᠂ ᠰᠣᠮᠣ᠂ ᠬᠢᠳᠤᠭ᠎ᠠ᠂ ᠵᠡᠪᠰᠡᠭ ᠭᠡᠵᠦ ᠬᠡᠰᠡᠭ ᠦᠢᠮᠡᠯᠳᠦᠭᠡᠳ ᠭᠤᠬᠢᠭᠠᠷ ᠮᠣᠳᠣ ᠪᠠᠷᠢᠵᠦ ᠦᠭᠡᠳᠡ ᠦᠭᠡᠳᠡ ᠠᠴᠠ ᠪᠠᠨ ᠫᠣᠣᠳᠠᠯᠴᠠᠨ ᠪᠠᠶᠢᠯᠳᠣᠭᠠᠨ ᠪᠣᠯᠵᠦ ᠲᠣᠬᠯᠠᠵᠦ ᠪᠠᠶᠢᠳᠠᠯ᠎ᠠ ᠡᠪᠦᠭᠡᠨ ᠴᠡᠷᠢᠭ ᠣᠷᠳᠣ ᠰᠠᠬᠠᠯ ᠢᠶᠠᠨ ᠢᠯᠪᠢᠯᠵᠡᠭᠦᠯᠦᠭᠰᠡᠭᠡᠷ ᠣᠳᠠ ᠮᠣᠳᠣᠨ ᠤ ᠲᠣᠣᠷ᠎ᠠ ᠵᠠᠯᠠᠷᠠᠨ ᠢᠷᠡᠭᠡᠳ ᠪᠢᠳᠡᠨ ᠤ ᠲᠣᠬᠯᠠᠵᠦ ᠪᠠᠶᠢᠬᠰᠠᠨ ᠢ ᠬᠡᠰᠡᠭ ᠬᠠᠷᠠᠵᠦ ᠰᠠᠭᠤᠬᠰᠠᠨ ᠢᠶᠠᠨ ᠭᠡᠨᠡᠳᠳᠡ ︽ᠮᠠᠭᠤ ᠰᠢᠷ᠎ᠠ ᠰᠠᠷᠢᠮᠰᠠᠬ ᠤᠳ ᠡ︕ ᠪᠢᠴᠢᠭ ᠨᠣᠮ ᠰᠣᠷᠬᠤ ᠦᠭᠡᠢ ᠬᠠᠷᠢᠨ ᠲᠠᠶᠢᠨ ᠪᠠᠶᠢᠯᠳᠣᠭᠠᠨ ᠭᠡᠵᠦ ᠦᠢᠮᠡᠯᠳᠦᠭᠡᠳ︾ ᠭᠡᠵᠦ ᠣᠷᠳᠦ ᠲᠠᠶᠠᠬ ᠢᠶᠠᠨ ᠲᠡᠭᠡᠷ᠎ᠡ ᠡᠷᠭᠦᠵᠦ ᠬᠦᠮᠦᠰᠭᠡ ᠰᠠᠬᠠᠯ ᠢᠶᠠᠨ ᠰᠡᠬᠦ᠋ᠢᠯᠭᠡᠨ ᠵᠠᠩᠨᠠᠬᠤ ᠨᠢ ᠶᠠᠬ ᠯᠡ ᠦᠷᠯᠦᠭ ᠵᠠᠩᠵᠣᠨ ᠲᠠᠶᠢᠨ ᠤ ᠭᠠᠯ ᠵᠦᠭ ᠢᠯᠳᠦ ᠲᠠᠯᠠᠶᠢᠨ ᠣᠷᠣᠬᠤ ᠳᠤ ᠪᠡᠯᠡᠬᠡᠨ ᠪᠣᠯᠣᠬᠰᠠᠨ ᠰᠢᠬ ᠬᠠᠷᠠᠬᠳᠠᠬᠤ ᠪᠠᠷ ᠡᠪᠦᠭᠡᠨ ᠴᠡᠷᠢᠭ ᠤᠨ ᠰᠦᠷ ᠭᠡᠷᠡᠯ ᠠᠴᠠ ᠰᠦᠰᠦ ᠪᠠᠨ ᠬᠡᠮᠬᠡᠷᠡᠳᠡᠯ᠎ᠡ ᠠᠶᠣᠬᠰᠠᠨ ᠪᠢᠳᠡ ᠨᠢᠰᠣ ᠪᠠᠨ ᠬᠤᠷᠴᠢᠭᠢᠨᠠᠳᠠᠯ᠎ᠠ ᠲᠠᠳᠠᠬᠰᠠᠭᠠᠷ ᠣᠳᠠ ᠮᠣᠳᠣᠨ ᠤ ᠲᠣᠣᠷ᠎ᠠ ᠴᠣᠬᠯᠠᠷᠠᠵᠦ ᠲᠠᠭᠤᠨ ᠦᠭᠡᠢ ᠲᠣᠮᠪᠤᠶᠢᠨ ᠰᠠᠭᠤᠵᠠᠭᠠᠪᠠ᠃ ᠰᠣᠨᠣᠰᠣᠯᠳᠠ ᠪᠠᠷ᠂ ᠡᠪᠦᠭᠡᠨ ᠴᠡᠷᠢᠭ ᠵᠢᠷᠠᠭᠠᠳ ᠣᠨ ᠤ ᠦᠶᠡᠰ ᠡᠷᠦᠬᠡ ᠶᠢᠨ ᠴᠡᠷᠢᠭ ᠤᠨ ᠰᠣᠷᠭᠠᠬᠴᠢ ᠪᠠᠶᠢᠬᠤ ᠳᠠᠭᠠᠨ ᠴᠡᠷᠢᠭ ᠤᠨ ᠰᠠᠬᠢᠯᠭ᠎ᠠ ᠶᠢ ᠴᠢᠩᠭᠠᠳᠬᠠᠬᠤ ᠭᠡᠵᠦ ᠰᠣᠷᠭᠠᠭᠤᠯᠢᠯᠠᠯ ᠬᠢᠵᠦ ᠪᠠᠶᠢᠬᠰᠠᠨ ᠦᠪᠡᠷ ᠤᠨ ᠬᠦᠦ ᠶᠢᠨ ᠢᠶᠠᠨ ᠬᠦᠯ ᠢ ᠲᠡᠮᠦᠷ ᠭᠠᠷᠨᠠᠳᠠ ᠪᠠᠷ ᠬᠤᠭᠤ ᠴᠣᠬᠢᠵᠦ ᠦᠡᠭᠭᠡᠷᠡᠭᠰᠡᠨ ᠶᠣᠮ ᠭᠡᠨ᠎ᠡ ᠰᠢᠦ᠃ ᠡᠶᠢᠮᠦ ᠭᠠᠯᠵᠠᠭᠤ ᠡᠪᠦᠭᠡᠨ ᠲᠠᠢ ᠡᠰᠡᠷᠭᠦᠴᠡᠯᠳᠦᠭᠡᠳ ᠠᠮᠠᠨ ᠰᠢᠷ᠎ᠠ ᠮᠢᠨᠢ ᠴᠦ ᠠᠷᠢᠯᠤᠭ᠎ᠠ ᠦᠭᠡᠢ ᠬᠡᠦᠬᠡᠳ ᠪᠢᠳᠡᠨ ᠳᠤ ᠰᠠᠶᠢᠨ ᠪᠣᠯᠣᠭᠠᠳ ᠬᠠᠮᠢᠭ᠎ᠠ ᠪᠠᠨ ᠬᠦᠷᠬᠦ ᠪᠣᠢ᠃ ᠲᠡᠷᠡ ᠡᠳᠦᠷ ᠠᠴᠠ ᠬᠤᠶᠢᠰᠢ ᠪᠢᠳᠡ ᠡᠪᠦᠭᠡᠨ ᠴᠡᠷᠢᠭ ᠪᠠᠶᠢᠬᠤ ᠦᠭᠡᠢ ᠦᠶᠡᠰ ᠲᠤ ᠯᠡ ᠲᠠᠶᠢᠨ ᠪᠠᠶᠢᠯᠳᠣᠭᠠᠨ ᠭᠡᠵᠦ ᠲᠣᠬᠯᠠᠳᠠᠬ ᠪᠣᠯᠪᠠᠴᠦ ᠡᠪᠦᠭᠡᠨ ᠴᠡᠷᠢᠭ ᠤᠨ ᠪᠠᠷ᠎ᠠ ᠬᠠᠷᠠᠬᠳᠠᠬᠤ ᠲᠠᠢ ᠵᠡᠷᠭᠡ ︽ᠴᠡᠷᠢᠭ ᠢᠷᠡᠯ᠎ᠡ᠂ ᠴᠡᠷᠢᠭ ᠢᠷᠡᠯ᠎ᠡ᠂ ᠡᠪᠦᠭᠡᠨ ᠴᠡᠷᠢᠭ ᠢᠷᠡᠯ᠎ᠡ︕︾ ᠭᠡᠵᠦ ᠬᠠᠰᠭᠢᠷᠣᠯᠳᠣᠬᠰᠠᠭᠠᠷ ᠣᠳᠠ ᠮᠣᠳᠣᠨ ᠤ ᠪᠠᠨ ᠰᠡᠭᠦᠳᠡᠷ ᠵᠦᠭ ᠪᠣᠵᠢᠭᠢᠨᠠᠯᠳᠣᠨ ᠬᠦᠷᠦᠬᠡᠳ ᠶᠠᠮᠠᠷ ᠴᠦ ᠣᠴᠢᠷ ᠪᠣᠯᠤᠭ᠎ᠠ ᠦᠭᠡᠢ ᠶᠣᠮ ᠰᠢᠭ ᠣᠪᠯᠠᠨ ᠰᠠᠭᠤᠵᠠᠭᠠᠬᠤ ᠪᠣᠯᠪᠠ᠃ ᠲᠡᠷᠡ ᠬᠤᠷᠣᠮ ᠳᠤ᠂ ᠡᠨᠡ ᠡᠪᠦᠭᠡ ᠲᠠᠶᠢᠨ ᠡᠭᠦᠰᠪᠡᠯ ᠴᠡᠷᠢᠭ ᠲᠤ ᠣᠷᠣᠬᠤ ᠳᠤ ᠪᠡᠯᠡᠬᠡᠨ ᠭᠡᠵᠦ ᠣᠡᠭᠭᠢᠷᠠᠳᠠᠬ ᠪᠠᠶᠢᠬᠰᠠᠨ ᠢᠶᠠᠨ ᠶᠠᠭᠠᠬᠢᠭᠠᠳ ᠲᠠᠶᠢᠨ ᠢ ᠢᠡᠭᠭᠢᠳᠡᠯ᠎ᠡ ᠵᠢᠭᠰᠢᠳᠡᠭ ᠶᠣᠮ ᠪᠣᠢ︖ ᠡᠭᠦᠨ ᠢᠶᠠᠷ ᠦᠵᠡᠪᠡᠯ ᠡᠪᠦᠭᠡᠨ ᠴᠡᠷᠢᠭ ᠴᠢᠨᠢ ︽ᠣᠡᠭᠭᠢᠷᠠᠭ᠎ᠠ ᠡᠪᠦᠭᠡᠨ︾ ᠭᠡᠵᠦ ᠰᠡᠳᠭᠢᠵᠦ ᠴᠦ ᠠᠮᠵᠢᠳᠠᠬ ᠪᠠᠶᠢᠯ᠎ᠠ᠃ ᠬᠡᠵᠢᠶ᠎ᠡ ᠬᠤᠵᠢᠮ ᠨᠢ ᠶᠡᠭᠡ ᠰᠣᠷᠭᠠᠭᠤᠯᠢ ᠶᠢᠨ ᠣᠶᠣᠳᠠᠨ ᠪᠣᠯᠣᠭᠠᠳ ᠰᠠᠶ᠋ᠢ ᠡᠪᠦᠭᠡᠨ ᠴᠡᠷᠢᠭ ᠤᠨ ᠵᠠᠯᠠᠭᠤ ᠬᠠᠯᠠᠭᠤᠨ ᠨᠠᠰᠣᠨ ᠳᠠᠭᠠᠨ ᠰᠣᠯᠣᠩᠭᠤᠰ ᠢ ᠲᠣᠰᠠᠯᠠᠬᠤ ᠲᠠᠶᠢᠨ ᠳᠤ ᠪᠡᠶ᠎ᠡ ᠪᠠᠷ ᠢᠶᠠᠨ ᠣᠷᠣᠯᠴᠠᠬᠰᠠᠨ ᠦᠯᠢᠭᠡᠷ ᠣᠴᠠᠷᠠᠯ ᠤᠳ ᠢ ᠰᠣᠨᠣᠰᠣᠭᠠᠳ ᠡᠨᠡ ᠬᠦ ᠪᠣᠳᠣᠯ ᠢᠶᠠᠨ ᠦᠭᠡᠶᠢᠰᠭᠡᠬᠦ ᠪᠣᠯᠣᠬᠰᠠᠨ ᠶᠣᠮ᠃      ᠲᠦᠷᠪᠡᠳᠦᠭᠡᠷ ᠡᠪᠦᠭᠡ ᠢᠳᠡ ᠵᠠᠯᠠᠭᠤ ᠠᠷᠪᠠ ᠶᠢᠰᠦᠨ ᠨᠠᠰᠣᠨ ᠳᠠᠭᠠᠨ ︽ᠣᠯᠣᠰ ᠭᠡᠷ ᠤᠨ ᠢᠶᠠᠨ ᠲᠦᠯᠦᠭᠡ ᠦᠬᠦᠬᠦ ᠠᠴᠠ ᠪᠣᠴᠠᠬᠤ ᠦᠭᠡᠢ︾ ᠭᠡᠳᠡᠭ ᠠᠮᠠᠨ ᠲᠠᠩᠭᠠᠷᠢᠬ ᠢᠶᠠᠨ ᠡᠷᠭᠦᠵᠦ ᠪᠠᠶᠢᠭᠠᠳ ᠦᠶ᠎ᠡ ᠶᠢᠨ ᠵᠠᠯᠠᠭᠤᠰ ᠲᠠᠢ ᠪᠠᠨ ᠬᠠᠮᠳᠦ ᠰᠠᠶᠢᠨ ᠲᠣᠷ᠎ᠠ ᠶᠢᠨ ᠴᠡᠷᠢᠭ ᠤᠨ ᠲᠠᠮᠨᠠᠭᠤᠷᠴᠢᠨ ᠤ ᠠᠩᠬᠢ ᠳᠤ ᠡᠯᠰᠡᠭᠳᠡᠵᠦ᠂ ᠰᠣᠯᠣᠩᠭᠤᠰ ᠢ ᠲᠣᠰᠠᠯᠠᠬᠤ ᠲᠠᠶᠢᠨ ᠤ ᠡᠮᠦᠨ᠎ᠡ ᠹᠷᠣᠨᠲ ᠢ ᠴᠢᠭᠯᠡᠨ ᠮᠣᠷᠳᠠᠪᠠ᠃ ᠲᠡᠳᠡ ᠰᠦᠷ ᠵᠢᠪᠬᠤᠯᠠᠩᠳᠠᠢ ᠪᠠᠷ ᠵᠢᠷᠣᠮ ᠤᠨ ᠴᠡᠷᠢᠭ ᠤᠨ ᠣᠷᠣᠬᠰᠢᠯᠠᠬᠤ ᠲᠠᠭᠤᠣ ᠪᠠᠨ ᠲᠠᠭᠤᠯᠠᠵᠦ ᠶᠠᠯᠣ ᠮᠦᠷᠡᠨ ᠢ ᠭᠡᠳᠦᠯᠪᠡ᠃ ᠲᠡᠳᠡ ᠲᠠᠶᠢᠨ ᠤ ᠡᠮᠦᠨ᠎ᠡ ᠹᠷᠣᠨᠲ ᠲᠤ ᠬᠦᠷᠴᠦ ᠲᠡᠰᠦᠷᠡᠬᠦ ᠪᠦᠮᠪᠦᠭᠡ ᠭᠠᠯᠳᠦ ᠰᠣᠮᠣᠨ ᠤ ᠲᠣᠮᠳᠠᠭᠤᠷ ᠰᠢᠷᠭᠤᠯᠠᠨ ᠭᠦᠶᠦᠵᠦ ᠲᠤᠭ᠎ᠠ ᠦᠭᠡᠢ ᠣᠯᠠᠨ ᠰᠢᠷᠬᠠᠳᠣᠬᠰᠠᠨ ᠪᠠᠶᠢᠯᠳᠣᠬᠴᠢ ᠶᠢ ᠲᠠᠮᠨᠠᠨ ᠭᠦᠶᠦᠪᠡ᠃      ᠲᠠᠶᠢᠨ ᠲᠠᠭᠤᠰᠪᠠ᠃      ᠲᠦᠷᠪᠡᠳᠦᠭᠡᠷ ᠡᠪᠦᠭᠡ ᠪᠣᠴᠠᠵᠦ ᠢᠷᠡᠭᠰᠡᠨ ᠪᠣᠯᠪᠠᠴᠦ ᠲᠡᠭᠦᠨ ᠲᠠᠢ ᠬᠠᠮᠳᠦ ᠲᠠᠶᠢᠨ ᠳᠤ ᠶᠠᠪᠣᠬᠰᠠᠨ ᠦᠶ᠎ᠡ ᠶᠢᠨ ᠵᠠᠯᠠᠭᠤᠰ ᠠᠴᠠ ᠨᠢ ᠬᠡᠳᠦᠬᠡᠨ ᠬᠦᠮᠦᠨ ᠪᠣᠴᠠᠵᠦ ᠢᠷᠡᠭᠰᠡᠨ ᠨᠢ ᠬᠠᠷᠠᠮᠰᠠᠯᠳᠠᠢ᠃ ᠠᠶᠣᠯᠳᠦ ᠲᠠᠶᠢᠨ ᠤ ᠲᠣᠮᠳᠠ ᠶᠠᠮᠠᠷ ᠰᠢᠦᠬᠠᠨ ᠰᠡᠳᠭᠢᠯ ᠡᠪᠬᠡᠷᠡᠭᠦᠯᠦᠮ᠎ᠡ ᠤᠴᠠᠷᠠᠯ ᠲᠣᠬᠢᠶᠠᠯᠳᠣᠬᠰᠠᠨ᠂ ᠬᠢᠷᠢ ᠵᠡᠷᠭᠡ ᠶᠢᠨ ᠵᠢᠷᠦᠬᠡ ᠰᠢᠨᠡᠯᠭᠠᠮ᠎ᠠ ᠦᠯᠢᠭᠡᠷ ᠡᠭᠦᠰᠴᠦ ᠦᠡᠭᠭᠡᠷᠡᠭᠰᠡᠨ ᠭᠡᠳᠡᠭ ᠢ ᠲᠦᠷᠪᠡᠳᠦᠭᠡᠷ ᠡᠪᠦᠭᠡ ᠯᠡ ᠦᠪᠡᠷᠳᠡᠭᠡᠨ ᠮᠡᠳᠡᠨ᠎ᠡ᠃ ᠶᠠᠭᠤ ᠴᠦ ᠭᠡᠰᠡᠨ ᠲᠡᠷᠡ ᠡᠬᠡ ᠣᠯᠣᠰ ᠤᠨ ᠢᠶᠠᠨ ᠦᠨᠦᠳᠦᠷ ᠤᠨ ᠡᠩᠭᠡ ᠲᠠᠶᠢᠪᠤᠡᠭ ᠢ ᠠᠪᠴᠢᠷᠠᠬᠤ ᠶᠢᠨ ᠲᠦᠯᠦᠭᠡ ᠬᠠᠨᠢ ᠨᠦᠬᠦᠳ ᠢᠶᠠᠨ ᠲᠠᠮᠨᠠᠵᠦ᠂ ᠬᠠᠯᠠᠭᠤᠨ ᠠᠮᠢ ᠪᠠᠨ ᠦᠷᠡᠭᠳᠡᠭᠦᠯᠦᠭᠰᠡᠨ ᠲᠠᠶᠢᠴᠢᠨ ᠡᠷᠡᠰ ᠤᠨ ᠬᠡᠭᠦᠷ ᠢ ᠡᠭᠦᠷᠴᠦ᠂ ᠦᠢ ᠣᠯᠠᠨ ᠪᠠᠶᠢᠯᠳᠣᠬᠴᠢ ᠲᠠᠶᠢᠨ ᠤ ᠲᠣᠮᠳᠠ ᠵᠠᠯᠠᠭᠤ ᠬᠠᠯᠠᠭᠤᠨ ᠨᠠᠰᠣ ᠪᠠᠨ ᠦᠷᠡᠭᠳᠡᠭᠦᠯᠵᠦ ᠪᠠᠶᠢᠭ᠎ᠠ ᠶᠢ ᠲᠣᠪ ᠲᠣᠳᠣᠷᠬᠠᠢ ᠬᠠᠷᠠᠵᠦ ᠦᠡᠭᠭᠡᠷᠡᠪᠡ᠃ ᠲᠡᠷᠡ ᠪᠣᠴᠠᠵᠦ ᠢᠷᠡᠭᠰᠡᠨ ᠪᠣᠯᠪᠠᠴᠦ ᠲᠠᠶᠢᠴᠢᠨ ᠬᠠᠨᠢ ᠨᠠᠷ ᠤᠨ ᠢᠶᠠᠨ ᠡᠴᠢᠭᠡ ᠡᠬᠡᠴᠦᠦᠯ ᠲᠠᠢ ᠣᠴᠠᠷᠠᠬᠤ ᠠᠴᠠ ᠰᠢᠷᠬᠢᠷᠡᠨ᠎ᠡ᠃ ᠵᠠᠷᠢᠮ ᠤᠨ ᠬᠢᠨᠢ ᠬᠡᠭᠦᠷ ᠴᠢᠨᠳᠠᠷ ᠢ ᠨᠢ ᠴᠦ ᠣᠯᠣᠬᠰᠠᠨ ᠦᠭᠡᠢ ᠶᠣᠮ ᠴᠢᠨᠢ ᠡᠴᠢᠭᠡ ᠡᠬᠡ ᠲᠠᠢ ᠨᠢ ᠣᠴᠠᠷᠠᠭᠠᠳ ᠶᠠᠭᠤ ᠪᠠᠨ ᠭᠡᠵᠦ ᠬᠡᠯᠡᠨ᠎ᠡ ᠳ᠋ᠠ ᠁      ᠲᠡᠷᠡ ᠲᠠᠶᠢᠨ ᠲᠠᠵᠢᠨ ᠢ ᠵᠢᠭᠰᠢᠬᠦ ᠪᠣᠯᠪᠠ᠃      ᠬᠡᠴᠢᠨᠡᠬᠡᠨ ᠣᠯᠠᠨ ᠡᠴᠢᠭᠡ ᠡᠬᠡᠴᠦᠦᠯ ᠤᠨ ᠪᠦᠯᠢᠶᠡᠨ ᠨᠢᠯᠪᠣᠰᠣ᠂ ᠬᠡᠴᠢᠨᠡᠬᠡᠨ ᠣᠯᠠᠨ ᠠᠷᠤᠤᠬᠠᠨ ᠪᠠᠭᠠᠳᠤᠷᠴᠤᠳ ᠤᠨ ᠠᠯᠳᠠᠨ ᠠᠮᠢ ᠪᠠᠷ ᠢᠶᠠᠨ ᠰᠣᠯᠢᠵᠦ ᠠᠪᠴᠢᠷᠠᠬᠰᠠᠨ ᠦᠨᠦᠳᠦᠷ ᠢ ᠨᠠᠨᠳᠢᠩᠨᠠᠬᠤ ᠳᠠᠭᠠᠨ ᠲᠡᠷᠡ ᠡᠩᠭᠡ ᠲᠠᠶᠢᠪᠤᠡᠭ ᠭᠡᠳᠡᠭ ᠢ ᠡᠭᠦᠷᠢᠳᠡ ᠨᠠᠨᠳᠢᠩᠨᠠᠬᠤ ᠰᠡᠳᠦᠪ ᠪᠣᠯᠭᠠᠵᠦ᠂ ᠪᠠᠭᠠᠳᠣᠷᠯᠠᠵᠦ ᠶᠠᠪᠣᠬᠰᠠᠨ ᠦᠢᠯᠡ ᠶᠠᠪᠣᠳᠠᠯ ᠢᠶᠠᠨ ᠮᠠᠵᠣᠣᠯᠠᠬᠤ ᠠᠴᠠ ᠬᠢᠴᠢᠶᠡᠵᠦ᠂ ᠲᠠᠶᠢᠨ ᠲᠠᠵᠢᠨ ᠭᠡᠪᠡᠯ ᠠᠭᠤᠷᠯᠠᠨ ᠣᠨᠳᠣᠭᠤᠴᠠᠵᠦ᠂ ᠲᠠᠮᠣ ᠶᠢᠨ ᠪᠡᠷᠬᠡ ᠶᠢᠨ ᠲᠠᠷᠢᠶᠠᠴᠢᠨ ᠠᠮᠢᠳᠣᠷᠠᠯ ᠳᠠᠭᠠᠨ ᠵᠢᠳᠭᠦᠭᠰᠡᠭᠡᠷ ᠪᠠᠶᠢᠵᠦ ᠡᠪᠦᠭᠡᠷᠡᠭᠡᠳ ︽ᠡᠪᠦᠭᠡᠨ ᠴᠡᠷᠢᠭ︾ ᠭᠡᠳᠡᠭ ᠬᠤᠴᠢ ᠲᠠᠢ ᠪᠣᠯᠵᠠᠢ᠃      ᠣᠨ ᠵᠢᠯ ᠬᠠᠷᠪᠣᠬᠤ ᠰᠣᠯᠢᠷ ᠬᠠᠳᠠᠷᠢᠬᠤ ᠮᠣᠷᠢ ᠰᠢᠬ ᠬᠤᠷᠳᠣᠬᠠᠨ ᠦᠡᠭᠭᠡᠷᠡᠭᠰᠨᠭᠡᠷ ᠬᠡᠦᠬᠡᠳ ᠨᠠᠰᠣ ᠮᠠᠨᠢ ᠭᠠᠷ ᠲᠠᠯᠠᠯᠣᠨ ᠬᠤᠯᠠᠳᠠᠪᠠ᠃ ᠶᠡᠭᠡ ᠰᠣᠷᠭᠠᠭᠤᠯᠢ ᠪᠠᠨ ᠲᠡᠭᠦᠰᠭᠡᠬᠦ ᠲᠡᠷᠡ ᠵᠢᠯ ᠤᠨ ᠬᠠᠨᠭ᠍ᠰᠢ ᠪᠠᠷ ᠨᠣᠳᠤᠬ ᠲᠠᠭᠠᠨ ᠪᠣᠴᠠᠬᠤ ᠳᠤ ᠲᠡᠭᠡᠳᠦᠰ ᠤᠨ ᠪᠤᠩᠬᠤᠨ ᠳᠤ ᠨᠢᠭᠡᠨ ᠰᠢᠨᠡᠬᠡᠨ ᠪᠣᠯᠠᠰᠢ ᠨᠡᠮᠡᠭᠳᠡᠴᠢᠬᠡᠭᠡᠳ ᠪᠠᠶᠢᠪᠠ᠃ ᠠᠪᠤ ᠠᠴᠠ ᠰᠣᠨᠣᠰᠬᠤ ᠳᠤ ᠲᠦᠷᠪᠡᠳᠦᠭᠡᠷ ᠡᠪᠦᠭᠡ ᠶᠢᠨ ᠮᠢᠨᠢ ᠪᠤᠩᠬᠤᠨ ᠶᠣᠮ ᠭᠡᠨ᠎ᠡ᠃ ᠲᠦᠷᠪᠡᠳᠦᠭᠡᠷ ᠡᠪᠦᠭᠡ ᠮᠠᠨᠢ ᠡᠩᠭᠡ ᠲᠠᠶᠢᠪᠤᠡᠭ ᠭᠡᠳᠡᠭ ᠡᠭᠦᠷᠢᠳᠡ ᠶᠢᠨ ᠰᠡᠳᠦᠪ ᠢ ᠵᠢᠷᠦᠬᠡᠨ ᠳᠡᠭᠡᠨ ᠰᠡᠶᠢᠯᠵᠦ ᠶᠠᠪᠣᠬᠰᠠᠭᠠᠷ ᠪᠠᠶᠢᠵᠦ ᠨᠠᠰᠣ ᠪᠠᠨ ᠡᠯᠡᠭᠡᠭᠰᠡᠨ ᠵᠢᠩᠭᠢᠨᠢ ᠴᠡᠷᠢᠭ ᠬᠦᠮᠦᠨ ᠪᠠᠶᠢᠵᠠᠢ ᠭᠡᠵᠦ ᠪᠣᠳᠣᠬᠤ ᠠᠴᠠ ᠡᠯᠢᠭᠡ ᠵᠢᠷᠦᠬᠡ ᠮᠢᠨᠢ ᠡᠮᠳᠡᠷᠡᠵᠦ ᠡᠩᠭᠡᠷ ᠣᠷᠣᠭᠤ ᠬᠠᠯᠠᠭᠤᠨ ᠨᠢᠯᠪᠣᠰᠣ ᠮᠢᠨᠢ ᠪᠦᠮᠪᠦᠷᠢᠯ᠎ᠡ᠃      ᠡᠳᠦᠷ ᠬᠤᠨᠤᠬ ᠤᠨ ᠦᠡᠭᠭᠡᠷᠡᠬᠦ ᠶᠢ ᠲᠠᠭᠠᠯᠳᠣᠨ ᠡᠪᠦᠭᠡᠨ ᠴᠡᠷᠢᠭ ᠤᠨ ᠲᠣᠬᠠᠢ ᠦᠯᠢᠭᠡᠷ ᠤᠳ ᠬᠦᠮᠦᠰ ᠤᠨ ᠣᠢ ᠲᠠᠷᠢᠬᠢᠨ ᠠᠴᠠ ᠠᠷᠴᠢᠬᠳᠠᠵᠦ ᠡᠬᠢᠯᠡᠪᠡ᠃ ᠭᠡᠪᠡᠴᠦ ᠨᠡᠶᠢᠭᠡᠮ ᠠᠬᠤᠢ ᠰᠢᠨᠡᠳᠦᠨ ᠬᠤᠪᠢᠷᠠᠭᠠᠳ ᠠᠷᠠᠳ ᠲᠦᠮᠡᠨ ᠮᠠᠨᠢ ᠪᠠᠶᠠᠵᠢᠨ ᠴᠢᠨᠡᠭᠡᠯᠢᠭᠵᠢᠯ᠎ᠡ᠃ ᠡᠩᠬᠡ ᠲᠠᠶᠢᠪᠤᠡᠭ ᠴᠠᠬ ᠡᠷᠢᠨ ᠭᠡᠭᠴᠢ ᠬᠡᠴᠢᠨᠡᠬᠡᠨ ᠰᠠᠶᠢᠬᠠᠨ ᠠᠵᠢ᠃ ᠡᠨᠡ ᠪᠦᠬᠦᠨ ᠢ ᠬᠠᠷᠠᠬᠤ ᠪᠦᠷᠢ ᠯᠡ ᠡᠪᠦᠭᠡᠨ ᠴᠡᠷᠢᠭ ᠮᠢᠨᠢ ᠦᠭᠡᠶᠢᠯᠡᠭᠳᠡᠵᠦ ᠮᠠᠩᠬᠠᠨ ᠪᠡᠷᠬᠡ ᠠᠴᠠ ᠴᠣᠣᠷᠢᠶᠠᠯᠠᠨ ᠢᠷᠡᠬᠦ ᠬᠡᠦᠬᠡᠳ ᠤᠨ ᠴᠠᠩᠭᠢᠨᠠᠮ᠎ᠠ ᠲᠠᠭᠤᠨ ᠠᠬᠢᠭᠠᠳ ᠰᠣᠨᠣᠰᠳᠠᠬᠤ ᠰᠢᠬ ᠪᠣᠯᠣᠨ᠎ᠠ᠃      ᠴᠡᠷᠢᠭ ᠢᠷᠡᠯ᠎ᠡ᠂ ᠴᠡᠷᠢᠭ ᠢᠷᠡᠯ᠎ᠡ᠂ ᠡᠪᠦᠬᠡᠨ ᠴᠡᠷᠢᠭ ᠢᠷᠡᠯ᠎ᠡ︕
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号