ᠮᠦᠩᠭᠡ ᠶᠢᠨ ᠡᠭᠡ ᠤᠷᠤᠨ ᠮᠢᠨᠦ
ᠨᠡᠶᠢᠲᠡᠯᠡᠭᠰᠡᠨ ᠴᠠᠭ᠄
2020/8/20
          ᠮᠦᠩᠭᠡ ᠶᠢᠨ ᠡᠭᠡ ᠤᠷᠤᠨ ᠮᠢᠨᠦ                          ᠵᠣᠬᠢᠶᠠᠭᠴᠢ᠄ ᠰ᠊ · ᠪᠦᠬᠡᠴᠢᠯᠠᠭᠤ      ︽ᠴᠠᠰᠤᠳᠤ ᠬᠠᠶᠢᠷᠬᠠᠨ᠂ ᠬᠦᠪᠴᠢ ᠬᠠᠩᠭᠠᠢ᠂ ᠡᠯᠡᠰᠦ ᠮᠠᠩᠬ᠎ᠠ      ᠴᠠᠭ ᠤᠨ ᠤᠷᠳᠤ ᠳᠤ ᠬᠤᠪᠢᠷᠠᠭ᠎ᠠ ᠦᠭᠡᠢ ᠡᠭᠡᠯ ᠲᠦᠷᠬᠦ ᠲᠠᠢ      ᠠᠭᠤᠯᠠ ᠤᠰᠤ᠂ ᠤᠷᠭᠤᠮᠠᠯ ᠠᠮᠢᠳᠠᠨ᠂ ᠪᠤᠭᠤᠷᠤᠯ ᠲᠡᠭᠡᠳᠦᠰ ᠮᠢᠨᠢ      ᠤᠷᠳᠤ ᠶᠢᠨ ᠲᠠᠭᠤᠤ᠂ ᠬᠦᠯᠦᠭ ᠤᠨ ᠲᠤᠭᠤᠰᠤ ᠲᠠᠢ ᠡᠭᠡ ᠤᠷᠤᠨ ᠮᠢᠨᠢ      ᠤᠯᠠᠨ ᠵᠠᠭᠤᠨ ᠤ ᠤᠩᠭᠤᠨ ᠰᠠᠯᠭᠢᠨ ᠳᠤ ᠡᠪᠡᠰᠦ ᠨᠢ ᠨᠠᠶᠢᠭᠤᠭᠠᠳ      ᠤᠨ ᠴᠠᠭ ᠤᠨ ᠤᠷᠳᠤ ᠳᠤ ᠠᠷᠢᠯᠤᠭ᠎ᠠ ᠦᠭᠡᠢ ᠰᠢᠷᠭᠠᠯ ᠲᠡᠦᠭᠡ ᠲᠠᠢ      ᠠᠭᠢᠨ ᠲᠦᠷᠦᠭᠡᠳ ᠵᠠᠭᠤ ᠵᠠᠭᠤᠨ ᠵᠢᠯ ᠠᠮᠢᠳᠤᠷᠠᠮᠠᠷ      ᠬᠤᠤᠰ ᠦᠭᠡᠢ ᠪᠠᠶᠠᠨ ᠢᠵᠢᠯᠢ ᠦᠭᠡᠢ ᠲᠠᠩᠰᠤᠬ ᠡᠭᠡ ᠤᠷᠤᠨ ᠮᠢᠨᠢ      ᠁      ᠡᠭᠦᠨ ᠠᠴᠠ ᠢᠯᠡᠬᠦᠦ ᠬᠠᠶᠢᠷᠠᠯᠠᠬᠤ ᠰᠢᠳᠦᠭᠡᠨ ᠦᠭᠡᠢ      ᠡᠭᠡ ᠤᠷᠤᠨ ᠠᠴᠠ ᠮᠢᠨᠢ ᠰᠠᠶᠢᠬᠠᠨ ᠨᠤᠳᠤᠭ ᠬᠠᠮᠢᠭ᠎ᠠ ᠴᠦ ᠦᠭᠡᠢ ᠁︾᠂ ︽ᠡᠭᠡ ᠤᠷᠤᠨ︾ ᠭᠡᠬᠦ ᠬᠤᠷᠳᠤ ᠬᠠᠮᠳᠤᠯᠢᠭ ᠤᠨ ᠲᠠᠭᠤᠯᠠᠭᠰᠠᠨ ᠲᠠᠭᠤᠤ ᠶᠢ ᠪᠢ ᠡᠨᠡ ᠨᠠᠰᠤᠨ ᠳᠠᠭᠠᠨ ᠰᠤᠨᠤᠰᠤᠭᠠᠳ ᠬᠠᠰᠢᠷᠠᠬᠤ ᠦᠭᠡᠢ᠃ ᠬᠠᠶᠠ ᠨᠢᠭᠡ ᠰᠦᠨᠢ ᠵᠡᠭᠦᠳᠦ ᠪᠠᠷ ᠢᠶᠠᠨ ᠲᠠᠭᠤᠯᠠᠵᠦ ᠭᠡᠩᠰᠢᠴᠢᠬᠡᠭᠡᠳ ᠰᠡᠷᠡᠬᠦ ᠳᠤ ︽ᠦᠨᠡᠨᠴᠢ ᠬᠠᠶᠢᠷ᠎ᠠ ᠭᠡᠵᠦ ᠡᠶᠢᠮᠦ ᠯᠡ ᠪᠠᠶᠢᠭ᠎ᠠ ᠠᠵᠢ︾ ᠭᠡᠮᠡᠨ ᠪᠦᠰᠡᠭᠦᠢ ᠭᠢᠭᠡᠳ ᠬᠤᠶᠠᠷ ᠭᠡᠦᠭᠡᠳ ᠮᠢᠨᠢ ᠬᠠᠳᠠᠭᠠᠨᠠᠳᠠᠯ᠎ᠠ ᠢᠨᠢᠶᠡᠨ᠎ᠡ᠃      ᠪᠢ ᠡᠷᠭᠡ ᠴᠢᠯᠦᠭᠡᠳᠡᠢ᠂ ᠠᠵᠨ ᠵᠢᠷᠭᠠᠯ ᠲᠠᠢ ᠠᠮᠢᠳᠤᠷᠠᠬᠤ ᠳᠠᠭᠠᠨ ᠡᠭᠡ ᠤᠷᠤᠨ ᠤ ᠪᠠᠨ ᠬᠠᠶᠢᠷ᠎ᠠ ᠬᠠᠯᠠᠮᠵᠢ ᠪᠠᠷ ᠬᠦᠮᠦᠨ ᠪᠤᠯᠤᠭᠰᠠᠨ ᠢᠶᠠᠨ ᠭᠡᠵᠢᠶᠡᠳᠡ ᠮᠠᠷᠳᠠᠬᠤ ᠦᠭᠡᠢ᠃ ᠭᠠᠵᠠᠷ ᠠᠴᠠ ᠤᠷᠭᠤᠭᠰᠠᠨ ᠪᠤᠰᠤᠭ᠎ᠠ ᠬᠦᠷᠡᠩ ᠠᠭᠤᠯᠠᠰ ᠨᠢ ᠪᠦᠯᠬᠦᠮᠳᠡᠯ ᠤᠨ ᠰᠦᠷ ᠬᠦᠴᠦᠨ ᠢ ᠨᠠᠳᠠᠳᠥ ᠵᠢᠭᠠᠬᠤ ᠳᠤ ᠲᠠᠮᠠᠤᠯᠵᠦ ᠤᠷᠤᠰᠤᠭᠰᠠᠨ ᠲᠤᠩᠭᠠᠯᠠᠭ ᠭᠤᠤᠯ ᠮᠦᠷᠡᠨ ᠨᠢ ᠴᠠᠩᠭᠠᠭ᠎ᠠ ᠶᠢ ᠲᠠᠶᠢᠯᠵᠦ ᠠᠷᠢᠭᠤᠨ ᠴᠠᠭᠠᠨ ᠬᠠᠶᠢᠷ᠎ᠠ ᠶᠢ ᠮᠡᠳᠡᠭᠦᠯᠦᠭᠰᠡᠨ᠃ ᠦᠭᠡᠳᠡ ᠪᠠᠨ ᠰᠠᠷᠪᠠᠯᠵᠠᠨ ᠤᠷᠭᠤᠬᠤ ᠴᠡᠯ ᠨᠤᠭᠤᠭᠠᠨ ᠡᠪᠡᠰᠦ ᠨᠢ ᠰᠦ ᠪᠤᠯᠵᠦ ᠦᠤᠷ ᠰᠦᠨᠢ ᠪᠠᠷ ᠦᠨᠢᠶᠡᠨ ᠵᠡᠯᠡᠨ ᠳᠤ ᠱᠠᠭᠢᠭᠠᠳ ᠰᠠᠨᠠᠭ᠎ᠠ ᠪᠤᠳᠤᠯ ᠤᠨ ᠭᠭᠢᠷ ᠦᠭᠡᠢ ᠴᠠᠶᠢᠯᠭᠠᠨ ᠢ ᠲᠠᠨᠢᠭᠤᠯᠬᠤ ᠪᠠᠷ ᠶᠢᠷᠳᠢᠨᠴᠦ ᠶᠢᠨ ᠬᠠᠳᠠᠭᠤ ᠶᠢ ᠲᠤᠳᠤᠭᠰᠢ ᠪᠠᠨ ᠵᠠᠯᠭᠢᠵᠦ ᠲᠠᠶᠢᠳᠬᠤᠷᠠᠭᠰᠠᠨ ᠪᠡᠯᠴᠢᠭᠡᠷ ᠤᠨ ᠴᠢᠯᠠᠭᠤᠳ ᠬᠤᠪᠢᠷᠠᠰᠢ ᠦᠭᠡᠢ ᠴᠢᠨᠠᠷ ᠢᠶᠠᠷ ᠢᠶᠠᠨ ᠨᠠᠮᠠᠶᠢᠢ ᠢᠷᠯᠡᠭᠰᠡᠨ ᠪᠦᠯᠦᠭᠡ︕ ᠭᠡᠬᠦ ᠳᠡᠭᠡᠨ ᠪᠢ ᠡᠶᠢᠮᠦ ᠯᠡ ᠰᠠᠶᠢᠬᠠᠨ ᠡᠩᠭᠡ ᠲᠠᠶᠢᠪᠤᠩ᠂ ᠡᠯᠪᠡᠷᠢᠯ ᠬᠠᠶᠢᠷ᠎ᠠ ᠲᠠᠢ ᠡᠭᠡ ᠤᠷᠤᠨ ᠳᠠᠭᠠᠨ ᠵᠠᠶᠠᠭᠠᠵᠦ ᠲᠦᠷᠦᠭᠰᠡᠨ ᠳᠡᠭᠡᠨ ᠤᠮᠤᠭᠰᠢᠨ᠎ᠠ᠃      ᠡᠭᠡ ᠤᠷᠤᠨ ᠤ ᠮᠢᠨᠢ ᠲᠠᠪᠤᠨ ᠮᠢᠩᠭᠠᠨ ᠵᠢᠯ ᠤᠨ ᠦᠪ ᠰᠤᠶᠤᠯ ᠢ ᠬᠠᠷᠠᠭᠤᠯᠤᠭᠰᠠᠨ ᠭᠠᠶᠢᠬᠠᠮᠰᠢᠭᠳᠤ ᠳ᠋ᠦᠩ ᠬᠤᠸᠠᠩ ᠤᠨ ᠮᠦᠸᠧ ᠭᠤᠤ ᠠᠭᠤᠢ ᠶᠢᠨ ᠰᠡᠶᠢᠯᠦᠮᠡᠯ ᠵᠢᠷᠤᠭ᠂ ᠰᠦᠷᠯᠢᠭ ᠦᠨᠳᠦᠷ ᠤᠷᠳᠤ ᠴᠠᠭᠠᠨ ᠭᠡᠷᠡᠮ᠂ ᠲᠦᠪ ᠨᠡᠶᠢᠰᠯᠡᠯ ᠪᠡᠭᠡᠵᠢᠩ ᠤᠨ ᠬᠠᠭᠠᠨ ᠤᠷᠳᠤᠨ᠂ ᠱᠢ ᠬᠤ᠋ ᠨᠠᠭᠤᠷ ᠤᠨ ᠭᠤᠶᠤ ᠦᠵᠡᠮᠵᠢ ᠁ ᠵᠡᠷᠭᠡ ᠨᠢ ᠪᠤᠰᠤᠭ᠎ᠠ ᠲᠡᠦᠭᠡ ᠲᠠᠢ ᠮᠢᠨᠦ ᠡᠭᠡ ᠤᠷᠤᠨ ᠭᠢᠭᠡᠳ ᠠᠷᠠᠳ ᠲᠦᠮᠡᠨ ᠤ ᠬᠦᠳᠡᠯᠮᠦᠷᠢ ᠶᠢᠨ ᠤᠷ᠎ᠠ ᠮᠡᠷᠭᠡᠵᠢᠯ᠂ ᠤᠢ ᠤᠬᠠᠭᠠᠨ᠂ ᠬᠠᠰᠢᠷ ᠲᠤᠷᠰᠢᠯᠭ᠎ᠠ᠂ ᠰᠢᠨᠵᠢᠯᠡᠬᠦ ᠤᠬᠠᠭᠠᠨᠴᠢ ᠰᠡᠳᠭᠢᠬᠦᠢ᠂ ᠡᠭᠦᠳᠦᠨ ᠪᠦᠳᠦᠭᠡᠯᠳᠡ ᠪᠠᠷ ᠢᠶᠠᠨ ᠲᠡᠯᠡᠭᠡᠢ ᠶᠢᠨ ᠬᠦᠮᠦᠰ ᠤᠨ ᠪᠠᠭ᠋ᠠᠷᠬᠠᠯ ᠢ ᠲᠠᠳᠠᠵᠦ ᠰᠡᠳᠭᠢᠯ ᠢ ᠬᠦᠭᠰᠡᠭᠦᠯᠦᠨ᠎ᠡ᠃      ᠦᠨᠦ ᠵᠢᠯ ᠤᠨ ᠬᠠᠪᠤᠷ ᠤᠨ ᠡᠭᠢ ᠪᠠᠷ ᠪᠢ ᠠᠪᠤ ᠪᠠᠨ ᠲᠠᠭᠠᠭᠤᠯᠵᠦ ᠪᠡᠭᠡᠵᠢᠩ ᠳᠤ ᠬᠦᠷᠦᠯ᠎ᠡ᠃ ᠠᠭᠤᠯᠠ ᠤᠰᠤ ᠪᠠᠷ ᠬᠦᠷᠢᠶᠡᠯᠡᠭᠳᠡᠭᠰᠡᠨ ᠨᠡᠶᠢᠰᠯᠡᠯ ᠬᠤᠳᠠᠨ᠎ᠠ ᠬᠦᠯ ᠲᠠᠯᠪᠢᠬᠤ ᠪᠠᠷ ᠬᠠᠷᠠᠭᠠᠨ ᠳᠤ ᠦᠷᠳᠦᠬᠦ ᠪᠦᠬᠦᠨ ᠨᠢ ᠲᠡᠶᠢᠮᠦ ᠯᠡ ᠦᠵᠡᠮᠦᠷᠢ ᠲᠠᠢ ᠮᠦᠷᠳᠡᠭᠡᠨ ᠬᠠᠯᠠᠭᠤᠨ ᠲᠤᠳᠤᠨᠤᠰᠤᠭ ᠡ︕ ᠬᠦᠭᠡᠷᠦᠬᠦᠢ᠂ ᠪᠠᠭ᠎ᠠ ᠳᠠᠭᠠᠨ ᠡᠵᠢ ᠪᠠᠷ ᠢᠶᠠᠨ ᠲᠡᠪᠡᠷᠢᠬᠦᠯᠵᠦ ᠮᠠᠩᠨᠠᠢ ᠲᠡᠭᠡᠷ᠎ᠡ ᠪᠠᠨ ᠦᠨᠦᠰᠦᠬᠦᠯᠵᠦ ᠪᠠᠶᠢᠭ᠎ᠠ ᠰᠢᠬ ᠠᠵᠠ ᠲᠠᠢ ᠰᠠᠨᠠᠭᠳᠠᠨ᠎ᠠ᠃      ᠠᠪᠤ ᠪᠢᠳᠡ ᠬᠤᠶᠠᠷ ᠦᠤᠷ ᠰᠦᠨᠢ ᠪᠠᠷ ᠪᠤᠰᠴᠦ ᠪᠠᠭᠤᠳᠠᠯ ᠠᠴᠠ ᠪᠠᠨ ᠭᠠᠷᠴᠦ ᠲᠢᠶᠡᠨ ᠠᠨ ᠮᠧᠨ ᠲᠠᠯᠠᠪᠠᠢ ᠳᠤ ᠲᠤᠭ ᠮᠠᠨᠳᠤᠭᠤᠯᠬᠤ ᠶᠤᠰᠤᠯᠠᠯ ᠢ ᠦᠵᠡᠬᠦ ᠪᠠᠷ ᠤᠴᠢᠯ᠎ᠠ᠃ ᠭᠡᠴᠢᠨᠡᠨ ᠤᠯᠠᠨ ᠬᠦᠮᠦᠨ ᠡᠷᠳᠡᠯᠡᠨ ᠪᠤᠰᠴᠦ ᠡ᠊ᠨᠳᠡ ᠢᠷᠡᠵᠦ ᠬᠦᠯᠢᠶᠡᠵᠦ ᠪᠠᠶᠢᠭᠰᠠᠨ ᠠᠵᠢ᠃ ᠶᠤᠰᠤᠳᠠᠢ ᠴᠦᠳᠡᠨᠵᠡ ᠶᠢᠨ ᠲᠤᠯᠤᠭᠠᠢ ᠶᠢ ᠢᠭᠴᠤᠷᠠᠳᠠᠯ᠎ᠠ ᠰᠢᠬᠠᠭᠠᠳ ᠲᠠᠯᠪᠢᠭᠰᠠᠨ ᠰᠢᠬ ᠠᠳᠠᠯ᠎ᠠ ᠲᠦᠪ ᠶᠡᠭᠡᠮᠰᠦᠭ ᠲᠢᠶᠠᠨ ᠠᠨ ᠮᠧᠨ ᠲᠠᠯᠠᠪᠠᠢ ᠲᠦᠢᠯ ᠤᠨ ᠨᠠᠮ ᠵᠢᠮ᠃ ᠰᠡᠪᠡᠯᠵᠡᠬᠦ ᠵᠢᠪᠡᠷ ᠨᠢ ᠬᠦᠷᠳᠡᠯ᠎ᠡ ᠲᠠᠭᠤ ᠪᠠᠨ ᠬᠤᠷᠢᠶᠠᠭᠰᠠᠠ ᠭᠡᠮᠡᠷ ᠴᠢᠮᠡᠭᠡ ᠠᠨᠢᠷ ᠠᠯᠠᠭ᠎ᠠ᠃      ᠡᠶ᠎ᠡ ᠵᠤᠭᠢᠴᠠᠯ ᠤᠨ ᠠᠭᠤᠷ ᠠᠮᠢᠰᠬᠤᠯ ᠢᠶᠠᠷ ᠪᠢᠯᠬᠠᠭᠰᠠᠨ ᠪᠤᠯᠪᠠᠰᠤᠨ ᠬᠤᠳᠠ ᠭᠡᠵᠦ ᠡᠶᠢᠮᠦ ᠴᠦ ᠶᠤᠮ     ᠤᠤ︖      ᠨᠢᠭᠡ ᠮᠡᠳᠡᠬᠦ ᠳᠤ᠂ ᠴᠡᠪᠡᠷ ᠲᠤᠩᠭᠠᠯᠠᠭ ᠪᠡᠭᠡᠵᠢᠩ ᠬᠤᠳᠠ ᠶᠢᠨ ᠵᠡᠭᠦᠨ ᠲᠡᠭᠷᠢ ᠶᠢᠨ ᠬᠠᠶᠠᠭᠠᠨ ᠠᠴᠠ ᠨᠠᠷᠠ ᠤᠷᠭᠤᠬᠤ ᠶᠢᠨ ᠲᠠᠭᠠᠤ ᠤᠯᠤᠰ ᠤᠨ ᠰᠦᠯᠳᠡ ᠲᠠᠭᠤᠤ ᠴᠤᠤᠷᠢᠶᠠᠯᠠᠵᠦ ᠲᠤᠭ ᠮᠠᠨᠳᠤᠭᠤᠯᠬᠤ ᠴᠡᠷᠢᠭ ᠲᠢᠶᠠᠨ ᠠᠨ ᠮᠧᠨ ᠤ ᠭᠤᠤᠯ ᠡᠭᠦᠳᠡᠨ ᠠᠴᠠ ᠵᠡᠭᠦᠨᠰᠢ ᠲᠠᠯᠠᠪᠠᠢ ᠵᠦᠭ ᠴᠤᠭ ᠵᠢᠪᠬᠤᠭ᠎ᠠ ᠲᠠᠢ᠂ ᠰᠦᠷ ᠭᠡᠷᠡᠯ ᠲᠠᠢ ᠠᠯᠬᠤᠵᠦ ᠢᠷᠡᠬᠦ ᠨᠢ ᠶᠠᠭᠠᠭᠢᠭᠰᠠᠨ ᠭᠤᠶᠤ ᠪᠤᠢ︖ ᠬᠤᠷᠸ᠎ᠠ ᠶᠢ ᠭᠡᠶᠢᠬᠦᠯᠵᠦ ᠨᠠᠷᠠ ᠭᠠᠵᠠᠷ ᠤᠨ ᠲᠦᠪᠰᠢᠨ ᠠᠴᠠ ᠢᠳᠡᠭ ᠢᠳᠡᠭ ᠢᠶᠠᠷ ᠲᠡᠭᠡᠭᠰᠢᠯᠡᠬᠦ ᠳᠤ ᠲᠠᠪᠤᠨ ᠤᠳᠤᠳᠤ ᠤᠯᠤᠰ ᠤᠨ ᠲᠤᠭ ᠮᠢᠨᠢ ᠦᠨᠳᠦᠷ ᠤᠭᠳᠠᠷᠭᠤᠢ ᠦᠭᠡᠳᠡ ᠠᠯᠭᠤᠷ ᠠᠭᠠᠵᠢᠮ ᠢᠶᠠᠷ ᠨᠠᠮᠢᠷᠠᠨ ᠰᠠᠴᠤᠷᠠᠨ᠎ᠠ᠃      ᠠᠭᠤᠳᠠᠮ ᠲᠠᠯᠠᠪᠠᠢ ᠳᠤ ᠴᠤᠭᠯᠠᠷᠠᠭᠰᠠᠨ ᠦᠳᠡᠯᠦᠭᠰᠡᠨ ᠵᠠᠯᠠᠭᠤ᠂ ᠭᠡᠦᠭᠡᠳ ᠲᠡᠭᠦᠦ ᠨᠠᠷ ᠬᠦᠷᠳᠡᠯ᠎ᠡ ᠲᠦᠪ ᠭᠢᠴᠢᠶᠡᠩᠭᠦᠢ ᠵᠤᠭᠰᠤᠵᠦ ᠤᠯᠤᠰ ᠤᠨ ᠲᠤᠭ ᠲᠤ ᠶᠤᠰᠤᠯᠠᠨ᠎ᠠ᠃ ᠡᠨᠡ ᠦᠶ᠎ᠡ ᠳᠤ ᠬᠦᠮᠦᠨ ᠪᠦᠬᠦᠨ ᠤ ᠬᠠᠮᠤᠭ ᠪᠡᠶ᠎ᠡ ᠶᠢᠨ ᠬᠠᠯᠠᠭᠤᠨ ᠴᠢᠰᠦ ᠤᠷᠭᠢᠯᠤᠨ ᠪᠤᠴᠠᠯᠵᠦ᠂ ᠠᠭᠤᠤ ᠶᠡᠭᠡ ᠡᠭᠡ ᠤᠯᠤᠰ ᠤᠨ ᠢᠶᠠᠨ ᠬᠦᠭᠵᠢᠯ ᠪᠠᠳᠠᠷᠠᠯ᠂ ᠰᠠᠷᠠᠭᠤᠯ ᠭᠡᠭᠡᠨ ᠢᠷᠡᠭᠡᠳᠦᠢ ᠳᠤ ᠦᠪᠡᠷ ᠤᠨ ᠡᠷᠭᠡ ᠦᠭᠡᠢ ᠤᠮᠤᠭᠰᠢᠨ ᠪᠠᠭ᠋ᠠᠳᠤᠬᠤ᠂ ᠬᠦᠭᠰᠡᠨ ᠪᠠᠶᠠᠷᠯᠠᠬᠤ ᠰᠡᠳᠭᠢᠯᠭᠡ ᠲᠦᠷᠦᠭᠳᠡᠨ᠎ᠡ᠃      ︽ᠬᠦᠦ ᠮᠢᠨᠢ᠂ ᠪᠠᠭᠠᠳᠤᠷᠴᠤᠳ ᠤᠨ ᠬᠦᠰᠢᠶ᠎ᠡ ᠳᠤ ᠪᠠᠷᠠᠳᠠᠶ᠎ᠠ︾ ᠭᠡᠵᠦ ᠠᠪᠤ ᠮᠢᠨᠢ ᠨᠠᠮᠠᠶᠢ ᠲᠠᠭᠤᠳᠠᠵᠦ ᠬᠤᠶᠠᠷ ᠪᠠᠭᠴᠠ ᠰᠤᠷᠭᠤᠭ ᠴᠡᠴᠡᠭ ᠠᠪᠴᠦ ᠲᠡᠷᠭᠡᠳᠡ ᠨᠢ ᠬᠦᠷᠪᠡ᠃ ᠪᠢᠳᠡ ᠬᠦᠨᠳᠦᠳᠭᠡᠯ ᠬᠠᠶᠢᠷ᠎ᠠ ᠶᠢᠨ ᠰᠡᠳᠭᠢᠯ ᠢᠶᠠᠨ ᠢᠯᠡᠳᠭᠡᠵᠦ ᠭᠠᠷᠤᠯ᠎ᠠ᠃ ᠭᠡᠳᠡᠯ᠎ᠡ ᠠᠪᠤ ᠮᠢᠨᠢ ᠰᠠᠯᠬᠤ ᠲᠤᠷ᠎ᠠ ᠦᠭᠡᠢ ᠡᠷᠭᠢᠴᠡᠵᠦ ᠪᠠᠶᠢᠭᠰᠠᠨ ᠢᠶᠠᠨ ︽ᠮᠦᠩᠭᠡ ᠡ᠂ ᠨᠠᠭᠠᠰᠢ ᠪᠠᠨ ᠢᠷ᠎ᠡ᠃ ᠡᠨᠡ ᠶᠠᠪᠠᠭᠠᠨ ᠫᠤᠤ ᠠᠳᠬᠤᠭᠰᠠᠨ ᠲᠠᠶᠢᠴᠢᠨ ᠪᠠᠭᠠᠳᠤᠷ ᠡᠪᠦᠭᠡ ᠲᠠᠢ ᠴᠢᠨᠢ ᠶᠠᠭᠠᠭᠢᠭᠰᠠᠨ ᠠᠳᠠᠯᠢ ᠪᠤᠢ︖︾ ᠭᠡᠪᠡ᠃      ᠮᠢᠨᠦ ᠡᠪᠦᠭᠡ ᠭᠡᠵᠦ ᠴᠡᠷᠢᠭ ᠡᠷ᠎ᠡ᠂ ᠴᠢᠯᠦᠭᠡᠯᠡᠯᠳᠡ ᠶᠢᠨ ᠲᠠᠶᠢᠨ ᠳᠤ ᠪᠡᠶ᠎ᠡ ᠦᠷᠡᠭᠳᠡᠭᠰᠡᠨ ᠪᠠᠭᠠᠳᠤᠷ᠃ ᠭᠡᠷ ᠤᠨ ᠮᠢᠨᠢ ᠪᠠᠷᠠᠭᠤᠨ ᠬᠠᠶᠠᠭᠠᠨ ᠳᠤ ᠡᠯᠭᠦᠭᠡᠰᠦᠳᠡᠢ ᠡᠩᠭᠡᠷ ᠲᠦᠭᠦᠷᠡᠩ ᠮᠧᠲᠠᠯ ᠵᠡᠭᠦᠵᠦ ᠫᠤᠤ ᠠᠳᠬᠤᠭᠰᠠᠨ ᠨᠢᠭᠡᠨ ᠰᠡᠭᠦᠳᠡᠷ ᠲᠠᠢ ᠨᠢ ᠦᠨᠡᠭᠡᠷ ᠠᠨ᠎ᠠ ᠮᠠᠨ᠎ᠠ᠃      ︽ᠦᠨᠡᠨ ᠤ ᠲᠦᠯᠦᠭᠡ ᠵᠢᠳᠬᠦᠭᠰᠡᠨ ᠬᠦᠮᠦᠨ ᠦᠪᠡᠷ ᠤᠨ ᠬᠦᠰᠢᠶ᠎ᠡ ᠲᠤᠷᠠᠰᠬᠠᠯ ᠢᠶᠠᠨ ᠦᠪᠡᠷ ᠢᠶᠠᠨ ᠪᠤᠰᠬᠠᠨ᠎ᠠ ᠁︾ ᠭᠡᠰᠡᠨ ᠴᠦᠢᠨᠤᠮ ᠤᠨ ᠰᠢᠯᠦᠭ ᠢ ᠪᠤᠳᠤᠵᠦ ᠵᠤᠭᠰᠤᠳᠠᠯ᠎ᠠ ︽ᠨᠡᠷ᠎ᠡ ᠦᠭᠡᠢ ᠡᠳᠡᠭᠡᠷ ᠪᠠᠭᠠᠳᠤᠷᠴᠤᠳ ᠠᠷᠢᠭᠤᠨ ᠤᠯᠠᠭᠠᠨ ᠴᠢᠰᠤ ᠪᠠᠷ ᠢᠶᠠᠨ ᠦᠨᠦᠳᠦᠷ ᠤᠨ ᠵᠤᠯ ᠵᠢᠷᠭᠠᠯᠳᠤ ᠠᠮᠢᠳᠤᠷᠠᠯ ᠢ ᠰᠤᠯᠢᠵᠦ ᠠᠪᠴᠢᠷᠠᠭᠰᠠᠨ ᠳ᠋ᠠ᠃ ᠲᠡᠷᠡ ᠁ ᠯᠠᠪ ᠁ ᠡᠪᠦᠭᠡ ᠴᠢᠨᠢ ᠁ ᠮᠦᠨ ᠪᠠᠶᠢᠬ᠎ᠠ︖ ᠁︾ ᠭᠡᠵᠦ ᠠᠪᠤ ᠮᠢᠨᠢ ᠪᠤᠳᠤᠯ ᠢᠶᠠᠨ ᠶᠠᠷᠢᠬᠤ ᠳᠠᠭᠠᠨ ᠬᠤᠭᠤᠯᠠᠢ ᠨᠢ ᠡᠷᠢᠶᠡᠨᠳᠦᠴᠢᠭᠡᠵᠡᠢ᠃      ᠪᠢ ᠬᠠᠵᠠᠭᠤ ᠳᠠᠬᠢ ᠨᠢᠭᠡᠨ ᠨᠦᠬᠦᠷ ᠢ ᠭᠤᠶᠤᠵᠦ ᠡᠪᠦᠭᠡ ᠪᠠᠭᠠᠳᠤᠷ ᠤᠨ ᠢᠶᠠᠨ ᠲᠡᠷᠭᠡᠳᠡ ᠠᠪᠤ ᠲᠠᠢ ᠪᠠᠨ ᠬᠠᠮᠳᠤ ᠰᠡᠭᠦᠳᠡᠷ ᠲᠠᠳᠠᠭᠠᠳ ᠮᠠᠤ ᠲᠡᠷᠢᠬᠦᠯᠡᠭᠴᠢ ᠶᠢᠨ ᠲᠤᠷᠠᠰᠬᠠᠯ ᠤᠨ ᠲᠠᠩᠭᠢᠮ ᠵᠦᠭ ᠠᠯᠬᠤᠬᠤ ᠳᠤ ᠠᠪᠤ ᠮᠢᠨᠢ ᠡᠷᠭᠢᠨ ᠡᠷᠭᠢᠨ ᠠᠷᠤᠨᠰᠢ ᠪᠠᠨ ᠬᠠᠷᠠᠵᠦ ᠵᠢᠷᠦᠭᠡ ᠨᠢ ᠲᠠᠳᠠᠯᠳᠤᠵᠦ ᠪᠠᠶᠢᠯ᠎ᠠ᠃ ᠬᠦᠭᠡᠷᠦᠬᠦᠢ᠂ ᠬᠦᠮᠦᠨ ᠦᠳᠡᠯᠬᠦ ᠲᠤᠳᠤᠮ ᠠᠪᠤ ᠡᠵᠢ ᠪᠠᠨ ᠦᠭᠡᠶᠢᠯᠡᠨ ᠰᠠᠨᠠᠬᠤ ᠬᠠᠶᠢᠷ᠎ᠠ ᠰᠡᠳᠭᠢᠯᠭᠡ ᠨᠢ ᠨᠡᠮᠡᠭᠳᠡᠨ᠎ᠡ ᠭᠡᠵᠦ ᠪᠤᠷᠤᠭᠤ ᠦᠭᠡᠢ ‍ᠶ᠎ᠠ᠃      ᠠᠪᠤ ᠮᠢᠨᠢ ᠡᠭᠡ ᠤᠯᠤᠰ ᠲᠠᠢ ᠪᠠᠨ ᠨᠠᠰᠤ ᠰᠠᠴᠠᠭᠤ᠃ ᠭᠡᠬᠦ ᠳᠡᠭᠡᠨ ᠤᠯᠤᠰ ᠪᠠᠶᠢᠭᠤᠯᠤᠭᠳᠠᠭᠰᠠᠨ 70 ᠵᠢᠯ ᠤᠨ ᠤᠢ ᠳᠤ ᠲᠤᠭᠢᠶᠠᠯᠳᠤᠭᠤᠯᠵᠦ ᠵᠠᠪᠠᠯ ᠪᠡᠭᠡᠵᠢᠩ ᠳᠤ ᠬᠦᠷᠬᠦ ᠪᠠᠷ ᠰᠢᠢᠳᠦᠭᠰᠡᠨ ᠶᠤᠮ᠃ ᠦᠩᠭᠡᠷᠡᠭᠰᠡᠨ ᠳᠤ ᠭᠡᠳᠦᠢ ᠤᠳᠠᠭ᠎ᠠ ᠲᠤᠭᠤᠷᠢᠭᠤᠯᠬᠤ ᠭᠡᠬᠦ ᠳᠤ ᠭᠠᠷ ᠰᠠᠵᠢᠵᠦ ᠶᠠᠭᠠᠭᠢᠭᠰᠠᠨ ᠴᠦ ᠵᠦᠪᠰᠢᠶᠡᠷᠡᠬᠦ ᠦᠭᠡᠢ ᠪᠠᠶᠢᠭᠰᠠᠨ ᠨᠢ ᠲᠤᠬᠠᠢ ᠶᠢᠨ ᠵᠢᠯ ᠤᠨ ᠶᠠᠳᠠᠭᠤ ᠠᠮᠢᠳᠤᠷᠠᠯ ᠳᠠᠭᠠᠨ ᠲᠠᠳᠠᠯᠳᠤᠭᠰᠠᠨ ᠮᠠᠭᠠᠳ︖ ᠲᠦᠷᠦ ᠶᠢᠨ ᠬᠦᠳᠡᠯᠮᠦᠷᠢ ᠶᠢᠨ ᠵᠢᠱᠢᠶᠡᠴᠢ᠂ ᠠᠵᠢᠯ ᠤᠨ ᠠᠮᠠᠷᠠᠯᠳᠠ ᠪᠠᠨ ᠠᠪᠤᠳᠠᠯ᠎ᠠ ᠠᠶᠢᠯ ᠤᠨ ᠱᠦᠵᠢ ᠶᠠᠪᠤᠭᠰᠠᠨ ᠮᠢᠨᠦ ᠠᠪᠤ ᠲᠦᠷᠦ ᠲᠦᠮᠡᠨ ᠤ ᠪᠠᠨ ᠲᠦᠯᠦᠭᠡ ᠮᠠᠬᠠᠷᠠᠨ ᠵᠢᠳᠭᠦᠵᠦ ᠪᠤᠰᠤᠳ ᠲᠤ ᠠᠯᠢᠪᠠ ᠪᠠᠨ ᠬᠦᠨᠳᠦᠷᠦᠭᠰᠡᠨ ᠠᠴᠠ ᠪᠢᠰᠢ ᠭᠡᠨ ᠨᠢᠭᠡᠨ ᠢ ᠭᠢᠬᠠᠵᠦ ᠰᠤᠬᠤᠷ ᠵᠤᠭᠤᠰ ᠠᠪᠤᠭᠰᠠᠨ ᠤᠳᠠᠭ᠎ᠠ ᠦᠭᠡᠢ᠃ ︽︿ᠪᠢᠳᠡ ᠡᠭᠡ ᠤᠷᠤᠨᠴᠢ᠂ ᠢᠷᠠᠭᠤ ᠠᠯᠳᠠᠷᠳᠤ ᠦᠷᠡᠭᠳᠡᠭᠰᠡᠨ ᠪᠠᠭᠠᠳᠤᠷ ᠤᠨ ᠭᠡᠷ ᠪᠦᠯᠢ﹀ ᠭᠡᠳᠡᠭ ᠨᠡᠷ᠎ᠡ ᠪᠠᠨ ᠡᠷᠭᠡᠪᠰᠢ ᠲᠡᠭᠡᠵᠢᠯᠡᠵᠦ ᠶᠠᠪᠤᠬᠤ ᠭᠡᠷᠡᠭᠳᠡᠢ︾ ᠭᠡᠮᠡᠨ ᠦᠷᠬᠦᠯᠵᠢ ᠭᠡᠦᠭᠡᠳ ᠦᠷ᠎ᠡ ᠪᠠᠨ ᠴᠢᠩᠭ᠎ᠠ ᠱᠠᠭᠠᠷᠳᠠᠵᠦ ᠦᠴᠦᠭᠡᠨ ᠠᠯᠳᠠᠭ᠎ᠠ ᠪᠤᠷᠤᠭᠤ ᠶᠢ ᠴᠦ ᠦᠵᠡᠵᠦ ᠶᠠᠳᠠᠨ ᠰᠢᠬᠦᠮᠵᠢᠯᠡᠨ ᠵᠠᠯᠠᠷᠠᠭᠤᠯᠳᠠᠭ ᠪᠠᠶᠢᠵᠠᠢ᠃      ︽ᠬᠠᠳᠠᠭᠤ ᠴᠢᠩᠭ᠎ᠠ ᠪᠠᠭᠰᠢ ᠠᠴᠠ ᠶᠤᠰᠤ ᠨᠤᠮ ᠲᠠᠢ᠂ ᠪᠤᠯᠪᠠᠰᠦᠨ ᠰᠤᠷᠳᠠᠯ ᠲᠠᠢ ᠰᠤᠷᠤᠭᠴᠢ ᠬᠦᠮᠦᠵᠢᠭᠳᠡᠨ᠎ᠡ︾ ᠭᠡᠵᠦ ᠲᠡᠷᠡ ᠴᠦ ᠪᠢᠯᠡ ᠤᠤ︖      ᠠᠪᠤ ᠪᠢᠳᠡ ᠬᠤᠶᠠᠷ ᠭᠠᠳᠠᠨ᠎ᠠ ᠠᠴᠠ ᠰᠤᠷᠭᠤᠭ ᠭᠤᠶᠤ ᠴᠡᠴᠡᠭ ᠠᠪᠴᠦ ᠮᠠᠤ ᠲᠡᠷᠢᠬᠦᠯᠡᠭᠴᠢ ᠶᠢᠨ ᠲᠤᠷᠠᠰᠬᠠᠯ ᠤᠨ ᠲᠠᠩᠭᠢᠮ ᠳᠤ ᠤᠷᠤᠵᠦ ᠰᠦᠵᠢᠭ ᠪᠢᠰᠢᠷᠡᠯ ᠢᠶᠠᠨ ᠬᠦᠢᠴᠡᠳᠭᠡᠭᠡᠳ ᠡᠮᠦᠨ᠎ᠡ ᠡᠭᠦᠳᠡ ᠪᠠᠷ ᠨᠢ ᠭᠠᠷᠴᠦ ᠵᠢᠪᠠᠷ ᠰᠠᠯᠭᠢ ᠬᠠᠷᠠᠵᠦ ᠵᠤᠭᠰᠤᠬᠤ ᠨᠡᠷ᠎ᠡ ᠪᠠᠷ ᠤᠶᠠᠷᠠᠵᠦ ᠬᠠᠶᠢᠯᠠᠭᠰᠠᠨ ᠨᠦᠰᠡᠷ ᠰᠡᠳᠭᠢᠯ ᠢᠶᠠᠨ ᠠᠷᠭᠠᠳᠠᠨ ᠵᠤᠭᠰᠤᠬᠤ ᠵᠠᠭᠤᠷ᠎ᠠ ︽ᠮᠠᠤ ᠲᠡᠷᠢᠭᠦᠯᠡᠭᠴᠢ ᠭᠢᠭᠡᠳ ᠡᠪ ᠬᠠᠮᠳᠤ ᠨᠠᠮ ᠪᠠᠶᠢᠭᠰᠠᠨ ᠦᠭᠡᠢ ᠪᠤᠯ ᠰᠢᠨ᠎ᠡ ᠲᠤᠮᠳᠠᠳᠤ ᠤᠯᠤᠰ ᠪᠠᠶᠢᠵᠦ ᠴᠢᠳᠠᠬᠤ ᠦᠭᠡᠢ︾ ᠭᠡᠵᠦ ᠠᠪᠤ ᠮᠢᠨᠢ ᠨᠢᠳᠦᠨ ᠳᠡᠭᠡᠨ ᠵᠠᠶᠢᠷ ᠲᠠᠢ ᠴᠦ ᠦᠭᠡ ᠪᠠᠨ ᠤᠮᠤᠭ ᠲᠠᠢ ᠶᠠᠷᠢᠨ᠎ᠠ᠃      ︽ᠠᠪᠤ ᠡ᠂ ᠤᠯᠢᠮᠫᠢᠺ ᠶᠢᠨ ᠪᠡᠶ᠎ᠡ ᠲᠠᠮᠢᠷ ᠤᠨ ᠤᠷᠳᠤᠨ ᠢᠶᠠᠷ ᠲᠤᠭᠤᠷᠢᠵᠦ ᠦᠵᠡᠶ᠎ᠡ᠃ ︿ᠰᠢᠪᠠᠭᠤᠨ ᠡᠭᠦᠷ ﹀ ᠨᠢ ᠪᠠᠷᠢᠯᠭ᠎ᠠ ᠶᠢᠨ ᠮᠡᠷᠭᠡᠵᠢᠯ ᠢᠶᠠᠷ ᠲᠤᠩ ᠦᠨᠳᠦᠷ︾ ᠭᠡᠵᠦ ᠪᠢ ᠠᠪᠤ ᠳᠤ ᠭᠡᠯᠡᠪᠡ᠃ ᠦᠨᠡᠨ ᠢ ᠭᠡᠯᠡᠪᠡᠯ ᠠᠪᠤ ᠶᠢᠨ ᠬᠦᠨᠳᠦ ᠪᠤᠳᠤᠯ ᠢ ᠠᠮᠤᠷᠵᠢᠭᠤᠯᠬᠤ ᠭᠡᠰᠡᠨ ᠰᠠᠨᠠᠭ᠎ᠠ ᠶᠤᠮ᠃ ᠠᠪᠤ ᠮᠢᠨᠢ ︽ᠦᠨᠦᠳᠦᠷ ᠵᠠᠪᠳᠤᠳᠠᠭ ᠪᠤᠯ ᠤᠴᠢᠵᠦ ᠦᠵᠡᠶ᠎ᠡ︾ ᠭᠡᠪᠡ᠃      ᠪᠢᠳᠡᠨ ᠤ ᠲᠡᠷᠭᠡᠳᠡ ᠵᠤᠭᠰᠤᠵᠦ ᠪᠠᠶᠢᠭᠰᠠᠨ ᠨᠢᠭᠡᠨ ᠮᠤᠩᠭᠤᠯ ᠡᠭᠡᠴᠢ ︽ᠠᠪᠤ ᠴᠢᠨᠢ ᠨᠠᠰᠤ ᠠᠭᠢᠭᠰᠠᠨ ᠬᠦᠮᠦᠨ ᠰᠢᠦ᠃ ᠪᠡᠶ᠎ᠡ ᠶᠢᠨ ᠪᠠᠶᠢᠳᠠᠯ ᠢᠶᠠᠨ ᠦᠵᠡᠵᠦ ᠮᠠᠷᠭᠠᠰᠢ ᠳᠠᠭᠠᠨ ᠲᠤᠭᠤᠷᠢᠭᠰᠠᠨ ᠴᠦ ᠪᠤᠯᠤᠨ᠎ᠠ ᠰᠢᠳᠡ︾ ᠭᠡᠵᠦ ᠰᠠᠨᠠᠭᠤᠯᠤᠨ᠎ᠠ᠃      ︽ᠨᠠᠮ ᠲᠦᠷᠦ ᠶᠢᠨ ᠵᠦᠪ ᠤᠳᠤᠷᠢᠳᠤᠯᠭ᠎ᠠ ᠲᠤᠤᠷ᠎ᠠ ᠠᠮᠢᠳᠤᠷᠠᠯ ᠰᠠᠶᠢᠵᠢᠷᠠᠵᠦ ᠬᠦᠮᠦᠨ ᠤ ᠨᠠᠰᠤᠨ ᠬᠤᠳᠤᠭ ᠴᠦ ᠨᠡᠮᠡᠭᠳᠡᠯ᠎ᠡ᠃ ᠤᠳᠤ ᠶᠢᠨ ᠲᠠᠯᠠᠨ ᠨᠠᠰᠤ ᠴᠢᠨᠢ ᠦᠩᠭᠡᠷᠡᠭᠰᠡᠨ ᠦᠶ᠎ᠡ ᠶᠢᠨ ᠲᠠᠪᠢᠨ ᠨᠠᠰᠤᠨ ᠠᠴᠠ ᠴᠦ ᠵᠠᠯᠠᠭᠤ ᠭᠡᠵᠦ ᠮᠡᠳᠡ︾ ᠭᠡᠵᠦ ᠠᠪᠤ ᠮᠢᠨᠢ ᠬᠦᠬᠦᠷᠡᠨ ᠢᠨᠢᠶᠡᠨ᠎ᠡ᠃      ᠲᠡᠷᠡ ᠡᠭᠡᠴᠢ ︽ᠶᠤᠰᠤᠳᠠᠢ ᠦᠭᠡ᠃ ᠦᠩᠭᠡᠷᠡᠭᠰᠡᠨ ᠴᠠᠭ ᠪᠤᠯ ᠪᠢᠳᠡ ᠪᠡᠭᠡᠵᠢᠩ ᠪᠠᠶᠢᠳᠤᠭᠠᠢ ᠦᠳᠦᠷᠮ᠎ᠡ ᠪᠠᠨ ᠲᠤᠭᠤᠷᠢᠬᠤ ᠡᠷᠭᠡ ᠴᠢᠯᠦᠭᠡ ᠴᠦ ᠠᠯᠠᠭ᠎ᠠ︾ ᠭᠡᠵᠦ ᠴᠠᠭ ᠦᠶ᠎ᠡ ᠶᠢᠨ ᠬᠦᠭᠵᠢᠯ ᠮᠠᠨᠳᠤᠯ ᠢ ᠪᠢᠰᠢᠷᠡᠭᠰᠡᠨ ᠰᠡᠳᠭᠢᠯ ᠢᠶᠠᠨ ᠢᠯᠡᠳᠭᠡᠨ᠎ᠡ᠃      ︽ᠤᠳᠤ ᠭᠡᠳᠦᠢ ᠡᠷᠭᠡ ᠲᠡᠭᠰᠢ᠂ ᠡᠶ᠎ᠡ ᠵᠤᠭᠢᠴᠠᠩᠭᠤᠢ ᠴᠠᠭ ᠪᠤᠢ︖ ᠨᠠᠮ ᠡᠭᠡ ᠤᠯᠤᠰ ᠠᠴᠠ ᠶᠠᠳᠠᠭᠤ ᠡᠷᠦᠭᠡ ᠶᠢ ᠲᠡᠳᠭᠦᠨ ᠪᠠᠶᠠᠵᠢᠭᠤᠯᠤᠨ᠎ᠠ᠃ ᠬᠠᠭᠤᠴᠢᠨ ᠴᠠᠭ ᠲᠤ ᠶᠠᠭᠤ︖ ᠪᠠᠶᠠᠨ ᠨᠤᠶᠠᠳ ᠠᠴᠠ ᠶᠠᠳᠠᠭᠤ ᠬᠦᠮᠦᠰ ᠢ ᠨᠤᠬᠠᠢ ᠪᠠᠷ ᠢᠶᠠᠨ ᠴᠦ ᠦᠵᠡᠳᠡᠭ ᠦᠭᠡᠢ ᠭᠡᠪᠡᠯ ᠨᠢᠭᠡ ᠯᠡ ᠦᠭᠡ᠃ ᠬᠠᠷᠠᠮᠰᠠᠯᠳᠠᠢ ᠨᠢ ᠬᠦᠦ ᠶᠢᠨ ᠮᠢᠨᠢ ᠡᠪᠦᠭᠡ ᠤᠳᠤ ᠴᠠᠭ ᠤᠨ ᠰᠠᠶᠢᠨ ᠰᠠᠶᠢᠬᠠᠨ ᠢ ᠤᠯᠵᠦ ᠬᠠᠷᠠᠭᠰᠠᠨ ᠦᠭᠡᠢ᠃ ᠪᠠᠭ᠎ᠠ ᠳᠠᠭᠠᠨ ᠭᠡᠳᠡᠰᠦ ᠦᠯᠦᠰᠬᠦᠯᠡᠩ᠂ ᠮᠦᠷᠦ ᠨᠢᠴᠦᠬᠦᠨ ᠠᠮᠢᠳᠤᠷᠠᠵᠦ ᠶᠠᠪᠤᠬᠤ ᠳᠠᠭᠠᠨ ᠪᠠᠶᠠᠳ ᠤᠨ ᠬᠠᠷᠭᠢᠰ ᠭᠡᠷᠴᠡᠭᠡᠢ ᠬᠠᠯᠠ ᠲᠠᠮᠤ ᠶᠢ ᠬᠠᠰᠢᠷᠠᠳᠠᠯ᠎ᠠ ᠠᠮᠰᠠᠭᠰᠠᠨ᠃ ᠮᠢᠨᠦ ᠮᠡᠳᠡᠵᠦ ᠪᠠᠶᠢᠬᠤ ᠪᠠᠷ ᠠᠷᠪᠠᠨ ᠨᠠᠰᠤᠳᠠᠢ ᠳᠠᠭᠠᠨ ᠪᠠᠶᠠᠨ ᠠᠶᠢᠯ ᠤᠨ ᠮᠠᠯ ᠢ ᠬᠠᠷᠢᠭᠤᠯᠤᠭᠰᠠᠨ ᠠᠪᠤ ᠶᠢᠨ ᠮᠢᠨᠢ ᠨᠢᠷᠤᠭᠤ ᠰᠢᠷᠬ᠎ᠠ ᠰᠤᠷᠪᠢ ᠪᠠᠷ ᠲᠦᠭᠦᠷᠡᠭᠰᠡᠨ ᠪᠠᠶᠢᠪᠠ᠃ ᠭᠡᠳᠡᠯ᠎ᠡ ᠲᠠᠷᠤᠯᠠᠯ ᠨᠢ ᠲᠡᠮᠡᠴᠡᠯ ᠤᠨ ᠡᠷᠴᠢ ᠬᠦᠴᠦᠨ ᠪᠤᠯᠳᠠᠭ ᠪᠠᠶᠢᠨ᠎ᠠ᠃ ᠠᠪᠤ ᠮᠢᠨᠢ‌ᠨᠠᠢᠮᠠᠨ ᠵᠠᠮ ᠤᠨ ᠴᠡᠷᠢᠭ ᠲᠤ ᠤᠷᠤᠵᠦ ᠠᠯᠳᠠᠷ ᠨᠡᠷ᠎ᠡ ᠪᠠᠨ ᠮᠦᠩᠭᠡᠯᠡᠯ᠎ᠡ ᠁︾ ᠭᠡᠵᠦ ᠮᠢᠨᠦ ᠠᠪᠤ ᠡᠪᠦᠭᠡ ᠶᠢᠨ ᠲᠤᠬᠠᠢ ᠶᠠᠷᠢᠬᠤ ᠲᠤᠳᠤᠮ ᠬᠤᠭᠤᠯᠠᠢ ᠶᠢᠨ ᠦᠩᠭᠡ ᠨᠢ ᠴᠢᠩᠭᠠᠷᠠᠵᠦ ᠪᠠᠶᠢᠯ᠎ᠠ᠃      ᠠᠪᠤ ᠪᠢᠳᠡ ᠬᠤᠶᠠᠷ ᠪᠠᠭᠤᠳᠠᠯ ᠳᠠᠭᠠᠨ ᠪᠤᠴᠠᠯ᠎ᠠ᠃ ᠮᠠᠷᠭᠠᠰᠢ ᠦᠷᠯᠦᠭᠡ ᠨᠠᠷᠠ ᠲᠠᠢ ᠰᠠᠴᠠᠭᠤ ᠪᠤᠰᠴᠦ ᠭᠠᠵᠠᠷ ᠲᠤᠤᠷᠠᠭᠢ ᠭᠠᠯᠳᠤ ᠲᠡᠷᠭᠡᠨ ᠳᠤ ᠰᠠᠭᠤᠵᠦ ᠰᠢᠭᠤᠳ ᠤᠯᠢᠮᠫᠢᠺ ᠶᠢᠨ ᠪᠡᠶ᠎ᠡ ᠲᠠᠮᠢᠷ ᠤᠨ ᠤᠷᠳᠤᠨ ᠳᠤ ᠲᠠᠯᠪᠢᠵᠦ ᠬᠦᠷᠪᠡ᠃ ︽ᠪᠤᠷᠬᠠᠨ ᠡ᠂ ᠡᠨᠡ ᠵᠠᠮ᠂ ᠡᠨᠡ ᠬᠤᠷᠳᠤ ᠲᠠᠢ ᠲᠡᠷᠭᠡ ᠶᠢ ᠶᠠᠮᠠᠷ ᠡᠷᠳᠡᠮᠳᠡᠨ ᠡᠭᠦᠳᠦᠨ ᠪᠦᠳᠦᠭᠡᠭᠰᠡᠨ ᠪᠤᠢ︖ ᠳ᠋ᠧᠩ ᠤᠨ ᠭᠡᠷᠡᠯ ᠲᠤᠸᠠᠯᠠᠭᠠᠳ ᠰᠠᠷᠠᠭᠤᠯ ᠭᠡᠭᠡᠨ ᠪᠠᠶᠢᠳᠠᠭ ᠢ ᠪᠤᠤ ᠭᠡᠯᠡ ᠬᠠᠨᠵᠤᠨ ᠲᠡᠭᠡᠷ᠎ᠡ ᠪᠠᠨ ᠰᠠᠭᠤᠵᠦ ᠪᠠᠶᠢᠭ᠎ᠠ ᠲᠦᠷᠦᠭᠳᠡᠯ ᠦᠭᠬᠦᠨ᠎ᠡ︾ ᠠᠪᠤ ᠮᠢᠨᠢ ᠦᠵᠡᠵᠦ ᠬᠠᠷᠠᠭᠰᠠᠨ ᠪᠦᠬᠦᠨ ᠢᠶᠠᠨ ᠭᠠᠶᠢᠬᠠᠨ ᠱᠠᠭᠰᠢᠵᠦ     ᠪᠠᠶᠢᠯ᠎ᠠ᠃      ︽ᠤᠯᠤᠰ ᠤᠨ ᠪᠠᠷᠢᠯᠭ᠎ᠠ ᠶᠢᠨ ᠬᠦᠭᠵᠢᠯᠳᠡ ᠶᠢ ᠡ᠊ᠨᠳᠡ ᠠᠴᠠ ᠤᠯᠵᠦ ᠬᠠᠷᠠᠯ᠎ᠠ᠃ ᠶᠠᠭᠠᠭᠢᠭᠰᠠᠨ ᠰᠠᠶᠢᠬᠠᠨ ᠪᠤᠢ︖ ︿ᠰᠢᠪᠠᠭᠤᠬᠠᠢ ᠶᠢᠨ ᠡᠭᠦᠷ ᠢ ᠶᠠᠮᠠᠷ ᠲᠠᠷᠢᠭᠢ ᠲᠤᠯᠤᠭᠠᠢ ᠲᠠᠢ ᠬᠦᠮᠦᠨ ᠰᠡᠳᠦᠵᠦ ᠪᠦᠳᠦᠭᠡᠭᠰᠡᠨ ᠪᠤᠯ ᠡ︖ ᠪᠢᠳᠡᠨ ᠤ ᠰᠠᠷᠠᠪᠴᠢᠨ ᠳᠤ ᠡᠭᠦᠷᠯᠡᠭᠰᠡᠨ ᠬᠠᠷᠢᠶᠠᠴᠠᠢ ᠶᠢᠨ ᠡᠭᠦᠷ ᠲᠠᠢ ᠨᠡᠯᠢᠶᠡᠳ ᠲᠦᠰᠦᠭᠡᠳᠡᠢ᠃ ᠪᠤᠳᠤᠬᠤ ᠳᠤ ᠬᠦᠳᠡᠭᠡ ᠳᠤ ᠦᠰᠴᠦ ᠲᠦᠷᠦᠭᠰᠡᠨ ᠬᠦᠮᠦᠨ ᠵᠢᠷᠤᠵᠦ ᠲᠦᠯᠦᠪᠯᠡᠭᠰᠡᠨ ᠪᠠᠶᠢᠯᠬᠦᠢ︖︾ ᠭᠡᠵᠦ ᠠᠪᠤ ᠴᠠᠭ ᠤᠨ ᠰᠠᠶᠢᠨ᠂ ᠤᠯᠤᠰ ᠤᠨ ᠬᠦᠭᠵᠢᠯᠳᠡ ᠳᠤ ᠬᠦᠭᠰᠡᠨ ᠲᠤᠭᠳᠤᠯᠵᠦ ᠪᠠᠶᠢᠯ᠎ᠠ᠃      ᠬᠠᠭᠠᠰ ᠰᠠᠷ᠎ᠠ ᠪᠡᠭᠡᠵᠢᠩ ᠢᠶᠠᠷ ᠲᠤᠭᠤᠷᠢᠵᠦ ᠪᠤᠴᠠᠨ ᠢᠷᠠᠳᠠᠯ᠎ᠠ ︽ᠲᠦᠷᠦ ᠠᠮᠤᠭᠤᠯᠠᠩ ᠪᠤᠯ ᠲᠦᠮᠡᠨ ᠠᠮᠤᠭᠤᠯᠠᠩ︾᠂ ︽ᠤᠭ ᠢᠶᠠᠨ ᠮᠠᠷᠳᠠᠵᠦ ᠪᠤᠯᠬᠤ ᠦᠭᠡᠢ᠂ ᠡᠭᠦᠷᠭᠡ ᠬᠠᠷᠢᠭᠤᠴᠠᠯᠭ᠎ᠠ ᠪᠠᠨ ᠪᠠᠳᠤ ᠴᠡᠭᠡᠵᠢᠯᠡᠬᠦ ᠭᠡᠷᠡᠭᠳᠡᠢ︾ ᠭᠡᠵᠦ ᠠᠪᠤ ᠮᠢᠨᠢ ᠨᠠᠳᠠᠳᠦ ᠠᠭᠢᠨ ᠲᠠᠭᠢᠨ ᠰᠠᠨᠠᠭᠤᠯᠵᠦ ᠶᠠᠷᠢᠨ᠎ᠠ ᠁ ᠲᠠ ᠬᠦᠳᠡᠭᠡ ᠲᠤᠰᠬᠤᠨ ᠤ ᠬᠦᠭᠵᠢᠯ ᠢ ᠬᠠᠷᠠᠪᠠ ᠤᠤ︖ ᠪᠧᠲᠤᠨ ᠵᠠᠮ ᠤᠨ ᠬᠤᠶᠠᠷ ᠬᠠᠵᠠᠭᠤ ᠳᠠᠬᠢ ᠵᠢᠭᠳᠡ ᠤᠷᠭᠤᠭᠰᠠᠨ ᠤᠨᠵᠢᠭᠢᠷ ᠤᠳᠠ ᠰᠦᠨᠢ ᠶᠢ ᠭᠡᠷᠡᠯᠳᠦᠬᠦᠯᠦᠨ ᠲᠤᠸᠠᠯᠠᠬᠤ ᠨᠠᠷᠠᠨ ᠡᠨᠧᠷᠺᠢ ᠶᠢᠨ ᠳ᠋ᠧᠩ ᠳᠤ ᠨᠡᠩ ᠦᠵᠡᠮᠦᠷᠢ ᠲᠠᠢ ᠬᠠᠷᠠᠭᠳᠠᠬᠤ ᠪᠠᠷ ᠪᠠᠷᠠᠬᠤ ᠦᠭᠡᠢ ᠨᠠᠭᠠᠰᠢ ᠴᠠᠭᠠᠰᠢ ᠵᠦᠷᠢᠯᠳᠦᠬᠦ ᠵᠢᠵᠢᠭ ᠮᠠᠰᠢᠨ ᠲᠡᠷᠭᠡᠨ ᠤ ᠲᠠᠪᠭᠢᠭ᠎ᠠ ᠬᠤᠳᠠ ᠭᠠᠵᠠᠷ ᠢ ᠪᠤᠳᠤᠭᠳᠠᠭᠤᠯᠤᠨ᠎ᠠ᠃ ᠬᠦᠳᠡᠭᠡ ᠳᠤ ᠰᠢᠷᠦᠢ ᠶᠢᠨ ᠭᠡᠷ ᠠᠯᠠᠭ᠎ᠠ᠃ ᠵᠢᠭᠳᠡᠷᠡᠨ ᠪᠠᠶᠢᠷᠢᠰᠢᠭᠰᠠᠨ ᠸᠠᠭᠠᠷ ᠲᠤᠭᠤᠰᠬ᠎ᠠ ᠶᠢᠨ ᠪᠠᠶᠢᠰᠢᠩ ᠳᠤ ᠰᠠᠭᠤᠭᠰᠠᠨ ᠠᠷᠠᠳ ᠤᠨ ᠬᠢ ᠳᠤ ᠤᠷᠤᠬᠤ ᠪᠠᠷ ᠡᠳ᠋ ᠭᠡᠷᠡᠭᠰᠡᠯ᠂ ᠴᠢᠮᠩ ᠵᠠᠰᠠᠯ ᠨᠢ ᠬᠤᠳᠠ ᠶᠢᠨ ᠨᠢᠭᠡᠳᠦᠭᠡᠷ ᠲᠠᠪᠬᠤᠷᠯᠢᠭ ᠤᠨ ᠠᠰᠠᠷ ᠲᠠᠢ ᠦᠭᠡᠷ᠎ᠡ ᠴᠦ ᠦᠭᠡᠢ ᠠᠵᠢ᠃ ᠶᠠᠳᠠᠭᠤ ᠠᠴᠠ ᠠᠩᠭᠢᠵᠢᠷᠠᠵᠦ ᠪᠠᠶᠠᠨ ᠴᠢᠨᠡᠭᠡᠯᠢᠭ ᠠᠮᠢᠳᠤᠷᠠᠯ ᠲᠠᠢ ᠪᠤᠯᠤᠭᠰᠠᠨ ᠬᠦᠳᠡᠭᠡ ᠶᠢᠨ ᠬᠦᠮᠦᠰ ︽ᠨᠠᠮ ᠲᠦᠷᠦ ᠶᠢᠨ ᠬᠠᠶᠢᠷ᠎ᠠ ᠬᠠᠯᠠᠮᠵᠢ ᠪᠠᠷ ᠪᠢᠳᠡ ᠨᠠᠷᠠ ᠪᠠᠨ ᠤᠭᠳᠤᠯ᠎ᠠ᠃ ᠡᠭᠡ ᠤᠯᠤᠰ ᠮᠠᠨ ᠤ ᠰᠡᠳᠭᠢᠯ ᠳᠤ ᠠᠪᠤᠷᠠᠯ ᠤᠨ ᠲᠡᠭᠷᠢ ᠁︾ ᠭᠡᠮᠡᠨ ᠭᠡᠳᠦᠬᠦᠯᠡ ᠪᠠᠨ ᠨᠡᠶᠢᠯᠡᠵᠦ ᠲᠦᠷᠴᠢᠭᠢᠨᠡᠳᠡᠯ᠎ᠡ ᠶᠠᠷᠢᠯᠴᠠᠨ᠎ᠠ᠃ ᠲᠡᠦᠭᠡᠨ ᠳᠤ ᠭᠠᠷᠤᠭ᠎ᠠ ᠦᠭᠡᠢ ᠲᠡᠭᠷᠢ ᠭᠠᠵᠠᠷ ᠤᠨ ᠶᠡᠭᠡ ᠬᠤᠪᠢᠷᠠᠯᠳᠠ ᠳᠤ ᠴᠢᠯᠠᠭᠤ ᠠᠳᠠᠯ᠎ᠠ ᠴᠡᠴᠡᠭᠯᠡᠬᠦ ᠤᠴᠢᠷ ᠲᠠᠢ ᠰᠠᠨ᠃      ᠡᠭᠡ ᠤᠯᠤᠰ ᠲᠠ ᠮᠢᠨᠦ ᠰᠡᠳᠭᠢᠯ ᠤᠨ ᠨᠠᠷᠠ᠃ ᠦᠭᠡᠷᠡᠴᠢᠯᠡᠯᠳᠡ ᠨᠡᠭᠡᠭᠡᠯᠳᠡ ᠶᠢᠨ ᠲᠦᠷᠦ ᠶᠢᠨ ᠪᠤᠳᠤᠯᠭ᠎ᠠ ᠪᠠᠷ ᠲᠡᠯᠡᠭᠡᠢ ᠲᠠᠢ ᠴᠢᠯᠦᠭᠡᠳᠡᠢ ᠶᠠᠪᠤᠯᠴᠠᠵᠦ ᠨᠢᠰᠬᠦ ᠮᠡᠳᠦ ᠬᠦᠭᠵᠢᠨ ᠬᠦᠴᠦᠷᠭᠡᠭᠵᠢᠭᠰᠡᠨ ᠴᠦ ᠲᠦᠷᠢᠮᠡᠭᠡᠢ ᠰᠠᠨᠠᠭ᠎ᠠ ᠡᠪᠦᠷᠯᠡᠭᠡ ᠦᠭᠡᠢ᠃ ᠬᠠᠷᠢᠯᠴᠠᠨ ᠬᠠᠪᠰᠤᠷᠴᠦ᠂ ᠬᠠᠮᠳᠤ ᠪᠠᠷ ᠵᠡᠷᠭᠡᠴᠡᠨ ᠤᠷᠤᠰᠢᠬᠤ ᠶᠢ ᠪᠠᠷᠢᠮᠳᠠᠯᠠᠵᠦ ᠲᠤᠮᠳᠠᠳᠤ ᠤᠯᠤᠰ ᠤᠨ ᠤᠨᠴᠠᠯᠢᠭᠳᠤ ᠨᠡᠶᠢᠭᠡᠮ ᠵᠢᠷᠦᠮᠳᠦ ᠵᠠᠮ ᠢᠶᠠᠷ ᠴᠦᠬᠦᠷᠡᠯ ᠦᠭᠡᠢ ᠤᠷᠤᠭᠰᠢᠯᠠᠨ᠎ᠠ᠃      ᠴᠢᠮ᠎ᠠ ᠳᠠᠭᠠᠨ ᠪᠢ ᠬᠠᠶᠢᠷᠠᠳᠠᠢ ᠪᠤᠯᠬᠤᠷ ᠦᠴᠦᠭᠡᠨ ᠴᠦ ᠠᠮᠠᠷᠠᠵᠦ ᠰᠠᠭᠤᠵᠦ ᠴᠢᠳᠠᠬᠤ ᠦᠭᠡᠢ᠂ ᠡᠭᠡ ᠤᠷᠤᠨ ᠮᠢᠨᠢ᠃ ᠬᠠᠪᠤᠷ ᠰᠠᠯᠭᠢ ᠬᠦᠳᠡᠯᠬᠦ ᠪᠠᠷ ᠮᠤᠳᠤᠨ ᠤ ᠴᠢᠨᠢ ᠨᠢᠭᠡᠨ ᠨᠠᠪᠴᠢ ᠵᠤᠯᠭᠠᠷᠠᠵᠦ ᠤᠨᠠᠬᠤ ᠠᠴᠠ ᠵᠤᠪᠠᠨ᠎ᠠ᠃ ᠵᠤᠨ ᠪᠤᠷᠤᠭᠠᠨ ᠦᠷᠬᠦᠯᠵᠢᠯᠡᠨ ᠤᠷᠤᠬᠤ ᠪᠠᠷ ᠲᠤᠭᠰᠢᠨ ᠦᠶᠡᠷ ᠪᠠᠭᠤᠵᠦ ᠭᠠᠵᠠᠷ ᠰᠢᠷᠤᠢ ᠶᠢ ᠡᠪᠳᠡᠬᠦ ᠠᠴᠠ ᠪᠤᠯᠭᠤᠮᠵᠢᠯᠠᠨ᠎ᠠ᠃ ᠨᠠᠮᠤᠷ ᠰᠢᠪᠠᠭᠤᠳ ᠪᠤᠴᠠᠬᠤ ᠪᠠᠷ ᠰᠡᠳᠭᠢᠯ ᠲᠠᠳᠠᠭᠳᠠᠵᠦ ᠬᠤᠶᠢᠨ᠎ᠠ ᠠᠴᠠ ᠨᠢ ᠰᠠᠴᠤᠯᠢ ᠡᠷᠭᠦᠵᠦ ᠡᠩᠭᠡ ᠲᠠᠶᠢᠪᠤᠩ ᠢ ᠨᠢ ᠵᠦᠩᠨᠡᠨ᠎ᠡ᠃ ᠡᠪᠦᠯ ᠴᠠᠰᠤ ᠰᠢᠭᠤᠷᠠᠬᠤ ᠪᠠᠷ ᠦᠨᠦᠴᠢᠨ ᠵᠡᠭᠡᠷ᠎ᠡ ᠶᠢᠨ ᠴᠢᠨᠢ ᠲᠦᠯᠦᠭᠡ ᠤᠨᠳᠠᠵᠦ ᠤᠷᠤᠬᠤ ᠦᠭᠡᠢ᠂ ᠪᠤᠳᠤᠯ ᠢᠶᠠᠨ ᠲᠠᠭᠠᠭᠠᠬᠤ ᠦᠭᠡᠢ ᠰᠢᠨᠠᠯᠤᠨ᠎ᠠ᠃      ︽ᠲᠦᠷᠦ ᠪᠠᠨ ᠰᠢᠳᠦᠭᠰᠡᠨ ᠬᠦᠮᠦᠨ ᠲᠦᠮᠡᠨ ᠨᠠᠰᠤᠯᠠᠬᠤᠢ︾ ᠭᠡᠮᠡᠬᠦ ᠠᠪᠤ ᠶᠢᠨ ᠦᠭᠡ ᠮᠢᠨᠦ ᠤᠢ ᠰᠡᠷᠡᠯ ᠳᠤ ᠤᠳᠬ᠎ᠠ ᠤᠴᠢᠷ ᠲᠠᠢ ᠪᠠᠭᠤᠨ᠎ᠠ᠃ ᠪᠢ ᠬᠤᠷᠳᠤ ᠬᠠᠮᠳᠤᠯᠢᠭ ᠤᠨ ︽ᠡᠭᠡ ᠤᠷᠤᠨ︾ ᠭᠡᠬᠦ ᠲᠠᠭᠤᠤ ᠶᠢ ᠰᠡᠳᠭᠢᠯ ᠢᠶᠠᠷ ᠢᠶᠠᠨ ᠲᠠᠭᠤᠯᠠᠬᠤ ᠲᠤᠷᠠᠳᠠᠢ᠃ ᠮᠢᠨᠦ ᠮᠦᠩᠭᠡ ᠶᠢᠨ ᠬᠤᠳᠤᠭᠳᠤ ᠡᠭᠡ ᠤᠷᠤᠨ — ᠡᠵᠢ ᠮᠢᠨᠢ     ᠡ︕      ᠮᠤᠩᠭᠤᠯ ᠲᠧᠯᠸᠢᠰ ᠢᠶᠠᠨ ᠬᠦᠦ ᠮᠢᠨᠢ ᠨᠡᠭᠡᠭᠡᠪᠡ᠃ ᠬᠤᠷᠳᠤ ᠬᠠᠮᠳᠤᠯᠢᠭ ᠤᠨ ᠲᠠᠭᠤᠯᠠᠭᠰᠠᠨ ᠲᠠᠭᠤᠤ ᠭᠡᠷ ᠲᠤᠳᠤᠷ᠎ᠠ ᠬᠦᠩᠭᠢᠨᠡᠯ᠎ᠡ᠃      ᠡᠴᠢᠭᠡ ᠡᠪᠦᠭᠡᠳ ᠤᠨ ᠲᠤᠭᠯᠠᠵᠦ ᠦᠰᠦᠭᠰᠡᠨ ᠴᠡᠴᠡᠭᠳᠦ ᠬᠦᠨᠳᠡᠢ      ᠠᠮᠤᠷ ᠲᠠᠶᠢᠪᠤᠩ ᠡᠩᠭᠡ ᠮᠡᠨᠳᠦ ᠶᠢᠨ ᠠᠶᠠᠯᠭᠤ ᠲᠠᠢ      ᠠᠵᠠ ᠲᠦᠷᠦᠭᠰᠡᠨ ᠬᠦᠮᠦᠨ ᠪᠢᠳᠡᠨ ᠤ ᠪᠠᠭ᠋ᠠᠷᠬᠠᠯ      ᠠᠷᠠᠳ ᠤᠯᠠᠨ ᠢᠶᠠᠷ ᠢᠶᠠᠨ ᠲᠡᠨᠢᠬᠦᠨ ᠵᠢᠷᠭᠠᠯ ᠲᠠᠢ ᠡᠭᠡ ᠤᠷᠤᠨ ᠮᠢᠨᠢ      ᠡᠭᠦᠨ ᠠᠴᠠ ᠴᠡᠯᠮᠡᠭ ᠬᠦᠭᠡ ᠲᠡᠭᠷᠢ ᠭᠡᠵᠦ ᠦᠭᠡᠢ      ᠡᠭᠡ ᠤᠷᠤᠨ ᠠᠴᠠ ᠰᠠᠶᠢᠬᠠᠨ ᠨᠤᠳᠤᠭ ᠭᠡᠵᠦ ᠬᠠᠮᠢᠭ᠎ᠠ ᠴᠦ ᠦᠭᠡᠢ      ᠡᠭᠦᠨ ᠠᠴᠠ ᠢᠯᠡᠬᠦᠦ ᠬᠠᠶᠢᠷᠠᠯᠠᠬᠤ ᠰᠢᠳᠦᠭᠡᠨ ᠦᠭᠡᠢ      ᠡᠭᠡ ᠤᠷᠤᠨ ᠠᠴᠠ ᠰᠠᠶᠢᠬᠠᠨ ᠨᠤᠳᠤᠭ ᠭᠡᠵᠦ ᠬᠠᠮᠢᠭ᠎ᠠ ᠴᠦ ᠦᠭᠡᠢ ᠁      ᠲᠦᠮᠡᠨ ᠤ ᠰᠡᠳᠭᠢᠯ ᠳᠤ ᠬᠦᠷᠦᠭᠰᠡᠨ ᠡᠨᠡ ᠲᠠᠭᠤᠨ ᠳᠤ ᠲᠡᠯᠡᠭᠡᠢ ᠵᠢᠷᠭᠠᠬᠤ ᠤᠴᠢᠷᠳᠠᠢ᠃ ᠦᠭᠡᠨ ᠤ ᠭᠢᠨᠢ ᠲᠤᠰᠤᠯᠳᠠ᠂ ᠠᠶᠠᠰ ᠤᠨ ᠭᠢᠨᠢ ᠢᠷᠠᠭᠤ ᠵᠢᠪᠬᠤᠭᠠᠯᠢᠭ ᠲᠤ ᠭᠡᠶᠢᠮᠤᠷᠢ ᠰᠡᠷᠭᠦᠵᠦ ᠭᠡᠰᠢᠭ ᠪᠤᠶᠠᠨ ᠲᠡᠯᠭᠡᠷᠡᠨ᠎ᠡ ᠁
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号