ᠪᠤᠷᠤᠭᠠᠨ | ᠵᠣᠬᠢᠶᠠᠭᠴᠢ᠄ ᠲᠣᠬᠴᠢ ᠯᠣᠪᠰᠠᠩ | ︵ᠬᠦᠳᠦᠯᠦᠭᠡ ᠬᠤᠶᠠᠷ︶ | ᠳᠡᠭᠷᠢ ᠶᠢᠨ ᠪᠤᠷᠤᠭᠠᠨ ᠳᠡᠯᠡᠬᠡᠢ ᠳᠤ ᠱᠠᠬᠢᠨ᠎ᠠ | ᠬᠦᠰᠡᠯ ᠤᠨ ᠪᠤᠷᠤᠭᠠᠨ ᠵᠡᠬᠦᠳᠤᠨ ᠳᠤ ᠰᠢᠪᠡᠷᠡᠨ᠎ᠡ | ᠭᠠᠩ ᠤᠨ ᠪᠤᠷᠤᠭᠠᠨ ᠰᠠᠯᠬᠢᠨ ᠳᠤ ᠦᠨᠦᠷᠳᠦᠨᠠ | ᠬᠠᠶᠢᠷ᠎ᠠ ᠶᠢᠨ ᠪᠤᠷᠤᠭᠠᠨ ᠬᠤᠷᠸ᠎ᠠ ᠶᠢ ᠳᠡᠪᠳᠦᠬᠡᠨᠡ | ᠪᠤᠷᠤᠭᠠᠨ ᠳᠤ ᠮᠦᠬᠦ ᠳᠡᠷᠪᠠᠶᠢᠵᠤ ᠤᠷᠭᠤᠨ᠎ᠠ | ᠪᠤᠷᠤᠭᠠᠨ ᠳᠤ ᠴᠡᠴᠡᠬᠡᠰ ᠢᠰᠪᠡᠯᠵᠡᠵᠤ ᠳᠡᠯᠬᠡᠷᠡᠨ᠎ᠡ | ᠪᠤᠷᠤᠭᠠᠨ ᠳᠤ ᠴᠢᠨᠤ ᠬᠡᠵᠢᠬᠡ ᠨᠤᠷᠤᠨᠠ | ᠪᠤᠷᠤᠭᠠᠨ ᠳᠤ ᠮᠢᠨᠦ ᠪᠤᠳᠤᠯ ᠲᠦᠯᠵᠢᠨᠠ | ᠦᠩᠬᠡ ᠦᠩᠬᠡ ᠶᠢᠨ ᠰᠢᠪᠠᠭᠤᠳ | ᠦᠨᠳᠦᠷ ᠳᠡᠭᠷᠢ ᠶᠢᠨ ᠴᠡᠩᠬᠡᠭᠦᠨ ᠬᠦᠰᠢᠬᠡᠨ ᠳᠤ | ᠦᠩᠬᠡ ᠦᠩᠬᠡ ᠶᠢᠨ ᠰᠢᠪᠠᠭᠤᠳ ᠨᠢᠰᠦᠯᠴᠠᠨᠠ | ᠦᠬᠡᠳᠡᠩ ᠰᠡᠬᠦᠯ ᠢᠶᠠᠷ ᠢᠶᠠᠨ ᠤᠭᠳᠠᠷᠭᠤᠢ ᠶᠢ ᠠᠷᠴᠢᠨ | ᠦᠳᠦ ᠰᠤᠳᠤᠨ ᠤ ᠭᠤᠶᠤᠮᠰᠤᠭ ᠢᠶᠠᠨ ᠳᠡᠯᠬᠡᠨ᠎ᠡ | ᠠᠭᠤᠳᠠᠮ ᠳᠠᠯ᠎ᠠ ᠶᠢᠨ ᠴᠢᠬᠢᠭᠯᠢᠭ ᠠᠭᠠᠷ ᠲᠤ | ᠦᠩᠬᠡ ᠦᠩᠬᠡ ᠶᠢᠨ ᠰᠢᠪᠠᠭᠤᠳ ᠨᠢᠰᠦᠯᠴᠡᠨ᠎ᠡ | ᠦᠳᠬᠡᠨ ᠰᠢᠩᠬᠡᠨ ᠳᠠᠭᠤᠨ ᠢᠶᠠᠷ ᠦᠶᠡᠷᠬᠡᠯᠴᠡᠨ | ᠦᠨᠳᠡᠭᠡ ᠳᠡᠭᠳᠡᠭᠡᠬᠡᠢ ᠪᠠᠨ ᠬᠠᠮᠳᠤ ᠪᠠᠷ ᠬᠠᠮᠠᠭᠠᠯᠠᠨ᠎ᠠ | ᠡᠬᠡ ᠪᠠᠶᠢᠭᠠᠯᠢ ᠶᠢᠨ ᠴᠡᠯᠡᠬᠡᠷ ᠵᠤᠰᠠᠯᠠᠩ ᠳᠤ | ᠦᠩᠬᠡ ᠦᠩᠬᠡ ᠶᠢᠨ ᠰᠢᠪᠠᠭᠤᠳ ᠨᠢᠰᠦᠯᠴᠠᠨᠠ | ᠡᠷᠡᠭᠴᠢᠨ ᠡᠮᠡᠭᠴᠢᠨ ᠶᠡᠭᠡ ᠪᠠᠭ᠎ᠠ ᠪᠦᠬᠦᠨ | ᠡᠬᠡ ᠤᠷᠤᠨ ᠢᠶᠠᠨ ᠡᠬᠡᠰᠢᠭᠯᠡᠨ ᠳᠠᠭᠤᠯᠠᠨ᠎ᠠ | ᠤᠶᠠᠩᠭ᠎ᠠ ᠨᠠᠶᠢᠷᠠᠭ ᠤᠨ ᠬᠡᠬᠡᠨ ᠬᠤᠷᠸ᠎ᠠ ᠳᠤ | ᠦᠩᠬᠡ ᠦᠩᠬᠡ ᠶᠢᠨ ᠰᠢᠪᠠᠭᠤᠳ ᠨᠢᠰᠦᠯᠴᠡᠨ᠎ᠡ | ᠦᠪᠡᠷ ᠦᠪᠡᠷ ᠤᠨ ᠰᠤᠯᠤᠩᠭᠠᠨ ᠵᠢᠷᠬᠢᠬᠡ ᠪᠠᠷ | ᠦᠩᠬᠡ ᠦᠩᠬᠡ ᠶᠢᠨ ᠵᠢᠬᠦᠷ ᠢᠶᠠᠨ ᠳᠡᠪᠢᠯᠬᠢᠯᠡᠨᠡ | ᠵᠡᠬᠦᠳᠤ | ᠦᠩᠬᠡᠷᠡᠬᠦ ᠰᠠᠯᠬᠢᠨ ᠤ ᠰᠢᠪᠡᠨᠡᠯ | ᠢᠷᠡᠬᠦ ᠦᠷᠯᠦᠬᠡ ᠶᠢᠨ ᠵᠡᠷᠬᠡᠯᠬᠡᠨ | ᠬᠡᠴᠢᠨᠡᠬᠡᠨ ᠰᠦᠨᠢ ᠶᠢᠨ ᠠᠮᠠᠷᠠᠭ | ᠬᠡᠬᠡᠨ ᠡᠳᠤᠷ ᠤᠨ ᠳᠤᠷᠠᠰᠤᠯ | ᠵᠦᠩᠨᠡᠯ ᠰᠠᠶᠢᠳᠠᠢ ᠤᠴᠠᠷᠠᠯ | ᠵᠦᠭ ᠤᠨ ᠰᠠᠶᠢᠨ ᠪᠡᠯᠬᠡ | ᠬᠡᠯᠳᠡᠷᠬᠡᠢ ᠰᠠᠷᠠᠨ ᠤ ᠰᠡᠬᠦᠳᠡᠷ | ᠡᠮᠳᠡᠷᠬᠡᠢ ᠰᠡᠳᠬᠢᠯ ᠤᠨ ᠰᠢᠷᠬᠠᠯᠠᠯ | ᠮᠤᠭᠠᠢ ᠵᠢᠷᠮᠤᠰᠤᠯᠡᠭᠰᠡᠨ ᠳᠤᠮᠤᠭ | ᠮᠠᠩᠭᠤᠰ ᠳᠠᠷᠤᠭᠰᠠᠨ ᠰᠡᠴᠡᠷᠬᠡᠯ | ᠬᠤᠯᠠ ᠶᠢ ᠰᠠᠨᠠᠭᠰᠠᠨ ᠳᠤᠷᠠᠯᠠᠯ | ᠬᠤᠷᠸ᠎ᠠ ᠶᠢ ᠳᠡᠪᠡᠷᠢᠭᠰᠡᠨ ᠬᠦᠰᠡᠯ | | |