ᠬᠠᠶᠢᠷ᠎ᠠ ᠶᠢᠨ ᠤᠴᠢ | ᠵᠣᠬᠢᠶᠠᠭᠴᠢ᠄ ᠠᠨᠢᠷ | ᠬᠡᠳᠦᠬᠡᠨ ᠡᠳᠦᠷ ᠲᠤ ᠪᠦᠮᠪᠤᠭᠡᠯᠡᠨ ᠲᠡᠯᠭᠡᠷᠡᠭᠰᠡᠨ ᠦᠩᠭᠡ ᠶᠢᠨ ᠴᠡᠴᠡᠭ ᠤᠨ ᠭᠠᠩᠬᠤᠭᠠᠨ ᠲᠤᠮᠳᠠ | ᠬᠤᠣᠯᠢᠩᠭᠤᠣᠯ ᠬᠤᠳᠠ ᠵᠡᠭᠦᠳᠦᠨ ᠠᠴᠠ ᠪᠠᠨ ᠭᠡᠨᠡᠳᠳᠡ ᠰᠡᠷᠡᠭᠰᠡᠨ ᠮᠡᠳᠦ ᠰᠦᠷᠯᠢᠭᠵᠢᠬᠦᠨ᠃ | ᠬᠦᠮᠦᠨ ᠠᠮᠢᠳᠠᠨ᠂ ᠤᠷᠭᠤᠮᠠᠯ ᠪᠤᠳᠠᠰ᠂ ᠴᠠᠭ ᠠᠭᠤᠷ᠂ ᠪᠠᠶᠢᠭᠠᠯᠢ ᠤᠷᠴᠢᠨ ᠲᠠᠢ ᠪᠠᠨ ᠵᠣᠬᠢᠴᠠᠯᠳᠤᠬᠤ ᠪᠠᠷ | ᠯᠡ ᠦᠭᠡᠳᠡᠷᠭᠡᠭ ᠰᠠᠶᠢᠬᠠᠨ ᠪᠦᠬᠦᠨ ᠦᠷᠭᠦᠯᠵᠢ ᠲᠤᠬᠢᠶᠠᠯᠳᠤᠳᠠᠭ ᠪᠠᠶᠢᠵᠠᠢ︕ | ︽ᠪᠠᠭᠰᠢ ᠡ᠂ ᠲᠠ ᠠᠯᠬᠤᠭᠠᠳ ᠶᠠᠪᠤᠵᠤ ᠪᠠᠶᠢᠨ᠎ᠠ ᠦᠦ︖︾ ᠁ ᠦᠷᠦᠪᠳᠦᠨ ᠬᠦᠭᠡᠷᠦᠬᠦ᠋ᠢᠯᠡᠭᠰᠡᠨ | ᠡᠨᠡ ᠬᠦ ᠲᠠᠭᠤᠨ ᠰᠡᠳᠬᠢᠯ ᠤᠨ ᠬᠦᠪᠴᠢ ᠶᠢ ᠴᠢᠪᠬᠠᠳᠠᠯ᠎ᠠ︕ | ᠰᠤᠷᠭᠠᠭᠤᠯᠢ ᠳᠤ ᠬᠢᠴᠢᠶᠡᠯ ᠰᠤᠨᠤᠰᠴᠦ ᠪᠠᠶᠢᠳᠠᠯ᠎ᠠ ᠲᠤᠳᠤᠷ᠎ᠠ ᠪᠠᠭᠠᠬᠠᠨ ᠲᠤᠷ᠎ᠠ ᠪᠤᠯᠬᠢᠨ | ᠣᠬᠰᠢᠭᠤᠯᠬᠤ ᠳᠠᠭᠠᠨ ᠰᠢᠭᠤᠳᠬᠠᠨ ᠭᠠᠷᠴᠦ ᠢᠷᠡᠭᠡᠳ ᠡᠮᠨᠡᠯᠭᠡ ᠳᠤ ᠪᠠᠶ᠎ᠠ ᠪᠠᠨ ᠪᠠᠶᠢᠴᠠᠭᠠᠯᠭᠠᠭᠠᠳ ᠭᠡᠷ ᠵᠦᠭ ᠢᠶᠠᠨ | ᠭᠡᠯᠳᠦᠷᠬᠢᠯᠡᠨ ᠠᠯᠬᠤᠯᠠᠬᠤ ᠳᠠᠭᠠᠨ ᠰᠠᠶ᠋ᠢᠬᠠᠨ ᠦᠩᠭᠡᠷᠡᠭᠰᠡᠨ ᠠᠰᠠᠷ ᠢ ᠬᠠᠷᠠᠬᠤ ᠶᠢᠨ ᠰᠠᠴᠠᠭᠤ ︽ᠡᠨᠡ ᠠᠰᠠᠷ ᠲᠤ | ᠮᠢᠨᠦ ᠠᠩᠬᠢ ᠶᠢᠨ ᠲᠠᠭᠠᠭᠤᠯ ᠰᠠᠭᠤᠳᠠᠭ ᠰᠢᠳᠡ᠂ ᠲᠠᠳᠠ ᠮᠠᠨᠢ ᠶᠠᠭᠠᠬᠢᠵᠤ ᠴᠦ ᠪᠠᠶᠢᠭ᠎ᠠ ᠪᠤᠯ︖ ᠶᠠᠭᠤ ᠬᠢᠬᠡᠳ | ᠶᠠᠭᠠᠷᠠᠵᠤ ᠪᠠᠶᠢᠭ᠎ᠠ ᠪᠤᠯ︖ ᠰᠤᠷᠤᠭᠴᠢᠳ ᠮᠠᠨᠢ ᠬᠤᠪᠢ ᠬᠤᠪᠢᠨ ᠳᠠᠭᠠᠨ ᠬᠡᠶᠢᠮᠦᠷᠢᠯᠢᠭ ᠶᠠᠪᠤᠵᠤ ᠯᠡ ᠪᠠᠶᠢᠪᠠᠯ | ᠪᠠᠶᠠᠰᠤᠯ︾ ᠁ ᠭᠡᠵᠤ ᠡᠯᠳᠡᠪ ᠪᠤᠳᠤᠯ ᠬᠢᠯᠠᠰᠬᠢᠭᠰᠡᠨ ᠵᠦᠩ ᠪᠢᠯᠢᠭ᠂ ᠤᠶᠤᠨ ᠰᠠᠷᠠᠯ ᠢᠶᠠᠨ ᠰᠠᠷᠠᠭᠡᠳ᠂ ᠵᠦᠩ | ᠰᠤᠪᠢᠩ ᠭᠡᠵᠤ ᠰᠤᠨᠢᠬᠠᠨ ᠪᠠᠶᠢᠯ᠎ᠠ ᠭᠡᠵᠤ ᠰᠠᠨᠠᠨ ᠵᠠᠪᠳᠣᠳᠠᠯ᠎ᠠ ᠶᠠᠭ ᠡᠨᠡ ᠬᠦ ᠰᠤᠷᠤᠭᠴᠢ ᠶᠢᠨ ᠤᠳᠠᠰᠤ ᠶᠢ | ᠲᠣᠰᠣᠬᠰᠠᠨ ᠨᠢ ᠡᠨᠡ ᠡ᠃ | ︽ᠦ᠂ ᠲᠠᠶᠢᠮᠦ ᠡ︕︾ ᠭᠡᠵᠤ ᠪᠢ ᠲᠦᠭᠦᠮᠬᠡᠨ ᠬᠠᠷᠢᠭᠤᠯᠣᠬᠰᠠᠨ ᠢᠶᠠᠨ ︽ᠲᠠᠨ ᠤ ᠠᠰᠠᠷ ᠤᠨ | ᠡᠮᠤᠨᠡᠬᠦᠷ ᠠᠯᠬᠤᠵᠤ ᠪᠠᠶᠢᠨ᠎ᠠ᠂ ᠲᠠ ᠴᠤᠩᠬᠤ ᠪᠠᠷ ᠢᠶᠠᠨ ᠤᠯᠵᠤ ᠦᠵᠡᠭᠡᠳ ᠲᠠᠨᠢᠴᠢᠬᠠᠯ᠎ᠠ ᠪᠢᠵᠡ︖︾ ᠭᠡᠵᠤ | ᠭᠱᠠᠨ᠎ᠠ ᠰᠡᠷᠡᠭᠳᠡᠭᠰᠡᠨ ᠰᠣᠪᠢᠡᠭ ᠢᠶᠠᠷ ᠢᠶᠠᠨ ᠰᠢᠭᠤᠳ ᠴᠣᠬᠤᠶᠢᠯᠭᠠᠯᠠ᠃ | ︽ᠦᠬᠡᠢ᠂ ᠪᠠᠭᠰᠢ ᠡ︕ ᠪᠢ ᠰᠠᠶ᠋ᠢ ᠬᠠᠵᠠᠭᠤ ᠪᠠᠷ ᠴᠢᠨᠢ ᠵᠦᠷᠢᠵᠤ ᠭᠠᠷᠤᠭᠰᠠᠨ ᠶᠣᠮ᠂ ᠲᠠ ᠨᠠᠮᠠᠶᠢ | ᠪᠠᠭᠠᠬᠠᠨ ᠬᠦᠯᠢᠶᠠᠵᠤ ᠪᠠᠶᠢᠭᠠᠷᠠᠢ︕ ᠪᠢ ᠡᠷᠬᠢᠵᠤ ᠣᠴᠢᠭᠠᠳ ᠲᠠᠨ ᠢ ᠬᠦᠷᠭᠡᠵᠦ ᠦᠭᠭᠦᠶ᠎ᠡ︾ ᠭᠡᠵᠤ ᠰᠣᠷᠣᠬᠴᠢ | ᠮᠢᠨᠢ ᠰᠢᠭᠤᠷᠬᠠᠢ ᠱᠠᠯᠠᠯ᠎ᠠ᠃ | ︽ᠦᠬᠡᠢ᠂ ᠭᠤᠯᠣᠤ ᠡ᠂ ᠪᠢ ᠤᠳᠠᠬᠤ ᠦᠬᠡᠢ ᠭᠡᠷ ᠲᠡᠭᠡᠨ ᠬᠦᠷᠴᠢᠭᠡᠨ᠎ᠡ᠂ ᠬᠠᠮᠢᠶ᠎ᠠ ᠦᠬᠡᠢ᠂ ᠲᠠ | ᠶᠠᠭᠠᠷᠠᠬᠤ ᠪᠠᠷ ᠢᠶᠠᠨ ᠶᠠᠭᠠᠷᠠ︕︾ | ︽ᠪᠠᠭᠰᠢ ᠡ᠂ ᠪᠢ ᠮᠦᠳᠳᠦᠬᠡᠨ ᠣᠴᠢᠯ᠎ᠠ︕ ᠲᠠ ᠵᠤᠭᠰᠦᠭᠠᠳ ᠬᠦᠯᠢᠶᠡᠵᠤ ᠪᠠᠶᠢᠭᠠᠷᠠᠢ︕︾ ᠭᠡᠳ | ᠭᠠᠷ ᠤᠳᠠᠰᠦ ᠪᠠᠨ ᠬᠠᠭᠠᠬᠰᠠᠨ ᠢᠶᠠᠨ ᠲᠡᠮᠡᠢ ᠤᠳᠠᠯ ᠦᠬᠡᠢ ᠪᠤᠴᠠᠨ ᠢᠷᠡᠵᠤ ᠬᠦᠭᠰᠢᠨ ᠨᠠᠮᠠᠶᠢ ᠲᠡᠷᠭᠡᠨ ᠳᠡᠭᠡᠨ | ᠲᠡᠭᠡᠭᠡᠭᠡᠳ ᠭᠡᠷ ᠵᠦᠭ ᠲᠠᠪᠬᠢᠭᠤᠯᠤᠯᠠ︕ | ︽ᠪᠠᠭᠰᠢ ᠡ᠂ ᠠᠵᠢᠯ ᠴᠢᠨᠢ ᠶᠠᠭᠠᠷᠠᠤ ᠪᠠᠶᠢᠬ᠎ᠠ︖ ᠰᠣᠷᠭᠠᠭᠤᠯᠢ ᠠᠴᠠ ᠪᠠᠨ ᠵᠦᠡᠭᠳᠡᠭᠡᠨ ᠠᠯᠬᠤᠵᠦ | ᠪᠠᠶᠢᠨ᠎ᠠ ᠦᠦ︖ ᠪᠠᠭᠠᠬᠠᠨ ᠬᠤᠯᠠ ᠡ︕︾ ᠭᠡᠵᠦ ᠰᠣᠷᠣᠬᠴᠢ ᠮᠢᠨᠢ ᠦᠭᠡ ᠡᠭᠦᠰᠭᠡᠭᠰᠡᠨ ᠢᠶᠠᠨ ᠰᠠᠨ ᠢᠶᠠᠨ ︽ | ᠪᠠᠭᠰᠢ ᠡ᠂ ᠲᠠᠨ ᠠᠴᠠ ᠰᠤᠷᠤᠭᠴᠢᠳ ᠴᠢᠨᠢ ᠮᠦᠨ ᠲᠤᠩ ᠶᠡᠭᠡ ᠠᠶᠤᠵᠤ ᠬᠢᠴᠢᠶᠡᠵᠦ ᠪᠠᠶᠢᠬ᠎ᠠ⁈ ᠠᠶᠤᠨ᠎ᠠ | ᠭᠡᠳᠡᠭ ᠴᠢᠨᠢ ᠰᠢᠭᠤᠳ ᠬᠡᠯᠡᠬᠦ ᠳᠤ ᠠᠶᠤᠵᠤ ᠪᠠᠶᠢᠨ᠎ᠠ ᠭᠡᠬᠦ ᠠᠴᠠ ᠨᠦᠬᠦᠭᠡ ᠲᠠᠯ᠎ᠠ ᠠᠴᠠ ᠰᠡᠳᠬᠢᠬᠦ ᠳᠤ ᠲᠠᠨ ᠢ ᠪᠠᠨ | ᠬᠦᠨᠳᠦᠳᠭᠡᠨ ᠪᠢᠰᠢᠷᠡᠵᠦ ᠪᠠᠶᠢᠭ᠎ᠠ ᠶᠢᠨ ᠢᠯᠡᠷᠡᠯ ᠰᠢᠨᠵᠢ ᠪᠠᠶᠢᠭ᠎ᠠ︾ ᠁ | ᠰᠤᠷᠤᠭᠴᠢ ᠶᠢᠨ ᠮᠢᠨᠢ ᠰᠡᠳᠬᠢᠯ ᠤᠨ ᠬᠢᠨᠢ ᠠᠷᠢᠭᠤᠬᠠᠨ ᠪᠠᠭᠤᠴᠠᠨ ᠠᠴᠠ ᠨᠢ ᠠᠶᠠᠨᠳᠠᠭᠠᠨ ᠤᠴᠢᠯᠠᠨ | ᠪᠠᠭᠤᠬᠰᠠᠨ ᠦᠭᠡ ᠪᠦᠬᠦᠨ ᠨᠢ ᠮᠢᠨᠦ ᠵᠢᠷᠤᠭᠡᠨ ᠲᠤᠯᠢᠳᠦ ᠳᠤ ᠬᠠᠶᠢᠷ᠎ᠠ ᠶᠢᠨ ᠰᠠᠴᠦᠷᠠᠭ ᠪᠤᠯᠵᠤ ᠡᠴᠢᠨᠡᠭᠡᠨ ᠵᠢᠯ ᠤᠨ | ᠮᠦᠷᠦᠭᠡᠳᠦᠯ ᠤᠨ ᠰᠡᠳᠭᠢᠯ ᠢ ᠮᠢᠨᠢ ᠡᠭᠡᠰᠢᠭᠯᠡᠯ᠎ᠡ︕ | ︽ᠵᠦᠩᠳᠡᠭᠡᠨ ᠠᠯᠬᠤᠳᠠᠭ᠂ ᠬᠠᠮᠢᠶ᠎ᠠ ᠦᠬᠡᠢ᠂ ᠪᠠᠭᠰᠢ ᠨᠢ ᠬᠡᠳᠦ᠋ᠢᠪᠡᠷ ᠵᠢᠷᠠ ᠰᠢᠬᠠᠭᠰᠠᠨ ᠴᠦ ᠤᠳᠤ ᠶᠢᠨ | ᠦᠨᠳᠦᠷ ᠨᠠᠰᠤᠳᠠᠳ ᠲᠠᠢ ᠬᠠᠷᠢᠴᠠᠭᠤᠯᠪᠠᠯ ᠵᠠᠯᠠᠭᠤᠬᠠᠨ ᠢᠶᠠᠷ ᠢᠶᠠᠨ ᠪᠠᠶᠢᠭᠰᠠᠭᠠᠷ ᠰᠢᠦ︾ ᠁ ᠠᠭᠤᠯᠵᠠᠭ᠎ᠠ | ᠦᠬᠡᠢ ᠠᠷᠪᠠᠭᠠᠳ ᠵᠢᠯ ᠪᠤᠯᠤᠭᠰᠠᠨ ᠰᠤᠷᠤᠭᠴᠢ ᠶᠢᠨ ᠢᠶᠠᠨ ᠲᠠᠶᠢᠷᠦᠯᠳᠤ ᠰᠤᠮᠤ ᠶᠢᠨ ᠬᠤᠷᠳᠤᠴᠠ ᠮᠡᠳᠦ | ᠰᠣᠪᠣᠷᠠᠭᠤᠯᠣᠨ ᠠᠰᠠᠭᠤᠬᠤ ᠠᠰᠠᠭᠤᠯᠳᠠ ᠳᠤ ᠰᠤᠩᠭᠤᠬᠤ ᠰᠡᠳᠦᠪ ᠤᠨ ᠬᠠᠷᠢᠭᠤᠯᠳᠠ ᠪᠢᠴᠢᠵᠦ ᠪᠠᠶᠢᠭ᠎ᠠ ᠮᠡᠳᠦ | ᠤᠭᠵᠤᠮᠬᠠᠨ ᠬᠠᠷᠢᠭᠤᠯᠳᠠ ᠢᠯᠡᠭᠡᠴᠢᠭᠡᠭᠡᠳ ᠬᠤᠷᠤᠮ ᠢᠪᠡᠭᠡᠭᠰᠡᠨ ᠬᠠᠶᠢᠷ᠎ᠠ ᠶᠢᠨ ᠰᠡᠳᠬᠢᠯ ᠤᠨ ᠦᠪᠦᠷ ᠲᠤ ᠵᠢᠷᠭᠠᠯ | ᠠᠴᠢᠶᠠᠯᠠᠯ᠎ᠠ︕ | ᠵᠢᠷᠭᠠᠯ ᠭᠡᠵᠤ ᠵᠠᠮ ᠤᠨ ᠬᠠᠵᠠᠭᠤ ᠪᠠᠷ ᠵᠢᠷᠢᠯᠵᠡᠨ ᠦᠩᠭᠡᠷᠡᠬᠦ ᠶᠢᠨ ᠬᠤᠷᠤᠮ ᠳᠤ ᠴᠦ ᠤᠷᠤᠩᠨᠠᠳᠠᠭ ᠪᠠᠶᠢᠵᠠᠢ᠃ | ᠤᠨᠴᠠᠭᠠᠢ ᠤᠷᠴᠢᠨ ᠳᠤ ᠪᠦᠮᠪᠦᠭᠡᠯᠡᠨ ᠲᠡᠯᠭᠡᠷᠡᠭᠰᠡᠨ ᠤᠯᠠᠭᠠᠨ ᠶᠠᠭᠠᠨ ᠴᠡᠴᠡᠭ ᠤᠳ ᠪᠠᠭᠰᠢ ᠰᠤᠷᠤᠭᠴᠢ ᠶᠢᠨ | ᠪᠤᠳᠤᠯ ᠰᠡᠳᠬᠢᠯ ᠢ ᠠᠯᠢ ᠬᠡᠳᠦ᠋ᠢᠨ ᠲᠠᠭᠠᠮᠠᠭᠯᠠᠨ ᠮᠡᠳᠡᠭᠰᠡᠨ ᠴᠦ ᠭᠡᠮᠡᠷ ᠠᠩᠬᠢᠯᠤᠮ᠎ᠡ ᠦᠨᠦᠷ ᠢᠶᠠᠨ ᠬᠠᠩᠬᠤᠯᠤᠭᠤᠯᠤᠨ | ᠰᠡᠩᠭᠢᠨᠡᠭᠦᠯᠦᠨᠡ᠃ | ᠬᠤᠷᠢ ᠭᠤᠴᠢᠨ ᠵᠢᠯ ᠪᠠᠭᠰᠢ ᠭᠡᠳᠡᠭ ᠠᠭᠤᠤ ᠠᠯᠳᠠᠷ ᠤᠨ ᠲᠤᠮᠳᠠ ᠰᠤᠷᠤᠭᠴᠢᠳ ᠢᠶᠠᠨ ᠡᠮᠡᠭᠴᠢᠨ ᠲᠠᠬᠢᠶ᠎ᠠ | ᠴᠤᠷᠪᠠᠭ᠎ᠠ ᠪᠠᠨ ᠦᠮᠦᠭᠯᠡᠨ ᠬᠠᠮᠠᠭᠠᠯᠠᠬᠤ ᠮᠡᠳᠦ ᠠᠮᠢ ᠴᠦᠯᠡᠨ ᠰᠤᠷᠤᠯᠭ᠎ᠠ ᠮᠤᠷᠠᠯ ᠢ ᠨᠢ ᠵᠢᠯᠤᠭᠤᠳᠤᠨ | ᠶᠠᠪᠤᠬᠤ ᠳᠠᠭᠠᠨ ᠬᠡᠤᠬᠡᠳ ᠲᠡᠭᠡᠨ ᠪᠤᠤ ᠯᠡ ᠰᠡᠳᠬᠢᠯ ᠤᠨ ᠦᠷᠢ ᠲᠠᠢ ᠶᠠᠪᠤᠶ᠎ᠠ᠂ ᠬᠠᠷᠢᠭᠤᠴᠠᠨ ᠬᠠᠶᠢᠷᠠᠯᠠᠶ᠎ᠠ᠂ | ᠢᠷᠡᠭᠡᠳᠦᠢ ᠲᠠᠢ ᠨᠢ ᠬᠠᠶᠢᠷᠠᠯᠠᠵᠤ ᠴᠢᠳᠠᠶ᠎ᠠ︕ ᠭᠡᠵᠤ ᠯᠡ ᠵᠤᠷᠢᠵᠤ ᠵᠢᠳᠬᠦᠯᠦᠨ ᠡᠭᠡᠨᠡᠭᠰᠢᠬᠦᠯᠦᠨ ᠡᠷᠭᠡᠯᠡᠬᠦᠯᠬᠦ ᠶᠢᠨ | ᠲᠠᠭᠠᠤ ᠦ ᠶᠢ ᠨᠢ ᠦᠵᠡᠨ ᠠᠭᠤᠷᠯᠠᠨ᠂ ᠤᠬᠠᠭᠠᠷᠠᠬᠤ ᠶᠢ ᠨᠢ ᠬᠠᠷᠠᠵᠦ ᠤᠷᠮᠠᠰᠢᠭᠤᠯᠣᠨ ᠵᠤᠷᠢᠭᠵᠢᠭᠤᠯᠤᠭᠰᠠᠭᠠᠷ | ᠢᠷᠡᠭᠰᠡᠨ ᠮᠢᠨᠢ ᠦᠨᠡᠨ᠃ | ᠰᠤᠷᠤᠭᠴᠢ ᠪᠠᠨ ᠬᠡᠤᠬᠡᠳ ᠢᠶᠠᠨ ᠮᠡᠳᠦ᠂ ᠰᠤᠷᠭᠠᠭᠤᠯᠢ ᠪᠠᠨ ᠭᠡᠷ ᠢᠶᠠᠨ ᠮᠡᠳᠦ ᠶᠠᠪᠤᠵᠤ ᠢᠷᠡᠯ᠎ᠡ ᠭᠡᠳᠡᠭ ᠨᠢ | ᠪᠠᠭᠠᠬᠠᠨ ᠲᠠᠪᠠᠭᠤᠯᠤᠭᠰᠠᠨ ᠦᠬᠡ ᠪᠠᠶᠢᠬ᠎ᠠ︖ ᠭᠡᠵᠤ ᠬᠠᠶᠠ ᠰᠤᠷᠤᠭᠴᠢ ᠲᠠᠢ ᠮᠢᠨᠢ ᠨᠠᠰᠤ ᠰᠠᠴᠠᠭᠤ | ᠭᠡᠤᠭᠡᠨ ᠳᠡᠭᠡᠨ ᠰᠤᠷᠤᠭᠴᠢ ᠪᠠᠨ ᠰᠠᠨᠠᠬᠤ ᠶᠢᠨ ᠬᠢᠷᠢ ᠪᠠᠷ ᠵᠤᠭᠤᠭ ᠡᠳᠦᠬᠦ ᠳᠤ ︽ᠲᠠ ᠦᠦ︖ ᠰᠤᠷᠤᠭᠴᠢ ᠪᠠᠨ | ᠬᠡᠤᠬᠡᠨ ᠠᠴᠠ ᠪᠠᠨ ᠬᠤᠯᠠ ᠢᠯᠡᠭᠦᠦ ᠬᠠᠯᠠᠮᠵᠢᠯᠠᠵᠤ ᠶᠠᠪᠤᠭᠰᠠᠨ ᠢ ᠬᠡᠨ ᠮᠡᠳᠡᠬᠦ ᠦᠬᠡᠢ ᠳᠤ ᠪᠢ ᠮᠡᠳᠡᠨ᠎ᠡ︾ ᠭᠡᠵᠤ | ᠴᠦᠬᠡᠨ ᠪᠤᠰᠤ ᠤᠳᠠᠭ᠎ᠠ ᠭᠤᠮᠤᠷᠬᠠᠯ ᠲᠤᠭᠠᠴᠢᠳᠠᠭ ᠭᠠᠭᠴᠠ ᠬᠡᠤᠬᠡᠨ ᠤ ᠪᠠᠨ ᠦᠬᠡᠨ ᠠᠴᠠ ᠨᠢᠳᠦᠨ ᠳᠤ ᠦᠵᠡᠭᠳᠡᠬᠦ | ᠦᠬᠡᠢ᠂ ᠭᠠᠷ ᠲᠤ ᠪᠠᠷᠢᠭᠳᠠᠬᠤ ᠦᠬᠡᠢ ᠡᠭᠡᠯ ᠶᠡᠷᠤᠮᠳᠡᠭ ᠵᠢᠯᠤᠭᠤᠳᠤᠮᠵᠢ ᠪᠠᠷ ᠢᠶᠠᠨ ᠬᠠᠶᠢᠷ᠎ᠠ ᠡᠮᠵᠢᠶᠡᠷᠢᠯᠡᠨ ᠵᠦᠢᠵᠤ | ᠦᠢᠯᠠᠰ ᠲᠡᠭᠡᠨ ᠱᠤᠳᠤᠷᠴᠦ ᠵᠢᠳᠬᠦᠵᠦ ᠶᠠᠪᠤᠭᠰᠠᠨ ᠢᠶᠠᠨ ᠰᠡᠳᠬᠢᠯ ᠳᠡᠭᠡᠨ ᠰᠠᠮᠬᠡᠨ ᠳ᠋ᠦᠡᠭᠨᠡᠨ ᠰᠠᠭᠤᠬᠰᠠᠨ᠃ | ᠦᠩᠭᠡᠷᠡᠨ ᠤᠳᠤᠭᠰᠠᠨ ᠬᠡᠳᠦᠨ ᠠᠷᠪᠠᠨ ᠵᠢᠯ ᠤᠨ ᠵᠢᠳᠬᠦᠯ ᠳᠡᠭᠡᠨ ᠭᠡᠤᠭᠡᠳ ᠭᠡᠵᠤ ᠬᠡᠷ ᠪᠦᠯᠢ ᠶᠢᠨ ᠢᠶᠠᠨ ᠨᠠᠷᠠᠨ᠂ | ᠠᠶᠢᠯ ᠪᠦᠯᠢ ᠶᠢᠨ ᠢᠶᠠᠨ ᠢᠷᠡᠭᠡᠳᠦᠢ ᠪᠤᠯᠬᠤ ᠶᠢ ᠵᠢᠷᠦᠬᠡᠨ ᠳᠡᠭᠡᠨ ᠰᠡᠶᠢᠯᠵᠤ᠂ ᠰᠢᠯᠢᠳᠡᠭ ᠰᠤᠷᠤᠭᠴᠢ ᠶᠢ ᠯᠡ ᠰᠠᠶᠢᠨ | ᠬᠠᠷᠠᠭᠠᠯᠵᠠᠬᠤ ᠪᠤᠰᠤ᠂ ᠬᠦᠴᠢᠷᠳᠡᠯᠳᠡᠢ ᠰᠤᠷᠤᠭᠴᠢ᠂ ᠲᠤᠷᠤᠢ ᠰᠤᠷᠤᠭᠴᠢ ᠶᠢ ᠨᠡᠩ ᠬᠠᠷᠠᠭᠠᠯᠵᠠᠬᠤ ᠴᠢᠬᠤᠯᠠᠳᠠᠢ | ᠭᠡᠵᠤ ᠬᠤᠪᠢ ᠳᠠᠭᠠᠨ ᠤᠬᠠᠭᠠᠷᠠᠨ᠂ ᠦᠷ᠎ᠡ ᠶᠢᠨ ᠭᠠᠭᠴᠠ ᠬᠡᠤᠬᠡᠨ ᠳᠡᠭᠡᠨ ᠴᠦ ᠤᠰᠤᠯ ᠲᠠᠢ ᠬᠡᠮᠡᠷ ᠠᠩᠬᠢ᠂ | ᠰᠤᠷᠤᠭᠴᠢ᠂ ᠠᠵᠢᠯ ᠭᠡᠵᠤ ᠯᠡ ᠵᠢᠳᠬᠦᠯᠦᠭᠰᠡᠭᠡᠷ ᠢᠷᠡᠭᠰᠡᠨ᠃ | ︽ᠦᠷ᠎ᠡ ᠦᠦ ᠳ᠋ᠡ ᠵᠢᠷᠦᠬᠡ᠂ ᠦᠵᠡᠬᠦ ᠨᠢᠳᠦᠨ ᠤ ᠴᠡᠴᠡᠭᠡᠢ᠂ ᠦᠨᠦᠰᠬᠦ ᠬᠠᠮᠠᠷ ᠤᠨ ᠵᠠᠭᠠᠷ︾ ᠭᠡᠳᠡᠭᠴᠢᠯᠡᠨ | ᠠᠯᠢ ᠨᠢᠭᠡ ᠬᠡᠤᠬᠡᠳ ᠨᠢ ᠴᠦ ᠠᠶᠢᠯ ᠪᠦᠷᠢ ᠶᠢᠨ ᠢᠶᠠᠨ ᠭᠠᠯ ᠭᠤᠯᠤᠮᠳᠠ᠂ ᠦᠨᠳᠦᠰᠦ ᠤᠭᠰᠠᠭ᠎ᠠ ᠭᠡᠳᠡᠭ ᠢ | ᠦᠨᠡᠮᠰᠢᠨ ᠤᠬᠠᠭᠠᠨ ᠤ ᠪᠠᠨ ᠬᠢᠷᠢ ᠳᠡᠭᠡᠨ ᠠᠮᠢ ᠬᠤᠪᠢᠨ ᠳᠠᠭᠠᠨ ᠵᠦᠪ ᠪᠣᠯᠵᠦ ᠬᠦᠮᠦᠵᠢᠭᠳᠡᠬᠦ ᠪᠣᠯᠣᠭᠠᠰᠠᠢ ᠭᠡᠵᠦ | ᠬᠦᠰᠡᠨ ᠨᠠᠶᠢᠳᠠᠭᠰᠠᠨ᠂ ᠬᠦᠯᠢᠶᠡᠨ ᠰᠠᠨᠠᠭᠠᠯᠵᠠᠭᠰᠠᠨ᠂ ᠴᠢᠮᠡᠭᠡᠯᠡᠨ ᠰᠤᠷᠠᠭᠯᠠᠵᠤ ᠯᠡ ᠶᠠᠪᠤᠭᠰᠠᠨ᠃ ᠦᠨᠦᠳᠦᠷ | ᠵᠤᠯ ᠢᠶᠠᠷ ᠰᠠᠨᠠᠯ ᠮᠦᠷᠦᠭᠡᠳᠦᠯ ᠤᠨ ᠰᠤᠪᠢᠩ ᠲᠠᠳᠠᠭᠤᠯᠤᠨ ᠰᠢᠭᠤᠳ ᠨᠢᠭᠤᠷᠳᠠᠬᠤ ᠳᠤ ᠯᠡ ᠰᠡᠳᠬᠢᠯ ᠲᠠᠨᠢᠬᠦᠬᠡᠨ | ᠵᠢᠷᠭᠠᠯᠳᠠᠢ᠃ | ᠁ | ︽ᠦᠨᠦᠳᠦᠷ ᠭᠡᠨᠡᠳᠳᠡ ᠲᠠᠨ ᠢ ᠰᠠᠨᠠᠵᠤ ᠤᠯᠤᠭᠠᠳ ᠡᠷᠬᠢᠴᠡᠬᠦᠯᠵᠤ ᠶᠠᠪᠤᠳᠠᠯ᠎ᠠ ᠲᠠᠨ ᠤ ᠤᠳᠠᠰᠤ | ᠲᠣᠣᠭᠠᠷᠣᠯᠠ᠃ ᠲᠡᠭᠡᠭᠡᠳ ᠯᠡ ᠪᠠᠭᠰᠢ ᠨᠢ ᠤᠶᠤᠨ ᠮᠡᠳᠡᠷᠡᠮᠵᠢ ᠵᠦᠩ ᠰᠤᠪᠢᠩ ᠭᠡᠵᠤ ᠰᠤᠨᠢᠬᠠᠨ ᠡ ᠭᠡᠵᠦ ᠰᠠᠨᠠᠵᠤ | ᠵᠠᠪᠳᠤᠯ᠎ᠠ ᠰᠢᠦ︕︾ | ︽ᠪᠠᠭᠰᠢ ᠡ᠂ ᠭᠡᠷ ᠲᠤ ᠴᠢᠨᠢ ᠤᠴᠢᠶ᠎ᠠ ᠭᠡᠵᠤ ᠪᠤᠳᠤᠳᠠᠭ ᠪᠣᠯᠪᠠᠴᠦ ᠲᠠᠨ ᠠᠴᠠ ᠡᠷᠡᠭᠡᠯᠡᠭᠡᠳ ᠁︾ | ︽ᠪᠢ ᠪᠠᠭ᠎ᠠ ᠠᠴᠠ ᠴᠢᠨᠢ ᠲᠠ ᠨᠠᠷ ᠢ ᠬᠡᠳᠦ ᠴᠢᠩᠭ᠎ᠠ ᠱᠠᠭᠠᠷᠳᠠᠭᠰᠠᠭᠠᠷ ᠪᠠᠶᠢᠭᠠᠳ ᠨᠢᠭᠡᠮᠤᠰᠤᠨ ᠠᠶᠢᠳᠠᠰ | ᠬᠦᠷᠭᠡᠬᠦ ᠪᠤᠯᠭᠠᠴᠢᠬᠠᠯᠠ ᠪᠠᠶᠢᠬ᠎ᠠ︖ ᠣᠳᠣ ᠡᠷᠭᠢᠴᠡᠭᠦᠯᠵᠦ ᠪᠣᠳᠣᠬᠤ ᠪᠦᠷᠢ ᠲᠠ ᠨᠠᠷ ᠢ ᠬᠡᠳᠦ ᠬᠡᠳᠦᠷᠡᠬᠦᠯᠵᠦ | ᠪᠠᠶᠢᠬᠰᠠᠨ ᠪᠢᠵᠡ ᠭᠡᠵᠦ ᠬᠠᠷᠠᠮᠰᠠᠳᠠᠭ︾ | ︽ᠪᠢᠰᠢ ᠡ᠂ ᠪᠠᠭᠰᠢ ᠡ᠃ ᠪᠢᠳᠠᠨ ᠢ ᠲᠠ ᠲᠡᠷᠡ ᠦᠶ᠎ᠡ ᠳᠤ ᠴᠢᠩᠭ᠎ᠠ ᠬᠠᠮᠢᠶᠠᠷᠤᠭᠰᠠᠨ ᠦᠬᠡᠢ ᠪᠤᠯ | ᠲᠠᠯᠠᠭᠠᠳ ᠰᠤᠷᠤᠭᠴᠢ ᠠᠴᠠ ᠡᠶᠢᠮᠦ ᠤᠯᠠᠨ ᠰᠢᠯᠢᠳᠡᠭ ᠬᠦᠮᠦᠨ ᠭᠠᠷᠬᠤ ᠳᠤ ᠬᠦᠴᠢᠷ᠂ ᠮᠢᠨᠦ ᠡᠵᠢ ᠲᠠᠩᠳᠠ ︿ᠪᠢ | ᠲᠠᠨ ᠤ ᠭᠤᠷᠪᠠᠭᠤᠯᠬᠠᠨ ᠢ ᠴᠦ ᠬᠠᠮᠢᠶᠠᠷᠬᠤ ᠳᠤ ᠬᠦᠴᠢᠷᠳᠡᠵᠤ ᠪᠠᠶᠢᠨ᠎ᠠ᠂ ᠲᠠᠨ ᠤ ᠪᠠᠭᠰᠢ ᠨᠡᠩ ᠠᠮᠠᠷ ᠦᠬᠡᠢ ᠰᠢᠦ︕ | ᠪᠠᠭᠰᠢ ᠳᠠᠭᠠᠨ ᠪᠤᠤ ᠯᠡ ᠶᠠᠷᠰᠢᠭ ᠲᠠᠳᠠᠵᠤ ᠠᠭᠠᠰᠢᠯᠠ﹀ ᠭᠡᠵᠤ ᠵᠠᠬᠢᠳᠠᠭ ᠪᠠᠶᠢᠬᠰᠠᠨ᠂ ᠤᠳᠤ ᠴᠦ ᠭᠡᠰᠡᠨ ︿ | ᠲᠠᠨ ᠤ ᠠᠩᠬᠢ ᠶᠢᠨ ᠡᠷᠬᠢᠯᠡᠭᠴᠢ ᠴᠢᠨᠢ ᠮᠦᠨ ᠠᠩᠬᠢ ᠡᠷᠬᠢᠯᠡᠵᠤ ᠪᠠᠶᠢᠭ᠎ᠠ ᠪᠠᠶᠢᠬ᠎ᠠ﹀ ᠭᠡᠵᠦ ᠲᠣᠷᠠᠰᠣᠳᠠᠬ | ᠶᠣᠮ︾ ᠁ | ᠰᠤᠷᠤᠭᠴᠢ ᠲᠠᠢ ᠪᠠᠨ ᠪᠢ ᠬᠤᠪᠢ ᠬᠤᠪᠢᠨ ᠤ ᠪᠠᠨ ᠪᠣᠯᠢᠶᠠᠯᠳᠣᠨ ᠶᠠᠷᠢᠬᠤ ᠳᠤ ᠬᠠᠶᠢᠷ᠎ᠠ ᠶᠢᠨ ᠤᠴᠢ ᠪᠠᠭᠰᠢ | ᠰᠤᠷᠤᠭᠴᠢ ᠶᠢᠨ ᠦᠪᠡᠷᠮᠢᠴᠡ ᠬᠤᠯᠪᠤᠭ᠎ᠠ ᠪᠤᠯᠵᠤ ᠭᠤᠭᠴᠤᠭᠠᠷᠠᠨ ᠢᠭᠳᠦᠯᠦᠨᠡ᠃ | ︽ᠪᠠᠭᠰᠢ ᠡ᠂ ᠤᠬᠠᠭᠠᠨ ᠬᠤᠷᠢᠮᠯᠠᠴᠢᠬᠠᠭᠰᠠᠨ᠂ ᠭᠠᠳᠠᠰᠤ ᠲᠤᠳᠤᠭᠠᠳᠦ ᠶᠢ ᠬᠠᠮᠠᠭᠠᠯᠠᠬᠤ ᠲᠤᠪᠴᠢᠶᠠᠨ ᠳᠤ | ᠡᠯᠰᠡᠭᠳᠡᠭᠰᠡᠨ᠂ ᠭᠠᠷᠪᠤᠤ ᠬᠦᠳᠡᠭᠡ ᠭᠡᠷ ᠲᠡᠭᠡᠨ ᠬᠠᠷᠢᠭᠰᠠᠨ᠂ ᠪᠠᠭᠠᠳᠤᠷ ᠵᠠᠰᠠᠭ ᠤᠨ ᠤᠷᠳᠤᠨ ᠳᠤ | ᠠᠵᠢᠯᠯᠠᠴᠢᠬᠠᠭᠰᠠᠨ ᠁ ᠮᠠᠨ ᠤ ᠠᠩᠬᠢ ᠶᠢᠨ ᠬᠢᠨ ᠬᠤᠪᠢ ᠬᠤᠪᠢᠨ ᠳᠠᠭᠠᠨ ᠪᠦᠷ ᠪᠤᠯᠴᠢᠬᠠᠨ᠎ᠠ ᠰᠢᠦ︕︾ ᠁ | ᠭᠡᠵᠤ ᠰᠤᠷᠤᠭᠴᠢ ᠲᠠᠭᠠᠭᠤᠯ ᠦᠪᠡᠷ ᠤᠨ ᠮᠡᠳᠡᠭᠰᠡᠨ ᠬᠢᠷᠢ ᠳᠡᠭᠡᠨ ᠴᠤᠪᠤᠷᠠᠭᠤᠯᠤᠨ ᠶᠠᠷᠢᠵᠤ ᠪᠠᠶᠠᠰᠤᠯ | ᠲᠡᠭᠡᠳᠦᠯᠡᠨᠡ᠃ | ᠰᠠᠨᠠᠭᠠᠨ ᠳᠤ ᠦᠬᠡᠢ ᠤᠴᠠᠷᠠᠯ᠂ ᠰᠤᠪᠢᠩ ᠲᠠᠳᠠᠭᠰᠠᠨ ᠦᠬᠡᠶᠢᠯᠡᠯ ᠬᠡᠳᠦᠬᠡᠨ ᠮᠢᠨᠦ᠋ᠲ ᠤᠨ ᠬᠤᠷᠣᠮ ᠳᠤ | ᠬᠦᠰᠡᠨ ᠰᠠᠨᠠᠵᠤ᠂ ᠲᠤᠷᠠᠳᠬᠠᠨ ᠮᠦᠷᠦᠭᠡᠳᠦᠨ ᠶᠠᠪᠤᠭᠰᠠᠨ ᠰᠤᠷᠤᠭᠴᠢ ᠪᠠᠭᠰᠢ ᠶᠢᠨ ᠬᠠᠶᠢᠷ᠎ᠠ ᠶᠢᠨ ᠤᠴᠢ ᠶᠢ | ᠲᠦᠷᠡᠯᠵᠡᠬᠦᠯᠵᠤ ᠪᠢᠯᠡ︕ | ᠰᠤᠷᠤᠭᠴᠢ ᠶᠢᠨ ᠮᠢᠨᠢ ︽ᠪᠠᠭᠰᠢ ᠡ︕︾ ᠭᠡᠭᠦ ᠭᠠᠭᠴᠠᠬᠠᠨ ᠦᠬᠡ ᠠᠷᠢᠭᠤᠬᠠᠨ ᠦᠢᠯᠠᠰ ᠤᠨ ᠤᠶᠠᠩᠭ᠎ᠠ | ᠲᠠᠭᠤᠤ ᠪᠤᠯᠵᠤ ᠦᠩᠭᠡᠷᠡᠭᠰᠡᠨ ᠤᠨ ᠵᠢᠯ ᠤᠨ ᠮᠦᠷᠦᠭᠡᠳᠦᠯ᠂ ᠢᠷᠡᠬᠦ ᠤᠨ ᠰᠠᠷ᠎ᠠ ᠶᠢᠨ ᠬᠠᠯᠠᠮᠵᠢ ᠪᠤᠯᠵᠤ | ᠣᠴᠢᠯᠠᠨᠠ᠃ | ᠠᠨᠢᠷ ᠦᠬᠡᠢ ᠶᠢᠨ ᠲᠤᠮᠳᠠ ᠬᠤᠤᠯᠢᠨ ᠭᠤᠤᠯ ᠲᠠᠶᠢᠪᠤᠭᠤᠬᠠᠨ ᠲᠣᠨᠣᠯᠵᠠᠨᠠ᠃ ᠤᠯᠠᠷᠢᠯ ᠰᠣᠯᠢᠬᠳᠠᠵᠦ᠂ | ᠬᠤᠷ᠎ᠠ ᠪᠣᠷᠣᠭᠠᠠ ᠨᠢ ᠴᠠᠰᠤ ᠰᠢᠭᠤᠷᠭᠠᠨ ᠢᠶᠠᠷ ᠤᠷᠤᠯᠠᠭᠳᠠᠳᠠᠭ ᠴᠦ ᠬᠤᠣᠯᠢᠨ ᠭᠤᠣᠯ ᠪᠠᠶᠢᠭᠠᠯᠢ ᠤᠷᠴᠢᠨ ᠲᠠᠢ ᠪᠠᠨ | ᠡᠶᠡᠯᠳᠦᠨ ᠵᠤᠬᠢᠴᠠᠯᠳᠤᠬᠰᠠᠭᠠᠷ ᠣᠮᠠᠷ᠎ᠠ ᠵᠦᠭ ᠢ ᠴᠢᠭᠯᠡᠨ ᠣᠷᠣᠰᠣᠨ᠎ᠠ᠃ | ᠬᠤᠤᠯᠢᠨ ᠭᠤᠤᠯ ᠤᠨ ᠤᠷᠤᠰᠬᠠᠯ ᠲᠠᠭᠠᠵᠦ ᠪᠠᠭᠰᠢ ᠰᠤᠷᠤᠭᠴᠢ ᠶᠢᠨ ᠬᠠᠶᠢᠷ᠎ᠠ ᠬᠠᠯᠬᠢᠯᠠᠬᠰᠠᠭᠠᠷ ᠁ | | |