ᠭᠠᠴᠠᠭᠠᠨ ᠲᠠᠷᠤᠭ᠎ᠠ ᠶᠢᠨ ᠲᠠᠭᠤᠣ
ᠨᠡᠶᠢᠲᠡᠯᠡᠭᠰᠡᠨ ᠴᠠᠭ᠄
2020/6/17
     ᠭᠠᠴᠠᠭᠠᠨ ᠲᠠᠷᠤᠭ᠎ᠠ ᠶᠢᠨ ᠲᠠᠭᠤᠣ                            ᠵᠣᠬᠢᠶᠠᠭᠴᠢ᠄ ᠸ᠊ · ᠠᠭᠤᠯᠠ      ᠪᠠᠳᠤ ᠭᠠᠴᠠᠭᠠᠨ ᠲᠠᠷᠤᠭ᠎ᠠ ᠬᠤᠭᠤᠯᠠᠢ ᠨᠢ ᠰᠦᠭᠡᠩᠬᠢ ᠪᠣᠯᠪᠠᠴᠦ ᠤᠯᠠᠨ ᠨᠡᠶᠢᠳᠡ ᠶᠢᠨ ᠲᠠᠯᠠᠪᠤᠷ ᠪᠤᠶᠤ ᠸᠢᠴᠠᠲ ᠲᠠᠪᠴᠠᠩ ᠲᠡᠭᠡᠷ᠎ᠡ ᠲᠠᠭᠤᠥ ᠲᠠᠭᠤᠯᠠᠬᠤ ᠲᠤᠷᠠᠳᠠᠢ ᠪᠠᠶᠢᠳᠠᠭ᠂ ᠤᠨᠴᠠᠭᠠᠶᠢᠯᠠᠨ ᠠᠷᠢᠬᠢ ᠤᠤᠭᠤᠭᠠᠳ ᠪᠠᠭ᠎ᠠ ᠬᠡᠳᠦᠷᠡᠪᠡᠯ ᠭᠠᠷ ᠤᠳᠠᠰᠤ ᠪᠠᠷᠢᠴᠢᠬᠠᠭᠠᠳ ᠯᠡ ᠠᠶᠢᠯ ᠤᠯᠠᠨ ᠪᠤᠶᠤ ᠤᠶᠢᠷ᠎ᠠ ᠰᠠᠳᠤᠨ ᠤ ᠪᠠᠨ ᠰᠦᠯᠵᠢᠶᠡᠨ ᠴᠤᠭᠯᠠᠷᠠᠯ ᠳᠤ ᠬᠤᠭᠤᠯᠠᠢ ᠪᠠᠨ ᠰᠢᠪᠬᠠᠨ ᠴᠢᠨᠡᠭᠡ ᠮᠡᠳᠡᠨ ᠲᠠᠭᠤᠯᠠᠵᠤ ᠯᠡ ᠪᠠᠶᠢᠳᠠᠭ ᠰᠠᠨ᠃ ᠲᠡᠭᠦᠨ ᠤ ᠡᠨᠡ ᠬᠦ ᠲᠣᠷ᠎ᠠ ᠪᠠᠬ᠎ᠠ ᠶᠢ ᠨᠢ ᠬᠡᠨ ᠬᠦᠮᠦᠨ ᠴᠦ ᠭᠡᠰᠡᠨ ᠬᠤᠷᠢᠭᠯᠠᠵᠤ ᠴᠢᠳᠠᠬᠤ ᠦᠭᠡᠢ᠂ ᠢᠯᠠᠩᠭᠤᠶ᠎ᠠ ᠤᠳᠤᠬᠢ ᠴᠠᠭ ᠡᠷᠢᠨ ᠤ ᠴᠢᠮᠡᠭᠡ ᠵᠠᠩᠭᠢ ᠨᠢᠰᠬᠦ ᠮᠡᠳᠦ ᠬᠦᠭᠵᠢᠯᠳᠡ ᠳᠤ ᠤᠷᠤᠭᠰᠠᠨ ᠨᠢ ︽ᠪᠠᠷᠰ ᠲᠤ ᠵᠢᠭᠦᠷ ᠣᠷᠭᠤᠭᠤᠯᠣᠬᠰᠠᠨ︾ ᠬᠡᠮᠡᠷ ᠲᠡᠭᠦᠨ ᠤ ᠲᠣᠷ᠎ᠠ ᠪᠠᠬ᠎ᠠ ᠶᠢ ᠣᠯᠠᠮ ᠢᠶᠠᠷ ᠬᠦᠭᠵᠢᠭᠡᠵᠦ ᠣᠷᠭᠢᠵᠠᠢ᠃ ᠭᠡᠶ᠎ᠡ ᠲᠡᠭᠦᠨ ᠤ ᠲᠠᠭᠤᠯᠠᠭᠰᠠᠨ ᠲᠠᠭᠤᠥ ᠶᠢ ᠨᠢ ᠵᠠᠷᠢᠮ ᠬᠦᠮᠦᠰ ᠨᠢ ᠰᠤᠨᠤᠰᠬᠤ ᠲᠣᠷ᠎ᠠ ᠲᠠᠢ ᠪᠣᠯᠪᠠᠴᠦ᠂ ᠵᠠᠷᠢᠮ ᠬᠦᠮᠦᠨ ᠨᠢ ᠲᠣᠷ᠎ᠠ ᠦᠭᠡᠶᠢᠴᠡᠵᠦ ᠭᠠᠷ ᠤᠳᠠᠰᠤ ᠪᠠᠨ ᠠᠭᠤᠷᠳᠠᠶᠢᠬᠠᠨ ᠲᠤᠪᠰᠢᠵᠦ ᠲᠠᠭᠤᠯᠠᠬᠰᠠᠨ ᠲᠠᠭᠤᠣ ᠶᠢ ᠨᠢ ᠵᠠᠬ᠎ᠠ ᠲᠠᠷᠠᠭᠠᠯᠠᠨ ᠴᠡᠪᠡᠷᠯᠡᠳᠡᠭ ᠪᠠᠶᠢᠵᠠᠢ᠃ ᠤᠶᠢᠷ᠎ᠠ ᠶᠢᠨ ᠬᠤᠭᠤᠴᠠᠭᠠᠨ ᠳᠤ ᠲᠡᠭᠦᠨ ᠢ ᠭᠠᠴᠠᠭᠠᠨ ᠲᠠᠷᠤᠭ᠎ᠠ ᠪᠤᠯᠤᠭᠰᠠᠨ ᠠᠴᠠ ᠠᠪᠤᠭᠠᠳ᠂ ᠲᠡᠭᠦᠨ ᠤ ᠲᠠᠭᠤᠥ ᠶᠢ ᠨᠢ ᠰᠣᠨᠣᠰᠬᠤ ᠬᠦᠮᠦᠰ ᠠᠶᠢᠯ ᠤᠨ ᠴᠣᠬᠯᠠᠷᠠᠯ ᠳᠤ ᠤᠯᠠᠰᠢᠷᠠᠭᠰᠠᠨ ᠮᠦᠷᠳᠡᠭᠡᠨ ᠠᠬᠢᠨ ᠲᠠᠬᠢᠨ ᠴᠡᠴᠡᠭ ᠪᠤᠶᠤ ᠤᠷᠮᠠᠰᠢᠭᠤᠯᠬᠤ ᠵᠢᠷᠤᠭ ᠲᠦᠷᠰᠦ ᠲᠠᠷᠬᠠᠭᠠᠬᠤ ᠬᠦᠮᠦᠰ ᠴᠦ ᠠᠷᠪᠢᠳᠠᠵᠠᠢ᠃ ᠡᠭᠦᠨ ᠨᠢ ᠲᠡᠭᠦᠨ ᠤ ᠲᠠᠭᠤᠣ ᠲᠠᠭᠤᠯᠠᠬᠤ ᠣᠷᠮᠠᠰᠢᠯ ᠢ ᠣᠯᠠᠮ ᠢᠶᠠᠷ ᠪᠠᠳᠠᠷᠠᠭᠤᠯᠵᠦ ᠦᠪᠡᠷ ᠲᠤᠨᠢ ᠲᠠᠭᠤᠤ ᠶᠢ ᠦᠨᠡᠬᠡᠷ ᠭᠤᠶᠣ ᠲᠠᠭᠤᠯᠠᠵᠦ ᠪᠠᠶᠢᠨ᠎ᠠ᠂ ᠰᠠᠶᠢᠨ ᠲᠠᠭᠤᠯᠠᠵᠤ ᠪᠠᠶᠢᠨ᠎ᠠ ᠭᠡᠬᠦ ᠲᠦᠷᠦᠭᠳᠡᠯ ᠢ ᠪᠣᠢ ᠪᠣᠯᠭᠠᠬᠰᠠᠨ ᠪᠠᠶᠢᠵᠦ ᠮᠡᠳᠡᠨ᠎ᠡ᠂ ᠲᠡᠷᠡ ᠣᠷᠴᠢᠮ ᠠᠴᠠ ᠣᠯᠠᠮ ᠡᠷᠴᠢᠮᠳᠡᠢ ᠲᠠᠭᠤᠯᠠᠳᠠᠭ ᠪᠣᠯᠪᠠ᠃ ︽ᠬᠦᠷᠢᠶᠡᠯᠡᠯ ᠢ ᠤᠯᠬᠤ ᠲᠤᠳᠤᠮ ᠬᠦᠭᠰᠡᠨ ᠪᠠᠶᠠᠷᠯᠠᠬᠤ ᠨᠢ ᠲᠡᠷᠡ︾ ᠭᠡᠳᠡᠭ ᠨᠢ ᠶᠤᠰᠤᠳᠠᠢ ᠦᠭᠡ ᠪᠠᠶᠢᠵᠠᠢ᠃      ᠭᠠᠴᠠᠭᠠᠨ ᠤ ᠵᠦᠪᠯᠡᠯ ᠤᠨ ᠲᠡᠳ᠋ ᠡᠷᠬᠢᠯᠡᠭᠴᠢ ᠦᠨᠡᠨ ᠭᠠᠴᠠᠭᠠᠨ ᠲᠠᠷᠤᠭ᠎ᠠ ᠪᠠᠳᠦ ᠶᠢᠨ ᠲᠠᠭᠠᠰᠢᠶᠠᠯ ᠢ ᠤᠯᠬᠤ ᠶᠢᠨ ᠲᠦᠯᠦᠭᠡ ᠨᠡᠶᠢᠳᠡ ᠶᠢᠨ ᠵᠠᠷᠤᠳᠠᠯ ᠤᠨ ᠮᠦᠩᠭᠦᠨ ᠠᠴᠠ ᠰᠢᠬᠠᠵᠤ ᠪᠠᠶᠢᠭᠠᠳ ᠨᠢᠭᠡᠨ ᠨᠠᠷᠢᠯᠢᠭ ᠬᠢᠴᠡ ᠲᠠᠢ ᠲᠠᠭᠤᠨ ᠲᠤᠮᠤᠷᠠᠭᠤᠯᠤᠭᠴᠢ ᠪᠦᠬᠦᠢ ᠲᠠᠭᠤᠨ ᠰᠢᠩᠭᠡᠭᠡᠬᠦ ᠮᠠᠰᠢᠨ ᠠᠪᠴᠤ ᠪᠠ᠊ ᠲᠠᠷᠤᠭ᠎ᠠ ᠶᠢᠨ ᠲᠠᠭᠤᠥ ᠲᠠᠭᠤᠯᠠᠬᠤ ᠳᠤᠨᠢ ᠵᠤᠷᠢᠭᠤᠯᠤᠨ ᠪᠡᠯᠡᠳᠭᠡᠵᠦ ᠦᠭᠪᠡ᠃ ᠨᠢᠭᠡᠨ ᠡᠳᠦᠷ ᠪᠠ᠊ ᠭᠠᠴᠠᠭᠠᠨ ᠲᠠᠷᠤᠭ᠎ᠠ ᠦᠨᠡᠨ ᠪᠣᠯᠣᠨ ᠪᠠᠳᠠᠷᠠᠯ ᠢᠶᠠᠨ ᠲᠠᠭᠠᠭᠤᠯᠤᠨ ᠪᠠᠯᠭᠤᠰᠳᠠᠢ ᠭᠠᠴᠠᠭ᠎ᠠ ᠳᠤ ᠬᠦᠷᠪᠡ᠃ ᠦᠳᠡ ᠶᠢᠨ ᠬᠤᠭᠤᠯᠠᠨ ᠳᠤ ᠠᠷᠢᠬᠢ ᠪᠤᠳᠠᠭ᠎ᠠ ᠶᠢ ᠬᠡᠮᠵᠢᠶᠡᠨ ᠠᠴᠠ ᠪᠠᠨ ᠬᠡᠳᠦᠷᠡᠳᠡᠯ᠎ᠡ ᠪᠠᠯᠭᠤᠨ ᠵᠣᠭᠤᠬᠯᠠᠭᠠᠳ ᠭᠠᠴᠠᠭᠠᠨ ᠤ ᠠᠯᠪᠠᠨ ᠭᠡᠷ ᠲᠤ ᠪᠠᠰᠠ ᠯᠡ ᠲᠠᠭᠤᠥ ᠲᠠᠭᠤᠯᠠᠨ ᠡᠬᠢᠯᠡᠪᠡ᠃ ᠪᠠ᠊ ᠲᠠᠷᠤᠭ᠎ᠠ ᠶᠢᠨ ᠲᠠᠭᠤᠯᠠᠬᠤ ᠲᠠᠭᠤᠥ ᠨᠢ ᠤᠨᠴᠠᠭᠠᠢ ᠤᠶᠠᠷᠠᠭᠤᠨ ᠪᠦᠭᠡᠳ ᠬᠦᠮᠦᠰ ᠤᠨ ᠰᠡᠳᠭᠢᠯ ᠢ ᠲᠣᠬᠳᠣᠯᠣᠭᠤᠯᠵᠦ ᠪᠠᠶᠢᠬᠤ ᠰᠢᠬ᠃ ᠲᠡᠷᠡ ᠡᠬᠢᠯᠡᠭᠡᠳ ︽ᠨᠤᠭᠤᠨᠵᠠᠶᠠᠭ᠎ᠠ︾ ᠶᠢ ᠭᠡᠰᠡᠭ ᠲᠠᠭᠤᠯᠠᠨ ᠲᠠᠬᠢᠨ ᠵᠠᠯᠭᠠᠭᠠᠳ ᠪᠠᠰᠠ ︽ᠲᠡᠭᠷᠢ ᠶᠢᠨ ᠰᠠᠯᠬᠢ︾ ᠶᠢ ᠰᠦᠭᠡᠨᠭᠬᠢ ᠬᠤᠭᠤᠯᠠᠢ ᠪᠠᠷ ᠢᠶᠠᠨ ᠴᠢᠨᠡᠭᠡ ᠮᠡᠳᠡᠨ ᠴᠡᠴᠡᠷᠬᠢᠯᠡᠭᠦᠯᠦᠨ ᠲᠠᠭᠤᠯᠠᠪᠠ᠃ ᠵᠠᠯᠭᠠᠭᠠᠳ ︽ᠡᠮᠦᠨ᠎ᠡ ᠵᠦᠭ ᠠᠴᠠ ᠨᠢᠰᠦᠭᠡᠳ ᠢᠷᠡᠬᠦ ᠭᠠᠳᠠ ᠮᠡᠶᠢᠷᠡᠨ ᠁ ᠡᠮᠦᠨ᠎ᠡ ᠲᠠᠯᠠᠢ ᠳᠠᠭᠠᠨ ᠰᠠᠭᠤᠬᠤ ᠦᠭᠡᠢ ᠪᠤᠯᠤᠨ᠎ᠠ ᠦᠦ︖ ᠁︾ ᠭᠡᠵᠦ ᠲᠠᠭᠤᠯᠠᠯ᠎ᠠ᠃ ᠴᠣᠬᠯᠠᠷᠠᠬᠰᠠᠨ ᠬᠦᠮᠦᠰ ᠲᠦᠷᠴᠢᠭᠢᠨᠡᠳᠡᠯ᠎ᠡ ᠪᠠᠨ ᠢᠨᠢᠶᠠᠯᠳᠤᠵᠦ᠂ ᠨᠢᠵᠢᠭᠢᠨᠡᠳᠡᠯ᠎ᠡ ᠠᠯᠠᠭ᠎ᠠ ᠲᠠᠰᠢᠬᠤ ᠪᠠᠷ ᠪᠠ᠊ ᠲᠠᠷᠤᠭ᠎ᠠ ᠶᠢᠨ ᠲᠠᠭᠤᠣ ᠤᠯᠠᠮ ᠴᠢᠩᠭᠠᠷᠠᠵᠤ᠂ ᠲᠠᠭᠤᠨ ᠲᠤᠮᠤᠷᠠᠭᠤᠯᠤᠭᠴᠢ ᠪᠠᠨ ᠰᠤᠯᠠᠷᠠᠭᠤᠯᠣᠯ ᠦᠭᠡᠢ ᠪᠠᠷ ᠤᠷᠤᠰᠬᠠᠯ ᠲᠠᠭᠤᠥ ᠲᠠᠭᠤᠯᠠᠨ ᠡᠭᠦᠰᠭᠡᠪᠡ᠃ ᠦᠨᠡᠨ ᠡᠷᠬᠢᠯᠡᠭᠴᠢ ᠠᠬᠢᠨ ᠲᠠᠬᠢᠨ ᠪᠠ᠊ ᠲᠠᠷᠤᠭ᠎ᠠ ᠳᠤ ᠴᠡᠴᠡᠭ ᠬᠦᠷᠭᠡᠵᠦ᠂ ᠪᠠᠳᠠᠷᠠᠯ ᠠᠬᠢᠨ ᠲᠠᠬᠢᠨ ᠠᠷᠢᠬᠢ ᠪᠠᠷᠢᠵᠤ᠂ ᠲᠡᠳᠡ ᠭᠤᠷᠪᠠᠭᠤᠯᠠ ᠶᠢᠨ ᠲᠣᠬᠯᠠᠯᠳᠠ ᠪᠠᠨ ᠮᠠᠰᠢ ᠬᠦᠷ ᠬᠦᠭᠵᠢᠶᠡᠨᠳᠡᠢ ᠪᠠᠷ ᠦᠷᠭᠦᠯᠵᠢᠯᠡᠭᠦᠯᠵᠦ ᠯᠡ ᠪᠠᠶᠢᠯ᠎ᠠ᠃      ᠪᠠ᠊ ᠲᠠᠷᠤᠭ᠎ᠠ ᠶᠢᠨ ᠲᠠᠭᠤᠣ ᠶᠠᠭ ᠰᠠᠶᠢᠬᠠᠨ ᠤᠷᠭᠢᠯ ᠳᠠᠭᠠᠨ ᠣᠷᠣᠭᠠᠳ ︽ᠪᠦᠮᠪᠦᠷᠡᠢ ᠪᠦᠮᠪᠦᠷᠡᠢ ᠁︾ ᠭᠡᠳ ᠡᠬᠢᠯᠡᠭᠡᠳ ᠲᠠᠭᠤᠯᠠᠳᠠᠯ᠎ᠠ ︽ᠳᠦᠩ︕ ᠳᠦᠩ︕ ᠳᠦᠩ ᠁︾ ᠭᠡᠵᠦ ᠬᠠᠭᠠᠯᠭ᠎ᠠ ᠲᠤᠭᠰᠢᠬᠤ ᠲᠠᠭᠤᠨ ᠭᠠᠷᠪᠠ᠃      ᠦᠨᠡᠨ ᠣᠴᠢᠵᠦ ᠬᠠᠭᠠᠯᠭ᠎ᠠ ᠲᠠᠶᠢᠯᠬᠤ ᠳᠤ ᠠᠶᠢᠯ ᠤᠨ ᠠᠷᠤ ᠪᠠᠷ ᠰᠠᠭᠤᠳᠠᠭ ᠪᠠᠳᠮ᠎ᠠ ᠡᠪᠦᠭᠡᠨ ᠲᠡᠭᠡᠷ᠎ᠡ ᠠᠮᠢᠰᠬᠤᠳᠠᠬᠰᠠᠭᠠᠷ᠄ ︽ᠲᠠ ᠨᠠᠷ ᠪᠢᠳᠡᠭᠡᠢ ᠲᠠᠭᠤᠯᠠᠭᠠᠷᠠᠢ ᠁ ᠪᠤᠯᠤᠨ᠎ᠠ ᠤᠤ︖ ᠦᠭᠡᠢ ᠤᠤ︖︾ ᠭᠡᠵᠦ ᠠᠭᠤᠷᠳᠠᠶᠢᠬᠠᠨ ᠶᠠᠷᠢᠨ᠎ᠠ᠃      ᠡᠭᠦᠨ ᠢ ᠰᠤᠨᠤᠰᠤᠭᠰᠠᠨ ᠢᠶᠠᠨ ᠦᠨᠡᠨ ᠤ ᠴᠢᠷᠠᠢ ᠮᠠᠭᠤ ᠪᠤᠯᠵᠤ ᠡᠪᠦᠭᠡᠨ ᠤ ᠵᠦᠭ᠄ ︽ᠡᠪᠦᠭᠡᠨ ᠲᠠ ᠶᠠᠮᠠᠷ ᠪᠡᠯᠭᠡ ᠦᠭᠡᠢ ᠪᠤᠢ︖ ᠮᠠᠨ ᠤ ᠭᠠᠴᠠᠭᠠᠨ ᠲᠠᠷᠤᠭ᠎ᠠ ᠠᠮᠠᠷᠠᠬᠤ ᠴᠠᠭ ᠢᠶᠠᠨ ᠠᠰᠢᠭᠯᠠᠨ᠂ ᠰᠤᠯᠠ ᠴᠠᠭ ᠢᠶᠠᠷ ᠢᠶᠠᠨ ᠢᠩᠭᠢᠵᠦ ᠲᠠᠭᠤᠥ ᠲᠠᠭᠤᠯᠠᠵᠤ᠂ ᠭᠠᠴᠠᠭᠠᠨ ᠤ ᠣᠯᠠᠨ ᠢ ᠪᠠᠶᠠᠰᠬᠠᠵᠦ ᠪᠠᠶᠢᠬᠤ ᠨᠢ ᠴᠢᠮ᠎ᠠ ᠳᠤ ᠶᠠᠮᠠᠷ ᠬᠠᠷᠰᠢ ᠰᠠᠭᠠᠳ ᠪᠣᠯᠴᠢᠬᠠᠪᠠ︾ ᠭᠡᠵᠦ ᠬᠡᠯᠡᠬᠦ ᠶᠢᠨ ᠲᠠᠭᠠᠦ ᠪᠠᠳᠮ᠎ᠠ ᠡᠪᠦᠭᠡᠨ ᠢ ᠭᠠᠳᠠᠨ᠎ᠠ ᠲᠦᠯᠬᠢᠨ ᠭᠠᠷᠭᠠᠪᠠ᠃      ᠦᠨᠡᠨ ᠡᠭᠦᠳᠡ ᠪᠠᠨ ᠲᠤᠳᠤᠨ᠎ᠠ ᠠᠴᠠ ᠨᠢ ᠲᠦᠭᠵᠢᠭᠡᠳ᠂ ᠪᠠᠰᠠ ᠨᠢᠭᠡᠨ ᠲᠠᠭᠤᠥ ᠰᠢᠩᠭᠡᠭᠡᠯᠳᠡ ᠶᠢᠨ ᠲᠠᠪᠠᠭ ᠲᠠᠯᠪᠢᠨ ᠦᠭᠬᠦ ᠳᠤ ᠪᠠ᠊ ᠲᠠᠷᠤᠭ᠎ᠠ ᠲᠠᠭᠤᠣ ᠪᠠᠨ ᠦᠷᠭᠦᠯᠵᠢᠯᠡᠭᠦᠯᠪᠡ᠃ ᠠᠷᠠᠢ ᠭᠤᠷᠪᠠᠳᠡᠬᠢ ᠲᠠᠭᠤᠥ ᠪᠠᠨ ᠲᠠᠭᠤᠯᠠᠵᠤ ᠪᠠᠷᠠᠬᠤ ᠠᠴᠠ ᠡᠮᠦᠨ᠎ᠡ ᠪᠠᠳᠮ᠎ᠡ ᠡᠪᠦᠭᠡᠨ ᠪᠠᠰᠠ ᠯᠡ ᠡᠭᠦᠳᠡ ᠲᠣᠬᠰᠢᠪᠠ᠃      ᠦᠨᠡᠨ ᠣᠴᠢᠭᠠᠳ ᠡᠭᠦᠳᠡ ᠨᠡᠬᠡᠭᠡᠬᠦ ᠳᠤ ᠪᠠᠳᠮ᠎ᠠ ᠡᠪᠦᠭᠡᠨ ᠨᠢᠭᠡ ᠭᠤᠳᠤᠯᠢ ᠲᠠᠮᠠᠬᠢ ᠪᠠᠨ ᠦᠨᠡᠨ ᠳᠤ ᠭᠠᠷᠳᠠᠭᠤᠯᠣᠬᠰᠠᠨ ᠢᠶᠠᠨ᠄ ︽ᠦᠨᠡᠨ ᠡ︕ ᠪᠢ ᠲᠠᠨ ᠢ ᠦᠨᠡᠨ ᠰᠡᠳᠭᠢᠯ ᠠᠴᠠ ᠪᠠᠨ ᠭᠤᠶᠣᠵᠦ ᠪᠠᠶᠢᠨ᠎ᠠ᠂ ᠤᠳᠤ ᠵᠠᠯᠭᠠᠭᠠᠳ ᠲᠠᠭᠤᠯᠠᠬᠤ ᠪᠠᠨ ᠪᠣᠯᠢᠭᠠᠴᠢ︕︾ ᠭᠡᠪᠡ᠃ ᠡᠭᠦᠨ ᠳᠤ ᠦᠨᠡᠨ ᠤᠯᠠᠮ ᠠᠭᠤᠷᠯᠠᠵᠦ ᠪᠠᠳᠮ᠎ᠠ ᠡᠪᠦᠭᠡᠨ ᠤ ᠬᠠᠮᠠᠷ ᠢ ᠨᠢ ᠵᠢᠭᠠᠵᠤ ᠪᠠᠶᠢᠭᠠᠳ᠄ ︽ᠪᠦᠳᠦᠯ ᠦᠭᠡᠢ ᠡᠪᠦᠭᠡᠨ ᠴᠢ︕ ᠬᠦᠮᠦᠰ ᠵᠢᠯ ᠲᠤᠷᠰᠢ ᠲᠠᠭᠤᠥ ᠲᠠᠭᠤᠯᠠᠬᠤ ᠳᠤ ᠬᠠᠮᠢᠶᠠᠷᠬᠤ ᠦᠭᠡᠢ᠂ ᠦᠨᠦᠳᠦᠷ ᠭᠠᠴᠠᠭᠠᠨ ᠲᠠᠷᠤᠭ᠎ᠠ ᠬᠠᠯᠳᠦ ᠨᠢᠭᠡ ᠬᠡᠳᠦᠨ ᠲᠠᠭᠤᠣ ᠲᠠᠭᠤᠯᠠᠬᠤ ᠪᠠᠷ ᠢᠡᠭᠭᠢᠵᠦ ᠲᠦᠷᠰᠦ ᠦᠭᠡᠢ ᠠᠭᠠᠰᠢᠯᠠᠵᠦ ᠮᠠᠨᠤᠰ ᠤᠨ ᠤᠷᠮ᠎ᠠ ᠶᠢ ᠬᠤᠭᠤᠯᠬᠤ ᠴᠢᠨᠢ ᠲᠠᠭᠠᠷᠠᠨ᠎ᠠ ᠦᠦ ︖ ᠮᠠᠨ ᠤ ᠲᠠᠷᠢᠶ᠎ᠠ ᠲᠠᠷᠢᠵᠤ ᠪᠠᠶᠢᠬᠤ ᠬᠦᠮᠦᠰ ᠬᠠᠮᠢᠭ᠎ᠠ ᠠᠴᠠ ᠪᠠᠰᠠ ᠦᠳᠡ ᠶᠢᠨ ᠠᠮᠠᠷᠠᠯᠳᠠ ᠭᠡᠵᠦ ᠪᠠᠶᠢᠬᠤ ᠪᠤᠢ︖ᠵᠠᠯᠭᠠᠭᠠᠳ ᠮᠠᠨᠤᠰ ᠢ ᠬᠠᠷᠰᠢᠯᠠᠪᠠᠯ ᠪᠢ ᠴᠢᠮᠠᠶᠢᠢ ᠪᠠᠷᠢᠵᠤ ᠤᠶᠠᠨ᠎ᠠ︕ ᠴᠢ ᠬᠤᠷᠳᠤᠨ ᠴᠢᠨᠠᠭᠰᠢ ᠲᠤᠨᠢᠯ︕︾ ᠭᠡᠵᠦ ᠬᠡᠯᠡᠭᠡᠳ ᠭᠠᠳᠠᠬᠰᠢ ᠲᠦᠯᠬᠢᠪᠡ᠃      ᠭᠡᠪᠡᠴᠦ᠂ ᠡᠨᠡ ᠤᠳᠠᠭ᠎ᠠ ᠡᠪᠦᠭᠡᠨ ᠦᠨᠡᠨ ᠡᠷᠬᠢᠯᠡᠭᠴᠢ ᠶᠢᠨ ᠵᠦᠭ ᠬᠠᠨᠳᠤᠵᠤ᠄ ︽ᠦᠨᠡᠨ ᠡ︕ ᠪᠢ ᠴᠢᠮ᠎ᠠ ᠳᠤ ᠰᠠᠨᠠᠭᠤᠯᠤᠶ᠎ᠠ︕ ᠲᠠ ᠬᠡᠷᠪᠡ ᠦᠷᠭᠦᠯᠵᠢᠯᠡᠨ ᠲᠠᠭᠤᠯᠠᠶ᠎ᠠ ᠭᠡᠵᠦ ᠰᠠᠨᠠᠪᠠᠯ ᠡᠭᠦᠳᠡᠨ ᠡᠮᠨᠡᠯᠭᠡ ᠳᠤ ᠬᠦᠷᠴᠦ ᠨᠠᠳᠠᠳᠤ ᠤᠨᠳᠠᠭᠤᠯᠬᠤ ᠡᠮ ᠠᠪᠴᠤ ᠦᠭᠬᠦ ᠪᠤᠯᠪᠠᠥ︖︾ ᠭᠡᠪᠡ᠃      ᠡᠭᠦᠨ ᠳᠤᠨᠢ ᠦᠨᠡᠨ ᠡᠷᠬᠢᠯᠡᠭᠴᠢ ᠠᠷᠭ᠎ᠠ ᠪᠠᠷᠠᠬᠳᠠᠨ᠄ ︽ᠣᠨᠳᠠᠭᠤᠯᠬᠤ ᠡᠮ ᠢ ᠵᠠᠪᠠᠯ ᠨᠠᠳᠠ ᠪᠠᠷ ᠠᠪᠤᠭᠤᠯᠬᠤ ᠴᠢᠨᠢ ᠶᠠᠭᠤ ᠪᠣᠢ︖︾ ᠭᠡᠵᠡᠢ᠃      ᠪᠠᠳᠮ᠎ᠠ ᠡᠪᠦᠭᠡᠨ ᠣᠷᠳᠣᠬᠠᠨ ᠭᠡᠭᠴᠢ ᠰᠠᠨᠠᠭ᠎ᠠ ᠠᠯᠳᠠᠬᠰᠠᠨ ᠢᠶᠠᠨ᠄ ︽ᠲᠡᠷᠡ ᠡᠮ ᠢ ᠤᠯᠬᠤ ᠳᠤ ᠬᠢᠯᠪᠠᠷ ᠪᠣᠯᠪᠠᠴᠦ ᠠᠷᠪᠢᠨ ᠠᠪᠣᠶ᠎ᠠ ᠭᠡᠪᠡᠯ ᠡᠮᠴᠢ ᠪᠠᠰᠠ ᠵᠦᠪᠰᠢᠶᠡᠷᠡᠬᠦ ᠦᠭᠡᠢ︕ ᠪᠢ ᠣᠯᠠᠨ ᠬᠡᠷᠡᠭᠰᠡᠨ᠎ᠡ︾ ᠭᠡᠪᠡ᠃      ᠡᠭᠦᠨ ᠳᠤ ᠦᠨᠡᠨ ᠡᠷᠬᠢᠯᠡᠭᠴᠢ ᠭᠠᠶᠢᠬᠠᠰᠢ ᠠᠯᠳᠠᠨ᠄ ︽ᠴᠢ ᠴᠤᠬᠤᠮ ᠲᠡᠳᠦᠢ ᠠᠷᠪᠢᠨ ᠠᠪᠤᠭᠠᠳ ᠴᠤᠬᠤᠮ ᠶᠠᠭᠠᠬᠢᠬᠤ ᠭᠡᠰᠡᠨ ᠪᠤᠢ︖︾      ︽ᠡᠨᠡ ᠠᠰᠠᠭᠤᠳᠠᠯ ᠁︾ ᠭᠡᠳ ᠪᠠᠳᠮ᠎ᠠ ᠡᠪᠦᠭᠡᠨ ᠬᠡᠯᠡᠬᠦ ᠭᠡᠰᠡᠨ ᠦᠭᠡ ᠪᠠᠨ ᠬᠡᠯᠡ ᠲᠤᠥᠷ᠎ᠠ ᠪᠠᠨ ᠲᠠᠷᠤᠪᠠ᠃      ︽ᠴᠢ ᠬᠤᠷᠳᠤᠨ ᠬᠡᠯᠡᠭᠡᠷᠡᠢ︕ ᠲᠡᠳᠦᠢ ᠠᠷᠪᠢᠨ ᠤᠨᠳᠠᠬᠤ ᠡᠮ ᠤᠤᠭᠤᠭᠠᠳ ᠴᠤᠬᠤᠮ ᠬᠡᠷᠬᠢᠬᠦ ᠭᠡᠰᠡᠨ ᠪᠤᠢ︖︾ ᠭᠡᠵᠦ ᠦᠨᠡᠨ ᠡᠷᠬᠢᠯᠡᠭᠴᠢ ᠴᠢᠨᠠᠭᠰᠢ ᠲᠤᠯᠭᠠᠨ ᠠᠰᠠᠭᠤᠬᠤ ᠳᠤ ᠪᠠᠳᠮ᠎ᠠ ᠡᠪᠦᠭᠡᠨ ᠭᠠᠵᠠᠷ ᠲᠡᠪᠢᠰᠴᠦ ᠲᠤᠯᠤᠭᠠᠢ ᠪᠠᠨ ᠲᠤᠩᠬᠤᠯᠵᠠᠭᠤᠯᠤᠨ᠄ ︽ᠠᠢ︕ ᠦᠨᠡᠨ ᠦᠭᠡ ᠶᠢ ᠴᠢᠮ᠎ᠠ ᠳᠤ ᠰᠢᠭᠤᠳ ᠬᠡᠯᠡᠴᠢᠬᠡᠶ᠎ᠡ︕ ᠮᠠᠨ ᠤ ᠮᠡᠭᠡᠵᠢ ᠶᠠᠭ ᠡᠨᠡ ᠬᠡᠳᠦᠨ ᠡᠳᠦᠷ ᠤᠷᠤᠭ᠎ᠠ ᠤᠷᠤᠬᠤ ᠭᠡᠵᠦ ᠪᠤᠢ︕ ᠲᠠ ᠨᠠᠷ ᠢ ᠲᠠᠭᠤᠥ ᠲᠠᠭᠤᠯᠠᠬᠤ ᠪᠠᠷ ᠮᠡᠭᠡᠵᠢ ᠣᠯᠠᠩᠭᠤᠰᠴᠦ ᠰᠠᠶ᠋ᠢᠬᠠᠨ ᠪᠠᠷᠢᠭᠰᠠᠨ ᠡᠭᠦᠷ ᠢᠶᠠᠨ ᠨᠦᠳᠦᠭᠡᠳ ᠣᠨᠠᠭᠠᠴᠢᠬᠠᠯ᠎ᠠ ᠁︾ ᠭᠡᠵᠦ ᠶᠠᠷᠢᠬᠤ ᠳᠤ ᠦᠨᠡᠨ ᠡᠷᠬᠢᠯᠡᠭᠴᠢ ᠶᠢᠨ ᠴᠢᠷᠠᠢ ᠨᠢ ᠬᠤᠵᠢᠢᠵᠤ᠄ ︽ᠪᠦᠳᠦᠯ ᠦᠭᠡᠢ ᠬᠦᠭᠰᠢᠨ ᠠᠮᠢᠳᠠᠨ ᠴᠢ︕ ᠬᠠᠷᠢᠨ ᠮᠠᠨ ᠤ ᠪᠠ᠊ ᠲᠠᠷᠤᠭ᠎ᠠ ᠶᠢ ᠠᠵᠢᠷᠭᠠᠨ ᠭᠠᠭ᠋ᠠᠢ ᠭᠡᠵᠦ ᠬᠤᠱᠤᠩᠨᠠᠬᠤ ᠨᠢ ᠤᠤ︖ ᠬᠡᠳᠦᠢ ᠰᠦᠰᠦ ᠪᠦᠳᠦᠭᠦᠨ ᠡᠪᠦᠭᠡᠨ ᠪᠣᠢ︖︾ ᠭᠡᠵᠦ ᠦᠨᠳᠦᠷ ᠲᠠᠭᠤᠨ ᠢᠶᠠᠷ ᠬᠠᠰᠭᠢᠷᠪᠠ᠃      ᠡᠭᠦᠨ ᠳᠤ ᠪᠠᠳᠮ᠎ᠠ ᠡᠪᠦᠭᠡᠨ ᠴᠦ ᠦᠨᠡᠨ ᠡᠷᠬᠢᠯᠡᠭᠴᠢ ᠵᠦᠭ ᠬᠠᠨᠳᠤᠵᠤ᠄ ︽ᠲᠠ ᠰᠠᠶᠢᠬᠠᠨ ᠪᠤᠳᠤᠵᠤ ᠦᠵᠡᠭᠡᠷᠡᠢ︕ ᠡᠶᠢᠮᠦ ᠲᠦᠭᠦᠮ ᠤᠴᠢᠷ ᠢ ᠲᠠ ᠤᠶᠢᠯᠠᠭᠠᠬᠤ ᠦᠭᠡᠢ ᠴᠦ ᠭᠡᠰᠡᠨ ᠠᠶᠢᠯ ᠤᠨ ᠤᠯᠠᠨ ᠢᠶᠠᠷ ᠢᠶᠠᠨ ᠪᠦᠷ ᠤᠶᠢᠯᠠᠭᠠᠬᠤ ᠶᠤᠮ︕︾ ᠭᠡᠪᠡ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号