ᠡᠵᠢ ᠮᠢᠨᠢ ᠲᠡᠷᠬᠡᠳᠡ ᠥᠬᠡᠢ ᠳᠤ | ᠵᠣᠬᠢᠶᠠᠭᠴᠢ᠄ ᠬᠡᠰᠢᠭᠵᠢᠷᠭᠠᠯ | ᠥᠷᠢ ᠲᠠᠢ ᠶᠤᠮ ᠰᠢᠭ ᠡᠳᠤᠷ ᠲᠠᠰᠤᠯᠳᠠᠯ ᠥᠬᠡᠢ ᠰᠠᠴᠤᠯᠢ ᠪᠠᠨ ᠡᠷᠬᠦᠨ᠂ ᠥᠬᠡᠳᠡ ᠮᠥᠷ ᠲᠠᠢ ᠶᠠᠪᠤᠬᠤ ᠶᠢ | ᠮᠢᠨᠢ ᠵᠠᠯᠪᠠᠷᠢᠨ ᠲᠠᠭᠠᠳᠬᠠᠨ ᠵᠢᠳᠬᠦᠵᠤ᠂ ᠡᠷᠢᠶᠠᠨ ᠪᠠᠷᠠᠭᠠᠨ ᠲᠠᠢ ᠬᠤᠷᠸ᠎ᠠ ᠶᠢᠨ ᠡᠪ ᠪᠥᠬᠦᠨ ᠢ ᠨᠢ ᠬᠥᠰᠡᠨ ᠰᠠᠨᠠᠨ | ᠵᠢᠷᠭᠠᠳᠠᠭ ᠥᠷ᠎ᠠ ᠬᠡᠤᠬᠡᠤᠨ ᠤᠨ ᠢᠶᠠᠨ ᠰᠢᠳᠤᠬᠡᠨ ᠪᠤᠯᠤᠭᠰᠠᠨ ᠪᠤᠷᠬᠠᠨ ᠡᠵᠢ ᠮᠢᠨᠢ ᠲᠡᠷᠬᠡᠳᠡ ᠠᠴᠠ ᠰᠠᠯᠤᠭᠠᠤᠨ | ᠠᠷᠪᠠ ᠢᠯᠡᠭᠦᠤ ᠵᠢᠯ ᠪᠤᠯᠵᠠᠢ᠃ ᠲᠥᠷᠪᠡᠨ ᠬᠥᠪᠡᠬᠦᠨ᠂ ᠵᠢᠷᠭᠤᠭᠠᠨ ᠥᠬᠢᠨ ᠢ ᠲᠥᠷᠤᠬᠦᠯᠵᠤ ᠥᠰᠬᠡᠨ᠂ ᠥᠷ᠎ᠠ | ᠤᠳᠤᠮ ᠲᠠᠮᠵᠢᠭᠤᠯᠤᠨ᠂ ᠥᠨᠳᠤᠰᠤ ᠨᠠᠮᠠᠭ᠎ᠠ ᠵᠠᠯᠭᠠᠭᠤᠯᠤᠭᠰᠠᠨ ᠪᠤᠶᠠᠨᠳᠤ ᠪᠤᠭᠤᠷᠤᠯ ᠡᠵᠢ ᠪᠠᠨ ᠮᠥᠷᠤᠬᠡᠳᠤᠨ | ᠰᠠᠨᠠᠬᠤ ᠳᠤ ᠭᠠᠯᠠᠭᠤᠨ ᠴᠤᠪᠤᠭ᠎ᠠ ᠵᠠᠯᠠᠯᠠᠨ ᠬᠤᠯᠠᠳᠠᠵᠤ᠂ ᠭᠠᠨᠭ᠍ᠭᠠᠡᠭ ᠨᠠᠭᠤᠷ ᠬᠥᠪᠡᠬᠡᠨ ᠠᠴᠠ ᠪᠠᠨ ᠵᠠᠶᠢᠷᠮᠠᠭᠳᠤᠨ | ᠪᠠᠰᠠ ᠨᠢᠬᠡᠨ ᠨᠠᠮᠤᠷ ᠢᠷᠠᠯ᠎ᠠ᠃ | ᠡᠬᠡ ᠬᠥᠮᠤᠨ ᠤ ᠬᠠᠶᠢᠷ᠎ᠠ ᠡᠨᠡ ᠶᠢᠷᠳᠢᠨᠴᠤ ᠶᠢ ᠲᠤᠯᠠᠭᠠᠴᠠᠭᠤᠯᠵᠤ᠂ ᠡᠵᠢ ᠬᠥᠮᠤᠨ ᠤ ᠵᠢᠷᠤᠬᠡ ᠥᠷ᠎ᠠ | ᠬᠡᠤᠬᠡᠤᠨ ᠢᠶᠠᠨ ᠬᠡᠵᠤ ᠥᠨᠳᠡᠯᠵᠡᠨ᠎ᠡ᠃ ᠵᠠᠪᠠᠯ ᠭᠤᠨᠢᠭ ᠢ ᠠᠵᠢᠯᠴᠢ ᠵᠠᠩ ᠢᠶᠠᠷ ᠢᠶᠠᠨ ᠮᠠᠷᠳᠠᠵᠤ ᠲᠤᠭᠤᠯᠤᠨ᠂ ᠵᠢᠷᠭᠠᠯ | ᠪᠠᠶᠠᠷ ᠢ ᠠᠷᠢᠭᠤᠨ ᠰᠦ ᠪᠠᠷ ᠢᠶᠠᠨ ᠢᠪᠢᠯᠬᠡᠵᠤ ᠠᠪᠴᠢᠷᠠᠭᠰᠠᠨ ᠡᠵᠢ ᠮᠢᠨᠢ ᠲᠡᠬᠡᠬᠡᠤᠨ ᠲᠡᠶᠢᠮᠤ ᠯᠡ ᠠᠭᠤᠤ ᠶᠡᠭᠡ᠃ | ᠮᠢᠨᠤ ᠬᠤᠪᠢ ᠳᠤ ᠬᠥᠬᠡᠷᠤᠬᠦᠢ ᠡᠵᠢ ᠲᠠᠢ ᠪᠠᠨ ᠶᠠᠪᠤᠨ ᠶᠠᠪᠤᠳᠠᠯ᠎ᠠ ᠨᠢ ᠢᠯᠡᠬᠦᠤ ᠪᠠᠶᠢᠯᠴᠠᠭᠰᠠᠨ ᠤ ᠤᠴᠢᠷ ᠲᠡᠬᠦᠨ ᠤ | ᠪᠠᠶᠠᠷ ᠭᠤᠨᠢᠭᠲᠠᠢ ᠰᠡᠬᠦᠯ ᠤᠨ ᠥᠶ᠎ᠡ ᠶᠢ ᠰᠠᠶᠢᠨ ᠤᠶᠢᠯᠠᠭᠠᠳᠠᠭ᠃ ᠮᠥᠨ ᠴᠤ ᠲᠡᠩᠴᠤ ᠪᠠᠭ᠎ᠠ ᠠᠪᠤ ᠠᠴᠠ ᠪᠠᠨ | ᠬᠤᠴᠤᠷᠤᠭᠰᠠᠨ ᠡᠮᠢᠶᠠᠯ ᠭᠤᠳᠤᠷᠠᠯ ᠤᠨ ᠬᠥᠨ ᠳᠤ ᠠᠪᠳᠠᠭᠰᠠᠨ ᠢᠶᠠᠷ ᠬᠠᠶᠢᠷᠠᠳᠠᠢ ᠡᠵᠢ ᠶᠢᠨ ᠢᠶᠠᠨ ᠡᠪᠤᠷ | ᠬᠤᠷᠮᠤᠢ ᠳᠤᠨᠢ ᠵᠢᠭᠤᠷᠠᠨ ᠪᠠᠭᠳᠠᠵᠤ᠂ ᠥᠭᠭᠦᠬᠡᠵᠢ ᠶᠡᠭᠡ ᠬᠠᠶᠢᠷ᠎ᠠ ᠶᠢᠨ ᠢᠯᠴᠢᠨ ᠳᠤᠨᠢ ᠪᠠᠭ᠎ᠠ ᠨᠠᠰᠤ ᠪᠠᠨ | ᠥᠡᠭᠭᠡᠷᠡᠬᠦᠯᠵᠤ ᠪᠠᠶᠢᠭᠰᠠᠨ ᠮᠢᠨᠢ ᠥᠨᠢᠳᠡ ᠶᠢᠨ ᠲᠤᠷᠠᠳᠬᠠᠯ ᠲᠠᠢ᠃ | ᠶᠠᠭᠤᠮ᠎ᠠ ᠮᠡᠳᠡᠵᠤ ᠴᠡᠬᠡᠵᠢᠯᠡᠵᠤ ᠡᠬᠢᠯᠡᠭᠰᠡᠨ ᠲᠠᠯᠠᠭᠠᠤᠨ ᠤᠨ ᠤ ᠡᠬᠢᠨ ᠤ ᠥᠶ᠎ᠡ ᠳᠤ ᠠᠪᠤ ᠮᠢᠨᠢ | ᠨᠡᠶᠢᠳᠡ ᠶᠢᠨ ᠬᠤᠨᠢ ᠶᠢ ᠬᠠᠷᠢᠭᠤᠯᠵᠤ᠂ ᠥᠷᠯᠤᠬᠡ ᠥᠳᠡᠰᠢ ᠶᠢᠨ ᠬᠤᠪᠢᠨ ᠳᠤ ᠯᠠ ᠬᠡᠷ ᠲᠡᠭᠡᠨ ᠪᠠᠷ᠎ᠠ ᠪᠤᠯᠵᠤ | ᠪᠠᠶᠢᠳᠠᠭ ᠪᠠ ᠠᠬ᠎ᠠ ᠡᠬᠡᠴᠢ ᠨᠠᠷ ᠮᠢᠨᠢ ᠴᠤ ᠠᠶᠢᠯ ᠡᠷᠤᠬᠡ ᠪᠤᠯᠬᠤ ᠨᠢ ᠪᠤᠯᠵᠤ᠂ ᠵᠠᠷᠢᠮ ᠨᠢ ᠪᠠᠷᠢᠭᠠᠳᠠ ᠶᠢᠨ ︽ | ᠬᠤᠪᠢ︾ ᠲᠠᠢ ᠠᠵᠢᠯ᠂ ᠰᠤᠷᠭᠠᠭᠤᠯᠢ ᠰᠤᠶᠤᠯ ᠬᠡᠤᠨ ᠵᠥᠭ ᠵᠥᠭ ᠲᠡᠭᠡᠨ ᠶᠠᠭᠠᠷᠠᠳᠠᠭ᠃ ᠲᠡᠬᠡᠬᠦ ᠳᠤ ᠡᠵᠢ ᠮᠢᠨᠢ | ᠭᠠᠯ ᠲᠤᠭᠤᠭ᠎ᠠ᠂ ᠥᠨᠢᠶ᠎ᠠ ᠲᠤᠭᠤᠯ ᠠᠴᠠ ᠪᠠᠨ ᠰᠠᠯᠵᠤ ᠴᠢᠳᠠᠳᠠᠭ ᠥᠬᠡᠢ ︽ᠬᠡᠷ ᠤᠨ ᠮᠤᠬᠤᠷ ᠰᠠᠬᠢᠭᠰᠠᠨ︾ | ᠪᠥᠰᠡᠬᠦᠢ ᠬᠥᠮᠤᠨ ᠪᠤᠯᠵᠤ᠂ ᠬᠠᠮᠤᠭ ᠪᠠᠭ᠎ᠠ ᠨᠢ ᠪᠤᠯᠤᠭᠰᠠᠨ ᠪᠢ ᠬᠠᠵᠠᠭᠤ ᠪᠠᠷ ᠨᠢ ᠠᠷᠭᠠᠯ ᠲᠥᠯᠡᠰᠢ | ᠤᠶᠢᠷᠠᠳᠠᠭᠤᠯᠤᠨ᠂ ᠬᠤᠷᠠᠭ᠎ᠠ ᠲᠤᠭᠤᠯ ᠢ ᠨᠢ ᠬᠠᠷᠢᠭᠤᠯᠵᠤ ᠥᠭᠳᠡᠭ ᠡᠵᠢ ᠶᠢᠨ ᠢᠶᠠᠨ ᠡᠷᠬᠡ ᠲᠠᠢ ᠬᠡᠤᠬᠡᠤᠨ ᠨᠢ ᠪᠤᠶᠤ | ᠬᠠᠮᠤᠭ ᠤᠨ ᠰᠠᠶᠢᠨ ᠬᠠᠮᠵᠢᠶ᠎ᠠ ᠨᠢ ᠪᠤᠯᠵᠤ ᠪᠠᠶᠢᠭᠰᠠᠨ ᠶᠤᠮ᠃ ᠲᠡᠬᠡᠬᠡᠤᠨ ᠴᠢᠳᠠᠯ ᠤᠨ ᠬᠢᠷᠢᠨ ᠳᠡᠭᠡᠨ ᠵᠤᠷᠢᠭᠵᠢᠨ | ᠪᠡᠶᠡᠯᠡᠬᠦᠯᠳᠡᠭ ᠲᠡᠳᠡᠬᠡᠷ ᠬᠥᠳᠡᠯᠮᠤᠷᠢ ᠶᠢᠨ ᠢᠶᠠᠨ ᠬᠠᠷᠢᠭᠤ ᠳᠤ ᠰᠠᠷᠠᠨ ᠭᠤᠸ᠎ᠠ ᠡᠵᠢ ᠶᠢᠨ ᠢᠶᠠᠨ ᠰᠦ ᠲᠠᠢ | ᠡᠩᠭᠡᠷ ᠲᠤᠨᠢ ᠨᠠᠭᠠᠯᠳᠤᠵᠤ᠂ ᠰᠠᠨᠠᠵᠤ ᠥᠬᠦᠬᠡᠷᠳᠡᠭᠦ ᠶᠢᠨ ᠥᠨᠤᠰᠤᠯᠳᠠ ᠪᠠᠷ ᠨᠢ ᠵᠢᠷᠭᠠᠯ ᠤᠨ ᠪᠠᠯ ᠠᠮᠳᠠᠯᠠᠵᠤ᠂ | ᠬᠤᠷᠸ᠎ᠠ ᠶᠢᠨ ᠬᠠᠮᠤᠭ ᠤᠨ ᠲᠤᠯᠠᠭᠠᠨ ᠢ ᠡᠵᠢ ᠠᠴᠠ ᠪᠠᠨ ᠬᠥᠷᠳᠡᠵᠤ ᠶᠠᠪᠤᠳᠠᠭ ᠢᠶᠠᠷ ᠢᠶᠠᠨ ᠡᠷᠬᠡ ᠬᠤᠨᠭ᠍ᠭᠤᠷ | ᠨᠠᠰᠤᠨ ᠳᠠᠭᠠᠨ ᠲᠡᠶᠢᠮᠤ ᠯᠡ ᠬᠡᠶᠢᠮᠤᠷᠢ ᠵᠤᠯᠪᠤᠭ᠎ᠠ ᠲᠠᠢ ᠪᠠᠶᠢᠯ᠎ᠠ᠃ ᠮᠥᠨ ᠴᠤ ᠲᠡᠷᠡ ᠭᠱᠠᠨ ᠤ ᠥᠨᠤᠰᠤᠯᠳᠠ ᠪᠤᠯᠤᠨ | ᠤᠷᠮᠠᠰᠢᠭᠤᠯᠤᠯ ᠪᠥᠬᠦᠢ ᠤᠯᠠᠨ ᠰᠤᠷᠭᠠᠯ ᠳᠤᠨᠢ ᠢᠳᠡᠬᠡᠨ ᠵᠤᠷᠢᠭᠵᠢᠵᠤ᠂ ᠲᠡᠬᠦᠨ ᠤ ᠤᠯᠠᠮ ᠠᠴᠠ ᠬᠤᠵᠢᠮ ᠤᠨ | ᠠᠮᠢᠳᠤᠷᠠᠯ ᠤᠶᠢᠢᠯᠡ ᠳᠡᠭᠡᠨ ᠬᠥᠰᠡᠯ ᠪᠤᠳᠤᠯ ᠤᠨ ᠪᠡᠶᠡᠯᠡᠯ ᠤᠳ ᠢᠶᠠᠨ ᠠᠯᠬᠤᠮ ᠪᠥᠷᠢ ᠳᠤ ᠤᠯᠵᠤ ᠴᠢᠳᠠᠭᠰᠠᠨ ᠢᠶᠠᠨ | ᠡᠵᠢ ᠶᠢᠨ ᠨᠠᠨᠳᠢᠨ ᠰᠤᠷᠭᠠᠯ ᠤᠨ ᠬᠡᠮᠵᠢᠶᠡᠯᠡᠰᠢ ᠥᠬᠡᠢ ᠥᠨ᠎ᠡ ᠥᠷᠳᠡᠭ ᠢ ᠶᠡᠭᠡ ᠰᠡᠬᠦᠯ ᠳᠤ᠂ ᠪᠥᠷ ᠤᠶᠢᠷᠠᠬᠠᠨ | ᠰᠠᠷᠠᠵᠤ ᠮᠡᠳᠡᠭᠰᠡᠨ ᠶᠤᠮ ᠰᠠᠨ᠃ ᠲᠡᠶᠢᠮᠤ ᠠᠴᠠ ᠡᠵᠢ ᠶᠢᠨ ᠢᠶᠠᠨ ᠨᠥᠷᠠ ᠶᠡᠭᠡ ᠬᠥᠳᠡᠯᠮᠤᠷᠢ᠂ ᠲᠡᠭᠷᠢ ᠮᠡᠳᠤ ᠠᠴᠢ᠂ | ᠲᠠᠯᠠᠢ ᠮᠡᠳᠤ ᠰᠤᠷᠭᠠᠯ ᠬᠠᠶᠢᠷ᠎ᠠ ᠵᠢᠴᠢ ᠵᠠᠭᠤᠨ ᠰᠤᠨᠳᠠᠯᠠᠭᠰᠠᠨ ᠪᠤᠳᠤᠯ ᠰᠡᠳᠬᠢᠯ᠂ ᠤᠶᠢᠯᠡ ᠬᠢᠳᠡᠯ ᠤᠨ ᠬᠢᠨ ᠵᠠᠬ᠎ᠠ | ᠵᠤᠬ᠎ᠠ ᠶᠢ ᠬᠡᠵᠢᠶᠡᠳᠡ ᠡᠷᠭᠢᠴᠡᠬᠦᠯᠤᠨ ᠪᠤᠳᠤᠵᠤ ᠶᠠᠪᠤᠳᠠᠭ ᠶᠤᠮ᠃ | ᠡᠳᠤᠷ ᠬᠤᠨᠤᠭ ᠥᠡᠭᠭᠡᠷᠡᠳᠡᠭ ᠢᠶᠠᠷ ᠢᠶᠠᠨ ᠥᠡᠭᠭᠡᠷᠡᠵᠤ᠂ ᠴᠠᠭ ᠤᠨ ᠬᠥᠷᠳᠤ ᠡᠷᠬᠢᠯᠳᠤᠨ᠂ ᠪᠢ ᠠᠷᠪᠠᠨ | ᠨᠢᠬᠡᠨ ᠨᠠᠰᠤᠯᠠᠵᠤ ᠪᠠᠷᠢᠭᠠᠳᠠ ᠶᠢᠨ ᠪᠠᠭ᠎ᠠ ᠰᠤᠷᠭᠠᠭᠤᠯᠢ ᠠᠴᠠ ᠪᠠᠨ ᠨᠢᠬᠡᠳᠤᠯ ᠤᠨ ᠠᠩᠬ᠎ᠠ ᠲᠤᠮᠳᠠᠳᠤ ᠳᠤ ᠲᠠᠪᠰᠢᠬᠤ | ᠪᠤᠯᠤᠭᠰᠠᠨ ᠨᠢ ᠶᠠᠭ ᠰᠠᠶ᠋ᠢᠬᠠᠨ ᠠᠪᠤ ᠮᠢᠨᠢ ᠡᠪᠡᠳᠴᠢᠨ ᠢᠶᠠᠷ ᠨᠠᠰᠤ ᠪᠤᠯᠤᠭᠰᠠᠨ ᠲᠡᠷᠡ ᠵᠢᠯ ᠤᠨ ᠨᠠᠮᠤᠷ ᠪᠠᠶᠢᠭᠰᠠᠨ | ᠶᠤᠮ᠃ ᠰᠢᠨ᠎ᠡ ᠰᠤᠷᠤᠯᠭ᠎ᠠ ᠡᠬᠢᠯᠡᠬᠦ ᠪᠤᠯᠤᠭᠰᠠᠨ ᠨᠢᠬᠡ ᠡᠳᠤᠷ ᠡᠵᠢ ᠮᠢᠨᠢ ᠪᠡᠶ᠎ᠡ ᠪᠠᠷ ᠢᠶᠠᠨ ᠨᠠᠮᠠᠶᠢ ᠨᠢᠬᠡᠳᠤᠯ ᠤᠨ | ᠲᠥᠪ ᠤᠷᠤᠭᠤ ᠬᠥᠷᠬᠡᠵᠤ ᠶᠠᠪᠤᠭᠰᠠᠨ ᠶᠤᠮ᠃ ᠲᠡᠷᠡ ᠨᠢ ᠡᠵᠢ ᠬᠥᠤ ᠪᠥᠷ ᠠᠩᠬ᠎ᠠ ᠤᠳᠠᠭ᠎ᠠ ᠯᠠ ᠨᠢᠬᠡᠳᠤᠯ ᠤᠨ | ᠲᠥᠪ ᠲᠤ ᠬᠥᠷᠴᠤ ᠪᠠᠶᠢᠭᠰᠠᠨ ᠪᠠᠶᠢᠬᠤ ᠡ᠃ ᠲᠡᠶᠢᠮᠤ ᠡ᠂ ᠬᠥᠬᠡᠷᠤᠬᠦᠢ ᠡᠵᠢ ᠮᠢᠨᠢ ᠬᠡᠤᠬᠡᠤᠨ ᠬᠡᠷ ᠢᠶᠠᠨ ᠬᠡᠭᠰᠡᠬᠡᠷ | ᠬᠡᠷ ᠠᠴᠠ ᠪᠠᠨ ᠰᠠᠯᠵᠤ ᠴᠢᠳᠠᠳᠠᠭ ᠥᠬᠡᠢ ᠤᠯᠠᠨ ᠰᠠᠶᠢᠬᠠᠨ ᠬᠥᠳᠡᠭᠡ ᠶᠢᠨ ᠮᠠᠯᠴᠢᠨ ᠡᠵᠢ ᠶᠢᠨ ᠨᠢᠬᠡ ᠨᠢ | ᠪᠠᠶᠢᠭᠰᠠᠨ ᠨᠢ ᠲᠤᠳᠤᠬᠠᠨ᠃ ᠠᠪᠤ ᠡᠵᠢ ᠲᠠᠢ ᠪᠠᠨ ᠭᠠᠷ ᠬᠥᠳᠤᠯᠤᠯᠴᠠᠨ ᠬᠤᠷᠰᠢᠶ᠎ᠠ ᠲᠡᠯᠬᠡᠬᠦᠷ᠂ ᠰᠤᠷᠭᠠᠭᠤᠯᠢ ᠶᠢᠨ | ᠬᠥᠷᠢᠶ᠎ᠡ ᠪᠠᠷ ᠬᠥᠶᠤᠯᠳᠤᠵᠤ ᠪᠠᠶᠢᠭᠰᠠᠨ ᠤᠯᠠᠨ ᠬᠡᠤᠬᠡᠤᠨ ᠤᠨ ᠲᠤᠮᠳᠠ ᠮᠢᠨᠤ ᠰᠡᠳᠬᠢᠯ ᠪᠠᠶᠠᠷᠯᠠᠩᠭᠤᠢ ᠪᠤᠯᠪᠠᠴᠤ | ᠥᠨᠤᠴᠢᠷᠠᠮᠠᠯ ᠪᠠᠶᠢᠭᠰᠠᠠ᠃ ᠤᠳᠤ ᠪᠤᠳᠤᠬᠤ ᠳᠤ ᠡᠵᠢ ᠮᠢᠨᠢ ᠴᠤ ᠲᠡᠶᠢᠮᠤ ᠯᠡ ᠪᠠᠶᠢᠭᠰᠠᠨ ᠪᠠᠶᠢᠬᠤ᠃ ᠮᠥᠨ ᠴᠤ | ᠲᠡᠷᠡ ᠬᠦ ᠥᠨᠤᠴᠢᠷᠠᠮᠠᠯ ᠤᠷᠴᠢᠨ ᠳᠤ᠂ ᠡᠵᠢ ᠶᠢᠨ ᠮᠢᠨᠢ ᠵᠠᠬᠢᠭᠰᠠᠨ ᠮᠠᠰᠢ ᠤᠯᠠᠨ ᠵᠠᠬᠢᠶ᠎ᠠ ᠰᠤᠷᠭᠠᠯ ᠪᠤᠯ ᠮᠢᠨᠤ ᠨᠢᠬᠡ | ᠨᠠᠰᠤᠨ ᠳᠤ ᠬᠠᠮᠤᠭ ᠤᠨ ᠬᠥᠨ ᠰᠠᠭᠤᠭᠳᠠᠭᠰᠠᠨ ᠵᠠᠬᠢᠶ᠎ᠠ ᠰᠤᠷᠭᠠᠯ ᠤᠨ ᠨᠢᠬᠡᠨ ᠬᠡᠰᠡᠭ ᠪᠠᠶᠢᠭᠰᠠᠨ ᠬᠡᠳᠡᠭ ᠢ ᠤᠳᠤ | ᠴᠤ ᠬᠡᠰᠡᠨ ᠴᠡᠬᠡᠵᠢᠯᠡᠵᠤ ᠪᠠᠶᠢᠭᠰᠠᠭᠠᠷ᠃ ᠠᠷᠭ᠎ᠠ ᠥᠬᠡᠢ ᠳ᠋ᠠ᠂ ᠬᠥᠮᠤᠨ ᠬᠡᠭᠴᠢ ᠵᠤᠪᠠᠯᠠᠩ ᠢ ᠲᠠᠭᠠᠭᠠᠬᠤ ᠵᠤᠷᠢᠭ | ᠴᠢᠩᠭ᠎ᠠ ᠪᠠᠶᠢᠵᠤ᠂ ᠵᠠᠩᠭᠢᠯᠠᠭ᠎ᠠ ᠶᠢᠨ ᠥᠶ᠎ᠠ ᠳᠤ ᠲᠡᠬᠦᠨ ᠢᠶᠠᠷ ᠢᠶᠠᠨ ᠲᠥᠯᠬᠢᠴᠡ ᠬᠥᠴᠤᠨ ᠪᠤᠯᠭᠠᠳᠠᠭ ᠬᠤᠶᠢᠨ᠎ᠠ᠃ | ᠲᠡᠶᠢᠮᠤ ᠤᠴᠢᠷ ᠠᠴᠠ ᠠᠮᠢᠳᠤᠷᠠᠯ ᠰᠤᠷᠤᠯᠭ᠎ᠠ ᠶᠢᠨ ᠲᠤᠮᠳᠠ ᠲᠤᠬᠢᠶᠠᠯᠳᠤᠭᠰᠠᠨ ᠤᠯᠠᠨ ᠤᠯᠠᠨ ᠬᠠᠪᠴᠢᠯᠭ᠎ᠠ | ᠵᠤᠪᠠᠯᠠᠩ ᠢ ᠰᠢᠳᠤ ᠵᠠᠭᠤᠨ ᠲᠡᠰᠪᠤᠷᠢᠯᠡᠨ ᠲᠤᠭᠤᠯᠵᠤ᠂ ᠠᠩᠬ᠎ᠠ ᠲᠤᠮᠳᠠ ᠶᠢᠨ ᠭᠤᠷᠪᠠᠨ ᠵᠢᠯ ᠤᠨ ᠰᠤᠷᠤᠯᠭ᠎ᠠ ᠪᠠᠨ | ᠠᠩᠭᠢ ᠶᠢᠨ ᠲᠡᠬᠡᠷ᠎ᠠ ᠲᠠᠭᠤᠨ ᠳᠤ ᠲᠠᠭᠤᠷᠢᠰᠤᠭᠤᠯᠤᠨ ᠪᠠᠶᠢᠭᠰᠠᠨ ᠳ᠋ᠠ᠃ | 1984 ᠤᠨ ᠤ ᠲᠤᠮᠳᠠ ᠰᠢᠯᠭᠠᠯᠳᠠ ᠳᠤ ᠡᠵᠢ ᠶᠢᠨ ᠡᠷᠬᠡ ᠲᠠᠢ ᠬᠥᠤ ᠪᠢ ᠰᠢᠯᠢᠳᠡᠭ ᠪᠥᠳᠤᠮᠵᠢ ᠪᠠᠷ | ᠪᠠᠭᠰᠢ ᠶᠢᠨ ᠰᠤᠷᠭᠠᠭᠤᠯᠢ ᠳᠤ ᠰᠢᠯᠭᠠᠭᠳᠠᠨ ᠤᠷᠤᠵᠤ᠂ ᠠᠮᠢᠳᠤᠷᠠᠯ ᠤᠨ ᠵᠠᠮ ᠰᠢᠨ᠎ᠡ ᠡᠷᠬᠢᠯᠳᠡ ᠭᠠᠷᠤᠭᠰᠠᠨ ᠶᠤᠮ᠃ | ᠨᠠᠮᠤᠷ ᠤᠨ ᠨᠠᠷᠠ ᠵᠤᠯᠠᠢ ᠰᠢᠷᠠᠵᠤ᠂ ᠭᠠᠵᠠᠷ ᠰᠢᠷᠭᠠᠯᠳᠤᠨ᠂ ᠨᠢᠳᠤ ᠬᠠᠷᠠᠯᠠᠵᠤ᠂ ᠬᠤᠨᠢᠨ ᠤ ᠵᠠᠬ᠎ᠠ ᠳᠤ ᠨᠤᠵᠤᠭᠤᠷᠠᠵᠤ | ᠠᠯᠵᠠᠭᠤᠷᠠᠭᠰᠠᠨ ᠪᠠᠰᠠ ᠨᠢᠬᠡ ᠡᠳᠤᠷ᠂ ᠲᠠᠯ᠎ᠠ ᠶᠢᠨ ᠲᠤᠮᠳᠠ ᠵᠡᠷᠬᠡᠯᠬᠡᠨ ᠤ ᠴᠠᠭᠠᠨ᠎ᠠ ᠠᠴᠠ ᠡᠵᠢ ᠶᠢᠨ ᠮᠢᠨᠢ ᠪᠠᠷ᠎ᠠ | ᠬᠥᠪᠤᠯᠵᠠᠨ ᠠᠶᠢᠰᠤᠢ᠃ ︽ᠰᠤᠷᠭᠠᠭᠤᠯᠢ ᠳᠤ ᠤᠷᠤᠭᠰᠠᠨ ᠮᠡᠳᠡᠭᠳᠡᠯ︾—ᠡᠵᠢ ᠮᠢᠨᠢ ᠰᠢᠤᠳᠠᠨᠴᠢ ᠶᠢᠨ ᠬᠥᠷᠬᠡᠵᠤ | ᠢᠷᠡᠭᠰᠡᠨ ᠮᠡᠳᠡᠭᠳᠡᠯ ᠤᠨ ᠪᠢᠴᠢᠭ ᠢ ᠮᠢᠨᠢ ᠪᠠᠶᠠᠷᠯᠠᠭᠰᠠᠨ ᠬᠥᠴᠤᠨ ᠳᠡᠭᠡᠨ ᠬᠤᠨᠢᠨ ᠳᠤ ᠶᠠᠪᠤᠵᠤ ᠪᠠᠶᠢᠭᠰᠠᠨ ᠬᠥᠤ | ᠨᠠᠳᠠ ᠳᠠᠭᠠᠨ ᠠᠪᠴᠢᠷᠠᠵᠤ ᠥᠭᠭᠦᠭᠰᠡᠨ ᠨᠢ ᠲᠡᠷᠡ ᠪᠠᠶᠢᠵᠠᠢ᠃ ᠭᠠᠷᠳᠠᠭᠤᠯᠬᠤ ᠲᠤᠰᠬᠤ ᠲᠡᠷᠡ ᠭᠱᠠᠨ ᠳᠤ ᠡᠬᠡ | ᠬᠥᠤ ᠶᠢᠨ ᠰᠡᠳᠬᠢᠯ ᠤᠨ ᠬᠥᠨ ᠳᠤ ᠠᠮᠢᠳᠤᠷᠠᠯ ᠤᠨ ᠪᠠᠶᠠᠷ ᠭᠤᠨᠢᠭ᠂ ᠬᠠᠯᠠᠭᠤᠨ ᠬᠥᠢᠳᠡᠨ᠂ ᠰᠢᠷ᠎ᠠ ᠪᠤᠷᠤ | ᠬᠤᠨᠤᠭ ᠤᠳ ᠲᠡᠤᠬᠡ ᠶᠢᠨ ᠬᠠᠭᠤᠳᠠᠰᠤ ᠪᠠᠷ ᠰᠡᠬᠦᠭᠳᠡᠨᠠ᠃ ᠪᠠᠶᠠᠷᠯᠠᠵᠤ ᠬᠥᠭᠰᠡᠭᠰᠡᠨ ᠲᠡᠷᠡ ᠥᠶ᠎ᠡ ᠳᠤ | ᠡᠵᠢ ᠶᠢᠨ ᠢᠶᠠᠨ ᠴᠠᠭ ᠥᠶ᠎ᠡ ᠶᠢᠨ ᠤᠷᠤᠭ᠎ᠠ ᠪᠤᠰᠬᠠᠭ᠎ᠠ ᠶᠢ ᠲᠤᠭᠤᠯᠤᠨ᠂ ᠥᠨᠤᠴᠢᠨ ᠪᠡᠯᠪᠡᠰᠤᠨ ᠤ ᠬᠥᠴᠢᠷ | ᠭᠠᠴᠢᠭ ᠢ ᠡᠬᠦᠷᠴᠤ᠂ ᠥᠷ᠎ᠠ ᠪᠢᠳᠡᠨ ᠤ ᠪᠠᠨ ᠲᠥᠯᠤᠬᠡ ᠬᠥᠴᠤ ᠪᠠᠨ ᠴᠤᠴᠠᠭᠠᠵᠤ ᠰᠡᠳᠬᠢᠯ ᠢᠶᠠᠨ ᠵᠥᠳᠡᠬᠡᠵᠤ | ᠶᠠᠪᠤᠭᠰᠠᠨ ᠢ ᠪᠤᠳᠤᠬᠤ ᠪᠠᠷ ᠪᠢ ᠥᠪᠡᠷ ᠤᠨ ᠡᠷᠬᠡ ᠥᠬᠡᠢ ᠨᠢᠯᠪᠤᠰᠤ ᠤᠨᠠᠭᠠᠭᠰᠠᠨ ᠪᠢᠯᠠ᠃ | ᠪᠠᠭᠰᠢ ᠶᠢᠨ ᠰᠤᠷᠭᠠᠭᠤᠯᠢ ᠪᠠᠨ ᠲᠡᠬᠦᠰᠤᠨ ᠬᠤᠯᠠ ᠶᠢᠨ ᠨᠤᠳᠤᠭ ᠲᠤ ᠠᠵᠢᠯ ᠤᠨ ᠬᠤᠪᠢᠶᠠᠷᠢ ᠠᠪᠤᠭᠰᠠᠨ᠂ | ᠠᠮᠢᠳᠤᠷᠠᠯ ᠪᠤᠰᠬᠠᠨ ᠢᠬᠡᠷ᠎ᠠ ᠬᠥᠤ ᠲᠠᠢ ᠪᠤᠯᠵᠤ ᠭᠠᠯ ᠭᠤᠯᠤᠮᠳᠠ ᠵᠠᠯᠭᠠᠭᠤᠯᠤᠭᠰᠠᠨ᠂ ᠠᠮᠢᠳᠤᠷᠠᠯ ᠤᠶᠢᠯᠡᠰ ᠤᠨ | ᠠᠮᠵᠢᠯᠳᠠ ᠪᠠᠷ ᠢᠶᠠᠨ ᠪᠠᠭ᠋ᠠᠷᠬᠠᠨ ᠤᠴᠢᠵᠤ ᠵᠤᠯᠭᠠᠬᠤ ᠪᠥᠷᠢ ᠳᠤ ᠡᠵᠢ ᠶᠢᠨ ᠮᠢᠨᠢ ᠰᠡᠳᠬᠢᠯ ᠰᠠᠷᠠᠭᠤᠯ ᠲᠡᠭᠷᠢ ᠶᠢᠨ | ᠲᠦᠢᠳᠠᠢ ᠠᠭᠤᠵᠢᠷᠠᠨ ᠵᠢᠷᠭᠠᠨ᠎ᠠ᠃ ᠢᠬᠡᠷ᠎ᠠ ᠤᠮᠪᠤᠯᠤ ᠶᠢᠨ ᠢᠶᠠᠨ ᠢᠳᠡᠷᠡᠬᠦᠨ ᠲᠤᠷᠨᠢᠭᠤᠨ ᠢ ᠨᠢ ᠥᠵᠡᠬᠦ ᠪᠥᠷᠢ ᠳᠤ | ᠮᠠᠩᠨᠠᠢ ᠨᠢ ᠲᠠᠨᠢᠢᠨ ᠬᠥᠯ ᠨᠢ ᠬᠥᠡᠭᠭᠡᠷᠡᠵᠤ᠂ ᠬᠠᠮᠳᠤ ᠪᠠᠶᠢᠭᠰᠠᠨ ᠡᠳᠤᠷ ᠤᠳ ᠲᠡᠭᠡᠨ ᠬᠡᠯᠡᠬᠡᠤᠨ ᠪᠠᠷᠠᠬᠤ ᠥᠬᠡᠢ | ᠵᠤᠭᠤᠭ ᠲᠠᠢ ᠪᠤᠯᠵᠤ᠂ ᠨᠠᠰᠤᠨ ᠤ ᠬᠠᠷᠠᠭ᠎ᠠ ᠪᠠᠷ ᠡᠬᠦᠯᠡᠳᠡᠭᠰᠡᠨ ᠨᠢᠳᠤ ᠨᠢ ᠴᠤ ᠵᠢᠷᠭᠠᠯ ᠤᠨ ᠬᠡᠬᠡ ᠲᠠᠳᠠᠵᠤ | ᠬᠡᠷᠡᠯᠳᠤᠨᠠ᠃ ᠲᠡᠶᠢᠮᠤ ᠪᠠᠶᠢᠯᠬᠦᠢ᠂ ᠡᠨᠡ ᠶᠢᠷᠳᠢᠨᠴᠤ ᠳᠤ ᠥᠷ᠎ᠠ ᠶᠢᠨ ᠢᠶᠠᠨ ᠰᠠᠶᠢᠨ ᠢ ᠥᠵᠡᠵᠤ ᠪᠠᠶᠠᠰᠬᠤ ᠠᠴᠠ | ᠥᠬᠡᠷ᠎ᠡ ᠵᠢᠷᠭᠠᠯ ᠡᠬᠡ ᠬᠥᠮᠤᠨ ᠳᠤ ᠬᠠᠮᠢᠭ᠎ᠠ ᠪᠠᠶᠢᠨᠠᠮ ᠪᠢᠯᠠ᠃ ᠡᠷᠬᠢᠵᠤ ᠥᠵᠡᠬᠦ ᠪᠥᠷᠢ ᠳᠤ ᠨᠠᠷᠠ ᠨᠢ ᠭᠠᠷᠴᠤ | ᠬᠥᠭᠰᠡᠨ᠂ ᠪᠤᠴᠠᠬᠤ ᠪᠤᠯᠬᠤ ᠪᠥᠷᠢ ᠳᠤ ᠮᠢᠨᠢ ᠲᠤᠭᠳᠠᠪᠤᠷᠢ ᠠᠯᠳᠠᠵᠤ ᠰᠠᠯᠵᠤ ᠶᠠᠳᠠᠳᠠᠭ ᠪᠤᠯᠤᠭᠰᠠᠨ ᠨᠠᠰᠤᠨ | ᠰᠡᠬᠦᠳᠡᠷ ᠲᠠᠯ᠎ᠠ ᠭᠠᠷᠤᠭᠰᠠᠨ ᠪᠤᠭᠤᠷᠤᠯ ᠡᠵᠢ ᠮᠢᠨᠢ ᠪᠢᠳᠡᠨ ᠲᠠᠢ ᠪᠠᠨ ᠬᠠᠮᠳᠤ ᠪᠠᠶᠢᠬᠤ ᠡᠳᠤᠷ ᠨᠢᠬᠡᠨᠳᠡ | ᠠᠭᠤᠯᠠ ᠶᠢᠨ ᠲᠤᠯᠤᠭᠠᠢ ᠶᠢᠨ ᠰᠢᠩᠭᠡᠬᠦ ᠨᠠᠷᠠᠨ ᠪᠤᠯᠤᠭᠰᠠᠨ ᠢ ᠪᠤᠳᠤᠬᠤ ᠪᠥᠷᠢ ᠳᠤ ᠥᠷ᠎ᠠ ᠴᠢᠨᠢ ᠪᠤᠯᠤᠭᠰᠠᠨ ᠮᠢᠨᠤ | ᠵᠢᠷᠤᠬᠡ ᠡᠷᠬᠡ ᠥᠬᠡᠢ ᠡᠪᠡᠳᠳᠡᠭ ᠪᠠᠶᠢᠯ᠎ᠠ᠃ ᠲᠡᠶᠢᠮᠤ ᠡ᠂ ᠠᠷᠪᠠᠨ ᠬᠡᠳᠤᠨ ᠵᠢᠯ ᠤᠨ ᠡᠮᠤᠨᠡᠬᠢ ᠬᠠᠪᠤᠷ ᠤᠨ ᠨᠢᠬᠡ | ᠡᠳᠤᠷ ᠢᠡᠭᠭᠡᠨ ᠲᠡᠮᠡᠬᠡᠨ ᠤ ᠪᠤᠶᠢᠯᠠᠬᠤ ᠲᠠᠭᠤᠨ ᠪᠤᠳᠤᠭᠤᠨ ᠠᠴᠠ ᠪᠠᠨ ᠬᠤᠯᠠᠳᠠᠨ᠂ ᠢᠳᠡ ᠥᠳᠡ ᠶᠢᠨ ᠨᠠᠷᠠᠨ ᠬᠡᠷᠡᠯ | ᠢᠯᠴᠢ ᠪᠠᠨ ᠠᠯᠳᠠᠵᠤ᠂ ᠡᠵᠢ ᠮᠢᠨᠢ ᠲᠠᠯᠠᠨ ᠵᠢᠷᠭᠤᠭᠠᠨ ᠥᠨᠳᠤᠷ ᠬᠤᠳᠤᠭ ᠢ ᠤᠯᠵᠤ᠂ ᠠᠷᠪᠠᠨ ᠬᠡᠤᠬᠡᠤᠨ ᠤᠨ ᠢᠶᠠᠨ | ᠬᠥᠷᠢᠶᠡᠯᠡᠭᠰᠡᠨ ᠲᠤᠭᠤᠷᠢᠭ ᠤᠨ ᠲᠤᠮᠳᠠ ᠪᠤᠷᠬᠠᠨ ᠪᠤᠯᠤᠭᠰᠠᠨ ᠪᠢᠯᠠ᠃ ᠲᠤᠬᠠᠢ ᠶᠢᠨ ᠥᠶ᠎ᠡ ᠳᠤ ᠬᠡᠤᠬᠡᠤᠨ ᠤᠳ ᠤᠨ | ᠴᠢᠨᠢ ᠲᠠᠨ ᠤ ᠪᠠᠨ ᠲᠡᠭᠷᠢ ᠮᠡᠳᠤ ᠶᠡᠭᠡ ᠠᠴᠢ ᠶᠢᠨ ᠴᠢᠨᠢ ᠬᠠᠷᠢᠭᠤ ᠳᠤ ᠲᠡᠩᠴᠤ ᠥᠷᠢ ᠲᠠᠢ ᠶᠠᠪᠤᠭᠰᠠᠨ ᠬᠡᠵᠤ | ᠤᠨᠠᠭᠠᠭᠰᠠᠨ ᠭᠠᠰᠢᠭᠤᠳᠠᠯ ᠤᠨ ᠨᠢᠯᠪᠤᠰᠤ ᠨᠢ ᠤᠶᠠᠷᠠᠯ ᠤᠨ ᠲᠠᠯᠠᠢ ᠪᠤᠯᠵᠤ ᠪᠠᠶᠢᠯ᠎ᠠ᠃ ᠡᠵᠢ ᠮᠢᠨᠢ ᠲᠠ ᠪᠤᠶᠠᠨ ᠲᠠᠢ | ᠴᠤ ᠬᠥᠮᠤᠨ᠂ ᠤᠶᠢᠯᠠ ᠲᠠᠢ ᠴᠤ ᠬᠥᠮᠤᠨ ᠪᠠᠶᠢᠵᠠᠢ ᠳ᠋ᠠ᠃ | ᠡᠵᠢ ᠥᠬᠡᠢ ᠪᠤᠯᠤᠭᠰᠠᠨ ᠠᠷᠪᠠ ᠭᠠᠷᠤᠢ ᠵᠢᠯ ᠳᠤ᠂ ᠥᠷ᠎ᠠ ᠨᠢ ᠪᠤᠯᠤᠭᠰᠠᠨ ᠪᠢ ᠡᠳᠤᠷ ᠤᠨ ᠪᠤᠳᠤᠯ᠂ | ᠰᠥᠨᠢ ᠶᠢᠨ ᠵᠡᠬᠦᠳᠤᠨ ᠳᠡᠭᠡᠨ ᠲᠠᠨ ᠢ ᠪᠠᠨ ᠥᠬᠡᠶᠢᠯᠡᠨ ᠰᠠᠨᠠᠭᠰᠠᠭᠠᠷ ᠢᠷᠡᠯ᠎ᠠ᠃ ᠠᠮᠢᠳᠤᠷᠠᠯ ᠥᠬᠡᠳᠡ᠂ ᠠᠵᠢᠯ | ᠤᠷᠤᠭᠰᠢ᠂ ᠪᠥᠬᠦ ᠶᠠᠭᠤᠮ᠎ᠠ ᠰᠠᠶᠢᠬᠠᠨ ᠪᠤᠯᠬᠤ ᠶᠢᠨ ᠤᠯᠠᠮ ᠠᠴᠠ ᠡᠵᠢ ᠶᠢ ᠪᠠᠨ ᠤᠯᠠᠮ ᠢᠯᠡᠬᠦᠤ ᠮᠥᠷᠤᠬᠡᠳᠤᠨ | ᠤᠨᠳᠠᠬᠤ ᠨᠦᠢᠷ ᠢᠳᠡᠭᠦ ᠬᠤᠭᠤᠯᠠ ᠪᠠᠨ ᠬᠠᠰᠤᠵᠤ ᠠᠷᠪᠠᠨ ᠬᠡᠤᠬᠡᠤᠨ ᠢᠶᠠᠨ ᠥᠰᠬᠡᠭᠰᠡᠨ ᠠᠭᠤᠤ ᠶᠡᠭᠡ ᠡᠵᠢ ᠪᠠᠨ | ᠡᠷᠬᠡ ᠥᠬᠡᠢ ᠮᠥᠷᠤᠬᠡᠳᠤᠨ ᠰᠠᠨᠠᠨ᠎ᠠ᠃ | ᠨᠠᠷᠠᠨ ᠤ ᠬᠡᠷᠡᠯ ᠢ ᠬᠤᠷᠢᠶᠠᠬᠤ ᠠᠴᠠ ᠡᠪᠡᠰᠤ ᠤᠷᠭᠤᠮᠠᠯ ᠰᠡᠷᠬᠦᠨ᠎ᠠ᠂ ᠨᠠᠰᠤᠳᠠᠢ ᠡᠵᠢ ᠪᠠᠨ ᠪᠤᠳᠤᠬᠤ ᠪᠠᠷ | ᠰᠡᠳᠬᠢᠯ ᠪᠥᠷ ᠰᠡᠷᠬᠦᠨ᠎ᠠ᠃ ᠡᠵᠢ ᠮᠢᠨᠢ ᠲᠠ᠂ ᠠᠯᠳᠠᠨ ᠨᠠᠷᠠᠨ ᠤ ᠬᠡᠷᠡᠯ ᠰᠢᠭ ᠠᠷᠪᠠᠨ ᠴᠠᠭᠠᠨ ᠪᠤᠶᠠᠨ ᠢᠶᠠᠨ | ᠬᠠᠶᠢᠷᠠᠯᠠᠭᠰᠠᠨ ᠪᠤᠷᠬᠠᠠ᠂ ᠠᠴᠢᠷ ᠥᠷ᠎ᠠ ᠪᠠᠨ ᠲᠤᠯᠠᠭᠠᠴᠠᠭᠤᠯᠵᠤ ᠶᠠᠪᠤᠭᠰᠠᠨ ᠠᠮᠢᠳᠤᠷᠠᠯ ᠤᠨ ᠲᠤᠮᠤ ᠨᠠᠷᠠᠨ ᠶᠤᠮ | ᠰᠠᠨ᠃ | ᠡᠵᠢ ᠪᠤᠷᠬᠠᠨ ᠮᠢᠨᠢ︕ ᠪᠤᠷᠬᠠᠨ ᠡᠵᠢ ᠮᠢᠨᠢ︕ | | |