ᠮᠣᠩᠭᠤᠯ ᠮᠣᠷᠢ
ᠨᠡᠶᠢᠲᠡᠯᠡᠭᠰᠡᠨ ᠴᠠᠭ᠄
2020/5/12
ᠮᠣᠩᠭᠤᠯ ᠮᠣᠷᠢ                                    ᠵᠣᠬᠢᠶᠠᠭᠴᠢ᠄ ᠬᠠᠰᠪᠠᠭᠠᠨ᠎ᠠᠮᠣᠩᠭᠤᠯ ᠮᠣᠷᠢ —ᠪᠣᠷᠬᠠᠨ ᠬᠠᠯᠳᠣᠨ ᠠᠴᠠ ᠦᠦᠷᠰᠡᠭᠰᠡᠨ ᠠᠷᠭᠤᠮᠠᠬ ᠬᠦᠯᠦᠭ ᠪᠣᠬᠳᠠ ᠴᠢᠩᠭᠢᠰ ᠤᠨ ᠬᠦᠯᠦᠭᠯᠡᠭᠰᠡᠨ ᠬᠤᠪᠢᠯᠭᠠᠨ ᠣᠨᠤᠭ᠎ᠠ ᠪᠣᠰᠤᠭ᠎ᠠ ᠲᠡᠦᠬᠡ ᠶᠢ ᠠᠴᠢᠶᠠᠯᠠᠬᠰᠠᠨ ᠠᠮᠢᠳᠦ ᠬᠠᠰᠠᠬ ᠪᠣᠶᠠᠨᠳᠦ ᠲᠦᠮᠡᠨ ᠢᠶᠠᠨ ᠲᠡᠭᠵᠢᠷᠡᠭᠦᠯᠦᠭᠰᠡᠨ ᠮᠣᠩᠭᠤᠯ ᠠᠳᠣᠭᠤ ᠮᠣᠩᠭᠤᠯ ᠮᠣᠷᠢ —ᠣᠳᠣᠨ ᠠᠴᠠ ᠬᠤᠷᠳᠣᠨ ᠴᠠᠬᠢᠯᠭᠠᠨ ᠭᠦᠶᠦᠳᠡᠯ ᠲᠠᠢᠣᠬᠳᠠᠷᠭᠤᠢ ᠶᠢ ᠢᠯᠪᠢᠯᠬᠢᠯᠡᠭᠰᠡᠨ ᠪᠣᠰᠤᠭ᠎ᠠ ᠲᠡᠯ ᠲᠠᠢ ᠣᠷᠴᠢᠯᠠᠩ ᠢ ᠬᠡᠮᠵᠢᠭᠰᠡᠨ ᠲᠦᠷᠪᠡᠨ ᠲᠣᠭᠤᠷᠠᠢ ᠲᠠᠢ ᠣᠨ ᠢ ᠲᠣᠭᠤᠯᠬᠤ ᠮᠡᠷᠭᠡᠨ ᠣᠬᠠᠭᠠᠨ ᠲᠠᠢ ᠮᠣᠩᠭᠤᠯ ᠮᠣᠷᠢ —ᠦᠨᠡᠬᠡᠨ ᠬᠠᠷᠠᠩᠭᠤᠢ ᠶᠢ ᠨᠢᠳᠦ ᠪᠠᠷ ᠢᠶᠠᠨ ᠭᠡᠷᠡᠯᠳᠦᠭᠦᠯᠵᠦ ᠦᠡᠭᠰᠢᠭ ᠲᠡᠯᠡᠬᠡᠢ ᠶᠢ ᠰᠡᠭᠦᠯ ᠢᠶᠠᠷ ᠢᠶᠠᠨ ᠱᠦᠭᠦᠷᠳᠡᠵᠦ ᠠᠯᠣᠰ ᠤᠨ ᠵᠠᠮ ᠢ ᠰᠢᠨᠳᠠᠰᠣ ᠪᠠᠷ ᠲᠣᠭᠤᠯᠵᠦ ᠠᠯᠳᠠᠷ ᠴᠣᠯᠠ ᠪᠠᠷ ᠢᠶᠠᠨ ᠱᠠᠰᠳᠢᠷ ᠢ ᠭᠡᠭᠡᠯᠡᠪᠡᠮᠣᠩᠭᠤᠯ ᠮᠣᠷᠢ —ᠪᠣᠯᠠᠩᠭᠢᠷ ᠲᠠᠢ ᠣᠰᠣ ᠶᠢ ᠣᠤᠭᠤᠳᠠᠬ ᠦᠭᠡᠢ ᠠᠷᠢᠭᠤᠨᠪᠣᠵᠠᠷ ᠡᠪᠡᠰᠦ ᠶᠢ ᠢᠳᠡᠳᠡᠭ ᠦᠭᠡᠢ ᠴᠡᠮᠴᠡᠭᠡᠷ ᠪᠣᠷᠣᠭᠤ ᠭᠠᠵᠠᠷ ᠭᠢᠰᠭᠢᠳᠡᠭ ᠦᠭᠡᠢ ᠬᠡᠷᠰᠡᠦ ᠪᠣᠷᠣᠩᠬᠠᠢ ᠲᠠᠶᠢᠰᠣᠨ ᠢ ᠦᠷᠦᠰᠢᠶᠡᠳᠡᠭ ᠦᠭᠡᠢ ᠲᠠᠶᠢᠴᠢᠨ ᠮᠣᠩᠭᠤᠯ ᠮᠣᠷᠢ —ᠣᠨᠣᠬᠰᠠᠨ ᠡᠵᠡᠨ ᠢᠶᠠᠨ ᠬᠠᠶᠠᠳᠠᠬ ᠦᠭᠡᠢ ᠴᠢᠭᠡᠴᠢ ᠣᠷᠭᠤᠴᠠ ᠪᠡᠯᠴᠢᠭᠡᠷ ᠢᠶᠠᠨ ᠮᠠᠷᠳᠠᠳᠠᠬ ᠦᠭᠡᠢ ᠦᠨᠡᠨᠴᠢ ᠣᠯᠠᠮᠵᠢᠯᠠᠯᠳᠦ ᠵᠠᠩᠰᠢᠯ ᠢᠶᠠᠨ ᠬᠠᠶᠠᠳᠠᠬ ᠦᠭᠡᠢ ᠰᠢᠳᠣᠷᠭᠤ ᠣᠨᠠᠬᠰᠠᠨ ᠨᠣᠳᠤᠬ ᠢᠶᠠᠨ ᠮᠠᠷᠳᠠᠳᠠᠬ ᠦᠭᠡᠢ ᠵᠢᠷᠣᠮᠳᠦ ᠮᠣᠩᠭᠤᠯ ᠮᠣᠷᠢ —ᠮᠣᠬᠤᠰᠢ ᠦᠭᠡᠢ ᠵᠣᠷᠢᠬᠲᠠᠢ ᠮᠣᠷᠢ ᠮᠠᠨᠳᠣᠬᠰᠠᠨ ᠲᠦᠷᠦ ᠳᠡᠭᠡᠨ ᠭᠠᠪᠢᠶᠠᠳᠦ ᠬᠦᠯᠦᠭ ᠮᠣᠩᠭᠤᠯ ᠬᠦᠮᠦᠨ ᠤ ᠰᠢᠳᠦᠭᠡᠨ ᠮᠣᠷᠢ ᠮᠣᠯᠣᠷ ᠡᠷᠳᠡᠨᠢ ᠰᠢᠭ ᠬᠤᠪᠣᠷᠬᠠᠨ ᠠᠮᠢᠳᠠᠨ︕
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号