ᠨᠤᠲᠤᠭ ᠲᠠᠭᠠᠨ ᠬᠠᠷᠢᠯ᠎ᠠ | ᠵᠣᠬᠢᠶᠠᠭᠴᠢ᠄ ᠶᠡᠬᠡᠪᠠᠶᠠᠷ | ᠰᠠᠷᠭᠠᠢ ᠴᠡᠴᠡᠭ ᠳᠡᠯᠭᠡᠷᠡᠭᠰᠡᠨ ᠰᠠᠷᠠᠭᠤᠯ ᠰᠠᠶᠢᠬᠠᠨ ᠡᠳᠤᠷ | ᠰᠠᠯᠣᠭᠠᠳ ᠤᠳᠠᠭᠰᠠᠨ ᠨᠤᠲᠤᠭ ᠢᠶᠠᠨ ᠪᠢ ᠴᠢᠭᠯᠡᠯ᠎ᠠ | ᠰᠠᠭᠤᠭᠰᠠᠨ ᠳᠡᠷᠭᠡ ᠬᠤᠷᠳᠣᠯᠠᠬᠤ ᠨᠢ ᠰᠣᠮᠣ ᠮᠡᠳᠦ ᠲᠦᠷᠭᠡᠨ | ᠰᠠᠨᠠᠭ᠎ᠠ ᠰᠡᠳᠭᠢᠯ ᠶᠠᠭᠠᠷᠠᠬᠤ ᠪᠠᠷ ᠦᠬᠡᠷ ᠲᠡᠷᠭᠡ ᠬᠢᠬᠤᠨᠠᠬᠤ ᠮᠡᠳᠦ | ᠠᠪᠤ ᠶᠢᠨ ᠨᠤᠲᠤᠭ ᠬᠠᠭᠤᠯᠳᠤ ᠶᠢᠨ ᠠᠶᠢᠯ ᠮᠢᠨᠢ ᠠᠮᠤᠷᠯᠢᠩᠭᠤᠢ ᠪᠠᠶᠢᠯᠭᠦᠢ︖ | ᠠᠬᠠᠰᠢᠷᠠᠭ᠎ᠠ ᠵᠠᠯᠠᠭᠤ ᠤᠯᠠᠠ ᠢᠶᠠᠷ ᠢᠶᠠᠨ ᠡᠩᠬᠡ ᠠᠮᠣᠷ ᠪᠠᠶᠢᠯᠭᠦᠢ︖ | ᠠᠳᠤᠭᠤ ᠮᠠᠯ ᠨᠢ ᠦᠷᠡᠵᠢᠭᠡᠳ ᠪᠡᠯᠴᠢᠭᠡᠷ ᠲᠦᠭᠦᠷᠠᠩ ᠪᠠᠶᠢᠯᠭᠦᠢ︖ | ᠠᠵᠢᠯᠴᠢ ᠠᠷᠪᠢᠴᠢ ᠪᠠᠷ ᠠᠵᠢᠯᠯᠠᠭᠠᠳ ᠪᠠᠶᠠᠵᠢᠨ ᠴᠢᠨᠡᠭᠡᠯᠢᠭᠵᠢᠭᠰᠡᠨ ᠪᠠᠶᠢᠯᠭᠦᠢ︖ | ᠰᠠᠷᠠᠭᠤᠯ ᠰᠠᠶᠢᠬᠠᠨ ᠨᠤᠲᠤᠭ ᠮᠢᠨᠢ ᠦᠡᠭᠰᠢᠭ ᠬᠡᠪ ᠢᠶᠠᠷ ᠪᠠᠶᠢᠯᠭᠦᠢ︖ | ᠰᠠᠳᠤᠨ ᠰᠠᠭᠠᠬᠠᠯᠳᠠ ᠪᠦᠭᠦᠨ ᠢᠶᠠᠷ ᠢᠶᠠᠨ ᠠᠮᠣᠭᠤᠯᠠᠩ ᠵᠢᠷᠭᠠᠯᠳᠠᠢ ᠪᠠᠶᠢᠯᠭᠦᠢ︖ | ᠰᠣᠪᠣᠳ ᠲᠠᠨ᠎ᠠ ᠰᠢᠬ ᠰᠦᠷᠦᠭ ᠨᠢ ᠳᠠᠯ᠎ᠠ ᠲᠦᠭᠦᠷᠠᠩ ᠪᠠᠶᠢᠯᠭᠦᠢ︖ | ᠰᠠᠭᠠᠯᠢ ᠰᠦ ᠨᠢ ᠮᠡᠯᠡᠮᠡᠯᠵᠡᠭᠡᠳ ᠰᠠᠪᠠ ᠲᠦᠭᠦᠷᠠᠩ ᠪᠠᠶᠢᠯᠭᠦᠢ︖ | ᠮᠠᠩᠬ᠎ᠠ ᠵᠤ ᠶᠢᠨ ᠲᠦᠰᠢᠯᠭᠡ ᠲᠠᠢ ᠳᠡᠭᠡᠳᠤ ᠶᠢᠨ ᠨᠤᠲᠤᠭ ᠪᠢᠯᠠ | ᠮᠠᠩᠨᠤᠭ ᠲᠣᠷᠭ᠎ᠠ ᠰᠢᠬ ᠡᠷᠬᠢᠮᠰᠦᠭ ᠡᠯᠤᠨᠴᠠ ᠶᠢᠨ ᠰᠠᠶᠢᠬᠠᠨ ᠤᠷᠤᠨ ᠪᠢᠯᠠ | ᠮᠢᠩᠭᠠᠨ ᠪᠠᠷ᠎ᠠ ᠶᠢᠨ ᠭᠠᠵᠠᠷ ᠵᠠᠶᠢᠳᠠᠯᠠ ᠴᠦ ᠮᠠᠷᠳᠠᠭᠳᠠᠰᠢ ᠦᠭᠡᠢ ᠮᠤᠩᠭᠤᠯ ᠪᠢᠯᠠ | ᠮᠠᠩᠰᠢᠭᠤᠷᠠᠬᠤ ᠵᠡᠭᠦᠳᠤᠨ ᠠᠴᠠ ᠭᠠᠷᠳᠠᠭ ᠦᠭᠡᠢ ᠨᠤᠲᠤᠭ ᠮᠢᠨᠢ ᠪᠢᠯᠠ | ᠨᠠᠷᠠᠨ ᠰᠠᠷ᠎ᠠ ᠰᠤᠯᠤᠩᠭᠠᠷᠠᠳᠠᠭ ᠨᠠᠨᠳᠢᠨ ᠰᠠᠶᠢᠬᠠᠨ ᠤᠷᠤᠨ ᠶᠤᠮ | ᠨᠠᠪᠴᠢ ᠴᠡᠴᠡᠭ ᠳᠡᠯᠭᠡᠷᠡᠳᠡᠭ ᠦᠩᠭᠡᠳᠤ ᠰᠠᠶᠢᠬᠠᠨ ᠨᠤᠲᠤᠭ ᠶᠤᠮ | ᠨᠠᠭᠠᠯᠢᠩᠬᠠᠢ ᠵᠡᠷᠭᠡᠯᠭᠡᠨᠠ ᠵᠢᠷᠭᠢᠳᠡᠭ ᠦᠨᠢᠷ ᠭᠦᠳᠡᠭᠡ ᠨᠤᠲᠤᠭ ᠶᠤᠮ | ᠨᠠᠷᠢᠨ ᠪᠤᠷᠭᠠᠰᠤ ᠤᠨᠤᠵᠤ ᠲᠤᠭᠯᠠᠭᠰᠠᠨ ᠬᠤᠷᠳᠤᠨ ᠭᠦᠯᠦᠭ ᠤᠨ ᠨᠤᠲᠤᠭ ᠪᠢᠯᠠ | ᠰᠦᠮᠡᠯᠵᠡᠬᠦ ᠵᠡᠷᠭᠡᠯᠭᠡᠨ ᠢ ᠢᠷᠠᠬᠰᠠᠭᠠᠷ ᠨᠣᠳᠤᠬ ᠤᠨ ᠪᠠᠷ᠎ᠠ ᠲᠣᠳᠣᠷᠠᠯ᠎ᠠ | ᠰᠦᠯᠳᠠ ᠪᠤᠯᠤᠭᠰᠠᠨ ᠦᠨᠳᠤᠷ ᠤᠷᠤᠢ ᠬᠠᠷᠠᠭ᠎ᠠ ᠪᠦᠯᠢᠶᠡᠰᠭᠡᠨ ᠵᠢᠳᠦᠪᠡᠯᠵᠡᠯᠡ | ᠰᠦᠰᠦᠭ ᠪᠢᠰᠢᠷᠠᠯ ᠢ ᠲᠦᠷᠦᠭᠦᠯᠦᠮᠡ ᠱᠠᠩᠰᠢ ᠶᠢᠨ ᠮᠤᠳᠤ ᠪᠦᠷᠳᠤᠯᠵᠡᠯᠡ | ᠰᠡᠳᠭᠢᠯ ᠵᠢᠷᠦᠬᠡ ᠶᠢ ᠠᠷᠭᠠᠮᠵᠢᠬᠰᠠᠨ ᠨᠤᠲᠤᠭ ᠲᠠᠭᠠᠨ ᠬᠠᠷᠢᠭᠠᠳ ᠢᠷᠡᠯ᠎ᠠ | | | | |