ᠯᠣᠣᠰ ᠤᠨ ᠰᠢᠳᠦᠯᠭᠡ ᠶᠢᠨ ᠡᠭᠦᠰᠦᠯ | ᠬᠤᠷᠴᠢᠨ ᠲᠠᠷᠢᠶᠠᠴᠢᠳ ᠠᠴᠠ ᠰᠢᠨ᠎ᠡ ᠭᠡᠷ ᠪᠠᠷᠢᠬᠤ᠂ ᠬᠤᠷᠤᠭ᠎ᠠ ᠬᠦᠷᠢᠶ᠎ᠡ ᠪᠣᠰᠬᠠᠵᠦ ᠣᠷᠣᠨ ᠰᠠᠭᠤᠴᠠ ᠪᠠᠨ | ᠲᠦᠪᠭᠢᠨᠡᠭᠦᠯᠬᠦ ᠳᠡᠭᠡᠨ ᠦᠵᠡᠭᠡᠴᠢ ᠪᠣᠶᠣ ᠰᠢᠨᠵᠢᠭᠡᠴᠢ ᠵᠠᠯᠠᠵᠦ ᠨᠤᠳᠤᠬ ᠣᠰᠤᠨ ᠤ ᠪᠠᠨ ᠨᠠᠪᠳᠠᠬ ᠰᠠᠪᠳᠠᠬ ᠢ ᠨᠢ | ᠦᠵᠡᠭᠦᠯᠳᠡᠭ᠃ ᠡᠭᠦᠨ ᠢᠶᠠᠨ ᠬᠤᠷᠴᠢᠨᠴᠣᠳ ᠪᠠᠰᠠ ︽ᠨᠣᠳᠤᠬ ᠦᠵᠡᠭᠦᠯᠦᠨ᠎ᠡ︾ ᠭᠡᠵᠦ ᠶᠠᠷᠢᠳᠠᠬ᠃ ᠨᠣᠳᠤᠬ | ᠦᠵᠡᠯᠭᠡ ᠳᠤ ᠨᠠᠭᠤᠷ ᠴᠦᠬᠦᠷᠦᠮ᠂ ᠭᠤᠣᠯ ᠭᠤᠷᠤᠬ᠎ᠠ᠂ ᠣᠷᠣᠰᠬᠠᠯ ᠣᠰᠣ᠂ ᠭᠤᠣᠯ ᠤᠨ ᠲᠠᠩ ᠁ | ᠵᠡᠷᠭᠡ ᠶᠢᠨ ᠣᠰᠣᠨ ᠤ ᠦᠡᠭᠭᠡ᠂ ᠣᠷᠣᠰᠬᠠᠯ ᠤᠨ ᠪᠠᠶᠢᠳᠠᠯ᠂ ᠣᠷᠣᠨ ᠪᠠᠶᠢᠷᠢᠰᠢᠯ ᠵᠡᠷᠭᠡ ᠶᠢ ᠨᠢᠬᠳᠠ ᠰᠢᠨᠵᠢᠵᠦ | ᠪᠠᠶᠢᠭᠠᠳ ᠭᠠᠵᠠᠷ ᠣᠰᠣᠨ ᠤ ᠡᠵᠡᠳ ᠰᠠᠬᠢᠭᠤᠰᠣ ᠪᠠᠨ ᠬᠦᠬᠡ ᠯᠣᠣᠰ᠂ ᠣᠯᠠᠭᠠᠨ ᠯᠣᠣᠰ᠂ ᠰᠢᠷ᠎ᠠ ᠯᠣᠣᠰ᠂ ᠴᠠᠭᠠᠨ | ᠯᠣᠣᠰ᠂ ᠬᠠᠷ᠎ᠠ ᠯᠣᠣᠰ ᠭᠡᠵᠦ ᠲᠠᠪᠣᠨ ᠵᠦᠢᠯ ᠤᠨ ᠯᠣᠣᠰ ᠪᠣᠯᠭᠠᠨ ᠬᠤᠪᠢᠶᠠᠳᠠᠬ᠃ ᠭᠡᠬᠦ ᠳᠡᠭᠡᠨ ᠯᠣᠣᠰ ᠨᠢ ᠭᠠᠵᠠᠷ | ᠪᠣᠯᠭᠠᠨ ᠳᠤ ᠪᠠᠶᠢᠬᠤ ᠪᠢᠰᠢ ᠬᠠᠷᠢᠨ ᠭᠤᠣᠯ ᠮᠦᠷᠡᠨ᠂ ᠨᠠᠭᠤᠷ ᠴᠦᠬᠦᠷᠦᠮ ᠲᠠᠢ ᠣᠶᠢᠷᠠᠯᠴᠠᠭ᠎ᠠ ᠭᠠᠵᠠᠷ | ᠪᠠᠶᠢᠳᠠᠬ ᠠᠴᠠ ᠯᠣᠣᠰ ᠢ ᠪᠠᠰᠠ ᠨᠠᠪᠳᠠᠬ ᠰᠠᠪᠳᠠᠬ ᠤᠨ ᠲᠣᠳᠣᠷᠠᠬᠢ ᠨᠢᠭᠡ ᠲᠦᠷᠦᠯ ᠭᠡᠵᠦ ᠣᠶᠢᠯᠠᠭᠠᠬᠰᠠᠨ ᠴᠦ | ᠪᠣᠯᠣᠨ᠎ᠠ᠃ ᠬᠤᠷᠴᠢᠨ ᠤ ᠪᠦᠭᠡ ᠨᠠᠷ ᠤᠨ ᠲᠠᠭᠤᠳᠠᠯᠭ᠎ᠠ ᠳᠤ᠄ ︽ᠲᠣᠯᠣᠭᠠᠨ ᠲᠠᠪᠬᠤᠷ ᠭᠠᠵᠠᠷ ᠲᠣᠬᠰᠢᠨ ᠬᠠᠷ᠎ᠠ | ᠯᠣᠣᠰ᠂ ᠨᠠᠢᠮᠠᠨ ᠲᠠᠪᠬᠤᠷ ᠯᠣᠣᠰ᠂ ᠯᠠᠳᠠᠷ ᠪᠦᠭᠡ ᠯᠣᠣᠰ︾ ᠭᠡᠵᠦ ᠪᠠᠶᠢᠳᠠᠬ ᠠᠴᠠ ᠯᠣᠣᠰ ᠨᠢ ᠬᠤᠷᠴᠢᠨ ᠪᠦᠭᠡ | ᠨᠠᠷ ᠤᠨ ᠲᠣᠮᠳᠠ ᠶᠡᠭᠡ ᠬᠦᠨᠳᠦᠳᠳᠡᠢ ᠰᠢᠳᠦᠭᠡᠨ ᠪᠠᠶᠢᠬᠰᠠᠨ ᠭᠡᠳᠡᠭ ᠢ ᠮᠡᠳᠡᠵᠦ ᠪᠣᠯᠣᠨ᠎ᠠ᠃ ᠲᠡᠭᠡᠪᠡᠯ ᠯᠣᠣᠰ | ᠭᠡᠳᠡᠭ ᠨᠢ ᠴᠣᠬᠤᠮ ᠶᠠᠭᠤ ᠶᠢ ᠵᠢᠭᠠᠵᠦ ᠪᠠᠶᠢᠬᠤ ᠪᠣᠢ︖ ᠡᠭᠦᠨ ᠤ ᠲᠣᠬᠠᠢ ᠵᠠᠷᠢᠮ ᠬᠦᠮᠦᠰ ᠠᠴᠠ᠄ ︽ᠯᠣᠣᠰ | ᠭᠡᠳᠡᠭ ᠨᠢ ᠯᠣᠣ ᠶᠢᠨ ᠣᠯᠠᠨ ᠲᠤᠭ᠎ᠠ ᠶᠢ ᠵᠢᠭᠠᠬᠰᠠᠨ ᠦᠭᠡ︾ ᠭᠡᠵᠦ ᠶᠠᠷᠢᠵᠦ ᠦᠡᠭᠭᠡᠷᠡᠭᠰᠡᠨ ᠶᠣᠮ᠃ ᠡᠭᠦᠨ ᠤ | ᠲᠣᠬᠠᠢ ᠭᠠᠳᠠᠰᠣ ᠠᠴᠠ᠄ ︽ᠯᠣᠣ ᠭᠡᠳᠡᠭ ᠠᠮᠢᠳᠠᠨ ᠢ ᠰᠣᠨᠣᠰᠣᠬᠰᠠᠨ ᠠᠴᠠ ᠪᠢᠰᠢ ᠣᠯᠵᠦ ᠬᠠᠷᠠᠬᠰᠠᠨ ᠬᠦᠮᠦᠨ | ᠣᠳᠣ ᠪᠣᠯᠳᠠᠯ᠎ᠠ ᠲᠣᠳᠣᠷᠬᠠᠢ ᠦᠭᠡᠢ ᠪᠠᠶᠢᠬᠰᠠᠭᠠᠷ᠃ ᠦᠷᠦᠭᠡᠰᠦᠨ ᠯᠣᠣ ᠶᠢ ᠴᠦ ᠣᠯᠵᠦ ᠬᠠᠷᠠᠬᠰᠠᠨ ᠬᠦᠮᠦᠨ | ᠦᠭᠡᠢ ᠶᠣᠮ ᠴᠢᠨᠢ ᠨᠡᠩ ᠲᠡᠶᠢᠮᠦ ᠣᠯᠠᠨ ᠯᠣᠣ ᠭᠡᠵᠦ ᠬᠠᠮᠢᠭ᠎ᠠ ᠠᠴᠠ ᠪᠠᠶᠢᠬᠤ ᠪᠣᠢ︖ᠡᠶᠢᠮᠦ ᠠᠴᠠ ᠯᠣᠣᠰ ᠭᠡᠳᠡᠭ | ᠪᠣᠯ ᠯᠣᠣ ᠶᠢᠨ ᠣᠯᠠᠨ ᠲᠤᠭ᠎ᠠ ᠶᠢ ᠵᠢᠭᠠᠵᠦ ᠪᠠᠶᠢᠭ᠎ᠠ ᠪᠢᠰᠢ᠂ ᠬᠠᠷᠢᠨ ᠣᠰᠣ ᠪᠠ ᠣᠰᠣᠨ ᠤ ᠠᠮᠢᠳᠠᠳ ᠢ | ᠰᠢᠳᠢᠴᠢᠯᠡᠨ ᠦᠵᠡᠵᠦ ᠬᠤᠷᠢᠶᠠᠩᠭᠤᠶᠢᠢᠯᠠᠨ ᠵᠢᠭᠠᠬᠰᠠᠨ ᠦᠭᠡ ᠪᠠᠶᠢᠵᠦ ᠲᠠᠭᠠᠷᠠᠨ᠎ᠠ︾ ᠭᠡᠵᠡᠢ᠃ | ᠠᠷᠠᠳ ᠤᠨ ᠲᠣᠮᠳᠠ ᠣᠯᠠᠮᠵᠢᠯᠠᠬᠳᠠᠬᠰᠠᠨ ᠰᠢᠳᠢᠳᠦ ᠦᠯᠢᠭᠡᠷ ᠵᠢᠴᠢ ᠲᠣᠮᠤᠬ ᠶᠠᠷᠢᠶ᠎ᠠ ᠵᠡᠷᠭᠡ ᠶᠢ | ᠦᠨᠳᠦᠰᠦᠯᠡᠪᠡᠯ᠂ ᠬᠦᠮᠦᠨ ᠲᠦᠷᠦᠯᠬᠢᠳᠡᠨ ᠤ ᠣᠢ ᠣᠬᠠᠭᠠᠨ ᠨᠢ ᠬᠦᠭᠵᠢᠯᠳᠡ ᠪᠠᠨ ᠣᠯᠬᠤ ᠶᠢ ᠲᠠᠭᠠᠯᠳᠣᠨ | ᠮᠣᠩᠭᠤᠯᠴᠣᠳ ᠤᠨ ᠭᠤᠣᠯ ᠮᠦᠷᠡᠨ᠂ ᠨᠠᠭᠤᠷ ᠪᠣᠯᠠᠬ ᠤᠨ ᠰᠢᠳᠦᠯᠭᠡ ᠨᠢ ᠰᠢᠳᠦᠭᠳᠡᠵᠦ ᠪᠠᠶᠢᠭ᠎ᠠ ᠪᠣᠳᠠᠰ ᠤᠨ ᠠᠳᠠᠯᠢ | ᠪᠣᠰᠣ ᠪᠠᠷ ᠢᠶᠠᠨ ᠬᠤᠶᠠᠷ ᠵᠦᠢᠯ ᠳᠤ ᠬᠤᠪᠢᠶᠠᠬᠳᠠᠪᠠ᠃ | ᠨᠢᠭᠡ ᠲᠦᠷᠦᠯ ᠨᠢ᠂ ᠡᠷᠳᠡ ᠦᠶ᠎ᠡ ᠳᠤ ᠬᠦᠮᠦᠨ ᠲᠦᠷᠦᠯᠬᠢᠳᠡᠨ ᠠᠴᠠ ᠨᠠᠭᠤᠷ ᠪᠣᠯᠠᠬ ᠢ ᠠᠮᠢᠴᠢᠯᠠᠨ | ᠦᠵᠡᠵᠦ ᠬᠦᠮᠦᠨ ᠠᠮᠢᠳᠠᠨ ᠢ ᠦᠷᠡᠭᠳᠡᠬᠦᠯᠬᠦ ᠪᠣᠶᠣ ᠪᠣᠰᠣᠳ ᠪᠣᠳᠠᠰ ᠢᠶᠠᠷ ᠱᠠᠩ ᠪᠣᠯᠭᠠᠨ ᠣᠪᠣᠭ᠎ᠠ ᠪᠣᠰᠬᠠᠵᠦ | ᠨᠠᠭᠤᠷ ᠪᠣᠯᠠᠬ ᠢ ᠠᠮᠢᠯᠠᠨ ᠲᠠᠬᠢᠳᠠᠬ ᠪᠠᠶᠢᠬᠰᠠᠨ᠃ | ᠨᠦᠬᠦᠭᠡ ᠨᠢᠭᠡ ᠲᠦᠷᠦᠯ ᠨᠢ᠂ ᠦᠢᠯᠡᠳᠪᠦᠷᠢᠯᠡᠯ ᠤᠨ ᠬᠦᠴᠦᠨ ᠬᠦᠭᠵᠢᠯᠳᠡ ᠪᠠᠨ ᠣᠯᠤᠭ᠎ᠠ ᠦᠭᠡᠢ | ᠪᠠᠶᠢᠬᠰᠠᠨ ᠪᠠᠯᠠᠷ ᠡᠷᠳᠡᠨ ᠤ ᠦᠶ᠎ᠡ ᠶᠢᠨ ᠬᠦᠮᠦᠰ ᠣᠰᠣᠨ ᠳᠤ ᠠᠮᠢᠳᠣᠷᠠᠵᠦ ᠪᠠᠶᠢᠭ᠎ᠠ ᠣᠰᠣᠨ ᠤ ᠠᠮᠢᠳᠠᠨ ᠢ | ᠬᠦᠮᠦᠨ ᠠᠴᠠ ᠲᠠᠪᠠᠭᠰᠠᠨ ᠬᠤᠪᠢᠯᠭᠠᠨ ᠬᠦᠴᠦᠨ ᠲᠠᠢ ᠭᠡᠵᠦ ᠰᠢᠳᠢᠴᠢᠯᠡᠨ ᠦᠵᠡᠵᠦ ᠲᠠᠬᠢᠵᠦ ᠰᠢᠳᠦᠳᠡᠭ ᠪᠣᠯᠣᠬᠰᠠᠨ | ᠵᠡᠷᠭᠡ ᠪᠣᠯᠣᠨ᠎ᠠ᠃ ᠡᠶᠢᠮᠦᠷᠬᠦᠦ ᠬᠤᠶᠠᠷ ᠲᠦᠷᠦᠯ ᠤᠨ ᠰᠢᠳᠦᠯᠭᠡ ᠶᠢᠨ ᠬᠡᠯᠪᠡᠷᠢ ᠨᠢ ᠬᠦᠮᠦᠨ ᠤ ᠣᠢ ᠣᠬᠠᠭᠠᠨ ᠤ | ᠬᠦᠭᠵᠢᠯᠳᠡ ᠶᠢ ᠲᠠᠭᠠᠯᠳᠣᠨ ᠣᠰᠣ ᠪᠠ ᠣᠰᠣᠨ ᠤ ᠠᠮᠢᠳᠠᠨ ᠵᠡᠷᠭᠡ ᠶᠢ ᠬᠠᠮᠣᠷᠤᠨ ᠰᠢᠳᠦᠭᠰᠡᠨ ︽ᠯᠣᠣᠰ ᠤᠨ | ᠰᠢᠳᠦᠯᠭᠡ︾ ᠪᠣᠯᠵᠠᠢ᠃ ᠯᠣᠣᠰ ᠤᠨ ᠰᠢᠳᠦᠯᠭᠡ ᠨᠢ ᠴᠣᠬᠤᠮ ᠬᠡᠵᠢᠶ᠎ᠡ ᠠᠴᠠ ᠪᠣᠢ ᠪᠣᠯᠣᠬᠰᠠᠨ ᠲᠣᠬᠠᠢ ᠪᠢᠳᠡ | ᠮᠣᠩᠭᠤᠯᠴᠣᠳ ᠤᠨ ᠲᠣᠮᠳᠠ ᠣᠳᠣ ᠳᠤ ᠲᠣᠯᠳᠠᠯ᠎ᠠ ᠣᠯᠠᠮᠵᠢᠯᠠᠬᠳᠠᠬᠰᠠᠨ ︽ᠲᠣᠬᠰᠢᠨ ᠬᠠᠷ᠎ᠠ ᠯᠣᠣᠰ ᠤᠨ ᠬᠠᠭᠠᠨ ᠢ | ᠲᠠᠷᠣᠬᠰᠠᠨ︾ ᠭᠡᠳᠡᠭ ᠰᠢᠳᠢᠳᠦ ᠦᠯᠢᠭᠡᠷ ᠠᠴᠠ ᠰᠢᠨᠵᠢᠨ ᠮᠡᠳᠡᠵᠦ ᠪᠣᠯᠣᠨ᠎ᠠ᠃ ᠲᠣᠰ ᠦᠯᠢᠭᠡᠷ ᠲᠤ᠄ ︽ᠡᠷᠳᠡ | ᠣᠷᠢᠳᠦ ᠴᠠᠬ ᠲᠤ ᠲᠣᠬᠰᠢᠨ ᠬᠠᠷ᠎ᠠ ᠯᠣᠣᠰ ᠤᠨ ᠬᠠᠭᠠᠨ ᠣᠰᠣᠨ ᠳᠤ ᠪᠢᠰᠢ ᠠᠭᠤᠳᠠᠮ ᠬᠠᠭᠤᠷᠠᠢ ᠳᠤ ᠠᠮᠢᠳᠣᠷᠠᠵᠦ | ᠪᠠᠶᠢᠬᠰᠠᠨ ᠪᠦᠭᠡᠳ ᠬᠦᠮᠦᠨ ᠠᠮᠢᠳᠠᠨ ᠳᠤ ᠲᠣᠩ ᠶᠡᠭᠡ ᠬᠤᠣᠷ ᠬᠦᠨᠦᠭᠡᠯ ᠪᠣᠯᠵᠦ ᠪᠠᠶᠢᠵᠠᠢ︾ ᠭᠡᠵᠦ ᠶᠠᠷᠢᠬᠰᠠᠨ | ᠮᠦᠷᠳᠡᠭᠡᠨ ᠦᠯᠢᠭᠡᠷ ᠤᠨ ᠰᠡᠭᠦᠯ ᠳᠤ᠄ ︽ᠲᠡᠭᠦᠨ ᠠᠴᠠ ᠬᠤᠶᠢᠰᠢ ᠲᠣᠬᠰᠢᠨ ᠬᠠᠷ᠎ᠠ ᠯᠣᠣᠰ ᠤᠨ ᠬᠠᠭᠠᠨ ᠡᠬᠡ | ᠬᠠᠭᠤᠷᠠᠢ ᠳᠤ ᠡᠷᠬᠡ ᠲᠣᠷ᠎ᠠ ᠪᠠᠷ ᠢᠶᠠᠨ ᠠᠭᠠᠰᠢᠯᠠᠬᠤ ᠪᠠᠨ ᠪᠠᠶᠢᠵᠦ ᠣᠰᠣᠨ ᠳᠤ ᠠᠮᠢᠳᠣᠷᠠᠬᠤ ᠪᠣᠯᠣᠬᠰᠠᠨ ᠭᠡᠨ᠎ᠡ︾ | ᠭᠡᠵᠦ ᠲᠡᠭᠦᠰᠭᠡᠪᠡ᠃ ᠡᠷᠳᠡᠮᠳᠡᠨ ᠠᠴᠠ᠄ ︽ᠶᠠᠮᠠᠷᠪᠠ ᠦᠯᠢᠭᠡᠷ᠂ ᠲᠣᠮᠤᠬ᠂ ᠰᠢᠳᠢᠳᠦ ᠦᠯᠢᠭᠡᠷ ᠣᠷᠠᠨ ᠵᠣᠬᠢᠶᠠᠯ ᠨᠢ | ᠨᠡᠶᠢᠭᠡᠮ ᠤᠨ ᠪᠣᠳᠠᠳᠦ ᠠᠬᠤᠢ ᠶᠢᠨ ᠲᠣᠰᠬᠠᠯ ᠪᠠᠶᠢᠵᠦ ᠲᠠᠭᠠᠷᠠᠨ᠎ᠡ︾ ᠭᠡᠵᠦ ᠶᠠᠷᠢᠵᠦ ᠦᠡᠭᠭᠡᠷᠡᠵᠡᠢ᠃ ᠡᠶᠢᠮᠦ ᠠᠴᠠ | ᠪᠢᠳᠡ ᠲᠣᠰ ᠦᠯᠢᠭᠡᠷ ᠢ ᠨᠠᠷᠢᠨ ᠰᠢᠨᠵᠢᠪᠡᠯ ᠯᠣᠣᠰ ᠤᠨ ᠬᠠᠭᠠᠨ ᠭᠡᠳᠡᠭ ᠪᠣᠯ ᠬᠡᠷᠴᠡᠭᠡᠢ ᠲᠣᠬᠰᠢᠨ ᠠᠮᠢᠳᠠᠨ᠂ | ᠣᠣᠯ ᠨᠢ ᠬᠠᠭᠤᠷᠠᠢ ᠳᠤ ᠠᠮᠢᠳᠣᠷᠠᠵᠦ ᠪᠠᠶᠢᠬᠰᠠᠨ ᠠᠴᠠ ᠪᠠᠨ ᠬᠤᠵᠢᠮ ᠨᠢ ᠣᠰᠣᠨ ᠳᠤ ᠠᠮᠢᠳᠣᠷᠠᠬᠤ ᠪᠣᠯᠣᠭᠠᠳ | ᠯᠣᠣᠰ ᠤᠨ ᠬᠠᠭᠠᠨ ᠪᠣᠯᠣᠬᠰᠠᠨ ᠭᠡᠵᠦ ᠰᠢᠭᠤᠳ ᠲᠣᠰᠬᠠᠬᠳᠠᠵᠦ ᠪᠠᠶᠢᠭ᠎ᠠ ᠵᠦᠢᠯ ᠢ ᠣᠶᠢᠯᠠᠭᠠᠬᠤ ᠠᠴᠠ ᠭᠠᠳᠠᠨ᠎ᠠ | ᠲᠣᠰ ᠦᠯᠢᠭᠡᠷ ᠵᠣᠬᠢᠶᠠᠬᠳᠠᠬᠤ ᠠᠴᠠ ᠡᠮᠦᠨ᠎ᠡ ᠬᠦᠮᠦᠨ ᠲᠦᠷᠦᠯᠬᠢᠳᠡᠨ ᠤ ᠣᠢ ᠲᠠᠷᠢᠬᠢᠨ ᠳᠤ ᠨᠢᠭᠡᠨᠳᠡ ᠣᠰᠣ ᠪᠠ | ᠣᠰᠣᠨ ᠤ ᠠᠮᠢᠳᠠᠨ ᠢ ᠬᠠᠮᠣᠷᠤᠬᠰᠠᠨ ︽ᠯᠣᠣᠰ︾ ᠭᠡᠳᠡᠭ ᠬᠦᠴᠦᠷᠬᠡᠭ ᠶᠡᠭᠡ ᠰᠢᠳᠢᠳᠡᠨ ᠠᠮᠢᠯᠠᠨ ᠪᠣᠰᠣᠭᠠᠳ ︽ | ᠯᠣᠣᠰ ᠤᠨ ᠰᠢᠳᠦᠯᠭᠡ︾ ᠨᠢᠭᠡᠨᠳᠡ ᠪᠣᠢ ᠪᠤᠯᠵᠠᠢ ᠭᠡᠳᠡᠭ ᠢ ᠣᠶᠢᠯᠠᠭᠠᠵᠤ ᠪᠤᠯᠤᠨ᠎ᠠ᠃ | ᠮᠣᠷᠭᠠᠨ᠂ ᠮᠠᠷᠺᠰ᠂ ᠡᠩᠭᠧᠯᠰ ᠨᠠᠷ ᠠᠴᠠ ︽ᠰᠢᠳᠢᠳᠦ ᠦᠯᠢᠭᠡᠷ ᠢ ᠪᠠᠯᠠᠷ ᠡᠷᠳᠡᠨ ᠤ ᠵᠡᠷᠯᠢᠭ ᠦᠶ᠎ᠡ ᠶᠢᠨ | ᠲᠣᠣᠷᠠᠳᠦ ᠱᠠᠳᠣᠨ ᠳᠤ ᠡᠭᠦᠰᠦᠨ ᠪᠣᠢ ᠪᠣᠯᠵᠠᠢ︾ ᠭᠡᠵᠦ ᠲᠣᠷᠠᠳᠴᠦ ᠦᠡᠭᠭᠡᠷᠡᠪᠡ᠃ ᠡᠨᠡ ᠬᠦ ᠦᠵᠡᠯᠳᠡ ᠶᠢ | ᠵᠦᠪᠰᠢᠶᠡᠷᠡᠬᠦ ᠳᠤ ᠬᠦᠷᠪᠡᠯ ᠯᠣᠣᠰ ᠤᠨ ᠰᠢᠳᠦᠯᠭᠡ ᠨᠢ ᠪᠠᠯᠠᠷ ᠡᠷᠳᠡᠨ ᠤ ᠦᠶ᠎ᠡ ᠳᠤ ᠬᠦᠮᠦᠨ ᠲᠦᠷᠦᠯᠬᠢᠳᠡᠨ ᠠᠴᠠ | ᠪᠠᠶᠢᠭᠠᠯᠢ ᠶᠢᠨ ᠪᠣᠳᠠᠰ ᠢ ᠰᠢᠳᠦᠵᠦ ᠪᠠᠶᠢᠬᠰᠠᠨ ᠠᠴᠠ ᠪᠠᠨ ᠠᠮᠢᠳᠠᠨ ᠢ ᠰᠢᠳᠦᠬᠦ ᠪᠣᠯᠵᠦ᠂ ᠪᠣᠳᠠᠰ ᠪᠠ ᠠᠮᠢᠳᠠᠨ ᠤ | ᠰᠢᠳᠦᠯᠭᠡ ᠶᠢᠨ ᠰᠠᠭᠤᠷᠢᠨ ᠲᠡᠭᠡᠷ᠎ᠡ ᠪᠣᠢ ᠪᠣᠯᠵᠦ ᠬᠦᠭᠵᠢᠭᠰᠡᠨ ᠰᠢᠳᠦᠯᠭᠡ ᠮᠦᠨ᠃ ᠲᠠᠷᠣᠢ ᠣᠰᠣ ᠶᠢ ᠰᠢᠳᠦᠵᠦ | ᠪᠠᠶᠢᠬᠰᠠᠨ ᠠᠴᠠ ᠪᠠᠨ ᠣᠰᠣᠨ ᠤ ᠠᠮᠢᠳᠠᠨ ᠢ ᠴᠦ ᠰᠢᠳᠦᠵᠦ᠂ ᠲᠠᠷᠠᠭ᠎ᠠ ᠨᠢ ᠣᠰᠣ ᠪᠠ ᠣᠰᠣᠨ ᠤ ᠠᠮᠢᠳᠠᠨ ᠢ | ᠬᠠᠮᠣᠷᠤᠬᠰᠠᠨ ᠯᠣᠣᠰ ᠤᠨ ᠰᠢᠳᠦᠯᠭᠡ ᠪᠣᠢ ᠪᠣᠯᠵᠠᠢ᠃ | ᠯᠣᠣᠰ ᠪᠠ ᠣᠰᠣᠨ ᠤ ᠠᠮᠢᠳᠠᠨ ᠤ ᠰᠢᠳᠦᠯᠭᠡ | ᠬᠤᠷᠴᠢᠨᠴᠣᠳ ᠠᠴᠠ ᠯᠣᠣᠰ ᠢ ᠣᠰᠣᠨ ᠤ ᠠᠮᠢᠳᠠᠨ ᠭᠡᠵᠦ ᠣᠶᠢᠯᠠᠭᠠᠬᠤ ᠪᠣᠯᠪᠠᠴᠦ ᠲᠡᠭᠦᠨ ᠢ | ᠰᠢᠳᠢᠴᠢᠯᠡᠭᠰᠡᠨ ᠣᠴᠢᠷ ᠠᠴᠠ ᠲᠡᠭᠷᠢ ᠶᠢᠨ ᠠᠮᠢᠳᠠᠨ ᠭᠡᠵᠦ ᠴᠦ ᠬᠡᠯᠡᠳᠡᠭ ᠪᠠᠶᠢᠬᠰᠠᠨ᠃ ᠡᠨᠡ ᠨᠢ ᠪᠠᠯᠠᠷ ᠡᠷᠳᠡᠨ ᠤ | ᠦᠶ᠎ᠡ ᠠᠴᠠ ᠡᠬᠢᠯᠡᠨ ᠬᠦᠮᠦᠰ ᠵᠠᠷᠢᠮ ᠠᠮᠢᠳᠠᠨ ᠢ ᠰᠢᠳᠢᠴᠢᠯᠡᠨ ᠰᠢᠳᠦᠭᠰᠡᠨ ᠯᠤᠭ᠎ᠠ ᠬᠤᠯᠪᠣᠭ᠎ᠠ ᠲᠠᠢ ᠶᠣᠮ᠃ | ᠵᠢᠱᠢᠶᠡᠯᠡᠪᠡᠯ ᠮᠣᠭᠠᠢ ᠣᠰᠣᠨ ᠤ ᠠᠮᠢᠳᠠᠨ ᠪᠢᠰᠢ ᠪᠣᠯᠪᠠᠴᠦ ᠲᠡᠭᠦᠨ ᠢ ᠡᠷᠳᠡ ᠲᠡᠭᠡᠷ᠎ᠡ ᠦᠶ᠎ᠡ ᠠᠴᠠ ᠣᠰᠣᠨ ᠤ | ᠠᠮᠢᠳᠠᠨ ᠭᠡᠵᠦ ᠦᠵᠡᠭᠰᠡᠭᠡᠷ ᠵᠠᠩᠰᠢᠵᠠᠢ᠃ | ᠦᠯᠢᠭᠡᠷ ᠲᠣᠮᠤᠬ ᠲᠤ ᠯᠣᠣᠰ ᠤᠨ ᠰᠢᠳᠦᠯᠭᠡ ᠨᠢ ᠮᠣᠭᠠᠢ ᠲᠠᠢ ᠬᠠᠮᠤᠬ ᠠᠴᠠ ᠢᠯᠡᠭᠦᠦ ᠬᠤᠯᠪᠣᠬᠳᠠᠨᠠ᠃ | ᠵᠢᠱᠢᠶᠡᠯᠡᠪᠡᠯ᠄ ᠨᠠᠢᠮᠠᠨ ᠬᠤᠰᠢᠭᠤᠨ ᠤ ᠲᠠᠷᠭᠤᠨ ᠨᠠᠭᠤᠷ ᠤᠨ ᠨᠠᠪᠳᠠᠬ ᠰᠠᠪᠳᠠᠬ ᠨᠢ ᠴᠠᠭᠠᠨ ᠨᠣᠭᠤᠭ᠎ᠠ ᠶᠢ | ᠣᠷᠢᠶᠠᠬᠰᠠᠨ ᠴᠠᠭᠠᠨ ᠡᠷᠢᠶᠡᠨ ᠮᠣᠭᠠᠢ ᠭᠡᠬᠦ᠂ ᠬᠦᠷᠢᠶ᠎ᠠ ᠬᠤᠰᠢᠭᠤᠨ ᠤ ᠨᠠᠷᠢᠳ ᠤᠨ ᠭᠤᠣᠯ ᠤᠨ ᠯᠣᠣᠰ ᠨᠢ ᠬᠠᠷ᠎ᠠ | ᠮᠣᠭᠠᠢ ᠭᠡᠬᠦ᠂ ᠬᠤᠳᠳᠤᠬ ᠤᠨ ᠣᠰᠣ ᠨᠢ ᠰᠣᠬᠤᠷ ᠬᠠᠷ᠎ᠠ ᠯᠣᠣᠰ ᠭᠡᠬᠦ᠂ ᠬᠡᠦᠬᠡᠨ ᠭᠤᠣᠯ ᠤᠨ ᠨᠠᠪᠳᠠᠬ ᠨᠢ | ᠣᠯᠠᠭᠠᠨ ᠡᠷᠢᠶᠡᠨ ᠮᠣᠭᠠᠢ ᠁ ᠭᠡᠬᠦ ᠮᠡᠳᠦ ᠶᠢᠨ ᠮᠣᠭᠠᠢ ᠲᠠᠢ ᠬᠤᠯᠪᠣᠬᠳᠠᠬᠰᠠᠨ ᠣᠯᠠᠨ ᠯᠣᠣᠰ ᠤᠳ | ᠪᠠᠶᠢᠬᠤ ᠠᠴᠠ ᠭᠠᠳᠠᠨ᠎ᠠ ᠮᠣᠭᠠᠢ ᠶᠢ ᠠᠪᠣᠷᠠᠭᠠᠳ ᠯᠣᠣᠰ ᠤᠨ ᠬᠡᠤᠬᠡᠨ ᠲᠠᠢ ᠭᠡᠷᠯᠡᠭᠰᠡᠨ ᠦᠯᠢᠭᠡᠷ ᠮᠣᠩᠭᠤᠯᠴᠣᠳ ᠤᠨ | ᠲᠣᠮᠳᠠ ᠲᠦᠭᠡᠮᠡᠯ ᠪᠠᠶᠢᠳᠠᠬ᠃ ᠡᠭᠦᠨ ᠠᠴᠠ ᠭᠠᠳᠠᠨ᠎ᠠ ᠪᠠᠰᠠ ︽ᠮᠣᠭᠠᠢ ᠮᠡᠯᠡᠬᠡᠢ ᠮᠠᠭᠤ ᠪᠣᠯᠪᠠᠴᠦ ᠯᠣᠣᠰ ᠤᠨ | ᠲᠦᠷᠦᠯ︾ ᠭᠡᠵᠦ ᠬᠤᠷᠴᠢᠨ ᠤ ᠠᠷᠠᠳ ᠤᠨ ᠦᠭᠡᠨ ᠳᠤ ᠪᠠᠶᠢᠳᠠᠬ᠃ ᠪᠠᠰᠠ ᠮᠣᠭᠠᠢ ᠶᠢᠨ ᠬᠦᠯ ᠢ ᠬᠠᠷᠠᠪᠠᠯ | ᠦᠬᠦᠨ᠎ᠡ᠂ ᠮᠣᠭᠠᠢ ᠠᠴᠠ ᠡᠪᠡᠷ ᠭᠤᠶᠣᠵᠦ ᠣᠯᠪᠠᠯ ᠪᠠᠶᠠᠵᠢᠨ᠎ᠠ ᠭᠡᠬᠦ ᠮᠡᠳᠦ ᠶᠢᠨ ᠢᠳᠡᠭᠡᠯ ᠡᠯ᠎ᠡ ᠨᠣᠳᠤᠬ ᠲᠤ | ᠲᠦᠭᠡᠮᠡᠯ ᠪᠣᠢ᠃ ᠣᠷᠳᠣᠰ ᠤᠨ ︽ᠲᠣᠰᠠ ᠬᠦᠷᠭᠡᠭᠴᠢ︾ ᠭᠡᠬᠦ ᠨᠣᠮ ᠳᠤ ︽ᠮᠣᠭᠠᠢ ᠮᠢᠩᠭᠠᠨ ᠵᠢᠯ ᠪᠣᠯᠪᠠᠯ ᠮᠠᠩ | ᠪᠣᠯᠳᠠᠬ᠂ ᠮᠠᠩ ᠮᠢᠩᠭᠠᠨ ᠵᠢᠯ ᠪᠣᠯᠪᠠᠯ ᠯᠣᠣ ᠪᠣᠯᠳᠠᠬ︾ ᠭᠡᠵᠦ ᠦᠭᠦᠯᠡᠵᠡᠢ᠃ ᠬᠤᠷᠴᠢᠨ ᠳᠤ ᠪᠠᠰᠠ ᠯᠣᠣᠰ ᠢ | ᠮᠣᠭᠠᠢ ᠲᠠᠢ ᠬᠤᠯᠪᠣᠬᠳᠠᠭᠤᠯᠵᠦ ᠶᠠᠷᠢᠬᠰᠠᠨ ᠦᠯᠢᠭᠡᠷ ᠣᠳᠣᠬᠠᠨ ᠪᠣᠯᠳᠠᠯ᠎ᠠ ᠦᠷᠭᠦᠯᠵᠢᠯᠡᠭᠰᠡᠭᠡᠷ ᠪᠠᠶᠢᠨ᠎ᠠ᠃ ᠡᠭᠦᠨ ᠤ | ᠲᠣᠬᠠᠢ ᠭᠠᠳᠠᠰᠣ ᠠᠴᠠ᠄ ︽ᠬᠦᠷᠢᠶ᠎ᠡ ᠬᠤᠰᠢᠭᠤᠨ ᠤ ᠮᠠᠩᠬᠠᠨ ᠰᠣᠮᠣᠨ ᠤ ᠴᠣᠬᠴᠢᠭᠦᠦ ᠠᠶᠢᠯ ᠤᠨ ᠣᠣᠯ ᠨᠡᠷ᠎ᠡ ᠨᠢ | ︿ᠮᠡᠶᠢᠷᠡᠨ ᠲᠦᠡᠭ﹀ ᠭᠡᠳᠡᠭ ᠨᠡᠷ᠎ᠡ ᠲᠠᠢ ᠪᠠᠶᠢᠬᠰᠠᠨ ᠶᠣᠮ᠃ ᠡᠨᠡ ᠨᠣᠳᠤᠬ ᠲᠤ ᠣᠣᠯ ᠨᠢ ᠵᠡᠭᠦᠨ ᠲᠦᠡᠭ᠂ | ᠪᠠᠷᠠᠭᠤᠨ ᠲᠦᠡᠭ ᠭᠡᠳᠡᠭ ᠬᠤᠶᠠᠷ ᠲᠦᠡᠭ ᠪᠠᠶᠢᠬᠰᠠᠨ ᠶᠣᠮ᠃ ᠡᠨᠡ ᠠᠶᠢᠯ ᠨᠢ ᠶᠠᠭᠠᠬᠢᠭᠠᠳ ︿ᠮᠡᠶᠢᠷᠡᠨ ᠲᠦᠡᠭ﹀ | ᠭᠡᠳᠡᠭ ᠨᠡᠷ᠎ᠡ ᠲᠠᠢ ᠪᠠᠶᠢᠬᠰᠠᠨ ᠲᠣᠬᠠᠢ ᠠᠷᠠᠳ ᠤᠨ ᠲᠣᠮᠳᠠ ᠡᠶᠢᠮᠦ ᠨᠢᠭᠡ ᠰᠣᠨᠢᠷᠬᠠᠯᠳᠠᠢ ᠦᠯᠢᠭᠡᠷ | ᠣᠯᠠᠮᠵᠢᠯᠠᠬᠳᠠᠬᠰᠠᠭᠠᠷ ᠪᠠᠶᠢᠨ᠎ᠠ᠃ ᠵᠡᠭᠦᠨ ᠲᠦᠡᠭ ᠳᠤ ᠣᠣᠯ ᠨᠢ ᠲᠣᠯᠢ ᠰᠢᠬ ᠲᠣᠩᠭᠠᠯᠠᠬ ᠨᠠᠭᠤᠷ ᠲᠠᠢ ᠪᠠᠶᠢᠬᠰᠠᠨ | ᠪᠦᠭᠡᠳ ᠨᠠᠭᠤᠷ ᠤᠨ ᠪᠠᠷᠠᠭᠤᠨ ᠬᠤᠶᠢᠳᠦ ᠬᠦᠪᠡᠭᠡ ᠶᠢᠨ ᠲᠣᠪᠣᠷᠬᠠᠬ ᠤᠨ ᠡᠩᠭᠡᠷ ᠠᠴᠠ ᠠᠮᠢᠳᠦ ᠪᠣᠯᠠᠬ ᠪᠣᠷᠭᠢᠯᠵᠦ | ᠡᠨᠡ ᠨᠠᠭᠤᠷ ᠲᠤ ᠣᠷᠣᠰᠣᠨ ᠣᠷᠣᠳᠠᠬ ᠪᠠᠶᠢᠬᠰᠠᠨ ᠭᠡᠨ᠎ᠡ᠃ ᠨᠠᠭᠤᠷ ᠤᠨ ᠣᠰᠣ ᠲᠠᠬᠢᠨ ᠵᠡᠭᠦᠨ ᠲᠠᠯ᠎ᠠ ᠶᠢᠨ | ᠲᠣᠪᠣᠷᠬᠠᠬ ᠤᠨ ᠬᠠᠵᠠᠭᠤ ᠪᠠᠷ ᠭᠤᠷᠤᠬ᠎ᠠ ᠪᠣᠯᠣᠨ ᠣᠷᠣᠰᠣᠭᠠᠳ ᠪᠦᠭᠡ ᠶᠢᠨ ᠵᠢᠯᠠᠭ᠎ᠠ ᠶᠢᠨ ᠡᠩᠭᠡᠷ ᠲᠠᠬᠢ ᠪᠦᠬᠡ ᠶᠢᠨ | ᠨᠠᠭᠤᠷ ᠲᠤ ᠴᠢᠳᠬᠤᠳᠠᠬ ᠪᠠᠶᠢᠵᠠᠢ᠃ ᠨᠢᠭᠡᠨ ᠣᠳᠠᠭ᠎ᠠ ᠴᠣᠬᠤᠷ ᠬᠠᠯᠬ᠎ᠠ ᠶᠢᠨ ᠬᠤᠰᠢᠭᠤᠨ ᠤ ᠰᠧᠵᠡᠪ ᠭᠡᠳᠡᠭ | ᠲᠠᠶᠢᠵᠢ ᠨᠢ ᠭᠠᠳᠠᠬᠰᠢ ᠭᠠᠷᠣᠭᠠᠳ ᠪᠣᠴᠠᠬᠤ ᠳᠠᠭᠠᠨ ᠵᠡᠭᠦᠨ ᠲᠦᠡᠭ ᠢ ᠲᠠᠭᠠᠷᠢᠨ ᠦᠡᠭᠭᠡᠷᠡᠬᠦ ᠪᠣᠯᠵᠠᠢ᠃ | ᠲᠠᠶᠢᠵᠢ ᠠᠴᠠ ᠲᠣᠯᠢ ᠨᠠᠭᠤᠷ ᠪᠠ ᠠᠮᠢᠳᠦ ᠪᠣᠯᠠᠬ ᠤᠨ ᠬᠦᠪᠡᠭᠡ ᠲᠠᠭᠠᠦ ᠶᠢᠨ ᠦᠵᠡᠮᠵᠢᠳᠦ ᠰᠠᠶᠢᠬᠠᠨ ᠪᠠᠶᠢᠭᠠᠯᠢ ᠶᠢᠨ | ᠦᠵᠡᠮᠵᠢ ᠳᠤ ᠰᠣᠬᠳᠣᠭᠤᠷᠠᠨ ᠮᠣᠷᠢ ᠪᠠᠨ ᠠᠯᠭᠤᠷ ᠠᠯᠬᠤᠭᠤᠯᠣᠬᠰᠠᠭᠠᠷ ᠲᠣᠯᠢ ᠨᠠᠭᠤᠷ ᠤᠨ ᠵᠡᠭᠦᠨ ᠲᠣᠪᠣᠷᠬᠠᠬ ᠤᠨ | ᠲᠣᠮᠳᠠ ᠬᠦᠷᠬᠦ ᠦᠶᠡᠰ ᠡᠪᠡᠰᠦᠨ ᠲᠣᠮᠳᠠ ᠠᠴᠠ ᠨᠢᠭᠡᠨ ᠣᠯᠠᠭᠠᠨ ᠡᠷᠢᠶᠡᠨ ᠮᠣᠭᠠᠢ ᠭᠤᠯᠪᠠᠯᠵᠠᠨ ᠭᠠᠷᠴᠦ ᠢᠷᠡᠭᠡᠳ | ᠲᠠᠶᠢᠵᠢ ᠶᠢᠨ ᠣᠨᠣᠵᠦ ᠪᠠᠶᠢᠬᠰᠠᠨ ᠮᠣᠷᠢᠨ ᠤ ᠬᠢᠨᠢ ᠵᠡᠭᠦᠨ ᠲᠦᠷᠦᠭᠡ ᠦᠭᠡᠳᠡ ᠨᠢ ᠭᠤᠷᠣᠯᠵᠠᠨ ᠪᠣᠰᠣᠬᠰᠠᠨ ᠭᠡᠨ᠎ᠡ᠃ | ᠡᠭᠦᠨ ᠢ ᠬᠠᠷᠠᠬᠰᠠᠨ ᠲᠠᠶᠢᠵᠢ ᠠᠴᠠ ᠶᠡᠬᠡᠳᠡ ᠰᠡᠵᠢᠭ ᠲᠦᠷᠦᠪᠡ᠃ ᠣᠴᠢᠷ ᠨᠢ ᠡᠷᠳᠡ ᠦᠶ᠎ᠡ ᠠᠴᠠ ᠠᠪᠣᠭᠠᠳ | ᠮᠣᠩᠭᠤᠯᠴᠣᠳ ︿ᠮᠣᠭᠠᠢ ᠶᠢ ᠯᠣᠣᠰ ᠤᠨ ᠲᠦᠷᠦᠯ ᠣᠬᠰᠠᠭ᠎ᠠ﹀ ᠭᠡᠵᠦ ᠦᠵᠡᠳᠡᠭ ᠪᠣᠯᠬᠤᠷ ᠵᠡᠭᠦᠨ ᠲᠦᠷᠦᠭᠡ | ᠵᠦᠭ ᠨᠢ ᠮᠣᠭᠠᠢ ᠪᠣᠰᠣᠬᠰᠠᠨ ᠣᠴᠢᠷ ᠢ ᠶᠠᠮᠠᠷ ᠨᠢᠭᠡᠨ ᠪᠡᠯᠭᠡ ᠰᠢᠨᠵᠢ ᠭᠡᠵᠦ ᠦᠵᠡᠭᠡᠳ ᠲᠠᠶᠢᠵᠢ ᠨᠣᠶᠠᠨ ᠠᠴᠠ | ᠨᠣᠳᠤᠬ ᠲᠠᠭᠠᠨ ᠪᠣᠴᠠᠬᠰᠠᠨ ᠤ ᠪᠠᠨ ᠲᠠᠷᠠᠭ᠎ᠠ ᠨᠡᠷᠡᠳᠦ ᠯᠠᠮᠠ ᠶᠢ ᠵᠠᠯᠠᠵᠦ ᠡᠨᠡ ᠬᠦ ᠣᠴᠢᠷ ᠢᠶᠠᠨ ᠠᠶᠢᠯᠠᠳᠣᠭᠤᠯᠪᠠ᠃ | ᠮᠡᠷᠭᠡᠨ ᠯᠠᠮᠠ ᠠᠴᠠ ᠡᠷᠢᠬᠡ ᠪᠠᠨ ᠰᠢᠪᠳᠣᠷᠠᠬᠰᠠᠨ ᠢᠶᠠᠨ᠄ ︿ᠲᠣᠯᠢ ᠨᠠᠭᠤᠷ ᠪᠠ ᠠᠮᠢᠳᠦ ᠪᠣᠯᠠᠬ ᠤᠨ ᠨᠠᠪᠳᠠᠬ | ᠰᠠᠪᠳᠠᠬ ᠨᠢ ᠣᠨ ᠵᠢᠯ ᠣᠳᠠᠬᠰᠠᠨ ᠣᠯᠠᠭᠠᠨ ᠯᠣᠣᠰ ᠪᠣᠯᠣᠨ᠎ᠠ᠃ ᠣᠯᠠᠭᠠᠨ ᠯᠣᠣᠰ ᠵᠡᠭᠦᠨ ᠲᠦᠷᠦᠭᠡ ᠣᠷᠣᠭᠤ | ᠴᠢᠨᠢ ᠪᠣᠰᠣᠬᠰᠠᠨ ᠢᠶᠠᠷ ᠦᠵᠡᠪᠡᠯ ᠲᠠᠶᠢᠵᠢ ᠨᠣᠶᠠᠨ ᠠᠴᠠ ᠲᠡᠷᠡ ᠲᠣᠪᠣᠷᠬᠠᠬ ᠲᠡᠭᠡᠷ᠎ᠡ ᠨᠣᠳᠣᠬᠯᠠᠪᠠᠯ ᠠᠳᠣᠭᠤ ᠮᠠᠯ | ᠴᠢᠨᠢ ᠦᠨᠢᠷ ᠦᠰᠴᠦ ᠡᠷᠬᠡ ᠵᠡᠷᠭᠡ ᠴᠢᠨᠢ ᠨᠡᠮᠡᠭᠳᠡᠨ᠎ᠡ᠃ ᠭᠡᠪᠡᠴᠦ ᠦᠨᠳᠦᠰᠦ ᠣᠬᠰᠠᠭ᠎ᠠ ᠪᠠᠨ ᠵᠠᠯᠭᠠᠬᠤ ᠬᠦᠦ ᠶᠢᠨ | ᠬᠡᠰᠢᠭ ᠬᠤᠮᠰᠠ ᠪᠣᠯᠣᠨ᠎ᠠ᠃ ᠣᠯᠠᠭᠠᠨ ᠯᠣᠣᠰ ᠬᠡᠷᠪᠡ ᠪᠠᠷᠠᠭᠤᠨ ᠲᠦᠷᠦᠭᠡ ᠣᠷᠣᠭᠤ ᠴᠢᠨᠢ ᠪᠣᠰᠣᠬᠰᠠᠨ ᠪᠣᠯ | ᠠᠳᠣᠭᠤ ᠮᠠᠯ ᠴᠢᠨᠢ ᠦᠨᠢᠷ ᠦᠰᠴᠦ ᠦᠷ᠎ᠡ ᠬᠡᠦᠬᠡᠳ ᠡᠯᠪᠡᠭ ᠪᠣᠯᠣᠨ᠎ᠠ᠃ ᠭᠡᠪᠡᠴᠦ ᠡᠷᠬᠡ ᠵᠡᠷᠭᠡ ᠬᠤᠮᠰᠠ ᠶᠣᠮ᠃ | ᠡᠶᠢᠮᠦ ᠠᠴᠠ ᠲᠠᠶᠢᠵᠢ ᠨᠣᠶᠠᠨ ᠦᠪᠡᠷᠳᠡᠭᠡᠨ ᠨᠠᠷᠢᠨ ᠪᠣᠳᠣᠵᠦ ᠦᠵᠡ﹀ ᠭᠡᠵᠡᠢ᠃ ᠲᠠᠶᠢᠵᠢ ᠨᠣᠶᠠᠨ ᠠᠴᠠ ᠯᠠᠮᠠ ᠶᠢᠨ | ᠠᠶᠢᠯᠠᠳᠣᠬᠰᠠᠨ ᠢ ᠨᠠᠷᠢᠨ ᠲᠣᠩᠭᠠᠬᠰᠠᠨ ᠢᠶᠠᠨ ᠡᠷᠬᠡ ᠵᠡᠷᠭᠡ᠂ ᠡᠳ᠋ ᠠᠰᠢᠬ ᠪᠠᠶᠢᠬᠤ ᠳᠤ ᠬᠦᠷᠪᠡᠯ ᠬᠦᠦ ᠦᠭᠡᠢ ᠠᠴᠠ | ᠶᠠᠭᠤᠨ ᠵᠣᠪᠠᠭ᠋ᠣ ᠪᠣᠢ ᠭᠡᠵᠦ ᠪᠣᠳᠣᠭᠠᠳ ᠲᠣᠯᠢ ᠨᠠᠭᠤᠷ ᠤᠨ ᠵᠡᠭᠦᠨ ᠲᠣᠪᠣᠷᠬᠠᠬ ᠲᠡᠭᠡᠷ᠎ᠡ ᠢᠷᠡᠵᠦ ᠨᠣᠳᠣᠬᠯᠠᠵᠦ᠂ | ᠠᠮᠢᠳᠦ ᠪᠣᠯᠠᠬ ᠪᠣᠯᠣᠨ ᠲᠣᠯᠢ ᠨᠠᠭᠤᠷ ᠢᠶᠠᠨ ᠵᠢᠯ ᠪᠦᠷᠢ ᠲᠠᠬᠢᠵᠦ ᠰᠢᠳᠦᠭᠡᠳ ᠣᠯᠠᠭᠠᠨ ᠯᠣᠣᠰ ᠢᠶᠠᠨ ᠪᠠᠶᠠᠰᠬᠠᠬᠤ | ᠪᠣᠯᠪᠠ᠃ ᠮᠡᠷᠭᠡᠨ ᠯᠠᠮᠠ ᠶᠢᠨ ᠠᠶᠢᠯᠠᠳᠣᠬᠰᠠᠨ ᠰᠢᠬ ᠢᠶᠠᠷ ᠡᠨᠡ ᠬᠦ ᠨᠣᠳᠤᠬ ᠲᠤ ᠰᠠᠭᠤᠷᠢᠰᠢᠬᠰᠠᠨ ᠠᠴᠠ ᠬᠤᠶᠢᠨ᠎ᠠ | ᠲᠠᠶᠢᠵᠢ ᠨᠣᠶᠠᠨ ᠤ ᠬᠡᠢ ᠮᠣᠷᠢ ᠨᠢ ᠮᠠᠨᠳᠣᠵᠦ᠂ ᠠᠳᠣᠭᠤ ᠮᠠᠯ ᠨᠢ ᠦᠨᠢᠷ ᠦᠰᠦᠭᠡᠳ ᠵᠡᠷᠭᠡ ᠲᠡᠰ ᠨᠢ ᠴᠦ | ᠨᠡᠮᠡᠭᠳᠡᠵᠦ ᠴᠣᠬᠤᠷ ᠬᠠᠯᠬ᠎ᠠ ᠶᠢᠨ ᠬᠤᠰᠢᠭᠤᠨ ᠤ ᠪᠠᠨ ᠮᠡᠶᠢᠷᠡᠨ ᠪᠣᠯᠣᠬᠰᠠᠨ ᠪᠣᠯᠪᠠᠴᠦ ᠬᠦᠦ ᠶᠢᠨ ᠵᠣᠯᠠᠢ ᠦᠨᠦᠷᠯᠡᠬᠦ | ᠵᠠᠶᠠᠭ᠎ᠠ ᠲᠣᠳᠠᠭᠤᠳᠠᠵᠦ ᠵᠢᠷᠭᠤᠭᠠᠨ ᠬᠡᠦᠬᠡᠨ ᠲᠠᠢ ᠪᠣᠯᠣᠬᠰᠠᠨ ᠶᠣᠮ ᠭᠡᠨ᠎ᠡ᠃ ᠮᠠᠶᠢᠷᠠᠨ ᠨᠣᠶᠠᠨ | ᠨᠣᠳᠣᠬᠯᠠᠬᠰᠠᠨ ᠠᠴᠠ ᠡᠨᠡ ᠨᠣᠳᠤᠬ ᠢ ᠴᠢᠯᠦᠭᠡᠯᠡᠭᠳᠡᠬᠦ ᠪᠣᠯᠳᠠᠯ᠎ᠠ ︿ᠮᠡᠶᠢᠷᠡᠨ ᠲᠦᠡᠭ﹀ ᠭᠡᠵᠦ ᠨᠡᠷᠡᠯᠡᠵᠦ ᠪᠠᠶᠢᠵᠠᠢ︾ | ᠭᠡᠪᠡ᠃ ᠡᠨᠡ ᠬᠦ ᠦᠯᠢᠭᠡᠷ ᠠᠴᠠ ᠪᠢᠳᠡ ᠬᠤᠷᠴᠢᠨᠴᠣᠳ ᠠᠴᠠ ᠮᠣᠭᠠᠢ ᠶᠢ ᠯᠣᠣᠰ ᠤᠨ ᠨᠢᠭᠡ ᠲᠦᠷᠦᠯ ᠪᠣᠯᠭᠠᠨ | ᠦᠵᠡᠵᠦ ᠪᠠᠶᠢᠬᠰᠠᠨ ᠭᠡᠳᠡᠭ ᠢ ᠮᠡᠳᠡᠵᠦ ᠪᠣᠯᠣᠨ᠎ᠠ᠃ ᠪᠠᠰᠠ ᠵᠣᠣ ᠣᠳᠠ ᠶᠢᠨ ᠬᠢᠨᠢ ᠭᠡᠷ ᠦᠭᠡᠳᠡ ᠨᠢ ᠮᠣᠭᠠᠢ | ᠶᠠᠪᠣᠵᠦ ᠪᠠᠶᠢᠭ᠎ᠠ ᠶᠢ ᠬᠠᠷᠠᠪᠠᠯ ︽ᠯᠣᠣᠰ ᠦᠵᠡᠭᠳᠡᠯ᠎ᠡ︾ ᠭᠡᠵᠦ ᠰᠦ ᠡᠷᠭᠦᠵᠦ᠂ ᠲᠣᠬᠳᠠᠮᠠᠯ ᠡᠳᠦᠷ ᠪᠣᠯᠬᠤ ᠪᠦᠷᠢ | ᠴᠠᠭᠠᠨ ᠪᠠᠯᠢᠩ ᠡᠷᠭᠦᠵᠦ ᠪᠠᠶᠢᠬᠰᠠᠨ ᠵᠡᠷᠭᠡ ᠶᠢᠨ ᠵᠠᠩᠰᠢᠯ ᠢᠶᠠᠷ ᠨᠢ ᠦᠵᠡᠪᠡᠯ ᠮᠣᠭᠠᠢ ᠶᠢ ᠨᠡᠶᠢᠳᠡ | ᠮᠣᠩᠭᠤᠯᠴᠣᠳ ᠢᠶᠠᠷ ᠢᠶᠠᠨ ᠯᠣᠣᠰ ᠤᠨ ᠲᠦᠷᠦᠯ ᠭᠡᠵᠦ ᠪᠡᠯᠭᠡᠰᠢᠶᠡᠵᠦ ᠪᠠᠶᠢᠬᠰᠠᠨ ᠨᠢ ᠦᠨᠡᠨᠳᠡᠢ᠃ | ᠡᠭᠦᠨ ᠠᠴᠠ ᠭᠠᠳᠠᠨ᠎ᠠ ᠣᠰᠣᠨ ᠤ ᠠᠮᠢᠳᠠᠨ ᠪᠣᠯᠬᠤ ᠵᠢᠭᠠᠰᠣ ᠨᠢ ᠦᠯᠢᠭᠡᠷ ᠲᠣᠮᠤᠬ ᠲᠠᠬᠢ ᠯᠣᠣᠰ ᠤᠨ ᠣᠯᠠᠨ | ᠲᠣᠬᠢᠶᠠᠯᠳᠣᠬᠤ ᠬᠡᠯᠪᠡᠷᠢ ᠪᠣᠯᠳᠠᠬ᠃ ᠦᠯᠢᠭᠡᠷ ᠲᠣᠮᠤᠬ ᠲᠤ ᠯᠣᠣᠰ ᠤᠨ ᠦᠬᠢᠨ ᠨᠢ ᠴᠠᠭᠠᠨ ᠡᠷᠢᠶᠡᠨ ᠮᠣᠭᠠᠢ ᠪᠣᠶᠣ | ᠠᠯᠳᠠᠨ ᠵᠢᠭᠠᠰᠣ ᠪᠠᠶᠢᠳᠠᠬ᠃ ᠮᠣᠩᠭᠤᠯᠴᠣᠳ ᠬᠤᠣᠰ ᠵᠢᠭᠠᠰᠣᠨ ᠤ ᠵᠢᠷᠤᠬ ᠢ ᠰᠠᠶᠢᠨ ᠰᠠᠶᠢᠬᠠᠨ ᠤ ᠪᠡᠯᠭᠡ ᠲᠡᠮᠳᠡᠭ᠂ | ᠠᠳᠠ ᠴᠢᠳᠭᠦᠷ ᠢ ᠲᠠᠷᠣᠬᠤ ᠷᠢᠳᠢ ᠰᠢᠳᠢ ᠲᠠᠢ ᠬᠡᠮᠡᠨ ᠦᠵᠡᠵᠦ ᠡᠳ᠋ᠯᠡᠯ ᠬᠡᠷᠡᠭᠰᠡᠯ ᠳᠡᠭᠡᠨ ᠵᠢᠱᠢᠶᠡᠯᠡᠪᠡᠯ᠂ ᠮᠦᠡᠭᠭᠦᠨ | ᠠᠶᠠᠭ᠎ᠠ᠂ ᠡᠮᠡᠭᠡᠯ ᠤᠨ ᠲᠠᠷᠣᠯᠭ᠎ᠠ ᠵᠡᠷᠭᠡ ᠳᠤ ᠬᠤᠣᠰ ᠵᠢᠭᠠᠰᠣᠨ ᠤ ᠵᠢᠷᠤᠬ ᠣᠷᠠᠯᠠᠬᠰᠠᠨ ᠨᠢ ᠣᠯᠠᠨ ᠬᠠᠷᠠᠬᠳᠠᠨ᠎ᠠ᠃ | ᠪᠠᠰᠠ ᠭᠠᠦᠯᠢᠨ ᠲᠣᠪᠴᠢ᠂ ᠭᠠᠨᠭ᠍ᠰᠠᠨ ᠲᠣᠯᠣᠭᠠᠢ ᠵᠡᠷᠭᠡ ᠳᠤ ᠲᠠᠩ ᠪᠣᠶᠣ ᠬᠤᠣᠰ ᠵᠢᠭᠠᠰᠣ ᠣᠷᠠᠯᠠᠬᠰᠠᠨ ᠪᠠᠶᠢᠳᠠᠬ᠃ | ᠮᠣᠩᠭᠤᠯ ᠣᠯᠣᠰ ᠤᠨ ᠰᠦᠯᠳᠡ ᠨᠢ ᠦᠨᠦᠳᠦᠷ ᠴᠦ ᠬᠤᠣᠰ ᠵᠢᠭᠠᠰᠣᠨ ᠤ ᠵᠢᠷᠤᠬ ᠲᠠᠢ ᠶᠣᠮ᠃ ᠮᠣᠩᠭᠤᠯ ᠤᠨ | ᠡᠷᠳᠡᠨ ᠤ ᠵᠢᠭᠠᠰᠣᠴᠢᠨ ᠣᠪᠣᠬ ᠤᠨ ᠲᠣᠮᠳᠠ ᠪᠠᠰᠠ ᠬᠠᠪᠠ ᠵᠢᠭᠠᠰᠣᠨ ᠤ ᠮᠢᠬ᠎ᠠ ᠶᠢ ᠢᠳᠡᠪᠡᠯ ᠲᠡᠭᠷᠢ ᠳᠤ | ᠨᠢᠷᠭᠡᠭᠳᠡᠨᠡ ᠭᠡᠬᠦ ᠵᠠᠩᠰᠢᠯ ᠲᠠᠢ ᠪᠠᠶᠢᠬᠰᠠᠨ ᠪᠦᠭᠡᠳ ᠵᠢᠭᠠᠰᠣᠨ ᠤ ᠲᠦᠷᠰᠦ ᠶᠢ ᠰᠢᠳᠦᠳᠡᠭ ᠨᠢ ᠣᠶᠢᠷ᠎ᠠ ᠦᠶ᠎ᠡ | ᠪᠣᠯᠳᠠᠯ᠎ᠠ ᠣᠯᠠᠮᠵᠢᠯᠬᠳᠠᠵᠠᠢ᠃ ᠮᠣᠩᠭᠤᠯᠴᠣᠳ ᠤᠨ ᠭᠡᠷ ᠮᠢᠯᠢᠶᠠᠬᠤ ᠢᠷᠦᠭᠡᠯ ᠳᠤ ᠪᠠᠰᠠ᠄ ︽ᠡᠷᠬᠢᠮ ᠬᠤᠶᠠᠷ | ᠵᠢᠭᠠᠰᠣ ᠡᠯᠢᠭᠡ ᠪᠠᠷ ᠢᠶᠠᠨ ᠨᠡᠶᠢᠯᠡᠯᠳᠦᠭᠰᠡᠨ︾ ᠭᠡᠵᠦ ᠵᠢᠭᠠᠰᠣ ᠣᠷᠠᠯᠠᠬᠰᠠᠨ ᠰᠡᠶᠢᠯᠪᠣᠷᠢ ᠪᠠᠨ ᠮᠠᠬᠳᠠᠨ ᠶᠠᠷᠢᠳᠠᠬ᠃ | ᠡᠭᠦᠨ ᠠᠴᠠ ᠦᠵᠡᠪᠡᠯ ᠵᠢᠭᠠᠰᠣ ᠨᠢ ᠮᠣᠩᠭᠤᠯᠴᠣᠳ ᠤᠨ ᠲᠣᠮᠳᠠ ᠯᠣᠣᠰ ᠤᠨ ᠨᠢᠭᠡ ᠲᠦᠷᠦᠯ ᠭᠡᠵᠦ | ᠬᠦᠨᠳᠦᠳᠭᠡᠭᠳᠡᠨ ᠦᠵᠡᠭᠳᠡᠵᠦ ᠪᠠᠶᠢᠵᠠᠢ ᠭᠡᠳᠡᠭ ᠢ ᠮᠡᠳᠡᠵᠦ ᠪᠣᠯᠣᠨ᠎ᠠ᠃ ᠵᠠᠷᠢᠮ ᠦᠶᠡᠰ ᠯᠣᠣᠰ ᠨᠢ ᠪᠠᠰᠠ ᠮᠣᠭᠠᠢ ᠪᠠ | ᠵᠢᠭᠠᠰᠣᠨ ᠤ ᠬᠤᠶᠠᠷᠳᠠᠮᠠᠯ ᠬᠡᠯᠪᠡᠷᠢ ᠲᠠᠢ ᠪᠣᠯᠵᠦ ᠦᠭᠦᠯᠡᠭᠳᠡᠨᠡ᠃ ᠵᠢᠱᠢᠶᠡᠯᠡᠪᠡᠯ ︽ᠵᠢᠷᠢᠮ ᠤᠨ ᠭᠠᠵᠠᠷ ᠣᠰᠣᠨ ᠤ | ᠲᠣᠮᠤᠬ︾ ᠭᠡᠬᠦ ᠨᠣᠮ ᠳᠤ ᠲᠡᠮᠳᠡᠭᠯᠡᠭᠰᠡᠨ ᠢᠶᠠᠷ ︽ᠡᠷᠳᠡ ᠦᠶ᠎ᠡ ᠳᠤ ᠡᠮᠦᠨ᠎ᠡ ᠣᠷᠣᠨ ᠠᠴᠠ ᠢᠷᠡᠭᠰᠡᠨ ᠬᠦᠮᠦᠰ | ᠲᠠᠷᠬᠠᠨ ᠬᠤᠰᠢᠭᠤᠨ ᠤ ᠬᠦᠬᠡ ᠣᠰᠣᠨ ᠨᠠᠭᠤᠷ ᠤᠨ ᠵᠢᠭᠠᠰᠣ ᠶᠢ ᠱᠦᠭᠦᠵᠦ ᠠᠪᠴᠠᠢ᠂ ᠭᠡᠳᠡᠯ᠎ᠡ ᠮᠠᠷᠭᠠᠰᠢ | ᠦᠷᠯᠦᠭᠡ ᠨᠢ ᠪᠣᠰᠣᠭᠠᠳ ᠱᠦᠭᠦᠭᠰᠡᠨ ᠵᠢᠭᠠᠰᠣ ᠪᠠᠨ ᠬᠠᠷᠠᠬᠰᠠᠨ ᠴᠢᠨᠢ ᠪᠦᠬᠦᠨ ᠢᠶᠠᠷ ᠢᠶᠠᠨ ᠠᠯᠳᠠ ᠬᠢᠷᠢ ᠶᠢᠨ | ᠣᠷᠳᠦ ᠮᠣᠭᠠᠢ ᠪᠣᠯᠣᠭᠠᠳ ᠬᠤᠪᠢᠯᠴᠢᠬᠠᠬᠰᠠᠨ ᠪᠠᠶᠢᠪᠠ︾ ᠭᠡᠵᠦ ᠲᠡᠮᠳᠡᠭᠯᠡᠵᠦ ᠪᠠᠶᠢᠨ᠎ᠠ᠃ | ᠬᠤᠶᠠᠷ ᠨᠣᠳᠣᠬᠳᠠᠢ ᠠᠮᠢᠳᠠᠨ ᠪᠣᠯᠬᠤ ᠮᠡᠯᠡᠬᠡᠢ ᠨᠢ ᠦᠯᠢᠭᠡᠷ ᠲᠤ ᠯᠣᠣᠰ ᠤᠨ ᠣᠷᠣᠰᠢᠬᠤ ᠬᠡᠯᠪᠡᠷᠢ ᠪᠣᠯᠳᠠᠬ᠃ | ᠮᠣᠩᠭᠤᠯᠴᠣᠳ ᠤᠨ ᠲᠣᠮᠳᠠᠬᠢ ᠲᠣᠮᠤᠬ ᠦᠯᠢᠭᠡᠷ ᠲᠤ ᠮᠡᠯᠡᠬᠡᠢ ᠨᠢ ᠯᠣᠣᠰ ᠤᠨ ᠬᠦᠪᠡᠭᠦᠨ ᠭᠡᠵᠦ ᠣᠯᠠᠨ | ᠲᠣᠷᠠᠳᠣᠬᠳᠠᠬᠤ ᠠᠴᠠ ᠭᠠᠳᠠᠨ᠎ᠠ ᠪᠠᠰᠠ ᠬᠤᠷᠴᠢᠨ ᠳᠤ ᠬᠡᠦᠬᠡᠳ ᠮᠡᠯᠡᠬᠡᠢ ᠪᠠᠷ ᠨᠠᠭᠠᠳᠣᠪᠠᠯ ᠰᠢᠭᠡᠷᠡᠩ ᠪᠣᠯᠣᠨ᠎ᠠ᠂ | ᠦᠨᠢᠶ᠎ᠡ ᠰᠣᠪᠠᠶᠢᠷᠠᠨᠠ ᠭᠡᠬᠦ ᠮᠡᠳᠦ ᠶᠢᠨ ᠴᠡᠭᠡᠷ ᠲᠠᠢ ᠪᠠᠶᠢᠳᠠᠬ᠃ ᠪᠠᠰᠠ ᠶᠢᠰᠦᠨ ᠤ ᠬᠦᠢᠳᠡᠨ ᠳᠤ ᠬᠤᠳᠳᠤᠬ ᠤᠨ | ᠬᠠᠵᠠᠭᠤ ᠳᠤ ᠬᠠᠷᠠᠬᠳᠠᠬᠰᠠᠨ ᠮᠡᠯᠡᠬᠡᠢ ᠪᠣᠯ ᠯᠣᠣᠰ ᠤᠨ ᠬᠤᠪᠢᠯᠭᠠᠨ ᠪᠠᠶᠢᠵᠦ ᠡᠨᠡ ᠬᠦ ᠮᠡᠯᠡᠬᠡᠢ ᠶᠢ ᠣᠯᠵᠦ ᠬᠠᠷᠠᠬᠰᠠᠨ | ᠬᠦᠮᠦᠨ ᠤ ᠡᠷᠬᠡ ᠵᠡᠷᠭᠡ ᠨᠢ ᠨᠡᠮᠡᠭᠳᠡᠵᠦ᠂ ᠡᠳ᠋ ᠠᠰᠢᠬ ᠨᠢ ᠡᠯᠪᠡᠭ ᠲᠡᠯᠪᠡᠭ ᠪᠣᠯᠵᠦ᠂ ᠬᠤᠷᠢᠶᠠᠵᠦ ᠬᠠᠳᠠᠭᠠᠯᠠᠵᠦ | ᠴᠢᠳᠠᠬᠰᠠᠨ ᠬᠦᠮᠦᠨ ᠬᠡᠵᠢᠶᠡᠳᠡ ᠡᠪᠡᠳᠴᠢᠯᠡᠬᠦ ᠦᠭᠡᠢ᠂ ᠦᠨᠢᠳᠡ ᠬᠤᠭᠤᠰᠣᠷᠠᠬᠤ ᠦᠭᠡᠢ᠂ ᠮᠦᠡᠭᠭᠡ ᠶᠢᠨ ᠪᠣᠶᠠᠨ ᠢ | ᠡᠳ᠋ᠯᠡᠨ᠎ᠡ ᠭᠡᠬᠦ ᠮᠡᠳᠦ ᠶᠢᠨ ᠶᠠᠷᠢᠶ᠎ᠠ ᠬᠡᠯᠡᠯᠴᠡᠭᠡ ᠴᠦ ᠪᠠᠶᠢᠳᠠᠬ ᠶᠣᠮ᠃ | ᠯᠣᠣᠰ ᠪᠠ ᠯᠣᠣᠰ ᠤᠨ ᠡᠵᠡᠨ ᠯᠣᠣ | ᠬᠦᠮᠦᠨ ᠲᠦᠷᠦᠯᠬᠢᠳᠡᠨ ᠤ ᠨᠡᠶᠢᠭᠡᠮ ᠤᠨ ᠬᠦᠭᠵᠢᠯᠳᠡ ᠶᠢ ᠲᠠᠭᠠᠯᠳᠣᠨ ᠣᠰᠣᠨ ᠰᠢᠳᠦᠯᠭᠡ ᠪᠠ ᠣᠰᠣᠨ ᠤ | ᠲᠣᠳᠣᠷᠠᠬᠢ ᠠᠮᠢᠳᠠᠨ ᠤ ᠰᠢᠳᠦᠯᠭᠡ ᠨᠢ ᠯᠣᠣ ᠰᠢᠳᠦᠯᠭᠡ ᠶᠢᠨ ᠬᠡᠯᠪᠡᠷᠢ ᠪᠠᠷ ᠴᠦ ᠢᠯᠡᠷᠡᠬᠦ ᠪᠣᠯᠵᠠᠢ᠃ ︽ᠯᠣᠣ︾ | ᠭᠡᠵᠦ ᠶᠠᠷᠢᠬᠤ ᠲᠠᠢ ᠵᠡᠷᠭᠡ ᠬᠦᠮᠦᠰ ᠲᠣᠮᠳᠠᠳᠦ ᠣᠷᠣᠨ ᠤ ᠹᠧᠣᠳᠠᠯ ᠨᠡᠶᠢᠭᠡᠮ ᠳᠠᠬᠢ ᠬᠠᠮᠤᠬ ᠤᠨ ᠲᠣᠮᠣ ᠡᠵᠡᠷᠬᠡᠭᠴᠢ | ᠪᠣᠯᠬᠤ ᠬᠠᠭᠠᠨ ᠡᠵᠡᠨ ᠢ ᠰᠠᠨᠠᠭᠠᠨ ᠳᠤ ᠣᠷᠣᠳᠠᠬ᠃ ᠣᠴᠢᠷ ᠨᠢ ᠹᠧᠣᠳᠠᠯ ᠨᠡᠶᠢᠭᠡᠮ ᠳᠤ ᠯᠣᠣ ᠨᠢ ᠬᠠᠮᠤᠬ ᠤᠨ | ᠬᠦᠴᠦᠷᠬᠡᠭ᠂ ᠬᠠᠮᠤᠬ ᠤᠨ ᠡᠷᠬᠡ ᠪᠦᠬᠦᠢ ᠡᠵᠡᠳ ᠰᠠᠬᠢᠭᠤᠰᠣ ᠪᠠᠷ ᠦᠵᠡᠭᠳᠡᠵᠦ ᠪᠠᠶᠢᠬᠰᠠᠨ ᠪᠣᠯᠬᠤᠷ ᠠᠷᠠᠳ | ᠲᠦᠮᠡᠨ ᠠᠴᠠ ᠬᠠᠭᠠᠨ ᠡᠵᠡᠨ ᠤ ᠪᠡᠶ᠎ᠡ ᠶᠢ ᠠᠯᠳᠠᠨ ᠯᠣᠣ ᠶᠢᠨ ᠪᠦᠷᠢᠯᠸ᠎ᠠ ᠭᠡᠵᠦ ᠡᠷᠭᠦᠨ ᠬᠦᠨᠳᠦᠳᠭᠡᠳᠡᠭ ᠪᠠᠶᠢᠵᠠᠢ᠃ | ᠪᠠᠰᠠ ᠬᠢᠳᠠᠳ ᠤᠨ ᠡᠷᠳᠡᠨ ᠤ ᠣᠷᠠᠨ ᠵᠣᠬᠢᠶᠠᠯ ᠤᠳ ᠲᠤ ᠲᠡᠯᠡᠬᠡᠢ ᠶᠢᠷᠳᠢᠨᠴᠦ ᠶᠢᠨ ᠲᠠᠯᠠᠢ ᠲᠠᠩᠬᠢᠰ ᠢ ᠲᠦᠷᠪᠡ | ᠬᠤᠪᠢᠶᠠᠵᠦ᠂ ᠲᠦᠷᠪᠡᠨ ᠲᠠᠯᠠᠢ ᠶᠢ ᠲᠦᠷᠪᠡᠨ ᠯᠣᠣᠰ ᠡᠵᠡᠯᠡᠵᠦ᠂ ᠯᠣᠣᠰ ᠤᠨ ᠡᠵᠡᠨ ᠨᠢ ᠠᠳᠠᠯᠢ ᠪᠣᠰᠣ ᠶᠢᠨ ᠯᠣᠣ | ᠪᠠᠶᠢᠬᠤ ᠠᠴᠠ ᠭᠠᠳᠠᠨ᠎ᠠ ᠭᠤᠣᠯ ᠭᠤᠷᠤᠬ᠎ᠠ᠂ ᠨᠠᠭᠤᠷ ᠴᠦᠬᠦᠷᠦᠮ ᠢ ᠴᠦ ᠯᠣᠣᠰ ᠤᠨ ᠡᠵᠡᠨ ᠯᠣᠣ ᠠᠴᠠ ᠵᠠᠬᠢᠷᠴᠦ | ᠪᠠᠶᠢᠬᠤ ᠲᠣᠬᠠᠢ ᠲᠦᠷᠰᠦᠯᠡᠨ ᠪᠢᠴᠢᠭᠳᠡᠳᠡᠭ᠃ ᠵᠠᠷᠢᠮ ᠬᠦᠮᠦᠰ᠄ ︽ᠬᠤᠷᠴᠢᠨ ᠳᠤ ᠲᠠᠷᠢᠶᠠᠯᠠᠬᠤ ᠰᠣᠶᠣᠯ | ᠣᠯᠠᠮᠵᠢᠯᠠᠬᠳᠠᠨ ᠣᠷᠣᠵᠦ ᠢᠷᠡᠭᠰᠡᠨ ᠤ ᠲᠠᠷᠠᠭ᠎ᠠ ᠮᠣᠩᠭᠤᠯᠴᠣᠳ ᠰᠠᠶ᠋ᠢ ᠯᠣᠣ ᠶᠢ ᠰᠢᠳᠦᠬᠦ ᠪᠣᠯᠣᠬᠰᠠᠨ ᠶᠣᠮ︾ | ᠭᠡᠵᠦ ᠶᠠᠷᠢᠵᠦ ᠪᠠᠶᠢᠳᠠᠬ᠃ ᠦᠨᠡᠨ ᠳᠡᠭᠡᠨ ᠯᠣᠣ ᠨᠢ ᠲᠠᠷᠢᠶᠠᠯᠠᠬᠤ ᠰᠣᠶᠣᠯ ᠢ ᠲᠠᠭᠠᠵᠦ ᠬᠢᠳᠠᠳ ᠣᠷᠣᠨ ᠠᠴᠠ | ᠣᠯᠠᠮᠵᠢᠯᠠᠬᠳᠠᠨ ᠣᠷᠣᠵᠦ ᠢᠷᠡᠭᠰᠡᠨ ᠰᠢᠳᠦᠭᠡᠨ ᠪᠢᠰᠢ ᠬᠠᠷᠢᠨ ᠮᠣᠩᠭᠤᠯᠴᠣᠳ ᠤᠨ ᠣᠣᠯ ᠠᠴᠠ ᠪᠠᠨ ᠰᠢᠳᠦᠵᠦ | ᠪᠠᠶᠢᠬᠰᠠᠨ ᠬᠦᠴᠦᠷᠬᠡᠭ ᠠᠮᠢᠳᠠᠨ ᠤ ᠰᠢᠳᠦᠯᠭᠡ ᠶᠢᠨ ᠨᠢᠭᠡ ᠲᠦᠷᠦᠯ ᠮᠦᠨ᠃ | ᠲᠡᠦᠬᠡ ᠶᠢᠨ ᠮᠠᠯᠳᠠᠮᠠᠯ ᠵᠢᠴᠢ ᠡᠷᠳᠡᠮᠳᠡᠳ ᠤᠨ ᠰᠣᠳᠣᠯᠭᠠᠨ ᠢ ᠦᠨᠳᠦᠰᠦᠯᠡᠪᠡᠯ ᠯᠣᠣ ᠭᠡᠳᠡᠭ ᠠᠮᠢᠳᠠᠨ ᠨᠢ | ᠮᠣᠩᠭᠤᠯᠴᠣᠳ ᠤᠨ ᠡᠪᠦᠭᠡ ᠣᠪᠣᠬ ᠤᠨ ᠰᠢᠳᠦᠭᠡᠨ ᠪᠠᠶᠢᠵᠠᠢ᠃ ᠠᠦᠬᠠᠨ ᠠᠴᠠ ᠣᠯᠳᠠᠬᠰᠠᠨ ᠰᠢᠨ᠎ᠡ ᠴᠢᠯᠠᠭᠤᠨ | ᠵᠡᠪᠰᠡᠭ ᠤᠨ ᠠᠩᠬᠠᠨ ᠤ ᠦᠶ᠎ᠡ ᠲᠣᠬᠠᠶᠢᠢᠯᠠᠪᠠᠯ᠂ ᠡᠪᠳᠦ ᠠᠴᠠ ᠲᠣᠯᠣᠭᠠᠨ ᠮᠢᠩᠭᠠᠨ ᠵᠢᠯ ᠤᠨ ᠡᠮᠦᠨᠡᠬᠢ ᠸᠠᠭᠠᠷ ᠰᠠᠪᠠ | ᠲᠡᠭᠡᠷᠡᠬᠢ ᠯᠣᠣ ᠪᠣᠯ ᠪᠦᠬᠦ ᠲᠡᠯᠡᠬᠡᠢ ᠳᠤ ᠣᠯᠳᠠᠬᠰᠠᠨ ᠬᠠᠮᠤᠬ ᠤᠨ ᠠᠩᠬᠠᠨ ᠤ ᠯᠣᠣ ᠶᠢᠨ ᠲᠦᠷᠰᠦ ᠪᠢᠯᠡ᠃ ᠸᠠᠭᠠᠷ | ᠰᠠᠪᠠ ᠳᠤ ᠣᠷᠠᠯᠠᠬᠳᠠᠬᠰᠠᠨ ᠯᠣᠣ ᠨᠢ ᠣᠳᠣ ᠶᠢᠨ ᠯᠣᠣ ᠲᠠᠢ ᠠᠳᠠᠯᠢ ᠦᠭᠡᠢ ᠪᠠᠶᠢᠵᠦ ᠬᠠᠷᠢᠨ᠄ ︽ᠬᠤᠰᠢᠭᠤ ᠨᠢ | ᠭᠠᠭ᠋ᠠᠢ ᠶᠢᠨ ᠬᠤᠰᠢᠭᠤ ᠲᠠᠢ᠂ ᠲᠡᠷᠡ ᠰᠢᠳᠦᠭᠡᠨ ᠠᠮᠢᠳᠠᠨ ᠤ ᠨᠠᠷᠢᠬᠠᠨ ᠨᠢᠳᠦ ᠲᠠᠢ ᠪᠠ ᠬᠠᠮᠠᠷ ᠤᠨ ᠦᠵᠦᠭᠦᠷ ᠨᠢ | ᠲᠡᠭᠡᠭᠰᠢ ᠡᠷᠳᠡᠶᠢᠭᠰᠡᠨ᠂ ᠰᠣᠶᠤᠭ᠎ᠠ ᠨᠢ ᠣᠷᠳᠣ ᠪᠦᠭᠡᠳ ᠮᠣᠷᠣᠢ᠂ ᠮᠣᠭᠠᠢ ᠶᠢᠨ ᠪᠡᠶ᠎ᠡ ᠪᠠᠷ ᠴᠠᠭᠠᠷᠢᠬᠯᠠᠬᠰᠠᠨ ᠪᠠᠶᠢᠨ᠎ᠠ | ᠃ ᠲᠣᠣᠷᠯᠠᠬᠰᠠᠨ ᠵᠢᠷᠣᠭᠠᠰᠣ ᠪᠠ ᠦᠷᠦᠵᠦ ᠭᠢᠯᠠᠶᠢᠯᠭᠠᠬᠰᠠᠨ ᠬᠡᠰᠡᠭ ᠢ ᠰᠣᠯᠪᠢᠴᠠᠭᠤᠯᠣᠨ ᠬᠠᠶᠢᠷᠠᠰᠣ ᠶᠢ ᠨᠢ | ᠢᠯᠡᠳᠭᠡᠵᠡᠢ︾ ᠭᠡᠵᠦ ︽ᠦᠪᠦᠷ ᠮᠣᠩᠭᠤᠯ ᠤᠨ ᠲᠡᠦᠬᠡ ᠶᠢᠨ ᠲᠣᠷᠠᠰᠬᠠᠯ ᠪᠠ ᠡᠷᠳᠡᠨ ᠤ ᠰᠣᠳᠣᠯᠣᠯ︾ ᠭᠡᠬᠦ | ᠨᠣᠮ ᠳᠤ ᠦᠭᠦᠯᠡᠵᠦ ᠪᠠᠶᠢᠳᠠᠬ᠃ ᠮᠦᠨ ᠡᠨᠡ ᠬᠦ ᠴᠠᠬ ᠮᠦᠴᠡ ᠠᠴᠠ ᠠᠷᠠᠢ ᠬᠤᠵᠢᠮ ᠣᠳᠣ ᠠᠴᠠ ᠲᠠᠪᠣᠨ | ᠮᠢᠩᠭᠠᠨ ᠵᠢᠯ ᠤᠨ ᠡᠮᠦᠨ᠎ᠡ ᠵᠣᠬᠢᠶᠠᠬᠳᠠᠬᠰᠠᠨ ᠯᠣᠣ ᠶᠢᠨ ᠲᠦᠷᠰᠦ ᠲᠦᠷᠪᠡ ᠲᠠᠪᠤ ᠣᠯᠳᠠᠬᠰᠠᠨ ᠠᠴᠠ ᠬᠠᠮᠤᠬ | ᠭᠠᠶᠢᠬᠠᠮᠰᠢᠬᠳᠠᠢ ᠨᠢ ᠣᠡᠭᠨᠢᠭᠤᠳ ᠠᠴᠠ ᠣᠯᠳᠠᠬᠰᠠᠨ ᠴᠠᠭᠠᠷᠢᠬᠯᠠᠬᠰᠠᠨ ᠮᠣᠭᠠᠢ ᠰᠢᠬ ᠪᠣᠯᠪᠠᠴᠦ ᠰᠢᠯᠢᠨ ᠳᠡᠭᠡᠨ | ᠲᠡᠯ ᠲᠠᠢ᠂ ᠮᠣᠷᠢᠨ ᠲᠣᠯᠣᠭᠠᠢ ᠲᠠᠢ ᠬᠠᠰ ᠯᠣᠣ ᠭᠡᠳᠡᠭ᠃ ᠡᠭᠦᠨ ᠠᠴᠠ ᠪᠢᠳᠡ ᠮᠣᠩᠭᠤᠯᠴᠣᠳ ᠨᠢ ᠰᠢᠨ᠎ᠡ | ᠴᠢᠯᠠᠭᠤᠨ ᠵᠡᠪᠰᠡᠭ ᠤᠨ ᠦᠶ᠎ᠡ ᠠᠴᠠ ᠡᠬᠢᠯᠡᠨ ᠯᠣᠣ ᠶᠢ ᠰᠢᠳᠦᠭᠡᠨ ᠪᠣᠯᠭᠠᠨ ᠲᠠᠬᠢᠵᠦ ᠪᠠᠶᠢᠯ᠎ᠠ ᠭᠡᠳᠡᠭ ᠢ ᠮᠡᠳᠡᠵᠦ | ᠪᠣᠯᠣᠨ᠎ᠠ᠃ ᠪᠠᠰᠠ ᠵᠠᠷᠢᠮ ᠨᠣᠮ ᠳᠤ ︽ᠾᠦᠡᠭᠨᠣ ᠶᠢᠨ ᠦᠶ᠎ᠡ ᠳᠤ ᠵᠢᠯ ᠳᠤ ᠭᠤᠷᠪᠠ ᠣᠳᠠᠭ᠎ᠠ ᠯᠣᠣ ᠲᠠᠬᠢᠵᠦ | ᠪᠠᠶᠢᠬᠰᠠᠨ︾ ᠭᠡᠵᠦ ᠲᠡᠮᠳᠡᠭᠯᠡᠵᠦ ᠪᠠᠶᠢᠨ᠎ᠠ᠃ ᠡᠳᠡᠭᠡᠷ ᠲᠡᠦᠬᠡ ᠶᠢᠨ ᠮᠠᠯᠳᠠᠮᠠᠯ ᠵᠢᠴᠢ ᠪᠠᠷᠢᠮᠳᠠ ᠨᠤᠭᠤᠳ ᠠᠴᠠ | ᠰᠢᠨᠵᠢᠪᠡᠯ ᠯᠣᠣ ᠶᠢᠨ ᠲᠦᠷᠰᠦ ᠨᠢ ᠮᠣᠩᠭᠤᠯ ᠣᠷᠣᠨ ᠠᠴᠠ ᠡᠭᠦᠰᠴᠦ᠂ ᠬᠢᠳᠠᠳ ᠣᠷᠣᠨ ᠣᠷᠣᠭᠤ ᠬᠦᠭᠵᠢᠨ | ᠲᠡᠯᠭᠡᠷᠡᠭᠰᠡᠨ ᠨᠢ ᠨᠡᠯᠢᠶᠡᠳ ᠪᠤᠳᠠᠳᠠᠢ ᠣᠴᠢᠷ ᠶᠣᠮ᠃ | ᠮᠣᠩᠭᠤᠯᠴᠣᠳ ᠤᠨ ᠣᠶᠢᠢᠯᠠᠭᠠᠯᠳᠠ ᠳᠤ ᠲᠦᠷᠰᠦᠯᠡᠭᠳᠡᠳᠡᠭ ᠯᠣᠣ ᠭᠡᠳᠡᠭ ᠠᠮᠢᠳᠠᠨ ᠨᠢ ᠦᠨᠡᠬᠡᠷ ᠣᠰᠣᠨ ᠳᠤ | ᠠᠮᠢᠳᠣᠷᠠᠵᠦ᠂ ᠪᠣᠷᠣᠭᠠᠨ ᠬᠤᠷ᠎ᠠ᠂ ᠠᠶᠣᠩᠭ᠎ᠠ ᠴᠠᠬᠢᠯᠭᠠᠨ᠂ ᠭᠤᠣᠯ ᠮᠦᠷᠡᠨ᠂ ᠲᠠᠯᠠᠢ ᠲᠠᠩᠬᠢᠰ ᠤᠨ ᠠᠮᠢᠳᠠᠨ | ᠪᠣᠳᠠᠰ ᠢ ᠬᠠᠮᠢᠶᠠᠷᠳᠠᠬ ᠯᠣᠣᠰ ᠤᠨ ᠡᠵᠡᠨ ᠮᠦᠷᠳᠡᠭᠡᠨ ᠯᠣᠣ ᠨᠢ ᠮᠣᠭᠠᠢ᠂ ᠵᠢᠭᠠᠰᠣ᠂ ᠮᠡᠯᠡᠬᠡᠢ ᠭᠤᠷᠪᠠ ᠶᠢ | ᠨᠡᠶᠢᠯᠡᠭᠦᠯᠦᠭᠰᠡᠨ ᠲᠦᠷᠰᠦ ᠲᠠᠢ ᠭᠡᠳᠡᠭ᠃ ᠲᠣᠬᠠᠶᠢᠯᠠᠪᠠᠯ ᠵᠢᠷᠤᠬ ᠲᠠᠬᠢ ᠯᠣᠣ ᠶᠢ ᠠᠵᠢᠪᠠᠯ᠂ ᠯᠣᠣ ᠨᠢ ᠮᠣᠭᠠᠢ ᠶᠢᠨ | ᠪᠡᠶ᠎ᠡ᠂ ᠵᠢᠭᠠᠰᠣᠨ ᠤ ᠬᠠᠶᠢᠷᠠᠰᠣ ᠪᠠ ᠰᠡᠭᠦᠯ᠂ ᠮᠡᠯᠡᠬᠡᠢ ᠶᠢᠨ ᠬᠦᠯ ᠠᠴᠠ ᠨᠡᠶᠢᠯᠡᠵᠦ ᠪᠦᠳᠦᠭᠰᠡᠨ ᠰᠢᠨᠵᠢ ᠲᠠᠢ ᠪᠠᠶᠢᠵᠦ | ᠯᠣᠣ ᠶᠢᠨ ᠬᠦᠴᠦᠷᠬᠡᠭ ᠲᠣᠬᠰᠢᠨ ᠲᠦᠷᠢ ᠶᠢ ᠦᠵᠡᠭᠦᠯᠬᠦ ᠶᠢᠨ ᠲᠣᠯᠠ ᠮᠡᠯᠡᠬᠡᠢ ᠶᠢᠨ ᠬᠦᠯ ᠳᠤᠨᠢ ᠪᠦᠷᠭᠦᠳ ᠤᠨ | ᠬᠢᠮᠣᠰᠣ ᠲᠠᠢ ᠵᠢᠷᠣᠬᠤ ᠪᠣᠯᠣᠬᠰᠠᠨ ᠶᠣᠮ᠃ ᠭᠡᠪᠡᠴᠦ ᠯᠣᠣ ᠶᠢᠨ ᠲᠣᠬᠠᠢ ᠲᠦᠷᠰᠦᠯᠡᠯ ᠠᠩᠬᠠᠨ ᠤ ᠲᠡᠷᠡ | ᠰᠢᠨᠵᠢ ᠠᠴᠠ ᠪᠠᠨ ᠬᠤᠪᠢᠷᠠᠬᠰᠠᠭᠠᠷ ᠪᠠᠶᠢᠬᠰᠠᠨ ᠪᠣᠯᠣᠯᠳᠠᠢ᠃ ᠵᠠᠷᠢᠮ ᠰᠣᠳᠣᠯᠣᠭᠴᠢ᠄ ︽ᠮᠣᠩᠭᠤᠯᠴᠣᠳ ᠤᠨ | ᠡᠷᠬᠢᠮᠯᠡᠳᠡᠭ ᠯᠣᠣ ᠨᠢ ᠲᠡᠮᠡᠬᠡᠨ ᠲᠣᠯᠣᠭᠠᠢ ᠲᠠᠢ᠂ ᠦᠬᠡᠷ ᠤᠨ ᠴᠡᠭᠡᠵᠢ ᠲᠠᠢ᠂ ᠪᠣᠭᠤ ᠶᠢᠨ ᠡᠪᠡᠷ ᠲᠠᠢ᠂ | ᠪᠠᠭᠠᠪᠠᠭᠠᠢ ᠶᠢᠨ ᠲᠠᠪᠠᠬ ᠲᠠᠢ᠂ ᠲᠠᠪᠣᠨ ᠰᠢᠷᠪᠠᠭᠤ ᠶᠢᠨ ᠬᠢᠮᠣᠰᠣ ᠨᠢ ᠬᠠᠷᠴᠠᠭᠠᠢ ᠶᠢᠨ ᠬᠢ ᠰᠢᠬ ᠬᠤᠷᠴᠠ᠂ | ᠪᠡᠶ᠎ᠡ ᠶᠢᠨ ᠭᠠᠯᠪᠢᠷ ᠨᠢ ᠮᠣᠭᠠᠢ ᠰᠢᠬ ᠪᠦᠭᠡᠳ ᠦᠡᠭᠭᠡ ᠨᠢ ᠴᠣᠬᠤᠷ ᠪᠠᠶᠢᠳᠠᠬ ᠭᠡᠵᠦ ︽ᠮᠣᠩᠭᠤᠯ ᠹᠧᠣᠳᠠᠯᠢᠰᠡᠮ | ᠲᠣᠬᠳᠠᠬᠤ ᠦᠶ᠎ᠡ ᠶᠢᠨ ᠨᠡᠶᠢᠭᠡᠮ ᠣᠯᠣᠰ ᠲᠦᠷᠦ᠂ ᠭᠦᠨ ᠣᠬᠠᠭᠠᠨ ᠤ ᠰᠡᠳᠭᠢᠯᠭᠡ︾ ᠭᠡᠳᠡᠭ ᠨᠣᠮ ᠳᠤ | ᠲᠡᠮᠳᠡᠭᠯᠡᠭᠰᠡᠨ ᠪᠠᠶᠢᠳᠠᠬ᠃ ᠢᠡᠭᠭᠢᠵᠦ ᠲᠡᠮᠳᠡᠭᠯᠡᠵᠦ ᠪᠠᠶᠢᠭ᠎ᠠ ᠨᠢ ᠨᠡᠯᠢᠶᠡᠳ ᠬᠤᠵᠢᠮ ᠤᠨ ᠦᠶ᠎ᠡ ᠶᠢᠨ ᠵᠢᠷᠣᠭᠠᠴᠢ | ᠨᠠᠷ ᠤᠨ ᠣᠷᠠᠯᠠᠬᠰᠠᠨ ᠯᠣᠣ ᠶᠢ ᠲᠦᠷᠰᠦᠯᠡᠭᠰᠡᠨ ᠶᠣᠮ᠃ ᠵᠠᠷᠢᠮ ᠭᠠᠵᠠᠷ ᠣᠷᠣᠨ ᠤ ᠬᠢᠨᠢ ᠪᠠᠰᠠ ᠯᠣᠣ ᠶᠢᠨ | ᠲᠦᠷᠰᠦ ᠶᠢ ᠭᠤᠶᠣᠯ ᠴᠢᠮᠡᠭ ᠲᠤ ᠬᠡᠷᠡᠭᠯᠡᠬᠦ ᠳᠡᠭᠡᠨ ᠲᠠᠪᠣᠨ ᠬᠢᠮᠣᠰᠣ ᠲᠠᠢ ᠪᠣᠶᠣ ᠬᠢᠮᠣᠰᠣ ᠪᠦᠷᠢᠨ ᠣᠷᠠᠯᠠᠪᠠᠯ ᠶᠡᠭᠡ | ᠲᠣᠬᠰᠢᠨ ᠭᠡᠵᠦ ᠭᠤᠣᠯᠳᠠᠭᠤ ᠲᠦᠷᠪᠡᠨ ᠬᠢᠮᠣᠰᠣ ᠲᠠᠢ ᠣᠷᠠᠯᠠᠳᠠᠬ ᠶᠣᠮ ᠭᠡᠨ᠎ᠡ᠃ | ᠯᠣᠣ ᠶᠢᠨ ᠲᠦᠷᠰᠦ ᠨᠢ ᠠᠮᠢᠳᠠᠨ ᠤ ᠰᠢᠳᠦᠯᠭᠡ ᠲᠡᠭᠡᠳᠦ ᠬᠡᠮᠵᠢᠶᠡᠨ ᠳᠤ ᠬᠦᠭᠵᠢᠭᠰᠡᠨ ᠢ ᠬᠠᠷᠠᠭᠤᠯᠵᠦ ᠪᠠᠶᠢᠨ᠎ᠠ | ᠃ ᠠᠮᠢᠳᠠᠨ ᠨᠢ ᠰᠢᠳᠢᠴᠢᠯᠡᠭᠳᠡᠭᠡᠳ ᠲᠡᠭᠦᠨ ᠤ ᠬᠡᠯᠪᠡᠷᠢ ᠲᠦᠷᠰᠦ ᠨᠢ ᠪᠣᠳᠠᠳᠠᠢ ᠠᠮᠢᠳᠠᠨ ᠤ ᠰᠢᠨᠵᠢ ᠠᠴᠠ ᠪᠠᠨ | ᠰᠠᠯᠣᠩᠬᠢᠷᠠᠬᠤ ᠲᠡᠶᠢᠰᠢ ᠬᠠᠨᠳᠣᠵᠠᠢ᠃ ᠰᠢᠨ᠎ᠡ ᠴᠢᠯᠠᠭᠤᠨ ᠵᠡᠪᠰᠡᠭ ᠤᠨ ᠠᠩᠬᠠᠨ ᠤ ᠦᠶ᠎ᠡ ᠳᠤ ᠯᠣᠣ ᠶᠢᠨ ᠲᠦᠷᠰᠦ | ᠮᠣᠩᠭᠤᠯ ᠨᠣᠳᠤᠬ ᠲᠤ ᠡᠭᠦᠰᠦᠨ ᠪᠠᠶᠢᠬᠰᠠᠨ ᠠᠴᠠ ᠦᠵᠡᠪᠡᠯ ᠵᠢᠷᠣᠬᠯᠠᠬᠤ᠂ ᠲᠦᠷᠰᠦᠯᠡᠬᠦ ᠮᠡᠷᠭᠡᠵᠢᠯ ᠡᠭᠦᠰᠬᠦ ᠠᠴᠠ | ᠡᠮᠦᠨ᠎ᠡ ᠠᠮᠢᠳᠠᠨ ᠤ ᠰᠢᠳᠦᠯᠭᠡ ᠨᠢ ᠨᠢᠭᠡᠨᠳᠡ ᠲᠣᠮᠤᠬ ᠤᠨ ᠬᠡᠯᠪᠡᠷᠢ ᠪᠠᠷ ᠰᠢᠳᠢᠴᠢᠯᠡᠨ ᠲᠦᠷᠰᠦᠯᠡᠭᠳᠡᠵᠦ ᠪᠠᠶᠢᠯ᠎ᠠ | ᠭᠡᠳᠡᠭ ᠨᠢ ᠢᠯᠡᠷᠬᠡᠢ᠃ ᠮᠣᠩᠭᠤᠯ ᠣᠷᠣᠨ ᠤ ᠪᠣᠰᠣᠳ ᠭᠠᠵᠠᠷ ᠣᠷᠣᠨ ᠲᠠᠢ ᠠᠳᠠᠯᠢ ᠪᠠᠷ ᠬᠤᠷᠴᠢᠨᠴᠣᠳ ᠪᠠᠰᠠ | ᠯᠣᠣ ᠶᠢ ᠰᠢᠳᠢ ᠶᠢᠨ ᠬᠦᠴᠦᠨ ᠲᠠᠢ ᠭᠡᠵᠦ ᠦᠵᠡᠳᠡᠭ ᠶᠣᠮ᠃ ᠡᠭᠦᠨ ᠤ ᠲᠣᠬᠠᠢ ᠭᠠᠳᠠᠰᠣ ᠠᠴᠠ᠄ ︽ᠬᠤᠷᠴᠢᠨ ᠳᠤ | ᠬᠤᠶᠠᠷ ᠰᠠᠷ᠎ᠠ ᠳᠤ ᠲᠡᠭᠷᠢ ᠲᠣᠣᠭᠠᠷᠣᠬᠰᠠᠨ ᠤ ᠲᠠᠷᠠᠭ᠎ᠠ ᠪᠣᠶᠣ ᠵᠣᠨ ᠤ ᠣᠯᠠᠷᠢᠯ ᠳᠤ ᠪᠣᠷᠣᠭᠠᠨ ᠣᠷᠣᠬᠰᠠᠨ ᠤ | ᠲᠠᠷᠠᠭ᠎ᠠ ᠯᠣᠣ ᠭᠠᠵᠠᠷ ᠲᠣᠣᠷ᠎ᠠ ᠣᠨᠠᠬᠤ ᠶᠠᠪᠣᠳᠠᠯ ᠭᠠᠷᠣᠨ᠎ᠠ ᠭᠡᠵᠦ ᠬᠡᠯᠡᠯᠴᠡᠳᠡᠭ᠃ ᠨᠠᠰᠣᠳᠠᠶᠢᠴᠣᠳ ᠤᠨ | ᠬᠠᠭᠤᠴᠢᠯᠠᠬᠤ ᠪᠠᠷ ᠠᠯᠢ ᠡᠷᠳᠡ ᠶᠠᠩᠰᠢᠪ ᠤᠨ ᠭᠤᠣᠯ ᠤᠨ ᠲᠡᠨᠳᠡ ᠬᠦᠰᠡᠷᠳᠡᠭᠰᠡᠨ ᠯᠣᠣ ᠶᠢ ᠬᠠᠷᠠᠬᠰᠠᠨ ᠬᠦᠮᠦᠨ | ᠣᠯᠠᠨ ᠪᠠᠶᠢᠭ᠎ᠠ ᠶᠣᠮ ᠭᠡᠨ᠎ᠡ᠃ ᠦᠵᠡᠯ᠎ᠡ ᠭᠡᠵᠦ ᠬᠡᠯᠡᠵᠦ ᠪᠠᠶᠢᠭ᠎ᠠ ᠬᠦᠮᠦᠰ ᠤᠨ ᠬᠡᠯᠡᠬᠦ ᠪᠠᠷ ︿ᠯᠣᠣ ᠪᠣᠯ ᠠᠰᠠᠷᠣ | ᠲᠣᠮᠣ ᠪᠡᠶ᠎ᠡ ᠲᠠᠢ᠂ ᠲᠡᠪᠢᠭᠦᠷ ᠤᠨ ᠬᠢᠷᠢ ᠶᠢᠨ ᠬᠠᠶᠢᠷ ᠲᠠᠢ᠂ ᠣᠷᠳᠣ ᠬᠤᠷᠴᠠ ᠬᠢᠮᠣᠰᠣ ᠲᠠᠢ᠂ ᠵᠢᠷᠤᠬ ᠲᠡᠭᠡᠷᠡᠬᠢ | ᠯᠣᠣ ᠶᠢᠨ ᠬᠢᠷᠢ ᠦᠵᠡᠮᠵᠢ ᠦᠭᠡᠢ ᠮᠦᠷᠳᠡᠭᠡᠨ ᠰᠦᠷ ᠦᠭᠡᠢ﹀ ᠭᠡᠨ᠎ᠡ᠃ ᠯᠣᠣ ᠬᠦᠰᠡᠷᠳᠡᠵᠦ ᠪᠠᠶᠢᠭ᠎ᠠ ᠶᠢ | ᠬᠤᠷᠴᠢᠨ ᠳᠤ ᠬᠤᠶᠠᠷ ᠶᠠᠩᠵᠦ ᠪᠠᠷ ᠲᠠᠶᠢᠯᠪᠣᠷᠢᠯᠠᠵᠦ ᠪᠠᠶᠢᠵᠠᠢ᠃ ᠨᠢᠭᠡ ᠨᠢ᠂ ᠯᠣᠣ ᠪᠣᠯ ᠢᠴᠡᠭᠡᠯᠡᠳᠡᠭ ᠠᠮᠢᠳᠠᠨ | ᠪᠣᠯᠬᠤᠷ ᠬᠠᠪᠣᠷ ᠤᠨ ᠬᠤᠶᠠᠷ ᠰᠠᠷ᠎ᠠ ᠶᠢᠨ ᠰᠢᠨ᠎ᠡ ᠶᠢᠨ ᠬᠤᠶᠠᠷ ᠯᠣᠣ ᠶᠢᠨ ᠲᠣᠯᠣᠭᠠᠢ ᠦᠨᠳᠡᠶᠢᠬᠦ ᠡᠳᠦᠷ ᠯᠣᠣ | ᠢᠴᠡᠭᠡᠨ ᠠᠴᠠ ᠪᠠᠨ ᠲᠡᠭᠳᠡᠬᠦ ᠦᠶᠡᠰ ᠲᠡᠭᠡᠨ ᠲᠡᠭᠳᠡᠵᠦ ᠲᠡᠶᠢᠯᠦᠭᠰᠡᠨ ᠦᠭᠡᠢ ᠪᠣᠯ ᠭᠠᠵᠠᠷ ᠣᠨᠠᠴᠢᠬᠠᠳᠠᠬ ᠭᠡᠨ᠎ᠡ᠃ | ᠨᠦᠬᠦᠭᠡ ᠨᠢᠭᠡ ᠨᠢ᠂ ᠯᠣᠣ ᠨᠢ ᠲᠡᠭᠷᠢ ᠳᠤ ᠶᠠᠯᠠᠳᠠᠬᠳᠠᠵᠦ ᠪᠠᠶᠢᠨ᠎ᠠ ᠭᠡᠳᠡᠭ ᠰᠢᠷ᠎ᠠ ᠶᠢᠨ ᠱᠠᠰᠢᠨ ᠤ ᠲᠠᠶᠢᠯᠪᠣᠷᠢᠯᠠᠯ | ᠪᠣᠯᠣᠨ᠎ᠠ᠃ ᠮᠠᠨ ᠤ ᠨᠣᠳᠤᠬ ᠲᠤ ᠪᠠᠰᠠ ᠯᠣᠣ ᠶᠢ ᠠᠭᠠᠷ ᠬᠦᠯᠦᠭᠯᠡᠵᠦ ᠶᠠᠪᠣᠳᠠᠬ ᠪᠦᠭᠡᠳ ᠲᠡᠭᠷᠢ ᠶᠢᠨ ᠵᠠᠷᠯᠢᠬ ᠢᠶᠠᠷ | ᠪᠣᠷᠣᠭᠠᠨ ᠣᠷᠣᠭᠤᠯᠵᠦ ᠪᠠᠶᠢᠳᠠᠬ᠃ ᠪᠠᠰᠠ ᠲᠡᠭᠷᠢ ᠶᠢᠨ ᠲᠠᠭᠤ ᠪᠣᠯ ᠯᠣᠣ ᠶᠢᠨ ᠲᠠᠭᠤ᠂ ᠬᠢᠯᠪᠡᠭᠡᠨ ᠬᠢᠯᠪᠡᠵᠦ | ᠪᠠᠶᠢᠭ᠎ᠠ ᠨᠢ ᠯᠣᠣ ᠰᠡᠭᠦᠯ ᠢᠶᠠᠨ ᠰᠢᠷᠪᠢᠭᠰᠡᠨ ᠠᠴᠠ ᠡᠭᠦᠰᠦᠭᠰᠡᠨ᠂ ᠪᠣᠷᠣᠭᠠᠨ ᠣᠷᠣᠬᠤ ᠠᠴᠠ ᠡᠮᠦᠨ᠎ᠡ ᠯᠣᠣ | ᠲᠣᠷᠣᠬᠰᠢᠯᠠᠵᠦ ᠭᠤᠣᠯ ᠮᠦᠷᠡᠨ ᠨᠠᠭᠤᠷ ᠴᠦᠬᠦᠷᠦᠮ ᠠᠴᠠ ᠣᠰᠣᠨ ᠤ ᠬᠦᠷᠦᠩᠭᠡ ᠲᠠᠳᠠᠳᠠᠬ ᠭᠡᠵᠦ ᠲᠣᠮᠣᠬᠴᠢᠯᠠᠨ | ᠶᠠᠷᠢᠯᠴᠠᠳᠠᠬ ᠶᠣᠮ︾ ᠭᠡᠵᠡᠢ᠃ ᠬᠤᠷᠴᠢᠨ ᠲᠠᠷᠢᠶᠠᠴᠢᠳ ᠠᠴᠠ ᠯᠣᠣ ᠶᠢ ᠪᠤᠷᠤᠭ᠎ᠠ᠂ ᠯᠣᠣᠰ ᠢ ᠬᠠᠮᠢᠶᠠᠷᠳᠠᠬ | ᠲᠡᠭᠷᠢ ᠶᠢᠨ ᠠᠮᠢᠳᠠᠨ ᠭᠡᠵᠦ ᠦᠵᠡᠳᠡᠭ ᠠᠴᠠ ᠵᠣᠨ ᠪᠣᠷᠣᠭᠠᠨ ᠣᠷᠣᠵᠦ᠂ ᠲᠡᠭᠷᠢ ᠲᠣᠣᠭᠠᠷᠴᠦ᠂ ᠴᠠᠬᠢᠯᠭᠠᠨ | ᠴᠠᠬᠢᠬᠤ ᠶᠢ ᠪᠦᠷ ᠯᠣᠣ ᠲᠠᠢ ᠬᠤᠯᠪᠣᠵᠦ ᠬᠡᠯᠡᠳᠡᠭ᠃ ᠵᠣᠨ ᠤ ᠣᠯᠠᠷᠢᠯ ᠳᠤ ᠬᠠᠷ᠎ᠠ ᠡᠭᠦᠯᠡ ᠭᠠᠷᠴᠦ ᠲᠣᠬᠰᠢᠨ | ᠪᠣᠷᠤᠭ᠎ᠠ ᠣᠷᠣᠬᠤ ᠠᠴᠠ ᠡᠮᠦᠨ᠎ᠡ ᠶᠡᠭᠡ ᠰᠠᠯᠬᠢ ᠬᠦᠳᠡᠯᠵᠦ ᠣᠶᠢᠢᠷᠠ ᠵᠠᠭᠤᠷ᠎ᠠ ᠶᠢᠨ ᠭᠤᠣᠯ ᠭᠤᠷᠤᠬ᠎ᠠ᠂ ᠪᠣᠯᠠᠬ | ᠨᠠᠭᠤᠷ ᠤᠨ ᠣᠰᠣ ᠲᠡᠭᠡᠭᠰᠢ ᠴᠠᠶᠢᠯᠵᠠᠵᠦ ᠲᠣᠳᠣᠷᠠᠬᠢ ᠵᠢᠭᠠᠰᠣ ᠨᠢ ᠬᠦᠷᠳᠡᠯ᠎ᠡ ᠲᠠᠭᠠᠵᠦ ᠪᠣᠰᠣᠭᠠᠳ ᠬᠡᠳᠦᠨ | ᠭᠠᠵᠠᠷ ᠤᠨ ᠬᠤᠯᠠ ᠣᠨᠠᠬᠤ ᠦᠵᠡᠭᠳᠡᠯ ᠢ ᠪᠠᠰᠠ ᠬᠤᠷᠴᠢᠨ ᠳᠤ᠄ ︽︿ᠯᠣᠣ ᠣᠰᠣ ᠲᠠᠳᠠᠵᠦ ᠪᠠᠶᠢᠨ᠎ᠠ᠂ ᠡᠯᠳᠡᠪ | ᠡᠰᠡᠨ ᠤ ᠪᠡᠯᠭᠡ ᠦᠭᠡᠢ ᠦᠭᠡ ᠶᠠᠷᠢᠵᠦ ᠪᠣᠯᠬᠤ ᠦᠭᠡᠢ﹀ ᠭᠡᠵᠦ ᠨᠠᠰᠣᠳᠠᠶᠢᠴᠣᠳ ᠠᠴᠠ ᠬᠡᠦᠬᠡᠳ ᠲᠡᠭᠡᠨ | ᠰᠠᠨᠠᠭᠤᠯᠵᠦ ᠬᠦᠵᠢ ᠵᠣᠯᠠ ᠠᠰᠠᠭᠠᠵᠦ ᠪᠣᠷᠣᠭᠠᠨ ᠢ ᠲᠡᠭᠰᠢ ᠣᠷᠣᠭᠤᠯᠬᠤ ᠪᠣᠯᠪᠠᠦ ᠭᠡᠵᠦ ᠲᠠᠭᠠᠳᠬᠠᠳᠠᠬ︾ ᠪᠠᠶᠢᠬᠰᠠᠨ | ᠶᠣᠮ᠃ ᠬᠤᠷᠴᠢᠨ ᠤ ᠵᠠᠷᠢᠮ ᠠᠶᠢᠯ ᠤᠨ ᠬᠢᠨᠢ ᠪᠠᠰᠠ ᠯᠣᠣ ᠶᠢᠨ ᠬᠦᠷᠦᠭ ᠵᠢᠷᠤᠬ ᠢ ᠲᠠᠬᠢᠵᠦ ᠰᠢᠳᠦᠬᠦ ᠠᠴᠠ | ᠭᠠᠳᠠᠨ᠎ᠠ ᠯᠣᠣ ᠭᠡᠵᠦ ᠵᠡᠭᠦᠳᠦᠯᠡᠪᠡᠯ ᠡᠷᠬᠢᠮ ᠬᠦᠪᠡᠭᠦᠨ ᠲᠠᠢ ᠪᠣᠯᠬᠤ ᠶᠢᠨ ᠲᠡᠮᠳᠡᠭ ᠭᠡᠵᠦ ᠪᠡᠯᠭᠡᠰᠢᠶᠡᠳᠡᠭ᠃ | ᠬᠤᠷᠴᠢᠨ ᠤ ᠵᠠᠷᠢᠮ ᠬᠦᠮᠦᠰ ᠣᠳᠣ ᠪᠣᠯᠳᠠᠯ᠎ᠠ ᠬᠡᠦᠬᠡᠳ ᠲᠡᠭᠡᠨ ᠲᠢᠶᠠᠨ ᠯᠦᠡᠭ ︵ᠲᠡᠭᠷᠢ ᠶᠢᠨ ᠯᠣᠣ︶᠂ ᠴᠢᠩ | ᠯᠦᠡᠭ ︵ᠬᠦᠬᠡ ᠯᠣᠣ︶᠂ ᠶᠢᠨ ᠯᠦᠡᠭ ︵ᠠᠯᠳᠠᠨ ᠯᠣᠣ︶᠂ ᠬᠠᠢ ᠯᠦᠡᠭ ᠁ ᠮᠡᠳᠦ ᠶᠢᠨ ᠯᠣᠣ ᠲᠠᠢ | ᠬᠠᠮᠢᠶᠠᠳᠣᠬᠰᠠᠨ ᠨᠡᠷ᠎ᠡ ᠬᠠᠶᠢᠷᠠᠯᠠᠬᠰᠠᠭᠠᠷ ᠪᠠᠶᠢᠨ᠎ᠠ᠃ | ᠯᠣᠣ ᠶᠢᠨ ᠰᠢᠳᠦᠯᠭᠡ ᠪᠣᠯ ᠡᠷᠳᠡᠨ ᠤ ᠮᠣᠩᠭᠤᠯᠴᠣᠳ ᠤᠨ ᠣᠰᠣ ᠪᠠ ᠣᠰᠣᠨ ᠤ ᠠᠮᠢᠳᠠᠨ ᠤ ᠰᠢᠳᠦᠯᠭᠡ ᠶᠢᠨ | ᠲᠠᠷᠠᠭ᠎ᠠ ᠠᠮᠢᠳᠠᠨ ᠤ ᠰᠢᠳᠦᠯᠭᠡ ᠲᠡᠭᠡᠳᠦ ᠬᠡᠮᠵᠢᠶ᠎ᠡ ᠪᠠᠷ ᠬᠦᠭᠵᠢᠭᠰᠡᠨ ᠤ ᠲᠠᠷᠠᠭᠠᠬᠢ ᠰᠢᠳᠦᠯᠭᠡ ᠮᠦᠨ᠃ | ᠬᠤᠷᠴᠢᠨᠴᠣᠳ ᠤᠨ ᠯᠣᠣᠰ ᠤᠨ ᠰᠢᠳᠦᠯᠭᠡ ᠶᠢᠨ ᠣᠯᠠ ᠮᠦᠷ | ᠬᠤᠷᠴᠢᠨᠴᠣᠳ ᠠᠴᠠ ᠯᠣᠣᠰ ᠨᠢ ᠭᠠᠵᠠᠷ ᠣᠰᠣᠨ ᠤ ᠨᠠᠪᠳᠠᠬ ᠰᠠᠪᠳᠠᠬ ᠪᠣᠯᠬᠤ ᠠᠴᠠ ᠭᠠᠳᠠᠨ᠎ᠠ ᠪᠣᠷᠣᠭᠠᠨ | ᠬᠤᠷ᠎ᠠ᠂ ᠣᠰᠣ ᠭᠤᠣᠯ᠂ ᠰᠠᠯᠬᠢ ᠵᠢᠪᠠᠷ᠂ ᠬᠦᠢᠳᠡᠨ ᠨᠦᠢᠳᠠᠨ ᠁ ᠵᠡᠷᠭᠡ ᠶᠢ ᠬᠠᠮᠢᠶᠠᠷᠳᠠᠬ ᠭᠡᠵᠦ | ᠦᠵᠡᠳᠡᠭ ᠠᠴᠠ ᠭᠠᠳᠠᠨ᠎ᠠ ᠪᠠᠰᠠ ᠯᠣᠣᠰ ᠤᠨ ᠠᠮᠢᠳᠠᠳ ᠢ ᠬᠦᠮᠦᠨ ᠠᠴᠠ ᠲᠠᠪᠠᠭᠰᠠᠨ ᠰᠢᠳᠢ ᠶᠢᠨ ᠬᠦᠴᠦᠨ ᠲᠠᠢ | ᠭᠡᠵᠦ ᠣᠶᠢᠯᠠᠭᠠᠳᠠᠬ᠃ ᠲᠣᠬᠠᠶᠢᠯᠠᠪᠠᠯ ᠬᠤᠷᠴᠢᠨ ᠤ ᠵᠠᠷᠢᠮ ᠪᠦᠭᠡ ᠢᠳᠣᠭᠠᠨ ᠨᠠᠷ ᠠᠴᠠ ︽ᠶᠠᠰᠣ ᠶᠢ ᠬᠠᠮᠢᠶᠠᠷᠬᠤ | ᠰᠠᠬᠢᠭᠤᠰᠣ ᠨᠢ ᠯᠣᠣᠰ ᠤᠨ ᠠᠮᠢᠳᠠᠨ ᠪᠣᠯᠬᠤ ᠮᠣᠭᠠᠢ︾ ᠭᠡᠵᠦ ᠶᠠᠷᠢᠳᠠᠬ᠃ ᠬᠤᠷᠴᠢᠨ ᠳᠤ ᠣᠳᠣᠬᠠᠨ ᠪᠣᠯᠳᠠᠯ᠎ᠠ | ᠯᠣᠣᠰ ᠢ ᠰᠦᠮ᠎ᠡ ᠪᠣᠶᠣ ᠣᠪᠣᠭ᠎ᠠ ᠪᠣᠯᠭᠠᠨ ᠲᠠᠬᠢᠳᠠᠬ ᠪᠠᠶᠢᠵᠠᠢ᠃ ᠯᠣᠣᠰ ᠢ ᠵᠢᠵᠢᠭ ᠰᠦᠮ᠎ᠡ ᠪᠣᠶᠣ ᠣᠪᠣᠭ᠎ᠠ | ᠪᠣᠯᠭᠠᠵᠦ ᠲᠠᠬᠢᠬᠤ ᠨᠢ ᠬᠤᠷᠴᠢᠨ ᠤ ᠵᠠᠷᠢᠮ ᠲᠠᠷᠢᠶᠠᠴᠢᠳ ᠤᠨ ᠲᠣᠮᠳᠠ ᠣᠯᠠᠮᠵᠢᠯᠠᠬᠳᠠᠵᠦ ᠪᠠᠶᠢᠬᠰᠠᠨ ᠶᠣᠮ᠃ | ᠡᠭᠦᠨ ᠤ ᠲᠣᠬᠠᠢ ᠭᠠᠳᠠᠰᠣ ᠠᠴᠠ᠄ ︽ᠡᠷᠳᠡ ᠳᠤ ᠮᠠᠨ ᠤ ᠠᠶᠢᠯ ᠤᠨ ᠪᠠᠷᠠᠭᠤᠨ ᠵᠠᠬ᠎ᠠ ᠳᠤ ᠲᠣᠮᠳᠠ ᠪᠠᠨ ᠲᠣᠮᠣ | ᠨᠠᠭᠤᠷ ᠲᠠᠢ᠂ ᠨᠠᠭᠤᠷ ᠤᠨ ᠬᠦᠪᠡᠭᠡ ᠪᠠᠷ ᠮᠣᠳᠣ ᠪᠣᠷᠭᠠᠰᠣ ᠢᠬᠴᠣᠷᠠᠨ ᠣᠷᠭᠤᠬᠰᠠᠨ ᠣᠳᠠ ᠮᠣᠳᠣᠨ ᠲᠦᠡᠭ | ᠪᠠᠶᠢᠪᠠ᠃ ᠡᠨᠡ ᠬᠦ ᠮᠣᠳᠣᠨ ᠲᠦᠡᠭ ᠢ ᠬᠦᠮᠦᠰ ︿ᠯᠣᠣᠰ ᠤᠨ ᠲᠦᠡᠭ﹀ ᠪᠣᠶᠣ ︿ᠪᠠᠷᠠᠭᠤᠨ ᠲᠦᠡᠭ﹀ ᠭᠡᠵᠦ | ᠨᠡᠷᠡᠯᠡᠵᠦ ᠪᠠᠶᠢᠵᠠᠢ᠃ ᠡᠨᠡ ᠨᠠᠭᠤᠷ ᠤᠨ ᠵᠡᠭᠦᠨ ᠡᠮᠦᠨ᠎ᠡ ᠲᠠᠯ᠎ᠠ ᠳᠠᠬᠢ ᠲᠣᠪᠣᠷᠬᠠᠬ ᠭᠠᠵᠠᠷ ᠲᠤ ᠴᠣᠬᠤᠷ ᠬᠠᠯᠬ᠎ᠠ ᠶᠢᠨ | ᠬᠤᠰᠢᠭᠤᠨ ᠤ ᠨᠠ᠊ ᠵᠠᠬᠢᠷᠣᠬᠴᠢ ᠶᠢᠨ ᠦᠶᠡᠯᠢᠳ ᠠᠴᠢ ᠬᠦᠦ ᠦᠨᠳᠦᠷ ᠨᠣᠶᠠᠨ ᠰᠠᠭᠤᠵᠦ ᠪᠠᠶᠢᠬᠰᠠᠨ ᠭᠡᠳᠡᠭ᠃ | ᠯᠣᠣᠰ ᠤᠨ ᠲᠦᠡᠭ ᠳᠤ ᠡᠶᠢᠮᠦ ᠨᠢᠭᠡ ᠪᠣᠳᠠᠳᠠᠢ ᠰᠢᠬ ᠦᠯᠢᠭᠡᠷ ᠪᠠᠶᠢᠨ᠎ᠠ᠃ ᠵᠣᠨ ᠤ ᠨᠢᠭᠡᠨ ᠡᠳᠦᠷ ᠦᠨᠳᠦᠷ ᠨᠣᠶᠠᠨ | ᠠᠯᠪᠠᠳᠦ ᠨᠠᠷ ᠢᠶᠠᠨ ᠲᠠᠭᠠᠭᠤᠯᠵᠦ ᠨᠠᠭᠤᠷ ᠤᠨ ᠪᠠᠷᠠᠭᠤᠨ ᠬᠦᠪᠡᠭᠡ ᠪᠠᠷ ᠠᠨᠵᠢᠰᠣ ᠬᠦᠳᠡᠯᠭᠡᠨ ᠮᠣᠩᠭᠤᠯ ᠠᠮᠣ | ᠲᠠᠷᠢᠬᠤ ᠪᠠᠷ ᠪᠣᠯᠵᠠᠢ᠃ ᠦᠨᠳᠣᠷ ᠨᠣᠶᠠᠨ ᠠᠯᠪᠠᠳᠦ ᠨᠠᠷ ᠤᠨ ᠢᠶᠠᠨ ᠠᠨᠵᠢᠰᠣ ᠬᠦᠳᠡᠯᠭᠡᠨ ᠲᠠᠷᠢᠶ᠎ᠠ ᠲᠠᠷᠢᠬᠤ ᠶᠢ | ᠬᠠᠷᠠᠭᠠᠳ ᠵᠣᠬᠰᠣᠵᠦ ᠪᠠᠶᠢᠳᠠᠯ᠎ᠠ ᠨᠢᠭᠡ ᠠᠯᠪᠠᠳᠦ ᠶᠢᠨ ᠬᠢᠨᠢ ᠠᠨᠵᠢᠰᠣᠨ ᠬᠤᠰᠢᠭᠤᠨ ᠳᠤ ᠨᠢᠭᠡᠨ ᠴᠠᠭᠠᠨ ᠡᠷᠢᠶᠡᠨ | ᠮᠣᠭᠠᠢ ᠵᠦᠰᠦᠭᠳᠡᠭᠡᠳ ᠰᠢᠷᠬᠠᠳᠣᠬᠰᠠᠨ ᠨᠢ ᠬᠠᠷᠠᠬᠳᠠᠪᠠ᠃ ᠦᠨᠳᠦᠷ ᠨᠣᠶᠠᠨ ᠠᠴᠠ ᠮᠣᠭᠠᠢ ᠶᠢ ᠦᠷᠦ ᠡᠪᠡᠳᠴᠦ | ᠰᠢᠷᠬ᠎ᠠ ᠶᠢ ᠨᠢ ᠴᠡᠪᠡᠷᠯᠡᠵᠦ ᠪᠦᠰ ᠢᠶᠠᠷ ᠪᠣᠭᠤᠵᠦ ᠦᠭᠭᠦᠭᠡᠳ ᠲᠠᠯᠪᠢᠵᠦ ᠶᠠᠪᠣᠭᠤᠯᠣᠬᠰᠠᠨ ᠠᠴᠠ ᠲᠡᠮᠡᠢ ᠬᠡᠳᠦᠨ | ᠡᠳᠦᠷ ᠪᠣᠯᠣᠬᠰᠠᠨ ᠦᠭᠡᠢ ᠭᠡᠨᠡᠳᠳᠡ ᠪᠠᠷ ᠭᠡᠷ ᠲᠤᠨᠢ ᠮᠠᠰᠢ ᠣᠯᠠᠨ ᠮᠣᠭᠠᠢ ᠴᠣᠬᠯᠠᠷᠠᠭᠠᠳ ᠰᠠᠭᠤᠵᠦ ᠬᠡᠪᠳᠡᠬᠦ ᠶᠢᠨ | ᠠᠷᠭ᠎ᠠ ᠦᠭᠡᠢ ᠪᠣᠯᠭᠠᠵᠠᠢ᠃ ᠮᠣᠭᠠᠢ ᠭᠡᠷ ᠲᠤ ᠴᠣᠬᠯᠠᠷᠠᠪᠠᠯ ᠰᠠᠶᠢᠨ ᠢᠷᠸ᠎ᠠ ᠶᠣᠮ ᠦᠦ︖ ᠡᠰᠡᠬᠦᠯ᠎ᠡ ᠮᠠᠭᠤ ᠢᠷᠸ᠎ᠠ | ᠶᠣᠮ ᠤᠤ︖ ᠭᠡᠵᠦ ᠪᠣᠳᠣᠬᠰᠠᠨ ᠢᠶᠠᠨ ᠦᠨᠳᠦᠷ ᠨᠣᠶᠠᠨ ᠨᠠᠢᠮᠠᠨ ᠬᠤᠰᠢᠭᠤᠨ ᠤ ᠲᠠᠴᠢᠨᠳᠠᠯ᠎ᠠ ᠰᠦᠮ᠎ᠠ ᠳᠤ ᠬᠦᠷᠴᠦ | ︿ᠵᠠᠷᠯᠢᠬ ᠤᠨ ᠭᠡᠭᠡᠨ﹀ ᠠᠴᠠ ᠠᠪᠣᠷᠠᠯ ᠡᠷᠢᠪᠡ᠃ ᠵᠠᠷᠯᠢᠭ ᠤᠨ ᠭᠡᠭᠡᠨ ᠲᠡᠭᠦᠨ ᠳᠤ ︿ᠯᠣᠣᠰ ᠲᠠᠬᠢᠭᠠᠷᠠᠢ﹀ ᠭᠡᠵᠦ | ᠵᠠᠷᠯᠢᠬ ᠪᠣᠯᠣᠬᠰᠠᠨ ᠪᠣᠯᠬᠤᠷ ᠲᠡᠷᠡ ᠵᠠᠷᠯᠢᠬ ᠤᠨ ᠭᠡᠭᠡᠨ ᠢ ᠭᠡᠷ ᠲᠡᠭᠡᠨ ᠵᠠᠯᠠᠨ ᠠᠪᠴᠢᠷᠠᠪᠠ᠃ ᠵᠠᠷᠯᠢᠬ ᠤᠨ ᠭᠡᠭᠡᠨ | ᠬᠦᠷᠴᠦ ᠢᠷᠡᠭᠰᠡᠨ ᠤ ᠲᠠᠷᠠᠭ᠎ᠠ ᠨᠠᠭᠤᠷ ᠤᠨ ᠪᠠᠷᠠᠭᠤᠨ ᠬᠤᠶᠢᠳᠦ ᠲᠠᠯ᠎ᠠ ᠶᠢᠨ ᠲᠡᠨᠵᠢ ᠶᠢᠨ ᠡᠩᠭᠡᠷ ᠲᠤ ᠱᠠᠩ ᠲᠠᠷᠣᠵᠦ | ᠣᠪᠣᠭ᠎ᠠ ᠪᠣᠰᠬᠠᠨ᠂ ᠨᠣᠮ ᠣᠡᠭᠰᠢᠵᠦ ᠨᠠᠭᠤᠷ ᠪᠠ ᠣᠪᠣᠭ᠎ᠠ ᠶᠢ ᠠᠮᠢᠯᠠᠵᠦ ᠦᠭᠬᠦᠭᠡᠳ ︿ᠴᠢ ᠡᠭᠦᠨ ᠠᠴᠠ ᠬᠤᠵᠢᠮ | ᠪᠢᠯᠢᠭ ᠤᠨ ᠣᠯᠠᠷᠢᠯ ᠤᠨ ᠲᠠᠪᠣᠨ ᠰᠠᠷ᠎ᠠ ᠶᠢᠨ ᠰᠢᠨ᠎ᠡ ᠶᠢᠨ ᠲᠠᠪᠣᠨ ᠤ ᠦᠷᠯᠦᠭᠡ ᠨᠠᠷᠠ ᠭᠠᠷᠬᠤ ᠠᠴᠠ ᠡᠮᠦᠨ᠎ᠡ | ᠵᠠᠯᠭᠠᠮᠵᠢ ᠡᠪᠡᠰᠦ ᠶᠢ ᠲᠡᠭᠦᠵᠦ ᠬᠠᠳᠠᠭᠠᠨ ᠠᠪᠣᠭᠠᠳ ᠠᠮᠢᠳᠠᠨ ᠵᠢᠷᠭᠤᠭᠠᠨ ᠵᠦᠢᠯ ᠳᠤ ᠪᠣᠶᠠᠨ ᠦᠢᠯᠡᠳ﹀ ᠭᠡᠵᠦ | ᠠᠪᠣᠷᠠᠯ ᠰᠣᠨᠳᠠᠬ ᠬᠠᠶᠢᠷᠠᠯᠠᠭᠠᠳ ᠯᠣᠣᠰ ᠤᠨ ᠣᠪᠣᠭ᠎ᠠ ᠪᠠᠨ ︿ᠯᠣᠣᠰ ᠤᠨ ᠰᠦᠮ᠎ᠡ﹀ ᠭᠡᠵᠦ ᠨᠡᠷᠡᠯᠡᠵᠡᠢ᠃ | ᠲᠡᠭᠦᠨ ᠠᠴᠠ ᠬᠤᠶᠢᠰᠢ ᠦᠨᠳᠦᠷ ᠨᠣᠶᠠᠨ ᠤ ᠭᠡᠷ ᠲᠤᠨᠢ ᠮᠣᠭᠠᠢ ᠴᠣᠬᠯᠠᠷᠠᠬᠤ ᠦᠭᠡᠢ ᠪᠣᠯᠣᠬᠰᠠᠨ ᠮᠦᠷᠳᠡᠭᠡᠨ | ᠦᠨᠳᠦᠷ ᠨᠣᠶᠠᠨ ᠠᠴᠠ ᠪᠢᠯᠢᠭ ᠤᠨ ᠣᠯᠠᠷᠢᠯ ᠤᠨ ᠰᠢᠨ᠎ᠡ ᠶᠢᠨ ᠨᠢᠭᠡᠨ ᠪᠠ ᠠᠷᠪᠠᠨ ᠲᠠᠪᠣᠨ ᠤ ᠦᠷᠯᠦᠭᠡ ᠯᠣᠣᠰ ᠤᠨ | ᠣᠪᠣᠭ᠎ᠠ ᠶᠢᠨ ᠢᠶᠠᠨ ᠲᠡᠷᠭᠡᠳᠡ ᠢᠷᠡᠵᠦ ᠯᠣᠣᠰ ᠤᠨ ᠣᠪᠣᠭ᠎ᠠ ᠳᠤ ᠴᠠᠭᠠᠨ ᠪᠠᠯᠢᠩ ᠡᠷᠭᠦᠵᠦ᠂ ᠠᠶᠠᠭ᠎ᠠ ᠪᠠ | ᠬᠤᠨᠳᠠᠭᠠᠨ ᠳᠤ ᠬᠠᠭᠤᠷᠠᠢ ᠪᠣᠳᠠᠭ᠎ᠠ ᠬᠢᠵᠦ ᠲᠡᠭᠡᠷ᠎ᠡ ᠨᠢ ᠵᠢᠵᠢᠭ ᠵᠦᠰᠦᠮ ᠲᠠᠢ ᠬᠤᠷᠣᠳ ᠲᠠᠯᠪᠢᠭᠠᠳ ᠲᠦᠷᠪᠡᠨ | ᠵᠦᠭ ᠲᠤ ᠬᠠᠶᠠᠵᠦ ᠯᠣᠣᠰ ᠢᠶᠠᠨ ᠲᠠᠬᠢᠳᠠᠬ ᠪᠣᠯᠵᠠᠢ᠃ ᠪᠠᠰᠠ ᠦᠨᠳᠦᠷ ᠨᠣᠶᠠᠨ ᠤ ᠲᠠᠪᠣᠨ ᠰᠠᠷ᠎ᠠ ᠶᠢᠨ ᠰᠢᠨ᠎ᠡ ᠶᠢᠨ | ᠲᠠᠪᠣᠨ ᠤ ᠦᠷᠯᠦᠭᠡ ᠲᠡᠭᠦᠵᠦ ᠬᠠᠳᠠᠭᠠᠬᠰᠠᠨ ᠵᠠᠯᠭᠠᠮᠵᠢ ᠡᠪᠡᠰᠦ ᠨᠢ ᠶᠠᠰᠣ ᠨᠢ ᠪᠡᠷᠳᠡᠭᠰᠡᠨ᠂ ᠬᠤᠭᠤᠷᠠᠬᠰᠠᠨ᠂ | ᠪᠣᠯᠵᠣᠬᠰᠠᠨ ᠬᠦᠮᠦᠨ ᠮᠠᠯ ᠳᠤ ᠨᠣᠨᠳᠣᠬᠯᠠᠭᠠᠳ ᠣᠣᠭᠤᠯᠭᠠᠪᠠᠯ ᠲᠣᠣᠷᠠᠬᠠᠨ ᠢᠶᠠᠨ ᠶᠠᠰᠣ ᠶᠢ ᠨᠢ ᠠᠨᠠᠭᠠᠵᠦ ᠵᠠᠯᠭᠠᠵᠦ | ᠴᠢᠳᠠᠬᠤ ᠰᠢᠳᠢ ᠶᠢᠨ ᠬᠦᠴᠦᠨ ᠲᠠᠢ ᠪᠣᠯᠵᠦ᠂ ᠣᠮᠪᠤᠯᠤ ᠶᠢᠨ ᠬᠢᠨᠢ ᠦᠶ᠎ᠡ ᠪᠣᠯᠳᠠᠯ᠎ᠠ ᠣᠶᠢᠷ᠎ᠠ ᠣᠷᠴᠢᠮ ᠳᠠᠭᠠᠨ ᠶᠠᠰᠣ | ᠵᠠᠰᠠᠬᠤ ᠪᠠᠷ ᠢᠶᠠᠨ ᠠᠯᠳᠠᠷᠰᠢᠵᠦ ᠪᠠᠶᠢᠬᠰᠠᠨ ᠶᠣᠮ᠃ ᠠᠶᠢᠯ ᠤᠨ ᠨᠠᠰᠣᠳᠠᠶᠢᠴᠣᠣᠯ ᠠᠴᠠ ︿ᠶᠠᠰᠣᠨ ᠤ ᠰᠠᠬᠢᠭᠤᠰᠣ | ᠪᠣᠯᠬᠤ ᠯᠣᠣᠰ ᠤᠨ ᠮᠣᠭᠠᠢ ᠶᠢ ᠠᠪᠣᠷᠠᠬᠰᠠᠨ ᠠᠴᠠ ᠪᠣᠯᠵᠦ ᠦᠨᠳᠦᠷ ᠨᠣᠶᠠᠨ ᠤ ᠵᠠᠯᠭᠠᠮᠵᠢ ᠡᠪᠡᠰᠦ ᠶᠠᠰᠣ ᠠᠨᠠᠭᠠᠵᠦ | ᠴᠢᠳᠠᠬᠤ ᠪᠣᠯᠵᠠᠢ﹀ ᠭᠡᠵᠦ ᠶᠠᠷᠢᠳᠠᠬ︾ ᠭᠡᠵᠡᠢ᠃ ᠬᠤᠷᠴᠢᠨ ᠤ ᠯᠣᠣᠰ ᠤᠨ ᠣᠪᠣᠭ᠎ᠠ ᠶᠢᠨ ᠲᠠᠬᠢᠯᠭ᠎ᠠ ᠳᠤ ᠯᠣᠣᠰ ᠤᠨ | ᠣᠶᠢᠷᠠᠯᠴᠠᠭ᠎ᠠ ᠪᠠᠶᠢᠭ᠎ᠠ ᠣᠷᠣᠢ᠂ ᠨᠠᠭᠤᠷ᠂ ᠮᠣᠳᠣ᠂ ᠪᠣᠯᠠᠬ ᠵᠡᠷᠭᠡ ᠳᠤ ᠣᠯᠠᠷᠢᠯ ᠪᠦᠷᠢ ᠶᠢᠨ ᠡᠬᠢᠨ ᠳᠤ ᠴᠠᠭᠠᠨ | ᠪᠠᠯᠢᠩ ᠡᠷᠭᠦᠬᠦ ᠮᠦᠷᠳᠡᠭᠡᠨ ᠮᠠᠯ ᠰᠦᠷᠦᠭ ᠦᠭᠡᠳᠡ ᠦᠭᠡᠢ ᠪᠣᠯᠬᠤ᠂ ᠬᠦᠮᠦᠨ ᠮᠠᠯ ᠢ ᠡᠪᠡᠳᠴᠢᠨ ᠵᠣᠪᠠᠯᠠᠩ | ᠣᠷᠢᠶᠠᠬᠤ ᠳᠤ ᠯᠣᠣᠰ ᠱᠠᠪᠳᠠᠬ᠂ ᠡᠵᠡᠳ ᠰᠠᠬᠢᠭᠤᠰᠣ ᠬᠤᠣᠷᠯᠠᠯ ᠬᠢᠵᠦ ᠪᠠᠶᠢᠨ᠎ᠠ ᠬᠡᠮᠡᠨ ᠦᠵᠡᠵᠦ ᠴᠠᠭᠠᠨ ᠪᠠᠯᠢᠩ | ᠡᠷᠬᠦᠬᠦ ᠪᠣᠶᠣ ᠪᠦᠬᠡ᠂ ᠯᠠᠮᠠ ᠶᠢᠨ ᠠᠯᠢ ᠨᠢᠭᠡ ᠶᠢ ᠨᠢ ᠵᠠᠯᠠᠵᠦ ᠰᠢᠯᠳᠠᠭᠠᠨ ᠢ ᠨᠢ ᠰᠣᠨᠣᠰᠣᠭᠠᠳ ᠲᠣᠮ ᠲᠠᠷᠣᠯᠭ᠎ᠠ | ᠬᠢᠯᠭᠡᠨ᠎ᠡ᠃ ᠵᠢᠱᠢᠶᠡᠯᠡᠪᠡᠯ᠄ ᠯᠣᠣᠰ ᠤᠨ ᠣᠪᠣᠭ᠎ᠠ ᠶᠢᠨ ᠬᠠᠵᠠᠭᠤ ᠶᠢᠨ ᠴᠢᠯᠠᠭᠤ ᠶᠢ ᠬᠦᠳᠡᠯᠭᠡᠭᠡᠳ ᠯᠣᠣᠰ ᠢ | ᠠᠭᠤᠷᠯᠠᠭᠤᠯᠣᠬᠰᠠᠨ ᠪᠣᠯ ᠪᠣᠷᠣᠭᠤ ᠪᠠᠨ ᠮᠡᠳᠡᠵᠦ ᠠᠭᠤᠴᠢᠯᠠᠯ ᠭᠤᠶᠣᠵᠦ ᠴᠢᠯᠠᠭᠤ ᠶᠢ ᠨᠢ ᠣᠷᠣᠨ ᠳᠤᠨᠢ ᠲᠠᠯᠪᠢᠨ᠎ᠠ᠂ | ᠨᠦᠬᠡ ᠮᠠᠯᠳᠠᠬᠰᠠᠨ ᠪᠣᠯ ᠪᠣᠯᠠᠵᠦ᠂ ᠮᠣᠳᠣ ᠣᠬᠳᠣᠯᠣᠬᠰᠠᠨ ᠪᠣᠯ ᠣᠷᠣᠨ ᠳᠤᠨᠢ ᠠᠪᠠᠴᠢᠵᠦ ᠲᠠᠯᠪᠢᠨ᠎ᠠ᠃ | ᠨᠣᠳᠤᠬ ᠤᠨ ᠨᠠᠰᠣᠳᠠᠶᠢᠴᠣᠳ᠄ ︽ᠪᠠᠷᠠᠭᠤᠨ ᠲᠦᠡᠭ ᠤᠨ ᠯᠣᠣᠰ ᠤᠨ ᠣᠪᠣᠭ᠎ᠠ ᠶᠢᠨ ᠬᠠᠵᠠᠭᠤ ᠶᠢᠨ ᠨᠢᠭᠡ ᠮᠣᠳᠣ ᠶᠢ | ᠰᠣᠶᠣᠯ ᠤᠨ ᠬᠤᠪᠢᠰᠬᠠᠯ ᠤᠨ ᠦᠶᠡᠰ ᠲᠣᠰ ᠠᠶᠢᠯ ᠤᠨ ᠨᠢᠭᠡᠨ ᠲᠠᠷᠢᠶᠠᠴᠢᠨ ᠠᠴᠠ ᠣᠬᠳᠣᠯᠵᠦ ᠠᠪᠣᠬᠰᠠᠨ ᠠᠴᠠ | ᠪᠣᠯᠵᠦ ᠰᠦᠨᠢ ᠳᠡᠭᠡᠨ ᠯᠣᠣᠰ ᠤᠨ ᠬᠤᠣᠷᠯᠠᠯ ᠡᠭᠦᠰᠴᠦ ᠰᠣᠯᠢᠶ᠎ᠠ ᠦᠭᠡ ᠶᠠᠷᠢᠬᠰᠠᠭᠠᠷ ᠪᠠᠶᠢᠵᠦ ᠠᠮᠢ ᠪᠠᠨ ᠠᠯᠳᠠᠬᠰᠠᠨ | ᠶᠣᠮ᠃ ᠡᠵᠡᠳ ᠯᠣᠣᠰ ᠢ ᠠᠭᠤᠷᠯᠠᠭᠤᠯᠣᠬᠰᠠᠨ ᠪᠠᠶᠢᠪᠠᠯ ᠪᠣᠷᠣᠭᠤ ᠪᠠᠨ ᠮᠡᠳᠡᠵᠦ ᠴᠠᠭᠠᠨ ᠪᠠᠯᠢᠩ ᠡᠷᠭᠦᠪᠡᠯ | ᠦᠨᠡᠨ ᠳᠡᠭᠡᠨ ᠯᠣᠣᠰ ᠤᠨ ᠬᠢᠯᠢᠩ ᠲᠠᠶᠢᠳᠬᠤᠷᠠᠵᠦ ᠭᠠᠮᠰᠢᠬ ᠵᠣᠪᠠᠯᠠᠩ ᠠᠷᠢᠯᠣᠨᠠ ᠭᠡᠳᠡᠭ︾ ᠭᠡᠵᠦ | ᠬᠠᠭᠤᠴᠢᠯᠠᠵᠠᠢ᠃ | ᠬᠤᠷᠴᠢᠨ ᠳᠤ ᠪᠠᠰᠠ ᠯᠣᠣᠰ ᠢ ᠰᠦᠮ᠎ᠡ ᠪᠣᠯᠭᠠᠨ ᠲᠠᠬᠢᠬᠤ ᠦᠵᠡᠭᠳᠡᠯ ᠴᠦ ᠬᠠᠷᠠᠬᠳᠠᠳᠠᠬ᠃ ᠬᠦᠷᠢᠶ᠎ᠡ | ᠬᠤᠰᠢᠭᠤᠨ ᠳᠤ ᠯᠣᠣᠰ ᠤᠨ ᠰᠦᠮ᠎ᠡ ᠬᠤᠶᠠᠷ ᠪᠠᠶᠢᠨ᠎ᠠ᠃ ᠨᠢᠭᠡ ᠨᠢ ᠣᠣᠯ ᠤᠨ ᠰᠢᠶᠠᠨᠵᠢᠨ ᠰᠣᠮᠣ ᠶᠢᠨ ᠲᠦᠪ | ᠪᠣᠯᠬᠤ ᠯᠣᠣᠰ ᠤᠨ ᠰᠦᠮ᠎ᠡ ᠲᠣᠰᠬᠤᠨ ᠳᠤ ᠪᠠᠶᠢᠵᠦ ᠨᠦᠬᠦᠭᠡ ᠨᠢᠭᠡ ᠨᠢ ᠬᠦᠷᠢᠶ᠎ᠡ ᠪᠠᠯᠭᠠᠰᠣᠨ ᠳᠤ ᠪᠠᠶᠢᠨ᠎ᠠ᠃ | ᠡᠭᠦᠨ ᠠᠴᠠ ᠭᠠᠳᠠᠨ᠎ᠠ ᠪᠠᠰᠠ ᠲᠦᠡᠭᠯᠢᠶᠣᠣ ᠶᠢᠨ ᠰᠢᠷ᠎ᠠ ᠮᠦᠷᠡᠨ ᠰᠦᠮ᠎ᠡ ᠶᠢᠨ ᠯᠣᠣᠰ ᠲᠠᠬᠢᠯᠭ᠎ᠠ ᠶᠢᠨ ᠭᠠᠵᠠᠷ ᠁ | ᠭᠡᠬᠦ ᠮᠡᠳᠦ ᠪᠠᠷ ᠨᠡᠯᠢᠶᠡᠳ ᠬᠡᠳᠦ ᠬᠠᠷᠠᠬᠳᠠᠵᠦ ᠪᠠᠶᠢᠨ᠎ᠠ᠃ ᠣᠷᠴᠢᠮ ᠤᠨ ᠵᠢᠯ ᠠᠴᠠ ᠬᠦᠷᠢᠶ᠎ᠡ ᠬᠤᠰᠢᠭᠤᠨ ᠤ ︽ | ᠦᠬᠢᠨ ᠲᠡᠭᠷᠢ ᠶᠢᠨ ᠰᠦᠮ᠎ᠡ︾ ᠳᠤ ᠣᠯᠠᠨ ᠮᠦᠷᠭᠦᠯᠴᠢᠳ ᠪᠢᠯᠢᠭ ᠤᠨ ᠣᠯᠠᠷᠢᠯ ᠤᠨ ᠴᠠᠭᠠᠨ ᠰᠠᠷ᠎ᠠ ᠶᠢᠨ ᠬᠤᠷᠢᠨ | ᠲᠠᠪᠣᠨ ᠤ ᠡᠳᠦᠷ ᠴᠣᠬᠯᠠᠷᠠᠭᠠᠳ ᠯᠣᠣᠰ ᠲᠠᠬᠢᠵᠠᠭᠠᠵᠦ ᠪᠠᠶᠢᠨ᠎ᠠ᠃ ᠮᠦᠷᠭᠦᠯᠴᠢᠳ ᠠᠴᠠ ᠭᠡᠷ ᠠᠴᠠ ᠪᠠᠨ ᠰᠦ᠂ | ᠬᠤᠷᠣᠳ᠂ ᠰᠢᠷ᠎ᠠ ᠲᠣᠰᠣ᠂ ᠦᠷᠦᠮ᠎ᠡ ᠵᠡᠷᠭᠡ ᠴᠠᠭᠠᠨ ᠢᠳᠡᠭᠡᠨ ᠤ ᠵᠦᠢᠯ ᠢᠶᠠᠨ ᠠᠪᠴᠢᠷᠠᠬᠤ ᠪᠣᠶᠣ᠂ ᠰᠦᠮ᠎ᠡ ᠶᠢᠨ | ᠣᠶᠢᠷᠠᠯᠴᠠᠭ᠎ᠠ ᠠᠴᠠ ᠲᠠᠬᠢᠯᠭ᠎ᠠ ᠳᠤ ᠬᠡᠷᠡᠭᠯᠡᠬᠦ ᠪᠣᠳᠠᠰ ᠢᠶᠠᠨ ᠬᠤᠳᠠᠯᠳᠣᠨ ᠠᠪᠣᠭᠠᠳ ᠯᠠᠮᠠ ᠪᠠᠷ ᠨᠣᠮ ᠲᠠᠷᠨᠢ | ᠣᠡᠭᠰᠢᠭᠤᠯᠣᠬᠰᠠᠨ ᠤ ᠲᠠᠷᠠᠭ᠎ᠠ ᠠᠮᠢᠯᠠᠭᠤᠯᠣᠬᠰᠠᠨ ᠲᠠᠬᠢᠯ ᠤᠨ ᠵᠦᠢᠯ ᠢᠶᠠᠨ ᠶᠠᠩᠰᠢᠪ ᠤᠨ ᠭᠤᠣᠯ ᠳᠤ ᠠᠪᠠᠴᠢᠨ | ᠣᠷᠣᠰᠬᠠᠳᠠᠬ ᠪᠠᠶᠢᠨ᠎ᠠ᠃ ᠮᠣᠩᠭᠤᠯᠵᠢᠨ ᠬᠤᠰᠢᠭᠤᠨ ᠤ ᠭᠡᠭᠡᠨ ᠰᠦᠮ᠎ᠡ ᠶᠢᠨ ᠬᠢᠨᠢ ᠪᠠᠰᠠ ᠵᠢᠷᠭᠤᠭᠠᠨ ᠰᠠᠷ᠎ᠠ ᠶᠢᠨ | ᠠᠷᠪᠠᠨ ᠭᠤᠷᠪᠠᠨ ᠳᠤ ᠯᠣᠣᠰ ᠲᠠᠬᠢᠳᠠᠬ ᠶᠣᠮ᠃ ᠲᠠᠬᠢᠯᠭ᠎ᠠ ᠶᠢᠨ ᠡᠳᠦᠷ ᠪᠣᠯᠪᠠᠯ ᠮᠦᠷᠭᠦᠯᠴᠢᠳ ᠠᠴᠠ ᠠᠮᠢᠳᠦ | ᠵᠢᠭᠠᠰᠣ ᠬᠤᠳᠠᠯᠳᠣᠨ ᠠᠪᠬᠤ ᠪᠣᠶᠣ ᠪᠣᠰᠣᠳ ᠲᠠᠬᠢᠯᠭ᠎ᠠ ᠶᠢᠨ ᠵᠦᠢᠯ ᠢ ᠬᠤᠳᠠᠯᠳᠣᠨ ᠠᠪᠴᠦ ︽ᠭᠡᠭᠡᠨ ᠰᠦᠮ᠎ᠡ ᠶᠢᠨ | ᠴᠦᠬᠦᠷᠦᠮ︾ ᠤᠨ ᠬᠦᠪᠡᠭᠡᠨ ᠳᠤ ᠬᠦᠷᠴᠦ ᠭᠡᠭᠡᠨ ᠯᠠᠮᠠ ᠨᠠᠷ ᠲᠦᠷᠦᠭᠦᠦ ᠲᠠᠢ ᠣᠯᠠᠨ ᠯᠠᠮᠠ ᠨᠠᠷ ᠤᠨ ᠡᠮᠦᠨ᠎ᠡ | ᠣᠴᠢᠵᠦ ᠡᠷᠭᠦᠴᠡ ᠪᠠᠷᠢᠴᠠ ᠪᠠᠨ ᠡᠷᠭᠦᠭᠡᠳ ᠠᠪᠠᠴᠢᠬᠰᠠᠨ ᠵᠢᠭᠠᠰᠣ ᠪᠣᠯᠣᠨ ᠲᠠᠬᠢᠯ ᠪᠠᠯᠢᠩ ᠤᠨ ᠵᠦᠢᠯ ᠢᠶᠠᠨ ᠨᠣᠮ | ᠣᠡᠭᠰᠢᠭᠤᠯᠵᠦ ᠠᠮᠢᠯᠠᠭᠤᠯᠣᠬᠰᠠᠨ ᠤ ᠲᠠᠷᠠᠭ᠎ᠠ ᠴᠦᠬᠦᠷᠦᠮ ᠤᠨ ᠣᠰᠣᠨ ᠳᠤ ᠲᠠᠯᠪᠢᠨ ᠣᠷᠣᠭᠤᠯᠵᠦ᠂ ᠠᠮᠢ | ᠠᠪᠣᠷᠠᠬᠰᠠᠨ ᠪᠣᠶᠠᠨ ᠦᠢᠯᠡᠳᠴᠦ᠂ ᠡᠨᠡ ᠲᠦᠷᠦᠯ ᠤᠨ ᠨᠢᠭᠦᠯ ᠬᠢᠯᠢᠨᠴᠡ ᠪᠠᠨ ᠨᠢᠮᠭᠡᠷᠡᠭᠦᠯᠵᠦ ᠢᠷᠡᠬᠦ | ᠲᠦᠷᠦᠯ ᠤᠨ ᠢᠶᠠᠨ ᠰᠠᠶᠢᠨ ᠰᠠᠶᠢᠬᠠᠨ ᠢ ᠲᠠᠭᠠᠳᠬᠠᠨ ᠮᠦᠷᠭᠦᠳᠡᠭ ᠦᠵᠡᠭᠳᠡᠯ ᠪᠣᠢ᠃ | ᠡᠭᠦᠨ ᠠᠴᠠ ᠭᠠᠳᠠᠨ᠎ᠠ ᠬᠤᠷᠴᠢᠨ ᠳᠤ ᠪᠠᠰᠠ ᠬᠡᠦᠬᠡᠳ ᠠᠴᠠ ᠯᠣᠣ ᠪᠣᠷᠣᠭᠠᠨ ᠣᠷᠣᠭᠤᠯᠬᠤ ᠳᠠᠭᠠᠨ ᠡᠭᠦᠯᠡ | ᠡᠭᠦᠰᠭᠡᠵᠦ ᠪᠠᠶᠢᠨ᠎ᠠ ᠭᠡᠵᠦ ᠲᠣᠬᠯᠠᠪᠠᠯ ᠲᠡᠭᠷᠢ ᠲᠣᠣᠭᠠᠷᠣᠨ᠎ᠠ᠂ ᠭᠠᠳᠠᠬᠰᠢ ᠭᠠᠷᠬᠤ ᠬᠦᠮᠦᠨ ᠳᠤ ᠮᠣᠭᠠᠢ ᠵᠠᠮ | ᠣᠬᠳᠣᠯᠵᠦ ᠪᠠᠶᠢᠭ᠎ᠠ ᠬᠠᠷᠠᠬᠳᠠᠪᠠᠯ ᠯᠣᠣᠰ ᠬᠤᠷᠢᠬᠯᠠᠵᠦ ᠪᠠᠶᠢᠨ᠎ᠠ᠂ ᠶᠠᠪᠣᠳᠠᠯ ᠣᠴᠢᠷ ᠰᠠᠭᠠᠳ ᠲᠠᠢ ᠪᠣᠯᠳᠠᠬ ᠠᠴᠠ | ᠪᠣᠴᠠᠵᠦ ᠢᠷᠡᠬᠦ ᠬᠡᠷᠡᠭᠳᠡᠢ᠂ ᠮᠣᠭᠠᠢ ᠶᠢ ᠰᠢᠷᠣᠢ ᠳᠤ ᠪᠣᠯᠠᠵᠦ ᠠᠯᠠᠪᠠᠯ ᠯᠣᠣᠰ ᠬᠢᠯᠢᠩᠨᠡᠵᠦ ᠬᠡᠦᠬᠡᠳ ᠨᠢ ᠵᠡᠮᠳᠡᠭ | ᠲᠦᠷᠦᠨ᠎ᠡ᠂ ᠮᠣᠭᠠᠢ ᠶᠢᠨ ᠠᠮᠠᠨ ᠳᠤ ᠪᠣᠬᠢ ᠴᠢᠬᠢᠵᠦ ᠠᠯᠠᠪᠠᠯ ᠬᠡᠦᠬᠡᠳ ᠨᠢ ᠶᠠᠪᠠ ᠪᠣᠯᠣᠨ᠎ᠠ᠂ ᠮᠡᠯᠡᠬᠡᠢ ᠠᠯᠠᠪᠠᠯ | ᠦᠨᠢᠶ᠎ᠠ ᠰᠣᠪᠠᠶᠢᠷᠠᠵᠦ᠂ ᠦᠬᠡᠷ ᠮᠠᠯ ᠡᠪᠡᠳᠴᠢᠯᠡᠨ᠎ᠡ ᠁ ᠭᠡᠬᠦ ᠮᠡᠳᠦ ᠶᠢᠨ ᠯᠣᠣᠰ ᠲᠠᠢ ᠬᠤᠯᠪᠣᠬᠳᠠᠬᠰᠠᠨ ᠮᠠᠰᠢ | ᠣᠯᠠᠨ ᠴᠡᠭᠡᠷ ᠶᠣᠰᠣ ᠣᠳᠣ ᠳᠤ ᠲᠣᠯᠳᠠᠯ᠎ᠠ ᠣᠯᠠᠮᠵᠢᠯᠠᠬᠳᠠᠬᠰᠠᠭᠠᠷ ᠪᠠᠶᠢᠨ᠎ᠠ᠃ | ᠬᠤᠷᠴᠢᠨ ᠲᠠᠷᠢᠶᠠᠴᠢᠳ ᠤᠨ ᠯᠣᠣᠰ ᠰᠢᠳᠦᠯᠭᠡ ᠨᠢ ᠦᠨᠡᠨ ᠳᠡᠭᠡᠨ ᠣᠰᠣ᠂ ᠣᠰᠣᠨ ᠤ ᠠᠮᠢᠳᠠᠨ᠂ ᠯᠣᠣ | ᠭᠡᠬᠦ ᠰᠢᠳᠢᠴᠢᠯᠡᠭᠰᠡᠨ ᠠᠮᠢᠳᠠᠨ ᠵᠡᠷᠭᠡ ᠶᠢ ᠪᠠᠭᠳᠠᠭᠠᠬᠰᠠᠨ ᠨᠢᠭᠡᠳᠦᠮᠡᠯ ᠬᠡᠯᠪᠡᠷᠢ ᠶᠢᠨ ᠰᠢᠳᠦᠯᠭᠡ ᠪᠣᠯᠣᠨ᠎ᠠ᠃ ᠰᠢᠳᠦᠯᠭᠡ | ᠪᠢᠰᠢᠷᠡᠯ ᠳᠤ ᠬᠡᠳᠦ᠋ᠢᠪᠡᠷ ᠰᠢᠨᠵᠢᠯᠡᠬᠦ ᠣᠬᠠᠭᠠᠨ ᠤ ᠪᠣᠳᠠᠳᠦ ᠪᠠᠶᠢᠳᠠᠯ ᠲᠠᠢ ᠨᠡᠶᠢᠴᠡᠬᠦ ᠦᠭᠡᠢ ᠵᠦᠢᠯ ᠣᠯᠠᠨ ᠪᠠᠶᠢᠭ᠎ᠠ | ᠪᠣᠯᠪᠠᠴᠦ ᠰᠢᠳᠦᠯᠭᠡ ᠪᠢᠰᠢᠷᠡᠯ ᠠᠴᠠ ᠪᠣᠢ ᠪᠣᠯᠣᠬᠰᠠᠨ ᠵᠠᠩ ᠦᠢᠯᠡ᠂ ᠶᠣᠰᠣ ᠰᠣᠷᠳᠠᠬᠤᠨ ᠵᠡᠷᠭᠡ ᠨᠢ ᠬᠦᠮᠦᠨ | ᠲᠦᠷᠦᠯᠬᠢᠳᠡᠨ ᠤ ᠨᠡᠶᠢᠭᠡᠮ ᠨᠢ ᠡᠬᠡ ᠪᠠᠶᠢᠭᠠᠯᠢ ᠪᠠᠨ ᠲᠠᠨᠢᠵᠦ᠂ ᠡᠬᠡ ᠪᠠᠶᠢᠭᠠᠯᠢ ᠪᠠᠨ ᠬᠠᠶᠢᠷᠠᠯᠠᠵᠦ᠂ ᠡᠬᠡ | ᠪᠠᠶᠢᠭᠠᠯᠢ ᠪᠠᠨ ᠰᠢᠳᠦᠵᠦ᠂ ᠡᠬᠡ ᠪᠠᠶᠢᠭᠠᠯᠢ ᠲᠠᠢ ᠪᠠᠨ ᠡᠶ᠎ᠡ ᠵᠣᠬᠢᠴᠠᠯ ᠲᠠᠢ ᠪᠠᠷ ᠣᠷᠣᠰᠢᠬᠰᠠᠭᠠᠷ ᠣᠳᠣ ᠳᠤ | ᠲᠣᠯᠣᠬᠰᠠᠨ ᠤ ᠪᠣᠳᠠᠳᠦ ᠬᠡᠷᠡᠴᠢ ᠪᠣᠯᠵᠠᠢ᠃ | | |