ᠬᠤᠭᠤᠷ ᠤᠨ ᠦᠯᠢᠭᠡᠷ ᠤᠨ ᠮᠤᠩᠭᠤᠯᠴᠤᠳ ᠤᠨ ᠤᠯᠠᠮᠵᠢᠯᠠᠯᠳᠤ ᠡᠰᠢ ᠶᠤᠰᠤᠨ ᠤ ᠦᠵᠡᠯᠳᠡ ᠳᠤ ᠦᠵᠡᠬᠦᠯᠦᠭᠰᠡᠨ ᠨᠦᠯᠦᠭᠡ
ᠨᠡᠶᠢᠲᠡᠯᠡᠭᠰᠡᠨ ᠴᠠᠭ᠄
2018-11-05
     ᠮᠢᠩ ᠴᠢᠩ ᠤᠨ ᠹᠸᠤᠳᠠᠯ ᠨᠤᠶᠠᠷᠬᠠᠭᠴᠢ ᠨᠢ ᠳᠤᠭᠤᠵᠢᠰ ᠤᠨ ᠨᠡᠶᠢᠭᠡᠮ ᠤᠨ ᠴᠢᠳᠠᠪᠬᠢ ᠶᠢ ᠮᠠᠰᠢ ᠴᠢᠬᠤᠯᠠᠴᠢᠯᠠᠨ ᠦᠵᠡᠳᠡᠭ᠃ ᠡᠨᠡ ᠨᠢ ᠳᠡᠳᠡᠨᠡᠷ ᠤᠨ ᠨᠡᠶᠢᠭᠡᠮ ᠤᠨ ᠡᠰᠢ ᠶᠤᠰᠤ ᠬᠢᠭᠡᠳ ᠳᠦᠷᠦ ᠶᠢ ᠵᠠᠰᠠᠬᠤ ᠶᠢ ᠨᠢᠭᠡ ᠴᠤᠭᠴᠠ ᠪᠤᠯᠭᠠᠨ ᠦᠵᠡᠳᠡᠭ ᠦᠵᠡᠯ ᠰᠠᠨᠠᠭ᠎ᠠ ᠲᠠᠢ ᠰᠢᠭᠤᠳ ᠬᠤᠯᠪᠤᠭ᠎ᠠ ᠲᠠᠢ᠃ ᠳᠡᠳᠡᠨᠦᠰ ᠡᠰᠢ ᠶᠤᠰᠤᠨ ᠰᠠᠶᠢᠵᠢᠷᠠᠪᠠᠰᠤ ᠳᠦᠷᠦ ᠬᠦᠷᠦᠨ ᠳᠡᠭᠵᠢᠷᠡᠵᠦ᠂ ᠡᠰᠢ ᠶᠤᠰᠤᠨ ᠳᠤᠷᠦ᠋ᠢᠳᠠᠪᠠᠰᠤ ᠳᠦᠷᠦ ᠬᠦᠷᠦᠨ ᠮᠦᠬᠦᠮᠦᠢ ᠬᠡᠮᠡᠨ ᠤᠶᠢᠯᠠᠭᠠᠵᠦ ᠪᠠᠶᠢᠵᠠᠢ᠃ ᠡᠨᠡ ᠳᠤᠬᠠᠢ ᠬᠢᠳᠡᠳ ᠤᠨ ︽ᠬᠠᠨ‌‍ᠹᠢ ᠽᠢ • ᠰᠢᠳᠤᠷᠭᠤ ᠠᠴᠢᠯᠠᠯ ᠡᠯᠪᠡᠷᠢᠯ︾ ᠳᠤ ︽ᠳᠦᠰᠢᠮᠡᠯ ᠢᠨᠦ ᠡᠵᠡᠨ ᠳᠡᠭᠡᠨ ᠦᠢᠯᠡᠴᠢᠯᠡᠬᠦ᠂ ᠬᠦᠪᠡᠬᠦᠨ ᠢᠨᠤ ᠡᠴᠢᠭᠡ ᠳᠡᠭᠡᠨ ᠦᠢᠯᠡᠴᠢᠯᠡᠬᠦ᠂ ᠡᠭᠡᠨᠡᠷ ᠢᠨᠦ ᠡᠷ᠎ᠠ ᠳᠡᠭᠡᠨ ᠦᠢᠯᠡᠴᠢᠯᠡᠬᠦ ᠪᠤᠯ ᠳᠡᠭᠷᠢ ᠶᠢᠨ ᠳᠤᠤᠷᠠᠬᠢ ᠬᠡᠪ ᠶᠤᠰᠤᠨ ᠪᠤᠯᠠᠢ︾ ᠬᠡᠮᠡᠨ ᠦᠬᠦᠯᠡᠵᠦ᠂ ︽ᠳᠤᠰ ᠭᠤᠷᠪᠠᠨ ᠬᠡᠯᠬᠢᠶ᠎ᠠ ᠨᠢ ᠢᠯᠭᠤᠮ ᠪᠤᠯᠪᠠᠰᠤ ᠳᠦᠷᠦ ᠳᠦᠪᠰᠢᠨ᠂ ᠳᠤᠰ ᠭᠤᠷᠪᠠᠨ ᠬᠡᠯᠬᠢᠶ᠎ᠠ ᠡᠪᠳᠡᠭᠳᠡᠪᠡᠰᠤ ᠳᠦᠷᠦ ᠳᠠᠷᠤᠢ ᠰᠠᠮᠠᠭᠤᠷᠠᠮᠤᠢ︾ ᠬᠡᠵᠦ ᠪᠢᠴᠢᠭᠰᠡᠨ ᠪᠠᠶᠢᠨ᠎ᠠ᠃ ᠡᠶᠢᠮᠦ ᠠᠴᠠ ᠪᠢᠴᠢᠭ ᠤᠨ ᠰᠤᠷᠭᠠᠯᠳᠠᠨ ᠤ ᠡᠷᠬᠢᠮᠯᠡᠳᠡᠭ ︽ᠭᠤᠷᠪᠠᠨ ᠬᠡᠯᠬᠢᠶ᠎ᠠ ᠳᠠᠪᠤᠨ ᠡᠬᠦᠷᠢᠳᠡ︾ ᠶᠢᠨ ᠡᠰᠢ ᠶᠤᠰᠤᠨ ᠤ ᠦᠵᠡᠯ ᠰᠠᠨᠠᠭ᠎ᠠ ᠨᠢ ᠹᠸᠤᠳᠠᠯ ᠨᠡᠶᠢᠭᠡᠮ ᠤᠨ ᠳᠦᠷᠦ ᠬᠦᠷᠦᠨ ᠤ ᠳᠤᠭᠳᠠᠭᠤᠨ ᠡᠰᠡᠬᠦ ᠶᠢ ᠬᠡᠮᠵᠢᠬᠦ ᠴᠢᠬᠤᠯᠠ ᠪᠠᠷᠢᠮᠵᠢᠶ᠎ᠠ ᠪᠤᠯᠵᠦ ᠪᠠᠶᠢᠭᠰᠠᠨ ᠶᠤᠮ᠃ ᠳᠡᠳᠡᠨᠡᠷ ᠺᠦᠡᠭᠽᠢ ᠮᠧᠡᠭᠽᠢ ᠶᠢ ᠴᠢᠬᠤᠯᠠᠴᠢᠯᠠᠨ ᠡᠷᠬᠦᠵᠦ ︽ᠳᠦᠷᠪᠡᠨ ᠪᠢᠴᠢᠭ︾᠂ ︽ᠳᠠᠪᠤᠨ ᠨᠤᠮ︾ ᠢ ᠡᠷᠬᠢᠮᠯᠡᠨ ᠴᠢᠬᠤᠯᠠᠴᠢᠯᠠᠵᠦ ᠪᠠᠶᠢᠵᠠᠢ᠃ ᠮᠢᠩ ᠳᠠᠶᠢᠽᠦ ᠵᠦ ᠶᠤᠸᠠᠨ ᠵᠠᠩ ᠳᠦᠷᠦ ᠪᠠᠷᠢᠭᠰᠠᠨ ᠤ ᠳᠠᠷᠠᠭ᠎ᠠ ᠭᠤᠷᠪᠠᠨ ᠵᠢᠯ ᠨᠢᠭᠡ ᠤᠳᠠᠭ᠎ᠠ ᠰᠢᠯᠭᠠᠭᠤᠯᠢ ᠶᠠᠪᠤᠭᠤᠯᠬᠤ ᠪᠦᠭᠡᠳ ᠰᠢᠯᠭᠠᠭᠤᠯᠢ ᠳᠤ ᠵᠠᠪᠠᠯ ︽ᠳᠦᠷᠪᠡᠨ ᠪᠢᠴᠢᠭ︾᠂ ︽ᠳᠠᠪᠤᠨ ᠨᠤᠮ︾ ᠢ ᠰᠢᠯᠭᠠᠳᠠᠭ᠃ ᠰᠢᠯᠭᠠᠭᠤᠯᠢ ᠳᠤ ᠤᠷᠤᠯᠴᠠᠭᠰᠠᠳ ᠨᠢ ᠰᠡᠳᠤᠪ ᠬᠠᠷᠢᠭᠤᠯᠬᠤ ᠳᠠᠭᠠᠨ ᠵᠠᠪᠠᠯ ᠬᠢᠳᠡᠳ ᠤᠨ ᠶᠤᠰᠤ ᠰᠤᠷᠳᠠᠬᠤᠨ ᠤ ᠤᠬᠠᠭᠠᠠᠳᠠᠨ ᠵᠦ ᠰᠢ ᠵᠡᠷᠭᠡ ᠬᠦᠮᠦᠰ ᠤᠨ ᠳᠠᠶᠢᠯᠪᠤᠷᠢ ᠶᠢ ᠦᠨᠳᠦᠰᠦᠯᠡᠵᠦ ᠬᠠᠷᠢᠭᠤᠯᠬᠤ ᠬᠡᠷᠡᠭᠳᠡᠢ᠃ ᠡᠬᠦᠨ ᠠᠴᠠ ᠪᠤᠯᠵᠦ᠂ ᠪᠢᠴᠢᠭ ᠤᠡᠭᠰᠢᠬᠴᠢᠳ ᠠᠨᠤ ︽ᠵᠦ ᠰᠢ ᠶᠢᠨ ᠰᠤᠷᠭᠠᠯ ᠠᠴᠠ ᠪᠤᠰᠤᠳ ᠰᠤᠷᠭᠠᠯ ᠢ ᠠᠶᠤᠵᠦ ᠰᠤᠷᠬᠤ ᠦᠭᠡᠢ᠂ ᠵᠦ ᠰᠢ ᠶᠢᠨ ᠰᠤᠷᠭᠠᠯ ᠠᠴᠠ ᠪᠤᠰᠤᠳ ᠶᠤᠰᠤᠯᠠᠯ ᠢ ᠠᠶᠤᠵᠦ ᠶᠠᠪᠤᠭᠤᠯᠬᠤ ᠦᠭᠡᠢ︾ ᠪᠤᠯᠤᠭᠰᠠᠨ ᠪᠠᠶᠢᠨ᠎ᠠ᠃ ᠮᠢᠩ ᠴᠢᠩ ᠤᠨ ᠳᠡᠳᠡᠭᠡᠷ ᠳᠤᠭᠤᠵᠢᠰ ᠤᠨ ᠵᠤᠬᠢᠶᠠᠯᠴᠢᠳ ᠠᠨᠤ ᠪᠠᠭ᠎ᠠ ᠠᠴᠠ ᠪᠠᠨ ᠡᠶᠢᠮᠦᠷᠬᠦ ᠪᠢᠴᠢᠭ ᠤᠨ ᠰᠤᠷᠭᠠᠯᠳᠠᠳ ᠤᠨ ᠦᠵᠡᠯ ᠰᠠᠨᠠᠭᠠᠨ ᠤ ᠬᠦᠮᠦᠵᠢᠯ ᠢ ᠬᠦᠷᠳᠡᠭᠰᠡᠨ ᠠᠴᠠ᠂ ᠪᠢᠴᠢᠭ ᠤᠨ ᠰᠤᠷᠭᠠᠯᠳᠠᠳ ᠤᠨ ᠡᠰᠢ ᠶᠤᠰᠤᠨ ᠤ ᠦᠵᠡᠯ ᠰᠠᠨᠠᠭ᠎ᠠ ᠨᠢ ᠳᠡᠳᠡᠨᠡᠷ ᠢ ᠬᠦᠨ ᠨᠦᠯᠦᠭᠡᠯᠡᠭᠰᠡᠨ ᠪᠠᠶᠢᠨ᠎ᠠ᠃ ᠡᠶᠢᠮᠦ ᠠᠴᠠ ᠳᠡᠳᠡᠨᠦᠰ ‍ᠤᠨ‌‍ᠪᠢᠴᠢᠭᠰᠡᠨ ᠳᠤᠭᠤᠵᠢᠰ ᠤᠨ ᠵᠤᠬᠢᠶᠠᠯ ᠳᠤ ᠪᠢᠴᠢᠭ ᠤᠨ ᠰᠤᠷᠭᠠᠯᠳᠠᠨ ᠤ ᠡᠰᠢ ᠶᠤᠰᠤᠨ ᠤ ᠦᠵᠡᠯ ᠰᠠᠨᠠᠭ᠎ᠠ ᠨᠡᠶᠢᠳᠡᠮ ᠳᠤᠤᠱᠯᠠᠬᠳᠠᠵᠦ ᠪᠤᠢ᠃      ᠤᠯᠠᠮᠵᠢᠯᠠᠯᠳᠤ ᠬᠤᠭᠤᠷ ᠤᠨ ᠦᠯᠢᠭᠡᠷ ᠨᠢ ᠮᠢᠩ ᠴᠢᠩ ᠤᠨ ᠳᠤᠭᠤᠵᠢᠰ ᠤᠨ ᠵᠤᠬᠢᠶᠠᠯ ᠠᠴᠠ ᠡᠰᠢ ᠠᠪᠴᠤ ᠬᠡᠯᠡᠳᠡᠭ ᠪᠤᠯᠬᠤᠷ ᠳᠡᠬᠦᠨ ᠤ ᠠᠭᠤᠯᠭ᠎ᠠ᠂ ᠦᠵᠡᠯ ᠰᠠᠨᠠᠭ᠎ᠠ ᠳᠤᠨᠢ ᠬᠢᠳᠡᠳ ᠤᠨ ᠪᠢᠴᠢᠭ ᠤᠨ ᠰᠤᠷᠭᠠᠯᠳᠠᠨ ᠤ ᠡᠰᠢ ᠶᠤᠰᠤᠨ ᠤ ᠦᠵᠡᠯ ᠰᠠᠨᠠᠭ᠎ᠠ ᠨᠡᠶᠢᠳᠡᠮ ᠳᠦᠪᠯᠡᠷᠡᠭᠰᠡᠨ ᠪᠠᠶᠢᠨ᠎ᠠ᠃ ᠡᠶᠢᠮᠦ ᠠᠴᠠ ᠬᠤᠭᠤᠷ ᠤᠨ ᠦᠯᠢᠭᠡᠷ ᠤᠨ ᠤᠯᠠᠮᠵᠢᠯᠠᠭᠳᠠᠯ ᠢ ᠳᠠᠭᠠᠯᠳᠤᠨ᠂ ᠡᠳᠡᠭᠡᠷ ᠡᠰᠢ ᠶᠤᠰᠤᠨ ᠤ ᠦᠵᠡᠯ ᠰᠠᠨᠠᠭ᠎ᠠ ᠨᠢ ᠮᠤᠩᠭᠤᠯᠴᠤᠳ ᠤᠨ ᠤᠯᠠᠮᠵᠢᠯᠠᠯᠳᠤ ᠡᠰᠢ ᠶᠤᠰᠤᠨ ᠤ ᠦᠵᠡᠯ ᠰᠠᠨᠠᠭ᠎ᠠ ᠶᠢ ᠨᠦᠯᠦᠭᠡᠯᠡᠬᠦ ᠨᠢ ᠳᠠᠮᠵᠢᠭ ᠦᠭᠡᠢ ᠶᠤᠮ᠃ ᠡᠨᠡ ᠳᠤᠬᠠᠢ ᠵᠠᠷᠢᠮ ᠵᠤᠬᠢᠶᠠᠯᠴᠢ ᠠᠴᠠ ︽ᠬᠤᠭᠤᠷ ᠤᠨ ᠦᠯᠢᠭᠡᠷ ᠨᠢ ᠤᠳᠤ ᠶᠢᠨ ᠷᠠᠳᠢᠣ᠋ ᠳᠧᠯᠧᠢᠰ‌‍ᠤᠨ ᠤᠬᠠᠭᠤᠯᠭ᠎ᠠ ᠠᠴᠠ ᠳᠤᠤᠷ᠎ᠠ ᠦᠭᠡᠢ᠂ ᠬᠢᠳᠡᠳ ᠤᠨ ᠹᠧᠤᠳᠠᠯ ᠶᠤᠰᠤ ᠶᠢ ᠳᠠᠭᠤᠤ ᠲᠠᠢ ᠰᠢᠯᠦᠭ ᠲᠠᠢ᠂ ᠦᠯᠢᠭᠡᠷ ᠲᠠᠢ ᠬᠤᠯᠪᠤᠭ᠎ᠠ ᠲᠠᠢ᠂ ᠶᠤᠰᠤ ᠲᠠᠢ ᠳᠢᠭᠯᠢᠮ ᠲᠠᠢ ᠵᠠᠭᠤᠨ ᠤᠨ ᠵᠢᠭᠠᠨ ᠤᠯᠮᠠᠵᠢᠯᠠᠭᠰᠠᠨ ᠶᠤᠮ︾ ᠬᠡᠵᠦ ᠬᠡᠯᠡᠭᠰᠡᠨ ᠨᠢ ᠮᠠᠰᠢ ᠵᠦᠢᠳᠡᠢ ᠠᠵᠢ᠃ ᠡᠬᠦᠨ ᠳᠤ ᠮᠤᠩᠭᠤᠯᠴᠤᠳ ᠢ ᠨᠦᠯᠦᠭᠡᠯᠡᠭᠰᠡᠨ ᠳᠦᠯᠦᠭᠡᠯᠡᠬᠦ ᠴᠢᠨᠠᠷ ᠲᠠᠢ ᠡᠰᠢ ᠶᠤᠰᠤᠨ ᠤ ᠦᠵᠡᠯ ᠬᠡᠪᠡᠯ ︽ᠭᠤᠷᠪᠠᠨ ᠬᠡᠯᠬᠢᠶ᠎ᠠ ᠳᠠᠪᠤᠨ ᠡᠬᠦᠷᠢᠳᠡ︾ ᠶᠢᠨ ᠡᠰᠢ ᠶᠤᠰᠤᠨ ᠤ ᠦᠵᠡᠯ ᠰᠠᠨᠠᠭ᠎ᠠ᠂ ︽ᠭᠤᠷᠪᠠᠨ ᠳᠠᠭᠠᠯᠳᠠ ᠳᠦᠷᠪᠡᠨ ᠡᠷᠳᠡᠨᠢ︾ ᠶᠢᠨ ᠡᠰᠢ ᠶᠤᠰᠤᠨ ᠤ ᠦᠵᠡᠯ ᠰᠠᠨᠠᠭ᠎ᠠ᠂ ᠡᠮᠡᠭᠳᠡᠶᠢᠴᠤᠳ ᠤᠨ ᠳᠦᠷᠦᠵᠦ ᠬᠦᠡᠭᠭᠡᠵᠢᠬᠦ ᠳᠤ ᠬᠤᠯᠪᠤᠭᠳᠠᠬᠤ ᠠᠷᠢᠭᠤᠨ ᠴᠡᠪᠡᠷ ᠤᠨ ᠲᠤᠬᠠᠢ ᠡᠰᠢ ᠶᠤᠰᠤᠨ ᠤ ᠦᠵᠡᠯ ᠰᠠᠨᠠᠭ᠎ᠠ ᠵᠡᠷᠭᠡ ᠪᠤᠢ᠃ ︵ᠨᠢᠭᠡ︶ ︽ᠭᠤᠷᠪᠠᠨ ᠬᠡᠯᠬᠢᠶ᠎ᠠ ᠳᠠᠪᠤᠨ ᠡᠬᠦᠷᠢᠳᠡ︾ ᠶᠢᠨ ᠡᠰᠢ ᠶᠤᠰᠤᠨ ᠤ ᠦᠵᠡᠯ ᠰᠠᠨᠠᠭ᠎ᠠ      ᠬᠤᠭᠤᠷᠴᠢᠳ ᠬᠤᠭᠤᠷ ᠤᠨ ᠦᠯᠢᠭᠡᠷ ᠪᠦᠬᠦᠨ ᠳᠤ ︽ᠭᠤᠷᠪᠠᠨ ᠬᠡᠯᠬᠢᠶ᠎ᠠ ᠳᠠᠪᠤᠨ ᠡᠬᠦᠷᠢᠳᠡ︾ ᠶᠢ ᠮᠠᠰᠢ ᠴᠢᠬᠤᠯᠠᠴᠢᠯᠠᠨ ᠬᠡᠯᠡᠳᠡᠭ᠃ ᠳᠠᠷᠤᠢ ︽ᠡᠵᠡᠨ ᠳᠦᠰᠢᠮᠡᠯ ᠤᠨ ᠬᠡᠯᠬᠢᠶ᠎ᠠ᠂ ᠡᠴᠢᠭᠡ ᠬᠦᠦ ᠶᠢᠨ ᠬᠡᠯᠬᠢᠶ᠎ᠠ᠂ ᠡᠷ᠎ᠠ ᠡᠮ᠎ᠠ ᠶᠢᠨ ᠬᠡᠯᠬᠢᠶ᠎ᠠ︾ ᠬᠡᠬᠦ ᠭᠤᠷᠪᠠᠨ ᠬᠡᠯᠬᠢᠶ᠎ᠠ ᠪᠤᠯᠤᠨ᠎ᠠ᠃      ᠭᠤᠷᠪᠠᠨ ᠬᠡᠯᠬᠢᠶ᠎ᠠ ᠬᠡᠳᠡᠭ ᠨᠢ ᠳᠠᠷᠤᠢ ᠳᠦᠰᠢᠮᠡᠯ ᠵᠠᠪᠠᠯ ᠡᠵᠡᠨ ᠳᠡᠭᠡᠨ ᠰᠢᠳᠤᠷᠭᠤ᠂ ᠬᠦᠦ ᠨᠢ ᠡᠴᠢᠭᠡ ᠳᠡᠭᠡᠨ ᠡᠯᠪᠡᠷᠢᠯ ᠲᠠᠢ᠂ ᠡᠭᠡᠨᠡᠷ ᠨᠢ ᠵᠠᠪᠠᠯ ᠡᠷ᠎ᠠ ᠳᠡᠭᠡᠨ ᠦᠨᠡᠨᠴᠢ ᠪᠠᠶᠢᠬᠤ᠂ ᠮᠦᠨ ᠡᠵᠡᠨ᠂ ᠡᠴᠢᠭᠡ᠂ ᠡᠷ᠎ᠠ ᠨᠢ ᠵᠠᠪᠠᠯ ᠳᠦᠰᠢᠮᠡᠯ᠂ ᠬᠦᠦ᠂ ᠡᠭᠡᠨᠡᠷ ᠤᠨ ᠳᠠᠭᠤᠷᠢᠶᠠᠯ ᠪᠤᠯᠬᠤ ᠬᠡᠷᠡᠭᠳᠡᠢ ᠬᠡᠬᠦ ᠦᠵᠡᠯ ᠰᠠᠨᠠᠭ᠎ᠠ ᠪᠤᠯᠤᠨ᠎ᠠ᠃      ᠳᠡᠪᠤᠨ ᠡᠬᠦᠷᠢᠳᠡ ᠬᠡᠮᠡᠭᠴᠢ᠄ ︽ᠦᠷᠦᠰᠢᠶᠡᠯ᠂ ᠵᠢᠷᠦᠮ᠂ ᠶᠤᠰᠤᠯᠠᠯ᠂ ᠡᠷᠳᠡᠮ᠂ ᠢᠳᠡᠬᠡᠯ︾ ᠪᠤᠯᠤᠨ᠎ᠠ᠃ ᠳᠦᠰᠢᠮᠡᠯ ᠨᠢ ᠡᠵᠡᠨ ᠳᠡᠭᠡᠨ ᠰᠢᠳᠤᠷᠭᠤ ᠶᠢ ᠬᠦᠢᠴᠡᠳᠭᠡᠭᠰᠡᠨ ᠳᠦᠯᠦᠭᠡᠯᠡᠭᠴᠢ ᠴᠢᠨᠡᠷ ᠲᠠᠢ ᠦᠯᠢᠭᠡᠷ ᠬᠡᠪᠡᠯ ︽ᠰᠠᠬᠢᠭᠤᠯᠰᠤᠨ ᠡᠷᠬᠦᠮᠵᠢᠯᠡᠭᠰᠡᠨ ᠦᠯᠢᠭᠡᠷ︾ ᠲᠠᠬᠢ ︽ᠪᠧᠢ ᠢᠤᠢ᠂ ᠱᠦ ᠴᠢ ᠬᠤᠶᠠᠭᠤᠯᠠ ᠱᠧᠤ ᠶᠠᠩ ᠰᠠᠨ ᠠᠭᠤᠯᠠᠨ᠎ᠠ ᠦᠯᠪᠡᠷᠴᠦ ᠦᠬᠦᠭᠰᠡᠨ︾ ᠦᠯᠢᠭᠡᠷ ᠪᠤᠯᠤᠨ᠎ᠠ᠃ ᠳᠤᠰ ᠦᠯᠢᠭᠡᠷ ᠲᠤ ᠴᠧᠡᠭ ᠳᠠᠩ ᠤᠨ ᠰᠢᠳᠤᠷᠭᠤ ᠳᠦᠰᠢᠮᠡᠯ ᠪᠧ ᠢᠤᠢ᠂ ᠱᠦ ᠴᠢ ᠠᠴᠠ ᠡᠤ ᠸᠠᠩ ᠵᠢᠢ ᠹᠠ ᠴᠡᠷᠢᠭ ᠳᠠᠶᠢᠴᠢᠯᠠᠵᠦ ᠶᠢᠨ ᠵᠧᠤ ᠸᠠᠩ ᠢ ᠳᠠᠶᠢᠯᠠᠬᠤ ᠳᠤ ᠴᠡᠷᠢᠭ ᠤᠨ ᠵᠠᠮ ᠢ ᠳᠤᠰᠴᠤ ᠵᠡᠬᠦᠨᠰᠢ ᠳᠠᠶᠢᠯᠠᠬᠤ ᠶᠢ ᠬᠤᠷᠢᠬᠯᠠᠵᠠᠢ᠃ ᠪᠧ ᠢᠤᠢ᠂ ᠱᠦ ᠴᠢ ᠶᠢᠨ ᠦᠵᠡᠬᠦ ᠪᠠᠷ ᠳᠦᠰᠢᠮᠡᠯ ᠨᠢ ᠡᠵᠡᠨ ᠢᠶᠠᠨ ᠳᠠᠶᠢᠯᠠᠬᠤ ᠨᠢ ᠡᠵᠡᠨ ᠳᠦᠰᠢᠮᠡᠯ‌‍ᠤᠨ ᠬᠡᠯᠬᠢᠶ᠎ᠠ ᠶᠢ ᠡᠪᠳᠡᠭᠰᠡᠨ ᠪᠠᠶᠢᠨ᠎ᠠ᠃ ᠬᠡᠪᠡᠴᠤ ᠬᠤᠷᠢᠭᠯᠠᠭᠠᠳ ᠳᠤᠰᠠ ᠭᠠᠷᠤᠭᠰᠠᠨ ᠦᠭᠡᠢ᠃ ᠬᠤᠵᠢᠮ‌ᠨᠢ ᠵᠢᠶᠠᠩ ᠽᠢ ᠶᠠ ᠴᠡᠷᠢᠭ ᠳᠠᠶᠢᠴᠢᠯᠠᠵᠦ ᠱᠠᠩ ᠤᠯᠤᠰ ᠢ ᠮᠦᠬᠦᠭᠡᠭᠰᠡᠨ ᠪᠠᠶᠢᠨ᠎ᠠ᠃ ᠳᠤᠰ ᠴᠢᠮᠡᠭᠡ ᠶᠢ ᠪᠧ ᠢᠤᠢ᠂ ᠱᠦ ᠴᠢ ᠰᠤᠨᠤᠰᠤᠭᠠᠳ ᠵᠧᠤ ᠤᠯᠤᠰ ᠤᠨ ᠪᠤᠳᠠᠭ᠎ᠠ ᠶᠢ ᠢᠳᠡᠬᠦ ᠦᠭᠡᠢ ᠬᠡᠵᠦ ᠱᠧᠤ ᠶᠠᠩ ᠱᠠᠨ ᠠᠭᠤᠯᠠᠨ᠎ᠠ ᠭᠡᠭᠡᠷ᠎ᠠ ᠶᠢᠨ ᠨᠤᠭᠤᠭ᠎ᠠ ᠵᠢᠮᠢᠰ ᠳᠡᠬᠦᠵᠦ ᠠᠮᠢᠳᠤᠷᠠᠵᠦ ᠪᠠᠶᠢᠭᠰᠠᠨ ᠳᠤ ᠨᠢᠭᠡ ᠬᠦᠮᠦᠨ ᠳᠡᠬᠦᠨ ᠳᠤ ᠤᠳᠤ ᠡᠨᠡ ᠠᠭᠤᠯᠠ ᠮᠦᠷᠡᠨ ᠴᠦᠮ ᠢᠶᠠᠷ ᠵᠧᠤ ᠤᠯᠤᠰ ᠤᠨ ᠪᠤᠯᠤᠭᠰᠠᠨ᠂ ᠦᠨᠡᠨᠳᠡᠬᠡᠨ ᠭᠡᠭᠡᠷ᠎ᠠ ᠶᠢᠨ ᠨᠤᠭᠤᠭ᠎ᠠ ᠵᠢᠮᠢᠰ ᠪᠤᠯᠪᠠᠴᠤ ᠴᠦᠮ ᠵᠧᠤ ᠤᠯᠤᠰ ᠤᠨ ᠪᠤᠯᠠᠢ ᠬᠡᠵᠦ ᠬᠡᠯᠡᠭᠰᠡᠨ ᠳᠤ ᠪᠧ ᠢᠤᠢ᠂ ᠱᠦ ᠴᠢ ᠰᠤᠨᠤᠰᠤᠭᠠᠳ ᠭᠡᠭᠡᠷ᠎ᠠ ᠶᠢᠨ ᠨᠤᠭᠤᠭ᠎ᠠ ᠵᠢᠮᠢᠰ ᠢ ᠴᠤ ᠳᠡᠬᠦᠵᠦ ᠢᠳᠡᠬᠦ ᠪᠠᠨ ᠪᠤᠯᠢᠭᠰᠠᠨ ᠠᠴᠠ ᠦᠯᠪᠡᠷᠴᠤ ᠦᠬᠦᠭᠰᠡᠨ ᠪᠠᠶᠢᠨ᠎ᠠ᠃ ᠳᠡᠳᠡ ᠦᠯᠪᠡᠷᠴᠤ ᠦᠬᠦᠬᠦ ᠪᠠᠷ ᠳᠡᠮᠵᠢᠨ ᠡᠵᠡᠨ ᠳᠡᠭᠡᠨ ᠰᠢᠳᠤᠷᠭᠤ ᠶᠢ ᠬᠦᠢᠴᠡᠳᠭᠡᠵᠡᠢ᠃      ᠳᠡᠪᠤᠨ ᠡᠬᠦᠷᠢᠳᠡ ᠶᠢᠨ ᠳᠤᠬᠠᠢ ᠱᠢ ᠨᠠᠢ ᠠᠨ ᠤ ︽ᠱᠦᠢ ᠬᠤ᠋ ᠶᠢᠨ ᠦᠯᠢᠭᠡᠷ︾ ᠤᠨ ︽ᠶᠠᠨ ᠴᠢᠩ ᠢᠶᠠᠷ ᠴᠢᠤ ᠯᠢᠨ ᠤᠯᠤᠮ ᠳᠤᠷ ᠬᠤᠨ ᠭᠠᠯᠠᠭᠤᠨ ᠢ ᠬᠠᠷᠪᠤᠭᠰᠠᠨ︾ ᠬᠡᠮᠡᠬᠦ ᠵᠠᠭᠤ ᠠᠷᠪᠠᠳᠤᠭᠠᠷ ᠪᠦᠯᠦᠭ‌‍ᠲ᠋ᠤ᠂ ᠶᠠᠨ ᠴᠢᠩ ᠢᠶᠠᠷ ᠴᠢᠤ ᠯᠢᠨ ᠤᠯᠤᠮ ᠳᠤᠷ ᠬᠤᠨ ᠭᠠᠯᠠᠭᠤᠨ ᠢ ᠬᠠᠷᠪᠤᠭᠰᠠᠨ ᠳᠤ ᠰᠦᠡᠭ ᠵᠢᠶᠠᠩ ᠬᠡᠯᠡᠭᠰᠡᠨ ᠨᠢ᠄ ︽ᠡᠨᠡᠬᠦ ᠬᠤᠨ ᠭᠠᠯᠠᠭᠤᠨ ᠬᠡᠮᠡᠭᠴᠢ ᠠᠷᠪᠠ ᠬᠤᠷᠢ ᠡᠰᠡᠬᠦᠯ᠎ᠠ ᠳᠦᠴᠢ ᠳᠠᠪᠢ ᠪᠠᠷ ᠰᠦᠷᠦᠭᠯᠡᠨ ᠬᠡᠯᠬᠢᠶᠡᠯᠡᠵᠦ᠂ ᠡᠷᠬᠢᠮ ᠢᠶᠠᠨ ᠡᠷᠬᠦᠨ ᠡᠮᠦᠨ᠎ᠠ ᠪᠤᠯᠭᠠᠵᠦ᠂ ᠳᠤᠤᠷᠠᠳᠤ ᠠᠨᠤ ᠰᠡᠬᠦᠯ ᠢ ᠳᠠᠷᠤᠵᠦ᠂ ᠡᠮᠬᠢ ᠵᠢᠷᠤᠮ ᠡᠬᠢ ᠰᠡᠬᠦᠯ ᠢᠶᠠᠨ ᠠᠯᠳᠠᠬᠤ ᠦᠭᠡᠢ᠂ ᠁ ᠡᠷᠡᠭᠴᠢᠨ ᠢᠨᠦ ᠡᠮᠡᠭᠴᠢᠨ ᠢᠶᠠᠨ ᠠᠯᠳᠠᠭᠰᠠᠨ ᠪᠠ ᠡᠮᠡᠭᠴᠢᠨ ᠢᠨᠦ ᠡᠷᠡᠭᠴᠢᠨ ᠶᠦᠭᠡᠨ ᠠᠯᠳᠠᠪᠠᠰᠤ ᠦᠬᠦᠨ ᠦᠬᠦᠳᠡᠯ᠎ᠠ ᠭᠤᠤᠨᠢ ᠪᠡᠯᠪᠡᠰᠦᠨ ᠢᠶᠠᠷ ᠠᠮᠢᠳᠤᠷᠠᠬᠤ ᠪᠦᠯᠦᠭᠡ᠃ ᠵᠢᠬᠦᠷᠳᠡᠨ ᠤ ᠳᠤᠤᠷᠠᠬᠢ ᠡᠨᠡ ᠪᠦᠭᠡᠰᠦ ᠦᠷᠦᠰᠢᠶᠡᠯ᠂ ᠵᠢᠷᠦᠮ᠂ ᠶᠤᠰᠤᠯᠠᠯ᠂ ᠡᠷᠳᠡᠮ᠂ ᠢᠳᠡᠬᠡᠯ ᠳᠠᠪᠤᠨ ᠡᠬᠦᠷᠢᠳᠡ ᠶᠢ ᠬᠦᠢᠴᠡᠳᠭᠡᠭᠰᠡᠨ ᠳᠤᠯᠠ ᠳᠡᠶᠢᠨᠬᠦ ᠦᠷᠦᠰᠢᠶᠡᠯ ᠵᠢᠷᠦᠮᠲᠦ ᠠᠮᠢᠳᠠᠨ ᠬᠡᠮᠡᠵᠦᠬᠦᠢ᠃ ᠪᠠᠰᠠ ᠦᠨᠳᠦᠷ ᠤᠭᠳᠠᠷᠭᠤᠢ ᠠᠴᠠ ᠦᠬᠦᠭᠰᠡᠨ ᠭᠠᠯᠠᠭᠤᠨ ᠢ ᠦᠵᠡᠪᠡᠰᠤ ᠴᠦᠮ ᠭᠠᠰᠠᠯᠤᠨ ᠳᠤᠩᠭᠤᠳᠤᠮᠤᠢ᠃ ᠬᠠᠨᠢ ᠪᠠᠨ ᠠᠯᠳᠠᠭᠰᠠᠨ ᠭᠠᠯᠠᠭᠤ ᠶᠢ ᠤᠭᠳᠤ ᠳᠠᠷᠤᠯᠠᠨ ᠳᠤᠷᠤᠮᠵᠢᠯᠠᠬᠤ ᠦᠭᠡᠢ᠂ ᠡᠨᠡ ᠢᠨᠦ ᠳᠡᠬᠦᠨ ᠤ ᠦᠷᠦᠰᠢᠶᠡᠯ ᠪᠤᠯᠠᠢ᠂ ᠡᠷ᠎ᠠ ᠶᠦᠭᠡᠨ ᠠᠯᠳᠠᠭᠰᠠᠨ ᠪᠠ ᠡᠮ᠎ᠠ ᠠᠴᠠ ᠪᠠᠨ ᠰᠠᠯᠤᠭᠰᠠᠨ ᠦᠷᠦᠭᠡᠰᠦᠨ ᠭᠠᠯᠠᠭᠤᠨ ᠦᠬᠦᠨ ᠦᠬᠦᠳᠡᠯ᠎ᠠ ᠭᠤᠤᠨᠢ ᠪᠡᠯᠪᠡᠰᠦᠨ ᠰᠠᠭᠤᠬᠤ ᠠᠨᠤ ᠳᠡᠬᠦᠨ ᠤ ᠵᠢᠷᠦᠮ ᠪᠤᠯᠠᠢ᠃ ᠳᠡᠰ ᠳᠠᠷᠠᠭ᠎ᠠ ᠪᠠᠷ ᠬᠡᠯᠬᠢᠶᠡᠯᠡᠨ ᠨᠢᠰᠴᠤ ᠳᠡᠪᠡᠵᠦ ᠬᠤᠴᠤᠷᠬᠤ ᠦᠭᠡᠢ ᠢᠨᠦ ᠳᠡᠬᠦᠨ ᠤ ᠶᠤᠰᠤᠯᠠᠯ ᠪᠤᠯᠠᠢ᠃ ᠡᠯᠢᠶ᠎ᠠ ᠪᠦᠷᠬᠦᠳ ᠠᠴᠠ ᠵᠠᠶᠢᠯᠠᠨ᠂ ᠵᠡᠬᠡᠰᠦᠨ ᠢ ᠵᠠᠭᠤᠵᠦ ᠪᠤᠭᠤᠮᠳᠠ ᠭᠠᠷᠬᠤ ᠠᠨᠤ ᠳᠡᠬᠦᠨ ᠤ ᠡᠷᠳᠡᠮ ᠪᠤᠯᠠᠢ᠂ ᠨᠠᠮᠤᠷ ᠡᠮᠦᠨᠡᠰᠢ ᠤᠳᠴᠤ ᠬᠠᠪᠤᠷ ᠤᠮᠠᠷᠠᠰᠢ ᠡᠭᠡᠵᠦ ᠳᠤᠭᠳᠠᠭᠰᠠᠨ ᠴᠠᠭ ᠠᠴᠠ ᠦᠯᠦ ᠵᠦᠷᠢᠴᠡᠬᠦ ᠢᠨᠦ ᠳᠡᠬᠦᠨ ᠤ ᠢᠳᠡᠬᠡᠯ ᠪᠤᠯᠠᠢ︾ ᠬᠡᠵᠦ ᠬᠤᠨ ᠭᠠᠯᠠᠭᠤᠨ ᠢ ᠳᠠᠪᠤᠨ ᠡᠬᠦᠷᠢᠳᠡ ᠶᠢ ᠬᠦᠢᠴᠡᠳᠭᠡᠭᠰᠡᠨ ᠠᠮᠢᠳᠠᠨ ᠬᠡᠵᠦ ᠠᠯᠠᠬᠤ ᠶᠢ ᠬᠤᠷᠢᠭᠯᠠᠭᠰᠠᠨ ᠪᠠᠶᠢᠳᠠᠭ᠃      ᠬᠤᠷᠴᠢᠨ ᠳᠤ ᠭᠠᠷ ᠪᠢᠴᠢᠮᠡᠯ ᠢᠶᠠᠷ ᠤᠯᠠᠮᠵᠢᠯᠠᠭᠳᠠᠵᠦ ᠪᠠᠶᠢᠭᠰᠠᠨ ︽ᠬᠤᠸᠠᠩ ᠱᠢ ᠬᠦᠡᠭ ᠤᠨ ᠭᠤᠷᠪᠠᠨ ᠪᠤᠳᠤᠯᠭ᠎ᠠ︾ ᠬᠡᠮᠡᠬᠦ ᠪᠢᠴᠢᠭ ᠲᠤ ︽ᠡᠷᠳᠡᠮ᠂ ᠦᠷᠦᠰᠢᠶᠡᠯ᠂ ᠮᠡᠷᠬᠡᠨ᠂ ᠵᠢᠷᠦᠮ᠂ ᠶᠤᠰᠤᠯᠠᠯ᠂ ᠡᠨᠡ ᠳᠠᠪᠤᠨ ᠵᠦᠢᠯ ᠨᠢᠭᠡ ᠪᠡᠶ᠎ᠠ ᠪᠤᠶᠤ᠂ ᠶᠤᠰᠤ ᠬᠡᠮᠡᠭᠴᠢ ᠬᠦᠮᠦᠨ ᠤ ᠬᠢᠰᠬᠢᠬᠦᠷ ᠪᠤᠶᠤ᠂ ᠡᠷᠳᠡᠮ ᠬᠡᠮᠡᠭᠴᠢ ᠬᠦᠮᠦᠨ ᠤ ᠳᠤᠯᠭᠠᠭᠤᠷᠢ ᠪᠤᠶᠤ᠂ ᠦᠷᠦᠰᠢᠶᠡᠯ ᠬᠡᠮᠡᠭᠴᠢ ᠬᠦᠮᠦᠨ ᠤ ᠢᠨᠠᠭᠯᠠᠯ ᠪᠤᠶᠤ᠂ ᠵᠢᠷᠦᠮ ᠬᠡᠮᠡᠭᠴᠢ ᠬᠦᠮᠦᠨ ᠤ ᠵᠦᠢ ᠪᠤᠶᠤ᠂ ᠶᠤᠰᠤᠯᠠᠯ ᠬᠡᠮᠡᠭᠴᠢ ᠬᠦᠮᠦᠨ ᠤ ᠶᠠᠩᠵᠦ ᠪᠤᠶᠤ᠂ ᠨᠢᠭᠡᠨ ᠦᠭᠡᠢ ᠪᠤᠯᠪᠠᠰᠤ ᠦᠯᠦ ᠪᠤᠯᠤᠮᠤᠢ︾ ᠬᠡᠮᠡᠨ ᠦᠬᠦᠯᠡᠭᠰᠡᠨ ᠪᠠᠶᠢᠨ᠎ᠠ᠃︵ᠬᠤᠶᠠᠷ︶ ︽ᠭᠤᠷᠪᠠᠨ ᠳᠠᠭᠠᠯᠳᠠ ᠳᠦᠷᠪᠡᠨ ᠡᠷᠳᠡᠨᠢ︾ ᠶᠢᠨ ᠡᠰᠢ ᠶᠤᠰᠤᠨ ᠤ ᠦᠵᠡᠯ ᠰᠠᠨᠠᠭ᠎ᠠ      ︽ᠭᠤᠷᠪᠠᠨ ᠳᠠᠭᠠᠯᠳᠠ ᠳᠦᠷᠪᠡᠨ ᠡᠷᠳᠡᠨᠢ︾ ᠶᠢᠨ ᠦᠵᠡᠯ ᠰᠠᠨᠠᠭ᠎ᠠ ᠳᠠᠷᠤᠢ ᠬᠡᠤᠬᠡᠨ ᠬᠦᠮᠦᠨ ᠬᠠᠷᠢ ᠳᠤ ᠮᠤᠷᠳᠠᠬᠤ ᠠᠴᠠ ᠡᠮᠦᠨ᠎ᠠ ᠡᠴᠢᠭᠡ ᠶᠢᠨ ᠵᠢᠭᠠᠪᠤᠷᠢ ᠶᠢ ᠳᠠᠭᠠᠬᠤ᠂ ᠬᠦᠷᠬᠡᠨ ᠳᠤ ᠮᠤᠷᠳᠠᠪᠠᠯ ᠡᠷ᠎ᠠ ᠶᠢᠨ ᠵᠢᠭᠠᠪᠤᠷᠢ ᠶᠢ ᠳᠠᠭᠠᠬᠤ᠂ ᠡᠷ᠎ᠠ ᠨᠢ ᠦᠬᠦᠪᠡᠯ ᠬᠦᠪᠡᠬᠦᠨ ᠤ ᠵᠢᠭᠠᠪᠤᠷᠢ ᠶᠢ ᠳᠠᠭᠠᠬᠤ ︽ᠭᠤᠷᠪᠠᠨ ᠳᠠᠭᠠᠯᠳᠠ︾ ᠪᠤᠯᠤᠨ᠎ᠠ᠃ ︽ᠳᠦᠷᠪᠡᠨ ᠡᠷᠳᠡᠨᠢ︾ ᠬᠡᠮᠡᠭᠴᠢ ᠡᠬᠡᠨᠡᠷ ᠤᠨ ᠮᠤᠷᠠᠯ᠂ ᠡᠬᠡᠨᠡᠷ ᠤᠨ ᠬᠡᠯᠡ᠂ ᠡᠭᠡᠨᠡᠷ ᠤᠨ ᠦᠡᠭᠭᠡ᠂ ᠡᠭᠡᠨᠡᠷ ᠤᠨ ᠡᠷᠳᠡᠮ ᠬᠡᠮᠡᠬᠦ ︽ᠳᠦᠷᠪᠡᠨ ᠡᠷᠳᠡᠨᠢ︾ ᠪᠤᠯᠤᠨ᠎ᠠ᠃ ᠡᠶᠢᠮᠦᠷᠬᠦ ᠦᠵᠡᠯ ᠰᠠᠨᠠᠭᠠᠨ ᠤ ᠨᠦᠯᠦᠭᠡᠨ ᠳᠤᠤᠷ᠎ᠠ᠂ ᠡᠴᠢᠭᠡ ᠡᠭᠡ ᠨᠢ ᠬᠡᠤᠬᠡᠨ ᠤ ᠤᠷᠤᠭ ᠤᠨ ᠤᠴᠢᠷ ᠢ ᠡᠵᠡᠨ ᠮᠡᠳᠡᠵᠦ ᠬᠠᠷᠢ ᠳᠤ ᠦᠭᠬᠦ᠂ ︽ᠮᠤᠳᠤ ᠲᠠᠢ ᠬᠤᠯᠪᠤᠪᠠᠯ ᠵᠤᠭᠰᠤᠵᠦ᠂ ᠮᠤᠷᠢ ᠲᠠᠢ ᠬᠤᠯᠪᠤᠪᠠᠯ ᠱᠤᠭᠰᠢᠬᠤ︾ ᠶᠢ ᠴᠢᠬᠤᠯᠠᠴᠢᠯᠠᠵᠦ ᠡᠷ᠎ᠠ ᠶᠢᠨ ᠡᠷᠭᠡ ᠶᠢ ᠬᠦᠨᠳᠦᠳᠭᠡᠬᠦ ᠮᠡᠳᠦ ᠶᠢᠨ ᠦᠵᠡᠯ ᠰᠠᠨᠠᠭ᠎ᠠ ᠨᠢᠭᠡ ᠬᠡᠮᠵᠢᠶ᠎ᠠ ᠪᠠᠷ ᠵᠡᠬᠦᠨ ᠤᠷᠤᠨ ᠤ ᠮᠤᠩᠭᠤᠯᠴᠤᠳ ᠤᠨ ᠳᠤᠮᠳᠠ ᠳᠡᠯᠭᠡᠷᠡᠭᠰᠡᠨ ᠪᠠᠶᠢᠨ᠎ᠠ᠃      ︽ᠺᠦ᠋ ᠰᠢ ᠵᠤᠸᠠᠨ ᠬᠡᠮᠡᠬᠦ ᠦᠯᠢᠭᠡᠷ︾ ᠲᠤ ᠳᠠᠩ ᠤᠯᠤᠰ ᠤᠨ ᠶᠠᠨ ᠰᠢᠶᠦ᠋ᠡᠭ ᠬᠠᠭᠠᠨ ᠯᠢ ᠽᠢ ᠾᠦᠢ ᠶᠢᠨ ᠵᠡᠬᠦᠨ ᠤᠷᠳᠤᠨ ᠤ ᠳ᠋ᠦᠡᠭ ᠭᠦᠢ ᠹᠧᠢ ᠵᠠᠩ ᠶᠤᠸᠠᠢ ᠢᠡᠭ ᠬᠢᠯᠢᠰ ᠬᠡᠷᠡᠭ ᠲᠤ ᠤᠷᠤᠵᠦ᠂ ᠤᠯᠤᠰ ᠠᠴᠠ ᠬᠦᠭᠡᠭᠡᠭᠳᠡᠪᠡ᠃ ᠨᠤᠳᠤᠭ ᠲᠠᠭᠠᠨ ᠪᠤᠴᠠᠭᠰᠠᠨ ᠤ ᠳᠠᠷᠠᠭ᠎ᠠ᠂ ᠠᠪᠤ ᠡᠵᠢ᠂ ᠪᠠᠭ᠎ᠠ ᠳᠡᠬᠦᠦ ᠲᠠᠢ ᠪᠠᠨ ᠳᠦᠷᠪᠡᠬᠦᠯᠡ ᠶᠠᠳᠠᠭᠤ ᠬᠦᠴᠢᠷ ᠲᠠᠢ ᠠᠮᠢᠳᠤᠷᠠᠵᠦ᠂ ᠴᠢᠨᠡᠬᠰᠢᠯᠠᠪᠠᠯ ᠬᠦ ᠰᠢᠤᠢ ᠮᠡᠳᠦ ᠶᠢᠨ ᠪᠠᠯᠠᠮᠠᠳ ᠠᠷᠠᠳ ᠤᠨ ᠳᠠᠷᠤᠯᠠᠯ ᠳᠤᠷᠤᠮᠵᠢᠯᠠᠯ ᠳᠤ ᠤᠴᠠᠷᠠᠵᠦ ᠪᠠᠶᠢᠪᠠ᠃ ᠳᠡᠬᠡᠵᠦ ᠬᠦᠴᠢᠷ ᠵᠤᠪᠠᠯᠠᠩ ᠲᠠᠢ ᠪᠠᠶᠢᠭᠰᠠᠨ ᠴᠠᠭ ᠦᠶ᠎ᠠ ᠳᠤ ᠰᠢ ᠰᠢᠶᠠ ᠸᠠᠩ ᠶᠤᠤ ᠳ᠋ᠠ ᠳᠦ᠋ ᠬᠡᠮᠡᠭᠴᠢ ᠠᠴᠠ ᠳᠦᠰᠢᠮᠡᠯ ᠵᠠᠷᠤᠵᠦ᠂ ᠵᠠᠩ ᠶᠤᠸᠠᠢ ᠢᠡᠭ ᠢ ᠤᠯᠤᠰ ᠲᠠᠭᠠᠨ ᠵᠠᠯᠠᠵᠦ ᠬᠠᠳᠤᠨ ᠪᠤᠯᠭᠠᠬᠤ ᠶᠢ ᠭᠤᠶᠤᠭᠰᠠᠨ ᠴᠤ ᠳᠡᠬᠦᠨ ᠤ ᠬᠠᠳᠤᠨ ᠪᠤᠯᠬᠤ ᠶᠢ ᠳᠡᠪᠴᠢᠪᠡ᠃ ᠶᠠᠭᠤᠨ ᠳᠤ ᠰᠢ ᠰᠢᠶᠠ ᠸᠠᠩ ᠤᠨ ᠬᠠᠳᠤᠨ ᠪᠤᠯᠬᠤ ᠦᠭᠡᠢ ᠪᠤᠢ︖ ᠬᠡᠪᠡᠯ᠂ ᠵᠠᠩ ᠶᠤᠸᠠᠢ ᠢᠡᠭ ᠤᠨ ᠦᠭᠡ ᠪᠠᠷ ᠬᠡᠯᠡᠪᠡᠯ ︽ᠰᠠᠶᠢᠨ ᠳᠦᠰᠢᠮᠡᠯ ᠬᠤᠶᠠᠷ ᠡᠵᠡᠨ ᠳᠤ ᠦᠢᠯᠡᠳᠬᠦ ᠦᠭᠡᠢ᠂ ᠰᠠᠶᠢᠨ ᠡᠭᠡᠨᠡᠷ ᠬᠤᠶᠠᠷ ᠡᠷ᠎ᠠ ᠳᠤᠷ ᠡᠴᠢᠬᠦ ᠦᠭᠡᠢ︾᠃ ᠬᠤᠵᠢᠮ ᠨᠢ ᠰᠢ ᠹᠠᠨ ᠤᠯᠤᠰ ᠤᠨ ᠸᠠᠩ ᠶᠢᠨ ᠲᠠᠢ ᠵᠠᠭᠤᠴᠢ ᠶᠢᠨ ᠬᠦᠮᠦᠨ ᠵᠠᠷᠤᠭᠰᠠᠨ ᠳᠤ ᠮᠦᠨ ᠤᠴᠢᠭᠰᠠᠨ ᠦᠭᠡᠢ᠂ ᠳᠡᠬᠦᠨ ᠢ ᠬᠦᠭᠡᠭᠡᠴᠡᠯᠳᠦᠬᠦ ᠬᠦᠮᠦᠰ ᠤᠨ ᠰᠡᠳᠬᠢᠯ ᠢ ᠳᠠᠰᠤᠯᠬᠤ ᠶᠢᠨ ᠳᠦᠯᠦᠭᠡ᠂ ᠴᠤᠸᠠᠨ ᠳᠤᠤ ᠶᠤᠤ ᠬᠡᠮᠡᠬᠦ ᠡᠮ ᠢ ᠨᠢᠳᠦᠨ ᠳᠡᠭᠡᠨ ᠳᠠᠯᠪᠢᠨ᠂ ᠬᠤᠶᠠᠷ ᠨᠢᠳᠦ ᠪᠠᠨ ᠰᠤᠬᠤᠯᠠᠪᠠ᠃ ᠡᠶᠢᠮᠦᠷᠬᠦ ᠪᠡᠶ᠎ᠠ ᠵᠡᠮᠳᠡᠭ ᠪᠤᠯᠭᠠᠨ ︽ᠡᠭᠡᠨᠡᠷ ᠤᠨ ᠮᠤᠷᠠᠯ︾ ᠢ ᠵᠢᠷᠤᠮᠯᠠᠭᠰᠠᠨ ᠦᠢᠯᠡ ᠠᠵᠢᠯᠯᠠᠭ᠎ᠠ ᠶᠢ ᠳᠤᠰ ᠨᠤᠮ ᠤᠨ ᠵᠤᠬᠢᠶᠠᠭᠴᠢ ᠶᠡᠭᠡᠳᠡ ᠮᠠᠭᠳᠠᠨ ᠳᠠᠭᠤᠯᠠᠵᠦ ︽ᠦᠭᠡᠰᠢᠨ᠎ᠠ ᠤᠨᠠᠪᠠᠴᠤ ᠪᠠᠳᠤ ᠵᠤᠷᠢᠭ ᠢ ᠶᠡᠭᠡᠳᠡ ᠬᠢᠴᠢᠶᠡᠩᠬᠦ᠋ᠢᠯᠡᠬᠦ ᠵᠠᠩ ᠶᠤᠸᠠᠢ ᠢᠡᠭ︾ ᠭᠡᠮᠡᠨ ᠰᠢᠯᠦᠭᠯᠡᠵᠦᠬᠦᠢ᠃      ᠹᠧᠤᠳᠠᠯ ᠤᠨ ᠦᠵᠡᠯ ᠰᠠᠨᠠᠭᠠᠨ ᠤ ᠨᠦᠯᠦᠭᠡᠨ ᠳᠤᠤᠷ᠎ᠠ ᠪᠦᠬᠦᠳᠡ ᠨᠠᠶᠢᠷᠠᠮᠳᠠᠬᠤ ᠳᠤᠮᠳᠠᠳᠤ ᠤᠯᠤᠰ ᠪᠠᠶᠢᠭᠤᠯᠤᠭᠳᠠᠬᠤ ᠠᠴᠠ ᠡᠮᠦᠨ᠎ᠠ ᠪᠤᠯᠳᠠᠯ᠎ᠠ᠂ ᠦᠪᠤᠷ ᠮᠤᠩᠭᠤᠯ ᠤᠨ ᠵᠡᠬᠦᠨ ᠤᠷᠤᠨ ᠳᠤ ᠬᠡᠤᠬᠡᠨ ᠬᠦᠮᠦᠨ‌‍ᠤ ᠤᠷᠤᠭ ᠤᠨ ᠶᠠᠪᠤᠳᠠᠯ ᠢ ᠡᠴᠢᠭᠡ ᠡᠭᠡ ᠨᠢ ᠳᠤᠯᠤᠭᠠᠢ ᠮᠡᠳᠡᠳᠡᠭ ᠪᠠᠶᠢᠵᠠᠢ᠃ ᠳᠡᠬᠦᠨ ᠤ ᠦᠷ᠎ᠠ ᠳ᠋ᠦᠡᠭ ᠳᠤ ᠮᠠᠰᠢ ᠤᠯᠠᠨ ᠬᠡᠤᠭᠡᠨᠴᠤᠳ ᠰᠡᠳᠬᠢᠯ ᠤᠨ ᠬᠦᠮᠦᠨ ᠲᠠᠢ ᠪᠠᠨ ᠠᠮᠢᠳᠤᠷᠠᠵᠦ ᠴᠢᠳᠠᠬᠤ ᠦᠭᠡᠢ᠂ ᠡᠴᠢᠭᠡ ᠡᠭᠡ ᠶᠢᠨ ᠠᠯᠪᠠᠳᠠᠯᠭ᠎ᠠ ᠳᠤᠤᠷ᠎ᠠ ᠬᠤᠵᠢᠬᠢᠷ ᠳᠤᠭᠤᠯᠠᠩ᠂ ᠡᠰᠡᠬᠦᠯ᠎ᠠ ᠬᠡᠳᠦᠨ ᠠᠷᠪᠠᠨ ᠨᠠᠰᠤ ᠠᠬ᠎ᠠ ᠬᠦᠭᠰᠢᠨ ᠬᠦᠷᠬᠡᠨ ᠳᠤ ᠮᠤᠷᠳᠠᠳᠠᠭ ᠪᠠᠶᠢᠨ᠎ᠠ᠃ ᠡᠬᠦᠨ ᠤ ᠳᠤᠳᠤᠷᠬᠠᠢ ᠵᠢᠱᠢᠶ᠎ᠠ ᠨᠢ ︽ᠳᠠᠨᠠᠪᠠᠯ︾᠂ ︽ᠯᠦᠡᠭᠮᠧᠢ︾᠂ ︽ᠬᠠᠨ ᠰᠢᠤ ᠢᠡᠭ︾ᠮᠡᠳᠦ ᠶᠢᠨ ᠵᠡᠬᠦᠨ ᠤᠷᠤᠨ ᠤ ᠢᠨᠠᠭ ᠠᠮᠠᠷᠠᠭ ᠤᠨ ᠰᠡᠳᠤᠪᠳᠤ ᠠᠷᠠᠳ ᠤᠨ ᠳᠠᠭᠤᠤ ᠨᠤᠭᠤᠳ ᠪᠤᠯᠤᠨ᠎ᠠ᠃      ᠹᠧᠤᠳᠠᠯ ᠤᠨ ᠦᠵᠡᠯ ᠰᠠᠨᠠᠭ᠎ᠠ ᠶᠢ ᠰᠤᠷᠳᠠᠯᠴᠢᠯᠠᠭᠰᠠᠨ ︽ᠰᠠᠶᠢᠨ ᠳᠦᠰᠢᠮᠡᠯ ᠬᠤᠶᠠᠷ ᠡᠵᠡᠨ ᠳᠤ ᠦᠢᠯᠡᠳᠬᠦ ᠦᠭᠡᠢ᠂ ᠰᠠᠶᠢᠨ ᠡᠭᠡᠨᠡᠷ ᠬᠤᠶᠠᠷ ᠡᠷ᠎ᠠ ᠳᠤᠷ ᠡᠴᠢᠬᠦ ᠦᠭᠡᠢ︾᠂ ︽ᠠᠬ᠎ᠠ ᠳᠡᠬᠦᠦ ᠪᠤᠯᠪᠠᠰᠤ ᠭᠠᠷ ᠬᠦᠯ ᠮᠡᠳᠦ ᠪᠤᠯᠠᠢ᠂ ᠡᠭᠡᠨᠡᠷ ᠪᠤᠯᠪᠠᠰᠤ ᠳᠡᠪᠡᠯ ᠬᠤᠪᠴᠠᠰᠤ ᠮᠠᠳᠤ ᠪᠤᠯᠠᠢ︾ ᠬᠡᠬᠦ ᠮᠡᠳᠦ ᠶᠢᠨ ᠦᠭᠡ ᠬᠤᠭᠤᠷ ᠤᠨ ᠦᠯᠢᠭᠡᠷ ᠲᠤ ᠳᠡᠩᠳᠡ ᠶᠠᠷᠢᠭᠳᠠᠳᠠᠭ᠃ ᠡᠳᠡᠭᠡᠷ ᠦᠵᠡᠯᠳᠡ ᠶᠢᠨ ᠨᠦᠯᠦᠭᠡ ᠠᠴᠠ ᠪᠤᠯᠵᠦ᠂ ᠵᠠᠷᠢᠮ ᠡᠮᠡᠭᠳᠡᠢ ᠮᠠᠰᠢ ᠵᠠᠯᠠᠭᠤ ᠪᠡᠯᠪᠡᠰᠤᠨ ᠬᠤᠴᠤᠷᠤᠭᠠᠳ ᠦᠬᠦᠳᠡᠯ᠎ᠠ ᠪᠠᠨ ᠳᠠᠬᠢᠨ ᠬᠠᠷᠢ ᠦᠵᠡᠬᠦ ᠦᠭᠡᠢ ᠬᠡᠷᠡᠭ ᠤᠯᠠᠨ ᠪᠤᠢ᠃      ᠡᠴᠢᠭᠡ ᠨᠢ ᠬᠦᠦ ᠳᠡᠭᠡᠨ ᠡᠯᠪᠡᠷᠢᠯ ᠲᠠᠢ᠂ ᠬᠦᠦ ᠨᠢ ᠵᠠᠪᠠᠯ ᠠᠴᠢᠯᠠᠯ ᠲᠠᠢ ᠪᠠᠶᠢᠬᠤ ᠵᠡᠷᠭᠡ ᠦᠵᠡᠯ ᠰᠠᠨᠠᠭ᠎ᠠ ᠶᠢ ᠨᠡᠶᠢᠭᠡᠮ ᠤᠨ ᠶᠤᠰᠤ ᠳᠢᠭᠯᠢᠮ ᠳᠤ ᠢᠳᠡᠪᠬᠢᠳᠡᠢ ᠳᠠᠯ᠎ᠠ ᠪᠠᠶᠢᠬᠤ ᠶᠢ ᠨᠢ ᠨᠤᠳᠠᠯᠠᠬᠤ ᠶᠢᠨ ᠬᠠᠮᠳᠤ ᠨᠠᠵᠠᠭᠠᠢ ᠳᠠᠯ᠎ᠠ ᠪᠠᠶᠢᠬᠤ ᠶᠢ ᠴᠤ ᠤᠮᠳᠤᠭᠠᠶᠢᠯᠠᠵᠦ ᠪᠤᠯᠬᠤ ᠦᠭᠡᠢ᠃ ᠳᠤᠬᠠᠶᠢᠯᠠᠪᠠᠯ᠂ ᠳᠦᠰᠢᠮᠡᠯ ᠨᠢ ᠵᠠᠪᠠᠯ ᠡᠵᠡᠨ ᠳᠡᠭᠡᠨ ᠰᠢᠳᠤᠷᠭᠤ ᠵᠡᠷᠭᠡ ᠦᠵᠡᠯ ᠰᠠᠨᠠᠭ᠎ᠠ ᠨᠢ ᠬᠦᠮᠦᠰ ᠢ ᠪᠤᠭᠤᠯᠵᠢ ᠴᠢᠨᠡᠷ ᠲᠠᠢ ᠪᠤᠯᠭᠠᠨ ᠬᠦᠮᠦᠵᠢᠬᠦᠯᠳᠡᠭ᠃ ᠡᠶᠢᠮᠦ ᠠᠴᠠ ᠯᠦ ᠰᠢᠶᠦ᠋ᠨ ᠠᠴᠠ ︽ᠱᠦᠢ ᠬᠦ ᠶᠢᠨ ᠦᠯᠢᠭᠡᠷ︾ ᠲᠠᠬᠢ ᠰᠦᠡᠭ ᠵᠢᠶᠠᠩ ᠤᠨ ᠳᠡᠭᠷᠢ ᠶᠢᠨ ᠳᠦᠯᠦᠭᠡᠨ᠎ᠠ ᠶᠤᠰᠤᠨ ᠢ ᠶᠠᠪᠤᠭᠤᠯᠬᠤ ᠬᠡᠵᠦ ᠰᠦᠡᠭ ᠤᠯᠤᠰ ᠤᠨ ᠬᠠᠭᠠᠨ ᠳᠤ ᠪᠠᠭᠤᠨ ᠦᠭᠬᠦᠭᠰᠡᠨ ᠶᠠᠪᠤᠳᠠᠯ ᠢ ︽ᠳᠡᠭᠷᠢ ᠶᠢᠨ ᠬᠦᠪᠡᠬᠦᠨ ᠢ ᠡᠰᠡᠷᠬᠦᠴᠡᠬᠦ ᠦᠭᠡᠢ ᠤᠴᠢᠷ ᠠᠴᠠ ᠁ ᠡᠴᠦᠰ‌‍ᠲ᠋ᠡᠭᠡᠨ ᠬᠠᠰᠢᠯᠠ ᠪᠤᠭᠤᠯ ᠶᠤᠮ︾ ᠬᠡᠵᠦ ᠰᠢᠬᠦᠮᠵᠢᠯᠡᠭᠰᠡᠨ ᠪᠠᠶᠢᠳᠠᠭ᠃ ︵ᠭᠤᠷᠪᠠ︶ ᠡᠮᠡᠭᠳᠡᠶᠢᠴᠤᠳ ᠤᠨ ᠳᠦᠷᠦᠵᠦ ᠬᠦᠡᠭᠭᠡᠵᠢᠬᠦ ᠳᠤ ᠬᠤᠯᠪᠤᠭᠳᠠᠬᠤ ᠠᠷᠢᠭᠤᠨ ᠴᠡᠪᠡᠷ ᠤᠨ ᠳᠤᠬᠠᠢ ᠡᠰᠢ ᠶᠤᠰᠤᠨ ᠤ ᠦᠵᠡᠯ ᠰᠠᠨᠠᠭ᠎ᠠ      ᠨ᠊ • ᠰᠧᠷᠠᠩ ᠫᠷᠦᠹᠧᠰᠰᠤᠷ ᠤᠨ ︽︿ᠮᠤᠩᠭᠤᠯ ᠤᠨ ᠨᠢᠭᠤᠴᠠ ᠳᠤᠪᠴᠢᠶᠡᠨ﹀ ᠤ ᠡᠰᠢ ᠶᠤᠰᠤᠨ ᠤ ᠦᠵᠡᠯ ᠰᠠᠨᠠᠭᠠᠨ ᠤ ᠰᠤᠳᠤᠯᠤᠯ︾ ᠠᠴᠠ ᠦᠵᠡᠪᠡᠯ᠂ 13 ᠳ᠋ᠤᠭᠠᠷ ᠵᠠᠭᠤᠨ ᠤ ᠦᠶ᠎ᠠ ᠳᠤ᠂ ᠮᠤᠩᠭᠤᠯᠴᠤᠳ ᠡᠷ᠎ᠠ ᠶᠢᠨ ᠡᠷᠭᠡᠳᠦ ᠨᠡᠶᠢᠭᠡᠮ ᠳᠤ ᠨᠡᠶᠢᠳᠡᠮ ᠤᠷᠤᠰᠢᠳᠠᠭ ᠡᠮᠡᠭᠳᠡᠶᠢᠴᠤᠳ ᠲᠤ ᠳᠠᠯᠪᠢᠭᠰᠠᠨ ᠴᠡᠪᠡᠷ ᠠᠷᠢᠭᠤᠨ ᠪᠤᠶᠤ ᠴᠢᠭᠡᠴᠢ ᠪᠠᠳᠤ ᠶᠢᠨ ᠱᠠᠭᠠᠷᠳᠠᠯᠭ᠎ᠠ ᠨᠢᠭᠡᠨᠳᠡ ᠪᠤᠢ ᠪᠤᠯᠤᠭᠰᠠᠨ ᠪᠤᠯᠪᠠᠴᠤ ᠨᠡᠬᠦᠳᠡᠯ ᠮᠠᠯᠵᠢᠯ ᠤᠨ ᠠᠵᠦ ᠠᠮᠢᠳᠤᠷᠠᠯ ᠪᠠ ᠰᠤᠶᠤᠯ ᠤᠨ ᠤᠷᠴᠢᠨ ᠳᠠᠭᠠᠨ ᠳᠤᠬᠢᠷᠠᠭᠰᠠᠨ ᠦᠪᠡᠷ ᠤᠨ ᠤᠨᠴᠠᠯᠢᠭ ᠲᠠᠢ ᠪᠠᠶᠢᠳᠠᠭ᠃ ᠳᠠᠷᠤᠢ ︽ᠤᠪᠤᠭ ᠤᠷᠤᠭ ᠤᠨ ᠬᠦᠴᠦᠨ ᠤ ᠳᠡᠭᠵᠢᠷᠡᠯ ᠪᠠ ᠦᠨᠢᠷ ᠦᠰᠦᠯᠳᠡ ᠨᠢ ᠡᠮᠡᠭᠳᠡᠶᠢᠴᠤᠳ ᠤᠨ ᠴᠡᠪᠡᠷ ᠠᠷᠢᠭᠤᠨ ᠠᠴᠠ ᠨᠡᠩ ᠴᠢᠬᠤᠯᠠ︾ ᠬᠡᠵᠦ ᠦᠵᠡᠵᠦ ᠪᠠᠶᠢᠪᠠ᠃ ᠡᠶᠢᠮᠦ ᠠᠴᠠ ᠴᠢᠩᠬᠢᠰ ᠬᠠᠭᠠᠨ ᠵᠡᠷᠭᠡ ᠢᠵᠠᠭᠤᠷᠳᠠᠨ ᠪᠤᠰᠤᠳ ᠤᠪᠤᠭ ᠠᠶᠢᠮᠠᠭ ᠢ ᠪᠠᠶᠢᠯᠳᠤᠨ ᠳᠠᠭᠠᠭᠤᠯᠤᠭᠰᠠᠨ ᠤ ᠳᠠᠷᠠᠭ᠎ᠠ ᠶᠡᠷᠦ ᠨᠢ ᠳᠡᠶᠢᠯᠦᠭᠳᠡᠭᠰᠡᠨ ᠡᠳᠡᠭᠡᠳ ᠤᠨ ᠬᠠᠳ ᠨᠤᠶᠠᠳ ᠤᠨ ᠬᠠᠳᠤᠨ ᠢ ᠨᠢ ᠦᠪᠡᠷᠰᠡᠳ ᠤᠨ ᠡᠭᠡᠨᠡᠷ ᠳᠠᠳᠠᠪᠤᠷᠢ ᠪᠤᠯᠭᠠᠵᠦ ᠠᠪᠳᠠᠭ ᠤᠴᠢᠷ ᠨᠢ ︽ᠳᠡᠳᠡᠨ ᠤ ᠦᠵᠡᠯᠳᠡ ᠳᠤ ᠳᠡᠳᠡᠭᠡᠷ ᠡᠮᠡᠭᠳᠡᠶᠢᠴᠤᠳ ᠤᠨ ᠴᠡᠪᠡᠷ ᠴᠢᠬᠡᠴᠢ ᠨᠢ ᠳᠠᠳᠦ᠋ᠢᠯᠡ ᠴᠢᠬᠤᠯᠠ ᠠᠰᠠᠭᠤᠳᠠᠯ ᠪᠢᠰᠢ ᠪᠠᠶᠢᠭᠰᠠᠨ︾ ᠢ ᠬᠠᠷᠠᠭᠤᠯᠵᠦ ᠪᠠᠶᠢᠳᠠᠭ᠃      ︽ᠡᠷ᠎ᠠ ᠨᠦᠬᠦᠷ ᠨᠢ ᠦᠬᠦᠭᠰᠡᠨ ᠡᠮᠡᠭᠳᠡᠢ ᠬᠦᠮᠦᠨ ᠬᠡᠷᠪᠡ ᠡᠷ᠎ᠠ ᠨᠦᠬᠦᠷ ᠤᠨ ᠬᠢᠨᠢ ᠠᠬ᠎ᠠ ᠳᠡᠬᠦᠦ᠂ ᠦᠶᠡᠯᠢᠳ ᠬᠠᠶᠠᠯᠢᠳ ᠬᠦᠮᠦᠨ ᠪᠠᠶᠢᠪᠠᠯ ᠦᠷᠬᠦᠯᠵᠢᠯᠡᠨ ᠬᠡᠤᠭᠡᠳ ᠭᠠᠷᠭᠠᠵᠦ ᠪᠤᠯᠳᠠᠭ ᠪᠠᠶᠢᠪᠠ︾᠃ ︽ᠮᠤᠩᠭᠤᠯ ᠢ ᠪᠠᠭᠳᠠᠭᠠᠭᠰᠠᠨ ᠤᠮᠠᠷᠠᠳᠤ ᠶᠢᠨ ᠨᠡᠬᠦᠳᠡᠯᠴᠢᠨ ᠦᠨᠳᠦᠰᠦᠳᠡᠨ ᠨᠦᠭᠦᠳ ᠤᠨ ᠳᠤᠳᠤᠷ᠎ᠠ ᠨᠢᠭᠡᠨᠳᠡ ᠪᠠᠯᠪᠠᠰᠤᠨ ᠪᠤᠯᠤᠭᠰᠠᠨ ᠡᠮᠡᠭᠳᠡᠢ ᠲᠠᠢ ᠤᠷᠢᠳᠦ ᠡᠷ᠎ᠠ ᠶᠢᠨ ᠬᠢᠨᠢ ᠠᠬ᠎ᠠ ᠳᠡᠬᠦᠦ ᠨᠠᠷ ᠵᠠᠯᠭᠠᠵᠦ ᠰᠠᠭᠤᠬᠤ᠂ ᠳᠡᠯᠢᠢᠭᠰᠡᠨ ᠠᠪᠤ ᠶᠢᠨ ᠢᠶᠠᠨ ᠪᠠᠭ᠎ᠠ ᠬᠠᠳᠤᠨ ᠢ ᠨᠢ ᠦᠷ᠎ᠠ ᠬᠡᠤᠭᠡᠳ ᠨᠢ ᠵᠠᠯᠭᠠᠵᠦ ᠠᠪᠬᠤ ᠵᠡᠷᠭᠡ ᠡᠷᠳᠡᠨ ᠤ ᠤᠪᠤᠭᠳᠤ ᠨᠡᠶᠢᠭᠡᠮ ᠳᠤ ᠬᠤᠯᠪᠤᠭᠳᠠᠭᠰᠠᠨ ᠬᠠᠭᠤᠴᠢᠨ ᠵᠠᠩᠰᠢᠯ ᠨᠡᠯᠢᠶᠡᠳ ᠬᠤᠵᠢᠳ ᠦᠶ᠎ᠠ ᠪᠤᠯᠳᠠᠯ᠎ᠠ ᠤᠯᠠᠮᠵᠢᠯᠠᠭᠳᠠᠵᠦ ᠪᠠᠶᠢᠪᠠ ︾᠃ ᠡᠨᠡ ᠳᠤᠬᠠᠢ ᠪᠠᠰᠠ ᠨᠢᠭᠡ ᠬᠠᠵᠠᠭᠤ ᠶᠢᠨ ᠪᠠᠷᠢᠮᠳᠠ ᠬᠡᠪᠡᠯ᠂ ᠮᠤᠩᠭᠤᠯ ᠤᠨ ᠵᠠᠷᠢᠮ ᠨᠤᠳᠤᠭ ᠲᠤ ᠳᠤᠮᠤᠭ ᠦᠨᠡᠨ ᠤ ᠬᠤᠭᠤᠷᠤᠨᠳᠤ ᠬᠡᠯᠡᠯᠴᠡᠳᠡᠭ ᠮᠤᠩᠭᠤᠯ ᠬᠡᠤᠭᠡᠨᠴᠤᠳ ᠤᠨ ᠤᠷᠤᠭᠯᠠᠬᠤ ᠠᠴᠠ ᠡᠮᠦᠨ᠎ᠠ ᠬᠡᠷ ᠲᠡᠭᠡᠨ ︽ᠤᠯᠠᠭᠠᠨ ᠵᠢᠭᠡ︾ ︵ᠬᠡᠷ ᠤᠨ ᠵᠢᠭᠡ︶ ᠭᠠᠷᠭᠠᠳᠠᠭ ᠤᠴᠢᠷ ᠪᠤᠯᠤᠨ᠎ᠠ᠃ ᠡᠨᠡ ᠨᠢ ᠮᠤᠩᠭᠤᠯᠴᠤᠳ ᠤᠨ ᠵᠠᠷᠢᠮ ᠨᠤᠳᠤᠭ ᠲᠤ ᠨᠡᠯᠢᠶᠡᠳ ᠬᠤᠵᠢᠭᠤ ᠦᠶ᠎ᠠ ᠪᠤᠯᠳᠠᠯ᠎ᠠ ᠬᠡᠤᠬᠡᠨᠴᠤᠳ ᠳᠦᠷᠦᠵᠦ ᠬᠦᠡᠭᠭᠡᠵᠢᠬᠦ ᠠᠰᠠᠭᠤᠳᠠᠯ ᠳᠡᠭᠡᠷ᠎ᠠ ᠬᠢᠳᠡᠳ ᠤᠨ ᠹᠧᠤᠳᠠᠯ ᠤᠨ ᠶᠤᠰᠤ ᠰᠢᠬ ᠳᠡᠶᠢᠮᠦ ᠴᠢᠩᠭ᠎ᠠ ᠬᠠᠳᠠᠭᠤ ᠪᠢᠰᠢ ᠪᠠᠶᠢᠬᠰᠠᠨ ᠢ ᠬᠠᠷᠠᠭᠤᠯᠵᠦ ᠪᠠᠶᠢᠨ᠎ᠠ᠃ ᠬᠡᠳᠡᠯ᠎ᠠ ᠬᠤᠭᠤᠷ ᠤᠨ ᠦᠯᠢᠭᠡᠷ ᠶᠡᠭᠡᠳᠡ ᠳᠡᠯᠭᠡᠷᠡᠭᠰᠡᠨ ᠵᠡᠬᠦᠨ ᠤᠷᠤᠨ ᠳᠤ ᠬᠡᠤᠬᠡᠨᠴᠤᠳ ᠤᠨ ᠳᠦᠷᠦᠵᠦ ᠬᠦᠡᠭᠭᠡᠵᠢᠬᠦ ᠳᠤ ᠬᠤᠯᠪᠤᠭᠳᠠᠬᠤ ᠠᠷᠢᠭᠤᠨ ᠴᠡᠪᠡᠷ ᠤᠨ ᠠᠰᠠᠭᠤᠳᠠᠯ ᠳᠡᠭᠡᠷ᠎ᠠ ᠬᠢᠳᠡᠳ ᠤᠨ ᠡᠰᠢ ᠶᠤᠰᠤᠨ ᠤ ᠦᠵᠡᠯ ᠤᠨ ᠨᠦᠯᠦᠭᠡ ᠶᠢ ᠶᠡᠭᠡᠳᠡ ᠬᠦᠷᠳᠡᠭᠰᠡᠨ ᠪᠠᠶᠢᠳᠠᠭ᠃ ᠡᠶᠢᠮᠦ ᠠᠴᠠ ᠵᠡᠬᠦᠨ ᠤᠷᠤᠨ ᠤ ᠮᠤᠩᠭᠤᠯᠴᠤᠳ᠂ ᠦᠬᠢᠨ ᠬᠦᠮᠦᠨ ᠬᠠᠷᠢ ᠳᠤ ᠮᠤᠷᠳᠠᠬᠤ ᠠᠴᠠ ᠡᠮᠦᠨ᠎ᠠ ᠬᠡᠷ ᠲᠡᠭᠡᠨ ᠬᠡᠤᠭᠡᠳ ᠲᠠᠢ ᠪᠤᠯᠬᠤ ᠨᠢ ᠮᠠᠰᠢ ᠢᠴᠢᠬᠦᠷᠢ ᠲᠠᠢ ᠮᠠᠭᠤᠬᠠᠢ ᠬᠡᠷᠡᠭ ᠬᠡᠵᠦ ᠦᠵᠡᠳᠡᠭ᠃      ᠬᠤᠭᠤᠷ ᠤᠨ ᠦᠯᠢᠭᠡᠷ ᠲᠤ᠂ ᠬᠠᠭᠠᠨ ᠤ ᠬᠠᠳᠤᠨ ᠦᠷᠬᠦᠯᠵᠢ ᠳᠦᠷᠦᠵᠦ ᠬᠦᠡᠭᠭᠡᠵᠢᠬᠦ ᠠᠰᠠᠭᠤᠳᠠᠯ ᠳᠡᠭᠡᠷ᠎ᠠ ᠶᠠᠯ᠎ᠠ ᠤᠯᠳᠠᠭ ᠦᠯᠢᠭᠡᠷ ᠢ ᠬᠡᠯᠡᠳᠡᠭ᠃ ᠡᠬᠦᠨ ᠳᠤ ᠳᠦᠯᠦᠭᠡᠯᠡᠬᠦ ᠴᠢᠨᠡᠷᠳᠠᠢ ᠨᠢ ᠬᠠᠭᠠᠨ ᠤ ᠬᠠᠳᠤᠨ ᠡᠯᠳᠡᠪ ᠰᠤᠨᠢᠨ ᠠᠷᠢᠶᠠᠳᠠᠨ ᠵᠢᠬᠦᠷᠳᠡᠨ ᠢ ᠳᠦᠷᠦᠭᠰᠡᠨ ᠠᠴᠠ ᠪᠤᠯᠵᠦ ᠶᠠᠯ᠎ᠠ ᠤᠯᠤᠭᠰᠠᠨ ᠦᠯᠢᠭᠡᠷ ᠪᠠᠶᠢᠳᠠᠭ᠃ ᠵᠢᠱᠢᠶᠡᠯᠡᠪᠡᠯ᠂ ︽ᠭᠤᠷᠪᠠᠨ ᠪᠠᠭᠠᠳᠤᠷ ᠳᠠᠪᠤᠨ ᠵᠢᠷᠦᠮᠳᠡᠨ︾ ᠬᠡᠬᠦ ᠦᠯᠢᠭᠡᠷ ᠲᠤ᠂ ᠰᠦᠡᠭ ᠤᠯᠤᠰ ᠤᠨ ᠵᠧᠨᠽᠦ᠋ᠡᠭ ᠬᠠᠭᠠᠨ ᠤ ᠦᠶ᠎ᠠ ᠳᠤ᠂ ᠯᠢᠤ ᠤᠪᠤᠭᠳᠤ ᠬᠠᠳᠤᠨ ᠬᠢᠭᠡᠳ ᠳᠤᠳᠤᠭᠠᠳᠤ ᠲᠠᠶᠢᠭᠠᠨ ᠬᠦᠸᠧ ᠬᠤᠸᠠᠢ ᠬᠤᠤᠪᠢᠯᠳᠤᠵᠦ᠂ ᠯᠢ ᠤᠪᠤᠬᠳᠤ ᠰᠤᠯᠠ ᠬᠠᠳᠤᠨ ᠢ ᠶᠠᠯ᠎ᠠ ᠳᠤ ᠤᠨᠠᠭᠠᠵᠦ᠂ ᠬᠦᠢᠳᠡᠨ ᠤᠷᠳᠤᠠ ᠳᠤ ᠬᠤᠷᠢᠭᠤᠯᠤᠭᠰᠠᠨ ᠤᠴᠢᠷ ᠪᠠᠶᠢᠳᠠᠭ᠃ ᠵᠡᠬᠦᠨ ᠤᠷᠤᠨ ᠤ ᠮᠤᠩᠭᠤᠯᠴᠤᠳ ᠤᠨ ᠳᠤᠮᠳᠠ ᠦᠷᠬᠡᠨ ᠢᠶᠠᠷ ᠳᠡᠯᠭᠡᠷᠡᠭᠰᠡᠨ ︽ᠺᠦ᠋ ᠰᠢ ᠵᠤᠸᠠᠨ ᠬᠡᠮᠡᠬᠦ ᠦᠯᠢᠭᠡᠷ︾  ᠲᠤ᠂ ᠳᠠᠩ ᠤᠯᠤᠰ ᠤᠨ ᠶᠠᠨ ᠰᠢᠶᠦ᠋ᠡᠭ ᠡᠵᠡᠨ ᠤ ᠵᠡᠬᠦᠨ ᠤᠷᠳᠤᠨ ᠤ ᠬᠠᠳᠤᠨ ᠵᠠᠩ ᠶᠦᠸᠧ ᠢᠡᠭ ᠤᠨ ᠬᠦᠡᠭᠭᠡᠵᠢᠭᠰᠡᠨ ᠳᠠᠶᠢᠽᠢ ᠶᠢ ᠵᠢᠬᠦᠷ ᠦᠳᠦ ᠦᠭᠡᠢ ᠢᠡᠭ ᠯᠤᠸᠠᠨ ᠬᠡᠮᠡᠬᠦ ᠰᠢᠪᠠᠭᠤᠨ ᠢᠶᠠᠷ ᠰᠤᠯᠢᠵᠦ ᠠᠪᠤᠭᠠᠳ ᠳᠡᠬᠦᠨ ᠢ ᠶᠠᠯ᠎ᠠ ᠳᠤ ᠤᠨᠠᠭᠠᠪᠠ᠃ ᠡᠶᠢᠮᠦᠷᠬᠦ ᠬᠤᠶᠠᠷ ᠦᠯᠢᠭᠡᠷ ᠲᠤ ᠬᠤᠶᠠᠷ ᠬᠠᠳᠤᠨ ᠤ ᠤᠯᠤᠭᠰᠠᠨ ᠶᠠᠯ᠎ᠠ ᠨᠢ ᠳᠠᠷᠤᠢ ᠹᠧᠤᠳᠠᠯ ᠨᠡᠶᠢᠭᠡᠮ ᠤᠨ ︽ᠡᠮᠡᠭᠳᠡᠶᠢᠴᠤᠳ ᠤᠨ ᠳᠦᠷᠦᠵᠦ ᠬᠦᠡᠭᠭᠡᠵᠢᠬᠦ ᠶᠤᠰᠤᠨ ᠤ ᠠᠷᠢᠭᠤᠨ ᠴᠡᠪᠡᠷ ᠤᠨ ᠦᠵᠡᠯᠳᠡ︾ ᠲᠠᠢ ᠬᠤᠯᠪᠤᠭ᠎ᠠ ᠲᠠᠢ ᠡᠰᠢ ᠶᠤᠰᠤᠨ ᠢ ᠡᠪᠳᠡᠭᠰᠡᠨ ᠶᠠᠯ᠎ᠠ ᠪᠤᠯᠤᠨ᠎ᠠ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号