ᠵᠢᠷᠢᠮ ᠤᠨ ᠴᠢᠭᠤᠯᠭᠠᠨ
ᠨᠡᠶᠢᠲᠡᠯᠡᠭᠰᠡᠨ ᠴᠠᠭ᠄
2018-11-05
     ᠵᠢᠷᠢᠮ ᠤᠨ ᠴᠢᠭᠤᠯᠭᠠᠨ ᠤ ᠪᠠᠭᠤᠷᠢ ᠨᠢ ᠦᠪᠤᠷ ᠮᠤᠩᠭᠤᠯ ᠤᠨ ᠬᠢᠨᠭ᠍ᠭᠠᠨ ᠠᠶᠢᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ︵ᠤᠤᠯ ᠤᠨ ᠳᠦᠰᠢᠶᠡᠳᠦ ᠬᠤᠰᠢᠭᠤ︶ ᠤ ᠳᠦᠯᠢᠶᠡᠮᠦᠳᠦ ᠪᠠᠯᠭᠠᠰᠤᠨ ᠤ ᠵᠡᠬᠦᠨ ᠳᠠᠯ᠎ᠠ ᠳᠤ ᠳᠦᠡᠭᠯᠢᠶᠤᠤ ᠠᠴᠠ ᠵᠦᠰᠤᠨᠬᠤᠸᠠ ᠬᠦᠷᠬᠦ ᠭᠠᠯᠳᠤ ᠳᠡᠷᠬᠡᠨ ᠵᠠᠮ ᠤᠨ ᠡᠮᠦᠨ᠎ᠠ ᠪᠠᠶᠢᠷᠢᠯᠠᠵᠦ ᠪᠠᠶᠢᠳᠠᠭ᠃ ᠠᠳᠡ ᠡᠨᠡᠬᠦ ᠱᠤᠭᠤᠮ ᠳᠡᠮᠦᠷ ᠵᠠᠮ ᠢ ᠵᠠᠰᠠᠬᠤ ᠦᠶ᠎ᠠ ᠳᠤ ᠵᠢᠷᠢᠮ ᠤᠨ ᠴᠢᠭᠤᠯᠭᠠᠨ ᠤ ᠤᠪᠤᠭ᠎ᠠ ᠶᠢ ᠡᠮᠦᠨᠡᠰᠢ ᠨᠡᠬᠦᠯᠭᠡᠵᠦ ᠤᠳᠤ ᠶᠢᠨ ᠡᠨᠡᠬᠦ ᠤᠷᠤᠨ ᠳᠤ ᠳᠡᠪᠰᠢᠬᠦᠯᠦᠭᠰᠡᠨ ᠶᠤᠮ᠃      ᠴᠢᠩ ᠤᠯᠤᠰ ᠤᠨ ᠡᠩᠭᠡ ᠠᠮᠤᠭᠤᠯᠠᠩ ᠤᠨ ᠳᠦᠴᠢ ᠶᠢᠰᠦᠳᠦᠭᠡᠷ ᠤᠨ ︵ᠨᠡᠶᠢᠳᠡ ᠶᠢᠨ ᠤᠨ ᠳᠤᠭᠠᠯᠠᠯ ᠤᠨ 1720 ᠤᠨ︶ ᠳᠤ ᠮᠤᠩᠭᠤᠯ ᠤᠨ ᠬᠠᠷᠢᠶᠠᠳᠤ ᠭᠠᠵᠠᠷ ᠴᠢᠭᠤᠯᠭᠠᠨ ᠤ ᠭᠠᠵᠠᠷ ᠢ ᠬᠡᠷᠡᠭᠵᠢᠬᠦᠯᠦᠭᠰᠡᠨ ᠠᠴᠠ ᠳᠦᠰᠢᠶᠡᠳᠦ᠂ ᠵᠠᠰᠠᠭᠳᠤ᠂ ᠦᠨᠢᠬᠦᠡᠭ᠂ ᠵᠠᠯᠠᠶᠢᠳ᠂ ᠳᠦᠷᠪᠡᠳ᠂ ᠳᠠᠷᠬᠠᠨ᠂ ᠪᠤᠳᠤᠯᠭᠠᠳᠠᠢ᠂ ᠪᠢᠡᠭᠳᠦ᠂ ᠡᠮᠦᠨ᠎ᠠ ᠭᠤᠷᠯᠤᠰ᠂ ᠬᠤᠶᠢᠳᠦ ᠭᠤᠷᠯᠤᠰ ᠵᠡᠷᠭᠡ ᠠᠷᠪᠠᠨ ᠬᠤᠰᠢᠭᠤ ᠨᠢᠭᠡ ᠴᠢᠭᠤᠯᠭᠠᠨ ᠪᠤᠯᠵᠦ᠂ ᠠᠩᠬ᠎ᠠ ᠵᠢᠷᠢᠮ ᠠᠭᠤᠯᠠ ᠠᠴᠠ ᠬᠤᠷᠮᠤᠢ ᠳᠤ ᠴᠢᠭᠤᠯᠭᠠᠨ ᠨᠡᠶᠢᠯᠡᠭᠰᠡᠨ ᠠᠴᠠ ᠵᠢᠷᠢᠮ ᠤᠨ ᠴᠢᠭᠤᠯᠭᠠᠨ ᠬᠡᠵᠦ ᠨᠡᠷᠡᠶᠢᠳᠴᠠᠢ᠃ ᠳᠤᠰ ᠭᠠᠵᠠᠷ ᠴᠢᠭᠤᠯᠭᠠᠨ ᠪᠦᠷᠢ ᠨᠢᠭᠡ ᠤᠪᠤᠭ᠎ᠠ ᠪᠤᠰᠬᠠᠨ ᠳᠡᠮᠳᠡᠭ ᠪᠤᠯᠭᠠᠵᠦ᠂ ᠭᠤᠷᠪᠠᠨ ᠵᠢᠯ ᠳᠤ ᠨᠢᠭᠡ ᠤᠳᠠᠭ᠎ᠠ ᠴᠢᠭᠤᠯᠭᠠᠨ ᠨᠡᠶᠢᠯᠡᠵᠦ ᠪᠦᠬᠦ ᠴᠢᠭᠤᠯᠭᠠᠨ ᠤ ᠴᠢᠬᠤᠯᠠ ᠬᠡᠷᠡᠭ ᠤᠳ ᠢ ᠵᠦᠪᠳᠡᠨ ᠳᠠᠰᠤᠯᠵᠠᠢ᠃      ᠴᠢᠭᠤᠯᠭᠠᠨ ᠤ ᠪᠠᠶᠢᠭᠤᠯᠤᠮᠵᠢ ᠶᠢ ᠬᠡᠷᠡᠭᠵᠢᠬᠦᠯᠦᠭᠰᠡᠨ ᠠᠴᠠ ᠢᠷᠬᠡᠨ ᠤᠯᠤᠰ ᠤᠨ ᠬᠤᠷᠢᠨ ᠤᠨ ︵ᠨᠡᠶᠢᠳᠡ ᠶᠢᠨ ᠤᠨ ᠳᠤᠭᠠᠯᠠᠯ ᠤᠨ 1931 ᠤᠨ︶ ᠳᠤ ᠡᠷᠳᠡᠨ ᠤ ᠵᠢᠷᠢᠮ ᠤᠨ ᠴᠢᠭᠤᠯᠭᠠᠨ ᠬᠦᠴᠦᠨ ᠦᠭᠡᠢ ᠪᠤᠯᠭᠠᠭᠳᠠᠭᠰᠠᠨ ᠬᠦᠷᠳᠡᠯᠡᠬᠢ 221 ᠵᠢᠯ ᠤᠨ ᠬᠤᠭᠤᠷᠤᠨᠳᠤ ᠳᠠᠷᠬᠠᠨ ᠬᠤᠰᠢᠭᠤᠨ ᠤ ᠯᠤᠪᠰᠠᠩᠭᠤᠮᠪᠤ᠂ ᠰᠧᠧᠡᠭᠨᠤᠷᠪᠤ᠂ ᠬᠦᠡᠭᠭᠠᠷᠠᠪᠳᠠᠨ᠂ ᠸᠠᠩᠵᠢᠯᠳᠤᠷᠵᠢ᠂ ᠯᠾᠧᠡᠩ᠂ ᠳᠠᠨᠽᠠᠨᠸᠠᠩᠪᠤ᠂ ᠪᠠᠳᠤ᠂ ᠤᠳᠨᠠᠮᠫᠤᠩᠰᠤᠭ᠂ ᠴᠠᠭᠳᠠᠬᠤᠡᠭᠭᠤᠷ᠂ ᠰᠧᠳᠠᠨᠪᠠᠯᠵᠤᠤᠷ᠂ ᠭᠠᠯᠰᠠᠩᠳᠤᠩᠷᠤᠪ᠂ ᠨᠠᠮᠵᠢᠯᠰᠧᠷᠠᠩ᠂ ᠲᠦᠰᠢᠶᠡᠳᠦ ᠬᠤᠰᠢᠭᠤᠨ ᠤ ᠠᠷᠠᠪᠳᠠᠨ᠂ ᠨᠤᠷᠪᠤᠷᠢᠨᠴᠢᠨ᠂ ᠪᠠᠪᠤᠳᠤᠷᠵᠢ᠂ ᠰᠧᠧᠡᠭᠨᠤᠷᠪᠤᠰᠠᠩᠪᠤ ᠪᠤᠳᠤᠭᠠᠯᠳᠠᠢ ᠬᠤᠰᠢᠭᠤᠨ ᠤ ᠴᠢᠮᠡᠳᠳᠤᠷᠵᠢ᠂ ᠰᠠᠩᠭᠡᠷᠢᠨᠴᠢᠨ᠂ ᠵᠠᠯᠠᠶᠢᠳ ᠬᠤᠰᠢᠭᠤᠨ ᠤ ᠮᠠᠰᠢᠪᠠᠳᠤ᠂ ᠠᠯᠳᠠᠡᠧᠴᠢᠷ᠂ ᠡᠮᠤᠨ᠎ᠠ ᠭᠤᠷᠯᠤᠰ ᠤ ᠬᠦᠷᠦᠵᠠᠪ᠂ ᠴᠢᠮᠡᠳᠰᠠᠮᠪᠠᠯ᠂ ᠵᠠᠰᠠᠭᠳᠤ ᠬᠤᠰᠢᠭᠤᠨ ᠤ ᠤᠳᠨᠠᠳᠲ᠋ᠤᠮᠪᠤᠮ᠂ ᠤᠳᠠᠢ ᠵᠡᠷᠭᠡ ᠬᠤᠷᠢᠨ ᠳᠦᠷᠪᠡᠨ ᠠᠯᠪᠠᠳᠠᠨ ᠬᠡᠷᠬᠡᠮᠳᠡᠨ ᠤᠷᠢᠳ ᠬᠤᠵᠢᠳ ᠴᠢᠭᠤᠯᠭᠠᠨ ᠤ ᠳᠡᠷᠢᠬᠦᠨ ᠪᠠ ᠳᠡᠳ᠋ ᠳᠠᠷᠢᠬᠦᠨ ᠤ ᠳᠤᠰᠢᠶᠠᠯ ᠢ ᠡᠷᠬᠦᠭᠡᠯᠡᠵᠦ᠂ ᠨᠡᠶᠢᠳᠡ ᠵᠢᠷᠠ ᠭᠠᠷᠤᠢ ᠤᠳᠠᠭ᠎ᠠ ᠴᠢᠭᠤᠯᠭᠠᠨ ᠨᠡᠶᠢᠯᠡᠵᠦ᠂ ᠤᠷᠤᠨ ᠨᠤᠳᠤᠭ ᠤᠨ ᠠᠮᠤᠷ ᠳᠦᠪᠰᠢᠨ᠂ ᠠᠵᠦ ᠠᠬᠤᠢ ᠶᠢᠨ ᠬᠦᠭᠵᠢᠯᠳᠡ᠂ ᠦᠨᠳᠦᠰᠦᠳᠡᠨ ᠤ ᠡᠶ᠎ᠡ ᠨᠡᠶᠢᠷᠳᠡᠢ ᠤᠷᠤᠰᠢᠨ ᠠᠮᠢᠳᠤᠷᠠᠬᠤ ᠳᠤ ᠳᠡᠤᠭᠡᠳᠦ ᠵᠢᠳᠬᠦᠯ ᠦᠵᠡᠬᠦᠯᠦᠭᠰᠡᠨ ᠪᠢᠯᠡ᠃        ᠤᠳᠤ ᠵᠢᠷᠢᠮ ᠤᠨ ᠴᠢᠭᠤᠯᠭᠠᠨ ᠨᠢ ᠳᠡᠤᠬᠡ ᠰᠤᠶᠤᠯ ᠤᠨ ᠤᠯᠠ ᠮᠦᠷ ᠪᠤᠯᠵᠦ ᠬᠤᠴᠤᠷᠤᠭᠰᠠᠨ ᠢᠶᠠᠷ ᠦᠯᠦ ᠪᠠᠷᠠᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠠᠴᠠ ᠰᠤᠶᠤᠯ ᠤᠨ ᠦᠨᠡᠳᠦ ᠦᠪ ᠪᠤᠯᠭᠠᠨ ᠨᠠᠨᠳᠢᠩᠨᠡᠨ ᠬᠠᠮᠠᠭᠠᠯᠠᠵᠦ᠂ ᠠᠳᠡ ᠵᠤᠭᠠᠭᠰᠠᠳ ᠤᠨ ᠡᠷᠭᠡᠪᠰᠢ ᠤᠴᠢᠬᠤ ᠳᠠᠷᠬᠠᠨ ᠤᠷᠤᠨ ᠪᠤᠯᠵᠦ ᠪᠠᠶᠢᠨ᠎ᠠ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号