ᠨᠣᠳᠤᠬ ᠣᠰᠣᠨ ᠤ ᠨᠡᠷᠡᠶᠢᠳᠤᠯ ᠤᠨ ᠲᠣᠬᠠᠢ ᠭᠤᠷᠪᠠᠨ ᠦᠯᠢᠭᠡᠷ
ᠨᠡᠶᠢᠲᠡᠯᠡᠭᠰᠡᠨ ᠴᠠᠭ᠄
2018-11-05
︵ᠨᠢᠭᠡ︶ ᠠᠮᠢᠳᠦ ᠪᠣᠯᠠᠬ ᠪᠠ ᠠᠮᠢᠳᠦ ᠨᠠᠭᠤᠷ      ᠬᠦᠷᠢᠶ᠎ᠡ ᠬᠤᠰᠢᠭᠤᠨ ᠤ ᠮᠠᠩᠬᠠᠨ ᠰᠣᠮᠣᠨ ᠤ ᠲᠠᠪᠤᠨᠮᠣᠳᠦ ᠭᠠᠴᠠᠭ᠎ᠠ ᠶᠢᠨ ᠴᠣᠬᠴᠢᠭᠦᠦ ᠠᠶᠢᠯ ᠨᠢ ᠣᠣᠯ ᠨᠢ ︽ᠮᠡᠶᠢᠷᠡᠨ ᠲᠦᠡᠭ︾ ᠭᠡᠰᠡᠨ ᠨᠡᠷᠡᠶᠢᠳᠦᠯ ᠲᠠᠢ ᠪᠠᠶᠢᠬᠰᠠᠨ ᠶᠣᠮ᠃ ᠲᠣᠰ ᠠᠶᠢᠯ ᠳᠤ ᠣᠣᠯ ᠤᠨ ᠴᠣᠬᠤᠷ ᠬᠠᠯᠬ᠎ᠠ ᠶᠢᠨ ᠬᠤᠰᠢᠭᠤᠨ ᠤ ᠰᠧᠵᠡᠪ ᠭᠡᠳᠡᠭ ᠨᠡᠷ᠎ᠡ ᠲᠠᠢ ᠮᠡᠶᠢᠷᠡᠨ ᠨᠣᠳᠣᠬᠰᠢᠵᠦ ᠰᠠᠭᠤᠵᠦ ᠪᠠᠶᠢᠬᠰᠠᠨ ᠠᠴᠠ ᠲᠡᠭᠡᠵᠦ ᠨᠡᠷᠡᠯᠡᠭᠰᠡᠨ ᠪᠠᠶᠢᠵᠠᠢ᠃ ︽ᠮᠡᠶᠢᠷᠡᠨ ᠲᠦᠡᠭ︾ ᠤᠨ ᠭᠠᠵᠠᠷ ᠤᠨ ᠪᠠᠶᠢᠴᠠ ᠪᠣᠯ ᠣᠳᠣ ᠶᠢᠨ ᠮᠠᠩᠬ᠎ᠠ ᠶᠢ ᠨᠡᠪᠳᠡᠯᠦᠭᠰᠡᠨ ᠵᠠᠰᠠᠮᠠᠯ ᠵᠠᠮ ᠠᠴᠠ ᠵᠡᠭᠦᠨᠰᠢ ᠭᠤᠷᠪᠠᠨ ᠭᠠᠵᠠᠷ ᠰᠢᠬᠠᠮ ᠤᠨ ᠵᠠᠢ ᠳᠤ ᠪᠠᠶᠢᠷᠢᠰᠢᠵᠦ ᠪᠠᠶᠢᠬᠰᠠᠨ ᠡᠷᠭᠢᠨ ᠲᠣᠭᠤᠷᠢᠨ ᠢᠶᠠᠷ ᠢᠶᠠᠨ ᠲᠣᠮᠣ ᠲᠣᠮᠣ ᠣᠷᠣᠢ ᠵᠢᠯᠠᠭ᠎ᠠ ᠪᠠᠷ ᠬᠦᠷᠢᠶᠡᠯᠡᠭᠳᠡᠭᠰᠡᠨ ᠲᠣᠮᠣᠬᠠᠨ ᠰᠢᠬ ᠠᠯᠠᠬ ᠤᠨ ᠭᠠᠵᠠᠷ ᠪᠣᠯᠣᠨ᠎ᠠ᠃ ᠲᠣᠰ ᠠᠯᠠᠬ ᠤᠨ ᠪᠠᠷᠠᠭᠤᠨ ᠡᠮᠦᠨ᠎ᠡ ᠵᠠᠬ᠎ᠠ ᠳᠤ ᠨᠢᠭᠡᠨ ᠲᠣᠮᠣ ᠨᠠᠭᠤᠷ ᠪᠠᠶᠢᠵᠦ᠂ ᠨᠠᠭᠤᠷ ᠤᠨ ᠪᠠᠷᠠᠭᠤᠨ ᠬᠤᠶᠢᠳᠦ ᠲᠠᠯ᠎ᠠ ᠳᠠᠬᠢ ᠵᠢᠵᠢᠭ ᠲᠣᠪᠤ ᠶᠢᠨ ᠡᠩᠭᠡᠷ ᠠᠴᠠ ᠣᠨᠳᠣᠷᠣᠮᠠᠯ ᠪᠣᠯᠠᠬ ᠤᠨ ᠣᠰᠣ ᠣᠷᠭᠢᠯᠣᠨ ᠭᠠᠷᠴᠦ ᠨᠠᠭᠤᠷ ᠤᠨ ᠣᠰᠣ ᠶᠢ ᠲᠦᠭᠦᠷᠭᠡᠵᠦ ᠵᠡᠭᠦᠨ ᠬᠤᠶᠢᠰᠢ ᠪᠠᠨ ᠭᠤᠷᠤᠬ᠎ᠠ ᠪᠣᠯᠵᠦ ᠮᠣᠷᠣᠯᠵᠠᠨ ᠣᠷᠣᠰᠳᠠᠬ ᠪᠠᠶᠢᠬᠰᠠᠨ ᠶᠣᠮ᠃ ᠡᠨᠡᠬᠦ ᠪᠣᠯᠠᠬ ᠨᠢ ᠡᠪᠦᠯ ᠤᠨ ᠲᠡᠰᠭᠢᠮ᠎ᠡ ᠬᠦᠢᠳᠡᠨ ᠳᠤ ᠴᠦ ᠬᠦᠯᠳᠡᠳᠡᠭ ᠦᠭᠡᠢ ᠪᠠᠶᠢᠬᠰᠠᠨ ᠪᠣᠯᠬᠤᠷ ᠬᠦᠮᠦᠰ ︽ᠠᠮᠢᠳᠦ ᠪᠣᠯᠠᠬ︾ ᠭᠡᠵᠦ ᠪᠣᠯᠠᠬ ᠤᠨ ᠣᠰᠣ ᠬᠤᠷᠠᠬᠰᠠᠨ ᠨᠠᠭᠤᠷ ᠨᠢ ᠲᠡᠰᠭᠢᠮ᠎ᠡ ᠬᠦᠢᠳᠡᠨ ᠳᠤ ᠭᠤᠣᠯ ᠳᠠᠭᠠᠨ ᠶᠡᠷᠦ ᠠᠴᠠ ᠬᠦᠯᠳᠡᠳᠡᠭ ᠦᠭᠡᠢ ᠪᠠᠶᠢᠬᠰᠠᠨ ᠪᠣᠯᠬᠤᠷ ᠬᠦᠮᠦᠰ ᠪᠠᠰᠠ ︽ᠠᠮᠢᠳᠦ ᠨᠠᠭᠤᠷ︾ ᠭᠡᠵᠦ ᠨᠡᠷᠡᠶᠢᠳᠴᠦ ᠪᠠᠶᠢᠵᠠᠢ᠃ ᠨᠠᠭᠤᠷ ᠤᠨ ᠣᠰᠣ ᠭᠦᠨ ᠪᠣᠯᠬᠤᠷ ᠨᠠᠭᠤᠷ ᠲᠤ ᠶᠠᠮᠠᠷ ᠴᠦ ᠣᠷᠭᠤᠮᠠᠯ ᠣᠷᠭᠤᠳᠠᠬ ᠦᠭᠡᠢ᠂ ᠬᠤᠯᠠ ᠠᠴᠠ ᠬᠠᠷᠠᠬᠤ ᠳᠤ ᠶᠠᠬ ᠯᠡ ᠲᠣᠮᠣ ᠲᠣᠯᠢ ᠶᠢ ᠠᠷᠴᠢᠭᠠᠳ ᠲᠠᠯᠪᠢᠬᠰᠠᠨ ᠰᠢᠬ ᠬᠠᠷᠠᠬᠳᠠᠳᠠᠬ᠃ ᠨᠠᠭᠤᠷ ᠤᠨ ᠢᠷᠮᠡᠭ ᠤᠨ ᠭᠦᠶᠦᠬᠡᠨ ᠭᠠᠵᠠᠷ ᠢᠶᠠᠷ ᠵᠡᠭᠡᠰᠦ ᠬᠤᠯᠣᠰᠣ ᠶᠠᠬᠰᠢᠷᠠᠨ ᠣᠷᠭᠤᠵᠦ ᠨᠠᠭᠠᠳᠤ ᠬᠦᠪᠡᠭᠡ ᠪᠠᠷ ᠨᠢ ᠪᠣᠷᠭᠠᠰᠣ ᠮᠣᠳᠣ ᠬᠦᠮᠦᠨ ᠰᠢᠷᠭᠤᠬᠤ ᠵᠠᠢ ᠦᠭᠡᠢ ᠪᠣᠯᠳᠠᠯ᠎ᠠ ᠣᠷᠭᠤᠵᠦ᠂ ᠲᠣᠮᠳᠠ ᠨᠢ ᠬᠦᠮᠦᠨ ᠣᠷᠣᠭᠠᠳ ᠲᠡᠭᠡᠭᠰᠢ ᠬᠠᠷᠠᠪᠠᠯ ᠨᠠᠷᠠᠨ ᠤ ᠭᠡᠷᠡᠯ ᠴᠦ ᠬᠠᠷᠠᠬᠳᠠᠬᠤ ᠦᠭᠡᠢ ᠪᠢᠳᠡᠭᠦᠦ ᠣᠢ ᠪᠠᠶᠢᠬᠰᠠᠨ ᠪᠣᠯᠬᠤᠷ ᠡᠨᠡᠬᠦ ᠭᠠᠵᠠᠷ ᠢ ︽ᠮᠡᠶᠢᠷᠡᠨ ᠲᠦᠡᠭ︾ ᠭᠡᠳᠡᠭ ᠪᠠᠶᠢᠵᠠᠢ᠃      ᠨᠠᠰᠣᠳᠠᠶᠢᠴᠣᠳ ᠤᠨ ᠬᠡᠯᠡᠬᠦ ᠪᠠᠷ ᠲᠡᠭᠡᠷ᠎ᠡ ᠵᠠᠭᠤᠨ ᠤ ᠲᠠᠪᠢᠭᠠᠳ ᠣᠨ ᠤ ᠶᠡᠭᠡ ᠦᠰᠦᠷᠦᠩᠭᠦᠢ ᠲᠠᠪᠰᠢᠯᠳᠠ ᠶᠢᠨ ᠦᠶ᠎ᠡ ᠳᠤ ᠡᠨᠡᠬᠦ ︽ᠠᠮᠢᠳᠦ ᠨᠠᠭᠤᠷ︾ ᠢ ᠲᠡᠭᠰᠢᠯᠡᠨ ᠲᠣᠳᠣᠷᠭ᠎ᠠ ᠲᠠᠷᠢᠬᠤ ᠬᠦᠳᠡᠯᠭᠡᠭᠡᠨ ᠭᠠᠷᠴᠦ᠂ ᠪᠦᠬᠦ ᠬᠤᠷᠰᠢᠶ᠎ᠠ ᠪᠠᠷ ᠢᠶᠠᠨ ᠨᠢᠭᠡ ᠡᠪᠦᠯ ᠨᠢᠭᠡ ᠬᠠᠪᠣᠷ ᠣᠢᠢᠮᠡᠯᠳᠦᠭᠡᠳ ᠲᠣᠰᠠ ᠭᠠᠷᠣᠬᠰᠠᠨ ᠦᠭᠡᠢ ᠪᠣᠯᠬᠤᠷ ᠠᠵᠢᠯ ᠢᠶᠠᠨ ᠲᠣᠷᠭᠤᠨ ᠵᠣᠬᠰᠣᠵᠠᠢ᠃ ᠭᠦᠨ ᠣᠰᠣᠨ ᠳᠤ ᠭᠠᠳᠠᠨᠠᠬᠢ ᠰᠢᠷᠣᠢ ᠶᠢ ᠶᠡᠬᠡᠪᠡᠷ ᠵᠦᠭᠡᠭᠡᠨ ᠬᠢᠭᠰᠡᠨ ᠠᠴᠠ ᠨᠠᠭᠤᠷ ᠤᠨ ᠣᠰᠣ ᠮᠠᠰᠢ ᠭᠦᠶᠦᠬᠡᠨ ᠪᠣᠯᠵᠦ ᠣᠨᠳᠣᠷᠤᠮᠠᠯ ᠪᠣᠯᠠᠬ ᠨᠢ ᠮᠡᠷ ᠰᠡᠷ ᠣᠨᠳᠣᠷᠳᠠᠬ ᠪᠣᠯᠣᠬᠰᠠᠨ ᠠᠴᠠ ᠵᠣᠨ ᠤ ᠣᠯᠠᠷᠢᠯ ᠳᠤ ᠠᠶᠢᠯ ᠤᠨ ᠡᠷᠡᠰ ᠬᠡᠦᠬᠡᠳ ᠴᠣᠬᠯᠠᠷᠠᠭᠠᠳ ︽ᠠᠮᠢᠳᠦ ᠨᠠᠭᠤᠷ︾ ᠲᠤ ᠣᠮᠪᠠᠵᠦ ᠰᠡᠷᠢᠭᠦᠴᠡᠳᠡᠭ ᠪᠠᠶᠢᠵᠠᠢ᠃ ᠡᠷᠳᠡᠨ ᠠᠴᠠ ᠠᠪᠣᠭᠠᠳ ᠡᠨᠡᠬᠦ ︽ᠠᠮᠢᠳᠦ ᠨᠠᠭᠤᠷ︾ ᠲᠤ ᠡᠮᠡᠭᠳᠡᠢ ᠬᠦᠮᠦᠨ ᠣᠮᠪᠠᠵᠦ ᠪᠣᠯᠳᠠᠬ ᠦᠭᠡᠢ ᠭᠡᠳᠡᠭ ᠶᠣᠰᠣ ᠪᠠᠶᠢᠬᠰᠠᠨ ᠶᠣᠮ᠃ ᠭᠡᠳᠡᠯ᠎ᠡ ᠵᠢᠷᠠᠭᠠᠳ ᠣᠨ ᠤ ᠰᠡᠭᠦᠯᠴᠢ ᠮᠠᠨ ᠤ ᠠᠶᠢᠯ ᠤᠨ ᠨᠢᠭᠡ ᠡᠮᠡᠭᠳᠡᠢ ᠡᠨᠡᠬᠦ ᠴᠡᠭᠡᠷ ᠢ ᠡᠪᠳᠡᠵᠦ ᠰᠦᠨᠢ ᠪᠠᠷ ︽ᠠᠮᠢᠳᠦ ᠪᠣᠯᠠᠬ︾ ᠤᠨ ᠣᠰᠣᠨ ᠳᠤ ᠲᠣᠳᠣᠷ ᠬᠤᠪᠴᠠᠰᠣ ᠪᠠᠨ ᠣᠬᠢᠶᠠᠵᠦ᠂ ︽ᠠᠮᠢᠳᠦ ᠨᠠᠭᠤᠷ︾ ᠲᠤ ᠣᠮᠪᠠᠭᠰᠠᠨ ᠠᠴᠠ ᠪᠣᠯᠵᠦ ︽ᠠᠮᠢᠳᠦ ᠪᠣᠯᠠᠬ︾ ᠪᠣᠵᠠᠷᠯᠠᠬᠳᠠᠵᠦ ᠨᠢᠭᠡ ᠯᠡ ᠰᠦᠨᠢ ᠶᠢᠨ ᠬᠤᠭᠤᠷᠣᠨᠳᠦ ᠰᠣᠬᠤᠷᠠᠬᠰᠠᠨ ᠶᠣᠮ᠃ ᠲᠡᠭᠦᠨ ᠠᠴᠠ ᠬᠤᠶᠢᠰᠢ ︽︿ᠠᠮᠢᠳᠦ ᠨᠠᠭᠤᠷ﹀ ᠤᠨ ᠣᠰᠣ ᠪᠣᠵᠠᠷᠯᠠᠬᠳᠠᠪᠠ᠂ ᠬᠡᠦᠬᠡᠳ ᠰᠢᠦᠬᠠᠳ ᠣᠮᠪᠠᠵᠦ ᠪᠣᠯᠬᠤ ᠦᠭᠡᠢ︾ ᠭᠡᠵᠦ ᠨᠣᠳᠤᠬ ᠤᠨ ᠬᠦᠮᠦᠰ ᠵᠢᠭᠠᠯ ᠪᠠᠭᠠᠴᠣᠳ ᠢ ᠣᠮᠪᠠᠭ᠋ᠣ ᠶᠢ ᠴᠡᠭᠡᠷᠯᠡᠭᠦᠯᠳᠡᠭ ᠪᠠᠶᠢᠵᠠᠢ᠃ ︽ᠠᠮᠢᠳᠦ ᠪᠣᠯᠠᠬ︾ ᠰᠢᠷᠭᠢᠭᠰᠡᠨ ᠠᠴᠠ ︽ᠠᠮᠢᠳᠦ ᠨᠠᠭᠤᠷ︾ ᠤᠨ ᠣᠰᠣ ᠴᠦ ᠠᠭᠠᠵᠢᠮ ᠢᠶᠠᠷ ᠲᠠᠳᠠᠷᠠᠵᠦ᠂ ᠬᠦᠪᠡᠭᠡ ᠪᠠᠷ ᠨᠢ ᠣᠷᠭᠤᠬᠰᠠᠨ ᠪᠣᠷᠭᠠᠰᠣ ᠮᠣᠳᠤ ᠨᠢ ᠴᠦ ᠵᠢᠯ ᠠᠴᠠ ᠵᠢᠯ ᠰᠢᠩᠭᠡᠷᠡᠵᠦ ᠬᠡᠳᠦᠬᠡᠨ ᠵᠢᠯ ᠤᠨ ᠬᠤᠭᠤᠷᠤᠨᠳᠦ ᠡᠯᠡᠰᠦᠷᠬᠡᠭᠵᠢᠵᠦ ᠮᠠᠩᠬᠠᠵᠢᠬᠰᠠᠨ ᠪᠢᠯᠡ᠃ ︵ᠬᠤᠶᠠᠷ︶ ︽ᠨᠠᠶᠢᠨᠠᠢ ᠵᠠᠯᠠᠭᠰᠠᠨ ᠤᠷᠤᠢ︾ ᠶᠢᠨ ᠦᠯᠢᠭᠡᠷ     ︽ᠠᠮᠢᠳᠦ ᠨᠠᠭᠤᠷ︾ ᠤᠨ ᠪᠠᠷᠠᠭᠤᠨ ᠡᠮᠦᠨ᠎ᠠ ᠲᠠᠯ᠎ᠠ ᠳᠤ ᠣᠮᠠᠷ᠎ᠠ ᠠᠴᠠ ᠡᠮᠦᠨᠡᠰᠢ ᠰᠣᠨᠵᠢᠷᠠᠨ ᠵᠠᠯᠭᠠᠯᠳᠣᠬᠰᠠᠨ ᠲᠣᠮᠣ ᠲᠣᠮᠣ ᠣᠷᠦ᠋ᠢᠳ ᠪᠠᠶᠢᠳᠠᠬ᠃ ᠡᠨᠡᠬᠦ ᠣᠷᠦ᠋ᠢᠳ ᠤᠨ ᠬᠠᠮᠤᠬ ᠤᠨ ᠬᠤᠶᠢᠳᠦ ᠵᠠᠬ᠎ᠠ ᠳᠠᠬᠢ ᠰᠦᠷ ᠪᠠᠷᠳᠠᠭᠠᠨ ᠲᠠᠢ ᠵᠢᠯᠠᠭ᠎ᠠ ᠶᠢ ︽ᠨᠠᠶᠢᠨᠠᠢ ᠵᠠᠯᠠᠬᠰᠠᠨ ᠣᠷᠣᠢ︾ ᠭᠡᠵᠦ ᠨᠡᠷᠡᠯᠡᠳᠡᠭ᠃     ︽ᠨᠠᠶᠢᠨᠠᠢ ᠵᠠᠯᠠᠬᠰᠠᠨ ᠣᠷᠣᠢ︾ ᠭᠡᠳᠡᠭ ᠨᠡᠷᠡᠶᠢᠳᠦᠯ ᠤᠨ ᠲᠣᠬᠠᠢ ᠡᠶᠢᠮᠦ ᠨᠢᠭᠡ ᠣᠴᠢᠷ ᠪᠠᠶᠢᠳᠠᠬ ᠶᠣᠮ᠃ ᠦᠡᠭᠭᠡᠷᠡᠭᠰᠡᠨ ᠴᠠᠬ ᠲᠤ ︽ᠪᠣᠳᠣ︾ ᠡᠪᠡᠳᠴᠢᠨ ᠭᠡᠵᠦ ᠲᠡᠯᠭᠡᠷᠡᠵᠦ ᠪᠠᠶᠢᠬᠰᠠᠨ ᠶᠣᠮ᠃ ᠨᠣᠳᠤᠬ ᠤᠨ ᠬᠦᠮᠦᠰ ᠪᠠᠰᠠ ᠡᠨᠡᠬᠦ ᠡᠪᠡᠳᠴᠢᠨ ᠢ ︽ᠴᠡᠴᠡᠭ︾ ︽ᠬᠤᠸᠠᠷ︾ ᠪᠣᠶᠣ ︽ᠴᠠᠭᠠᠨ ᠪᠣᠷᠬᠠᠨ︾ ᠡᠪᠡᠳᠴᠢᠨ ᠭᠡᠵᠦ ᠠᠳᠠᠯᠢ ᠪᠣᠰᠣ ᠪᠠᠷ ᠨᠡᠷᠡᠯᠡᠵᠦ ᠪᠠᠶᠢᠬᠰᠠᠨ ᠶᠣᠮ᠃ ᠡᠨᠡᠬᠦ ᠡᠪᠡᠳᠴᠢᠨ ᠳᠤ ᠨᠡᠷᠪᠡᠭᠳᠡᠪᠡᠯ ᠣᠯᠠᠩᠬᠢ ᠬᠦᠮᠦᠰ ᠦᠬᠦᠳᠡᠭ ᠪᠣᠯᠬᠤᠷ ᠡᠪᠡᠳᠴᠢᠨ ᠢ ᠣᠷᠢᠳᠴᠢᠯᠠᠨ ᠰᠡᠷᠭᠡᠶᠢᠯᠡᠬᠦ ᠶᠢᠨ ᠲᠦᠯᠦᠭᠡ ᠲᠡᠷᠡ ᠦᠶ᠎ᠡ ᠶᠢᠨ ᠡᠷᠳᠡᠮᠳᠡᠨ ᠠᠴᠠ ᠡᠪᠡᠳᠴᠢᠨ ᠤ ᠬᠤᠣᠷ ᠢ ᠰᠢᠬᠠᠨ ᠠᠪᠴᠦ ᠬᠤᠣᠷ ᠢ ᠨᠢ ᠪᠠᠭᠠᠰᠬᠠᠭᠠᠳ ︽ᠪᠣᠳᠣ ᠡᠪᠡᠳᠴᠢᠨ︾ ᠳᠤ ᠨᠡᠷᠪᠡᠭᠳᠡᠭᠰᠡᠨ ᠦᠭᠡᠢ ᠬᠦᠮᠦᠰ ᠲᠤ ᠲᠠᠷᠢᠳᠠᠬ᠃ ᠣᠯᠠᠮᠵᠢᠯᠠᠯ ᠶᠠᠷᠢᠶ᠎ᠠ ᠶᠢ ᠦᠨᠳᠦᠰᠦᠯᠡᠪᠡᠯ ᠡᠨᠡ ᠡᠪᠡᠳᠴᠢᠨ ᠨᠢ ᠬᠦᠮᠦᠨ ᠪᠣᠯᠵᠦ ᠲᠦᠷᠦᠭᠰᠡᠳ ᠲᠤ ᠡᠷᠬᠡᠪᠰᠢ ᠨᠢᠭᠡ ᠣᠳᠠᠭ᠎ᠠ ᠲᠣᠬᠢᠶᠠᠯᠳᠣᠳᠠᠬ ᠪᠠᠶᠢᠵᠦ ᠨᠡᠷᠪᠡᠭᠳᠡᠭᠰᠡᠨ ᠬᠦᠮᠦᠨ ᠨᠢ ᠲᠠᠬᠢᠵᠦ ᠨᠡᠷᠪᠡᠭᠳᠡᠳᠡᠭ ᠦᠭᠡᠢ ᠭᠡᠨ᠎ᠡ᠃ ᠬᠦᠮᠦᠨ ᠠᠮᠢᠳᠦ ᠪᠠᠶᠢᠭ᠎ᠠ ᠦᠶᠡᠰ ᠲᠡᠭᠡᠨ ᠡᠨᠡ ᠡᠪᠡᠳᠴᠢᠨ ᠳᠤ ᠨᠡᠷᠪᠡᠭᠳᠡᠭᠰᠡᠨ ᠦᠭᠡᠢ ᠪᠣᠯ ᠦᠬᠦᠭᠰᠡᠨ ᠤ ᠬᠢᠨᠢ ᠲᠠᠷᠠᠭ᠎ᠠ ᠶᠠᠰᠣᠨ ᠲᠡᠭᠡᠷ᠎ᠡ ᠨᠢ ᠡᠨᠡ ᠡᠪᠡᠳᠴᠢᠨ ᠨᠦᠬᠦᠵᠦ ᠭᠠᠷᠳᠠᠬ ᠶᠣᠰᠣᠳᠠᠢ ᠭᠡᠵᠦ ᠶᠠᠷᠢᠳᠠᠬ᠃ ᠡᠶᠢᠮᠦ ᠠᠴᠠ ᠶᠡᠭᠡ ᠬᠦᠮᠦᠰ ᠤᠨ ᠣᠯᠠᠩᠬᠢ ᠨᠢ ︽ᠬᠤᠸᠠᠷ︾ ᠲᠠᠷᠢᠭᠠᠳ ᠦᠡᠭᠭᠡᠷᠡᠴᠢᠬᠡᠳᠡᠭ ᠪᠣᠯᠬᠤᠷ ︽ᠪᠣᠳᠣ︾ ᠶᠢᠨ ᠲᠠᠷᠢᠯᠭ᠎ᠠ ᠶᠢ ᠭᠤᠣᠯᠳᠠᠭᠤ ᠪᠠᠭ᠎ᠠ ᠬᠡᠦᠬᠡᠳ ᠲᠤ ᠲᠠᠷᠢᠳᠠᠬ ᠶᠣᠮ᠃ ᠡᠨᠡ ᠲᠠᠷᠢᠯᠭ᠎ᠠ ᠶᠢ ᠲᠠᠷᠢᠬᠰᠠᠨ ᠤ ᠲᠠᠷᠠᠭ᠎ᠠ ᠬᠡᠦᠬᠡᠳ ᠡᠬᠢᠯᠡᠨ ᠬᠠᠯᠠᠭᠤᠷᠠᠵᠦ ᠪᠡᠶ᠎ᠡ ᠲᠡᠭᠡᠷ᠎ᠡ ᠨᠢ ᠣᠯᠠᠨ ᠣᠯᠠᠭᠠᠨ ᠲᠣᠯᠪᠤ ᠭᠠᠷᠴᠦ ᠲᠡᠷᠡ ᠨᠢ ᠢᠳᠡᠭᠡᠳᠦ ᠴᠦᠪᠦᠷᠢᠭᠦᠦ ᠪᠣᠯᠳᠠᠬ᠃ ᠡᠨᠡᠬᠦ ᠴᠦᠪᠦᠷᠢᠭᠦᠦ ᠨᠢ ᠠᠷᠪᠠᠭᠠᠳ ᠡᠳᠦᠷ ᠪᠣᠯᠣᠬᠰᠠᠨ ᠤ ᠲᠠᠷᠠᠭ᠎ᠠ ᠰᠠᠶ᠋ᠢ ᠬᠠᠭᠠᠵᠢ ᠰᠠᠭᠤᠨ ᠡᠳᠡᠭᠡᠷᠡᠵᠦ ᠡᠬᠢᠯᠡᠳᠡᠭ᠃ ᠲᠡᠷᠡ ᠦᠶᠡᠰ ᠣᠳᠣ ᠶᠢᠨ ᠰᠢᠬ ᠬᠠᠯᠠᠭᠤᠨ ᠢ ᠲᠠᠭᠤᠬᠤ ᠪᠣᠶᠣ ᠦᠷᠪᠢᠰᠦᠯ ᠢ ᠲᠠᠷᠣᠬᠤ ᠡᠮ ᠭᠡᠵᠦ ᠪᠠᠶᠢᠬᠰᠠᠨ ᠦᠭᠡᠢ ᠪᠣᠯᠬᠤᠷ ︽ᠴᠡᠴᠡᠭ︾ ᠲᠠᠷᠢᠬᠰᠠᠨ ᠡᠮᠴᠢ ᠠᠴᠠ ᠬᠤᠨᠤᠬ ᠤᠨ ᠲᠣᠭᠠᠨ ᠤ ᠶᠣᠰᠣᠭᠠᠷ ᠬᠡᠳᠦᠨ ᠲᠦᠡᠭ ᠡᠮ ᠦᠭᠳᠡᠭ ᠠᠴᠠ ᠡᠨᠡᠬᠦ ᠡᠪᠡᠳᠴᠢᠨ ᠢ ᠡᠬᠢᠯᠡᠵᠦ ᠲᠠᠷᠢᠬᠰᠠᠨ ᠠᠴᠠ ᠡᠳᠡᠭᠡᠷᠡᠬᠦ ᠪᠣᠯᠳᠠᠯ᠎ᠠ ᠰᠣᠪᠢᠯᠠᠯᠳᠠ ᠪᠠᠷ ᠭᠤᠣᠯ ᠪᠣᠯᠭᠠᠳᠠᠬ ᠪᠠᠶᠢᠵᠠᠢ᠃ ︽ᠴᠡᠴᠡᠭ ᠡᠪᠡᠳᠴᠢᠨ︾ ᠲᠠᠷᠢᠭᠤᠯᠣᠭᠠᠳ ᠠᠷᠪᠠᠨ ᠨᠠᠢᠮᠠ ᠬᠤᠨᠣᠳᠠᠯ᠎ᠠ ᠭᠡᠷ ᠤᠨ ᠢᠶᠠᠨ ᠡᠭᠦᠳᠡᠨ ᠭᠠᠳᠠᠨ᠎ᠠ ᠣᠯᠠᠭᠠᠨ ᠪᠦᠰ ᠢᠶᠠᠷ ᠲᠡᠮᠳᠡᠭ ᠲᠠᠯᠪᠢᠵᠦ ᠭᠠᠳᠠᠨᠠᠬᠢ ᠬᠦᠮᠦᠰ ᠲᠤ ᠬᠦᠯ ᠭᠠᠷ ᠴᠡᠭᠡᠷᠯᠡᠭᠦᠯᠵᠦ ᠪᠠᠶᠢᠬᠤ ᠪᠠᠨ ᠮᠡᠳᠡᠭᠳᠡᠬᠦ ᠶᠢᠨ ᠬᠠᠮᠳᠦ ᠬᠡᠷ ᠤᠨ ᠬᠦᠮᠦᠰ ᠨᠢ ᠢᠳᠡᠵᠦ ᠣᠣᠭᠤᠬᠤ ᠠᠴᠠ ᠡᠬᠢᠯᠡᠨ ᠦᠢᠯᠡ ᠬᠦᠳᠡᠯᠭᠡᠭᠡᠨ ᠳᠡᠭᠡᠨ ᠬᠦᠷᠳᠡᠯ᠎ᠡ ᠣᠨᠴᠠ ᠨᠠᠷᠢᠨ ᠨᠢᠬᠳᠠ ᠪᠠᠶᠢᠯᠭᠠᠳᠠᠬ ᠶᠣᠮ᠃ ᠰᠠᠶᠢᠬᠠᠨ ᠴᠡᠭᠡᠷᠯᠡᠭᠰᠡᠨ ᠬᠡᠦᠬᠡᠳ ᠤᠨ ᠬᠠᠭᠠᠵᠢ ᠨᠢ ᠠᠷᠪᠠᠨ ᠨᠠᠢᠮᠠ ᠬᠤᠨᠣᠬᠰᠠᠨ ᠤ ᠲᠠᠷᠠᠭ᠎ᠠ ᠬᠤᠪᠬᠤᠷᠠᠨ ᠣᠨᠠᠵᠦ ᠴᠡᠴᠡᠭ ᠲᠠᠷᠢᠬᠰᠠᠨ ᠭᠠᠵᠠᠷ ᠨᠢ ᠵᠣᠣᠪᠠᠨᠭ᠌ ᠬᠡᠯᠪᠡᠷᠢ ᠶᠢᠨ ᠲᠦᠭᠦᠷᠢᠭ ᠰᠣᠷᠪᠢ ᠦᠯᠡᠳᠡᠳᠡᠭ ᠪᠠᠶᠢᠵᠠᠢ᠃ ᠠᠷᠠᠳ ᠤᠨ ᠠᠮᠠᠨ ᠶᠠᠷᠢᠶᠠᠨ ᠳᠤ ᠴᠡᠴᠡᠭ ᠡᠪᠡᠳᠴᠢᠨ ᠢ ︽ᠨᠠᠶᠢᠨᠠᠢ ᠪᠣᠷᠬᠠᠨ︾ ᠬᠠᠮᠢᠶᠠᠷᠴᠦ ᠪᠠᠶᠢᠳᠠᠬ ᠠᠴᠠ ᠲᠦᠢᠯ ᠤᠨ ᠠᠷᠢᠭᠤᠨ ᠴᠡᠪᠡᠷ ᠡᠪᠡᠳᠴᠢᠨ ᠪᠠᠶᠢᠵᠦ ᠰᠠᠶᠢᠬᠠᠨ ᠴᠡᠭᠡᠷᠯᠡᠬᠦ ᠦᠭᠡᠢ ᠪᠣᠯ ᠦᠬᠦᠬᠦ ᠪᠣᠶᠣ ᠵᠡᠮᠳᠡᠭ ᠪᠣᠯᠳᠠᠬ ᠶᠣᠮ ᠭᠡᠨ᠎ᠡ ᠃ ︽ᠴᠡᠴᠡᠭ ᠡᠪᠡᠳᠴᠢᠨ︾ ᠢ ᠲᠠᠷᠢᠭᠠᠳ ᠠᠷᠪᠠᠨ ᠨᠠᠢᠮᠠ ᠬᠤᠨᠣᠬᠰᠠᠨ ᠤ ᠲᠠᠷᠠᠭ᠎ᠠ ︽ᠴᠡᠴᠡᠭ︾ ᠤᠨ ᠬᠠᠭᠠᠵᠢ ᠶᠢ ᠣᠨᠠᠭᠠᠬᠤ ᠭᠡᠵᠦ ᠨᠣᠳᠤᠬ ᠣᠰᠣᠨ ᠤ ᠬᠢᠨᠢ ᠨᠡᠷ᠎ᠡ ᠬᠦᠨᠳᠦᠳᠡᠢ ᠪᠣᠶᠣ ᠵᠣᠭᠤᠰ ᠮᠦᠡᠭᠬᠦ ᠲᠠᠢ ᠬᠦᠮᠦᠨ ᠢᠶᠠᠷ ᠡᠷᠭᠢᠯᠡᠭᠦᠯᠦᠨ᠂ ᠪᠣᠰᠣᠳ ᠨᠢ ᠪᠠᠭ᠎ᠠ ᠰᠠᠭ᠎ᠠ ᠮᠦᠡᠭᠬᠦ ᠭᠠᠷᠭᠠᠬᠤ ᠪᠣᠶᠣ ᠶᠠᠳᠠᠭᠤ ᠨᠢ ᠬᠦᠴᠦᠨ ᠤ ᠠᠵᠢᠯ ᠬᠢᠵᠦ ᠠᠵᠢᠯᠯᠠᠭ᠎ᠠ ᠶᠢ ᠪᠦᠷᠢᠨ ᠭᠦᠢᠴᠡᠳᠭᠡᠳᠡᠭ ᠶᠣᠮ᠃ ᠡᠭᠦᠨ ᠢᠶᠠᠨ ︽ᠨᠠᠶᠢᠨᠠᠢ ᠪᠣᠷᠬᠠᠨ︾ ᠵᠠᠯᠠᠬᠤ ᠭᠡᠳᠡᠭ᠃ ︽ᠨᠠᠶᠢᠨᠠᠢ ᠪᠣᠷᠬᠠᠨ ︾ ᠢ ᠵᠠᠯᠠᠬᠤ ᠳᠤ ᠬᠡᠳᠦᠨ ᠠᠶᠢᠯ ᠤᠨ ᠬᠦᠮᠦᠰ ᠴᠣᠬᠯᠠᠷᠠᠯᠳᠣᠨ ︽ᠨᠠᠶᠢᠨᠠᠢ ᠪᠣᠷᠬᠠᠨ︾ ᠢ ᠵᠠᠯᠠᠬᠤ ᠣᠷᠣᠢ ᠪᠠᠨ ᠰᠣᠩᠭᠤᠵᠦ ᠯᠠᠮᠠ ᠵᠠᠯᠠᠨ ᠨᠣᠮ ᠣᠡᠭᠰᠢᠭᠤᠯᠵᠦ ︽ᠨᠠᠶᠢᠨᠠᠢ ᠪᠣᠷᠬᠠᠨ︾ ᠳᠤ ︽ᠴᠡᠴᠡᠭ ᠡᠪᠡᠳᠴᠢᠨ︾  ᠢ ᠨᠢ ᠪᠣᠴᠠᠭᠠᠨ ᠦᠭᠬᠦ ᠰᠠᠩ ᠲᠠᠯᠪᠢᠭᠤᠯᠳᠠᠬ᠃ ᠬᠦᠮᠦᠰ ᠭᠤᠶᠣᠯᠠᠯ ᠤᠨ ᠬᠤᠪᠴᠠᠰᠣ ᠪᠠᠨ ᠡᠮᠦᠰᠵᠡᠭᠡᠨ ᠪᠣᠣᠪᠤ ᠪᠣᠭᠤᠷᠰᠤᠬ ᠢᠶᠠᠨ ᠰᠠᠬᠰᠣᠨ ᠳᠤ ᠬᠢᠵᠦ ᠵᠢᠯᠠᠭ᠎ᠠ ᠶᠢᠨ ᠣᠷᠣᠢ ᠲᠡᠭᠡᠷ᠎ᠡ ᠭᠠᠷᠴᠦ ︽ᠨᠠᠶᠢᠨᠠᠢ ᠪᠣᠷᠬᠠᠨ ᠮᠢᠨᠢ ᠡ︕ ᠡᠨᠡᠬᠦ ᠭᠤᠶᠣ ᠰᠠᠶᠢᠬᠠᠨ ︿ᠴᠡᠴᠡᠭ﹀ ᠢᠶᠠᠨ ᠪᠣᠴᠠᠭᠠᠨ ᠠᠪᠠᠴᠢᠭᠠᠷᠠᠢ︕ ᠬᠡᠦᠬᠡᠳ ᠲᠤ ᠲᠠᠷᠢᠬᠰᠠᠨ ︿ᠴᠡᠴᠡᠭ﹀ ᠤᠨ ᠬᠠᠭᠠᠵᠢ ᠡᠨᠡᠬᠦ ᠪᠣᠭᠤᠷᠰᠤᠬ ᠮᠡᠳᠦ ᠠᠮᠠᠷᠬᠠᠨ ᠣᠨᠠᠬᠤ ᠪᠣᠯᠳᠣᠭᠠᠢ︾ ᠭᠡᠵᠦ ᠶᠠᠷᠢᠭᠠᠳ ᠣᠷᠣᠢ ᠠᠴᠠ ᠲᠣᠭᠤᠬᠰᠢ ᠪᠣᠣᠪᠤ ᠪᠣᠭᠤᠷᠰᠤᠬ ᠢᠶᠠᠨ ᠰᠢᠳᠠᠵᠦ ᠶᠠᠪᠣᠭᠤᠯᠳᠠᠬ᠃ ᠰᠢᠳᠡᠵᠦ ᠶᠠᠪᠣᠭᠤᠯᠣᠬᠰᠠᠨ ᠪᠣᠭᠤᠷᠰᠤᠬ ᠢ ᠨᠢ ᠠᠶᠢᠯ ᠤᠨ ᠬᠡᠦᠬᠡᠳ ᠣᠷᠣᠯᠳᠣᠨ ᠲᠡᠭᠦᠵᠦ ᠠᠪᠳᠠᠬ᠃ ᠮᠠᠨ ᠤ ᠠᠶᠢᠯ ᠤᠨ ᠨᠠᠶᠢᠨᠠᠢ ᠵᠠᠯᠠᠬᠤ ᠠᠵᠢᠯᠯᠠᠭ᠎ᠠ ᠶᠢ ︽ᠠᠮᠢᠳᠦ ᠨᠠᠭᠤᠷ︾ ᠤᠨ ᠪᠠᠷᠠᠭᠤᠨ ᠡᠮᠦᠨᠡᠬᠢ ᠡᠨᠡᠬᠦ ᠲᠣᠮᠣ ᠵᠢᠯᠠᠭ᠎ᠠ ᠲᠡᠭᠡᠷ᠎ᠡ ᠶᠠᠪᠣᠬᠳᠠᠭᠤᠯᠵᠦ ᠪᠠᠶᠢᠬᠰᠠᠨ ᠪᠣᠯᠬᠤᠷ ᠨᠣᠳᠤᠬ ᠤᠨ ᠬᠦᠮᠦᠰ ᠡᠨᠡᠬᠦ ᠣᠷᠣᠢ ᠶᠢ ︽ᠨᠠᠶᠢᠨᠠᠢ ᠵᠠᠯᠠᠬᠰᠠᠨ ᠣᠷᠣᠢ︾ ᠭᠡᠵᠦ ᠨᠡᠷᠡᠶᠢᠳᠴᠡᠢ᠃ ︵ᠭᠤᠷᠪᠠ︶ ᠯᠣᠣᠰ ᠤᠨ ᠰᠦᠮ᠎ᠡ ᠶᠢᠨ ᠦᠯᠢᠭᠡᠷ      ︽ᠮᠡᠶᠢᠷᠡᠨ ᠲᠦᠡᠭ︾ ᠠᠴᠠ ᠪᠠᠷᠠᠭᠤᠨᠰᠢ ᠲᠦᠷᠪᠡᠨ ᠭᠠᠵᠠᠷ ᠰᠢᠬᠠᠮ ᠤᠨ ᠵᠠᠢ ᠳᠤ᠂ ᠣᠳᠣ ᠶᠢᠨ ᠠᠶᠢᠯ ᠤᠨ ᠲᠣᠮᠳᠠᠭᠤᠷ ᠦᠡᠭᠭᠡᠷᠡᠵᠦ ᠪᠠᠶᠢᠭ᠎ᠠ ᠵᠠᠰᠠᠮᠠᠯ ᠵᠠᠮ ᠠᠴᠠ ᠪᠠᠷᠠᠭᠤᠨᠰᠢ ᠭᠠᠵᠠᠷ ᠢᠯᠡᠭᠦᠦ ᠵᠠᠢ ᠳᠤ ᠨᠢᠭᠡᠨ ︽ᠯᠣᠣᠰ ᠤᠨ ᠰᠦᠮ᠎ᠡ︾ ᠭᠡᠵᠦ ᠪᠠᠶᠢᠬᠰᠠᠨ ᠶᠣᠮ᠃ ᠯᠣᠣᠰ ᠤᠨ ᠰᠦᠮ᠎ᠡ ᠪᠠᠶᠢᠷᠢᠰᠢᠵᠦ ᠪᠠᠶᠢᠬᠰᠠᠨ ᠭᠠᠵᠠᠷ ᠢ ᠪᠠᠰᠠ ᠠᠶᠢᠯ ᠤᠨ ᠬᠦᠮᠦᠰ ︽ᠪᠠᠷᠠᠭᠤᠨ ᠲᠦᠡᠭ︾ ᠭᠡᠵᠦ ᠲᠠᠭᠤᠳᠠᠵᠦ ᠪᠠᠶᠢᠵᠠᠢ᠃ ᠣᠯᠠᠮᠵᠢᠯᠠᠯ ᠶᠠᠷᠢᠶ᠎ᠠ ᠶᠢ ᠦᠨᠳᠦᠰᠦᠯᠡᠪᠡᠯ ᠣᠣᠯ ᠤᠨ ᠴᠣᠬᠤᠷ ᠬᠠᠯᠬ᠎ᠠ ᠶᠢᠨ ᠬᠤᠰᠢᠭᠤᠨ ᠤ ᠲᠠᠶᠢᠵᠢ ᠣᠬᠰᠠᠭᠠᠨ ᠤ ᠬᠢᠨ ᠤ ᠨᠢᠭᠡ ᠪᠦᠯᠦᠭ ᠬᠦᠮᠦᠰ ᠡ᠊ᠨᠳᠡ ᠨᠣᠳᠣᠬᠰᠢᠵᠦ ᠪᠠᠶᠢᠬᠰᠠᠨ ᠭᠡᠨ᠎ᠡ᠃ ᠲᠠᠶᠢᠵᠢ ᠭᠤᠸᠠᠢ ᠨᠢᠭᠡ ᠡᠳᠦᠷ ᠠᠯᠪᠠᠳᠦ ᠪᠠᠨ ᠲᠠᠭᠠᠭᠤᠯᠵᠦ ︽ᠪᠠᠷᠠᠭᠤᠨ ᠲᠦᠡᠭ︾ ᠤᠨ ᠬᠦᠪᠡᠭᠡ ᠪᠠᠷ ︽ᠮᠣᠩᠭᠤᠯ ᠠᠮᠣ︾ ᠲᠠᠷᠢᠵᠦ ᠪᠠᠶᠢᠳᠠᠯ᠎ᠠ ᠠᠯᠪᠠᠳᠦ ᠶᠢᠨ ᠬᠢᠨᠢ ᠠᠨᠵᠢᠰᠣᠨ ᠬᠤᠰᠢᠭᠤᠨ ᠳᠤᠨᠢ ᠨᠢᠭᠡᠨ ᠴᠠᠭᠠᠨ ᠡᠷᠢᠶᠠᠨ ᠮᠣᠭᠠᠢ ᠲᠠᠭᠠᠷᠢᠬᠳᠠᠵᠦ ᠲᠣᠮᠳᠠᠭᠤᠷ ᠢᠶᠠᠨ ᠲᠠᠰᠣᠷᠠᠬᠰᠠᠨ ᠢ ᠨᠢ ᠣᠯᠵᠦ ᠬᠠᠷᠠᠵᠠᠢ᠃ ᠲᠠᠶᠢᠵᠢ ᠭᠤᠸᠠᠢ ᠲᠠᠰᠣᠷᠠᠬᠰᠠᠨ ᠮᠣᠭᠠᠢ ᠶᠢ ᠦᠵᠡᠭᠡᠳ ᠦᠷᠦᠪᠳᠡᠵᠦ ᠲᠡᠪᠡᠯ ᠤᠨ ᠬᠤᠷᠮᠣᠢ ᠪᠠᠨ ᠣᠷᠠᠵᠦ ᠨᠡᠶᠢᠯᠡᠭᠦᠯᠵᠦ ᠪᠠᠶᠢᠭᠠᠳ ᠣᠶᠠᠵᠦ ᠲᠠᠯᠪᠢᠬᠰᠠᠨ ᠭᠡᠨ᠎ᠡ᠃ ᠲᠡᠭᠦᠨ ᠠᠴᠠ ᠪᠣᠯᠵᠦ ᠲᠠᠶᠢᠵᠢ ᠭᠤᠸᠠᠢ ᠶᠢᠨ ᠰᠠᠭᠤᠵᠦ ᠪᠠᠶᠢᠭ᠎ᠠ ᠭᠡᠷ ᠲᠤᠨᠢ ᠡᠳᠦᠷ ᠰᠦᠨᠢ ᠦᠭᠡᠢ ᠮᠣᠭᠠᠢ ᠴᠣᠬᠯᠠᠷᠠᠭᠠᠳ ᠰᠠᠭᠤᠵᠦ ᠬᠡᠪᠳᠡᠬᠦ ᠶᠢᠨ ᠠᠷᠭ᠎ᠠ ᠦᠭᠡᠢ ᠪᠣᠯᠭᠠᠵᠠᠢ᠃ ᠲᠠᠶᠢᠵᠢ ᠭᠤᠸᠠᠢ ᠣᠴᠢᠷ ᠢ ᠨᠢ ᠣᠯᠵᠦ ᠶᠠᠳᠠᠨ ᠵᠠᠷᠯᠢᠬ ᠤᠨ ᠭᠡᠭᠡᠨ ᠳᠤ ᠬᠦᠷᠴᠦ ᠠᠪᠣᠷᠠᠯ ᠡᠷᠢᠪᠡ᠃ ᠭᠡᠭᠡᠨ ᠦᠵᠡᠭᠡᠳ᠄ ︽ᠲᠠᠨ ᠤ ᠲᠡᠷᠢᠶ᠎ᠠ ᠲᠠᠷᠢᠬᠰᠠᠨ ᠭᠠᠵᠠᠷ ᠴᠢᠨᠢ ᠴᠠᠭᠠᠨ ᠯᠣᠣᠰ ᠡᠵᠡᠯᠡᠭᠰᠡᠨ ᠭᠠᠵᠠᠷ ᠪᠠᠶᠢᠨ᠎ᠠ᠃ ᠯᠣᠣᠰ ᠤᠨ ᠰᠦᠮ᠎ᠡ ᠪᠠᠷᠢᠵᠦ ᠴᠠᠭᠠᠨ ᠯᠣᠣᠰ ᠢ ᠲᠠᠬᠢᠵᠦ ᠨᠠᠪᠳᠠᠬ ᠰᠠᠪᠳᠠᠬ ᠢ ᠨᠢ ᠪᠠᠶᠠᠰᠬᠠᠪᠠᠯ ᠲᠠᠨ ᠤ ᠦᠷ᠎ᠡ ᠬᠤᠶᠢᠴᠢᠰ ᠲᠤ ᠴᠢᠨᠢ ᠦᠶ᠎ᠡ ᠶᠢᠨ ᠦᠶ᠎ᠡ ᠲᠣᠰᠠ ᠬᠦᠷᠭᠡᠬᠦ ᠪᠣᠯᠣᠨ᠎ᠠ︾ ᠭᠡᠵᠦ ᠵᠢᠭᠠᠪᠣᠷᠢᠯᠠᠬᠰᠠᠨ ᠭᠡᠨ᠎ᠡ᠃ ᠲᠡᠭᠡᠭᠡᠳ ︽ᠪᠠᠷᠠᠭᠤᠨ ᠲᠦᠡᠭ︾ ᠤᠨ ᠬᠤᠶᠢᠳᠦ ᠬᠡᠰᠡᠭ ᠤᠨ ᠨᠠᠭᠤᠷ ᠤᠨ ᠬᠦᠪᠡᠭᠡᠨ ᠳᠤ ᠲᠠᠶᠢᠵᠢ ᠭᠤᠸᠠᠢ ᠵᠢᠵᠢᠭᠬᠡᠨ ᠯᠣᠣᠰ ᠤᠨ ᠰᠦᠮ᠎ᠡ ᠪᠠᠷᠢᠭᠠᠳ ᠴᠠᠭᠠᠨ ᠯᠣᠣᠰ ᠢ ᠲᠠᠬᠢᠬᠰᠠᠨ ᠠᠴᠠ ᠪᠣᠯᠵᠦ ᠡᠨᠡᠬᠦ ᠭᠠᠵᠠᠷ ᠢ ︽ᠯᠣᠣᠰ ᠤᠨ ᠰᠦᠮ᠎ᠡ︾ ᠭᠡᠵᠦ ᠨᠡᠷᠡᠶᠢᠳᠦᠭᠰᠡᠨ ᠶᠣᠮ᠃ ᠬᠤᠵᠢᠮ ᠨᠢ ᠠᠶᠢᠯ ᠠᠶᠢᠮᠠᠬ ᠢᠶᠠᠷ ᠢᠶᠠᠨ ᠯᠣᠣᠰ ᠤᠨ ᠰᠦᠮ᠎ᠡ ᠶᠢ ᠲᠠᠬᠢᠵᠦ ᠭᠠᠨᠭ᠌ ᠬᠠᠭᠰᠠᠷᠠᠭᠠᠨ ᠲᠠᠢ ᠵᠢᠯ ᠪᠣᠷᠣᠭᠠᠨ ᠬᠤᠷ᠎ᠠ ᠭᠤᠶᠣᠳᠠᠬ ᠪᠠᠶᠢᠬᠰᠠᠨ ᠶᠣᠮ᠃      ᠵᠢᠷᠠᠭᠠᠳ ᠣᠨ ᠤ ᠦᠶᠡᠰ ᠬᠦᠮᠦᠰ ᠮᠣᠬᠤᠷ ᠪᠢᠰᠢᠷᠡᠯ ᠢ ᠡᠷᠡᠰ ᠡᠰᠡᠷᠭᠦᠴᠡᠵᠦ ᠲᠠᠬᠢᠯᠭ᠎ᠠ ᠶᠢᠨ ᠵᠦᠢᠯ ᠢ ᠬᠤᠷᠢᠬᠯᠠᠬᠰᠠᠨ ᠠᠴᠠ ︽ᠪᠠᠷᠠᠭᠤᠨ ᠲᠦᠡᠭ︾ ᠤᠨ ᠪᠣᠷᠭᠠᠰᠣ‌ᠮᠣᠳᠣ ᠶᠢ ᠬᠦᠮᠦᠰ ᠲᠣᠷ᠎ᠠ ᠮᠡᠳᠡᠨ ᠣᠬᠳᠣᠯᠵᠦ ᠯᠣᠣᠰ ᠤᠨ ᠰᠦᠮ᠎ᠡ ᠶᠢ ᠴᠦ ᠲᠠᠬᠢᠬᠤ ᠪᠠᠨ ᠪᠠᠶᠢᠪᠠ᠃ ᠨᠠᠶᠠᠭᠠᠳ ᠣᠨ ᠤ ᠡᠬᠢ ᠠᠴᠠ ᠡᠬᠢᠯᠡᠵᠦ ︽ᠪᠠᠷᠠᠭᠤᠨ ᠲᠦᠡᠭ ︾ ᠳᠤ ᠲᠠᠷᠢᠶ᠎ᠠ ᠲᠠᠷᠢᠵᠦ ᠡᠬᠢᠯᠡᠭᠰᠡᠨ ᠠᠴᠠ ᠯᠣᠣᠰ ᠤᠨ ᠨᠠᠭᠤᠷ ᠴᠦ ᠰᠢᠷᠭᠢᠪᠡ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号