ᠲᠦᠡᠭᠯᠢᠶᠣᠤ ᠬᠤᠳᠠ ᠶᠢᠨ ᠪᠠᠷᠠᠭᠤᠨ ᠬᠦᠬᠦᠷᠭᠡ ᠳᠤ ᠵᠣᠭᠰᠣᠵᠣ ᠭᠤᠣᠯ ᠤᠨ ᠣᠰᠣ ᠶᠢ ᠰᠢᠷᠳᠡᠬᠦᠶᠡ᠂ | ᠯᠣᠤᠬ᠎ᠠ ᠶᠢᠨ ᠭᠤᠣᠯ ᠤᠨ ᠲᠣᠬᠠᠢ ᠣᠯᠠᠨ ᠵᠦᠢᠯ ᠪᠣᠳᠣᠭᠳᠠᠨᠠᠮ᠃ ᠨᠣᠳᠤᠭ ᠠᠴᠠ ᠪᠠᠨ ᠬᠤᠯᠠ ᠰᠠᠯᠣᠭᠰᠠᠨ | ᠨᠣᠭᠤᠨᠵᠠᠶᠠᠭ᠎ᠠ ᠬᠡᠣᠭᠡᠨ ᠤ ᠲᠠᠭᠤᠤ ᠴᠦ ᠦᠪᠡᠷ ᠤᠨ ᠡᠷᠭᠡ ᠦᠬᠡᠢ ᠬᠡᠨᠭᠰᠢᠭᠳᠡᠨᠡ᠃ ᠣᠨᠴᠠᠭᠠᠶᠢᠯᠠᠨ ᠨᠠᠢᠮᠠᠨ | ᠨᠣᠳᠤᠭ ᠢᠶᠠᠷ ᠦᠡᠭᠭᠡᠷᠡᠵᠣ ᠪᠠᠶᠢᠭ᠎ᠠ ᠯᠣᠤᠬ᠎ᠠ ᠶᠢᠨ ᠭᠤᠣᠯ ᠢ ᠪᠣᠳᠣᠬᠤᠶ᠎ᠠ ᠬᠠᠷᠠᠮᠰᠠᠯ ᠤᠨ ᠰᠡᠳᠬᠢᠯᠬᠡ ᠲᠦᠷᠦᠭᠳᠡᠮᠣᠢ᠃ | ᠯᠣᠤᠬ᠎ᠠ ᠶᠢᠨ ᠭᠤᠣᠯ ᠪᠣᠯ ᠣᠷᠳᠣ ᠣᠳᠠᠭᠠᠨ ᠲᠡᠣᠭᠡ ᠲᠠᠢ ᠭᠤᠣᠯ ᠮᠦᠨ᠃ ᠵᠠᠷᠢᠮ ᠡᠷᠳᠡᠮᠳᠡᠳ ᠴᠦ ᠯᠣᠤᠬ᠎ᠠ ᠶᠢᠨ | ᠭᠤᠣᠯ ᠢ ᠯᠣᠤ ᠶᠢᠨ ᠭᠤᠣᠯ ᠬᠡᠵᠣ ᠯᠣᠤ᠂ ᠡᠵᠡᠨ ᠬᠠᠭᠠᠨ᠂ ᠯᠢᠶᠣᠤ ᠣᠯᠣᠰ ᠤᠨ ᠰᠣᠶᠣᠯ ᠲᠠᠢ ᠬᠤᠯᠪᠣᠵᠣ | ᠰᠢᠨᠵᠢᠯᠡᠨ᠎ᠡ ᠁ ᠯᠣᠤᠬ᠎ᠠ ᠶᠢᠨ ᠭᠤᠣᠯ ᠪᠣᠯ ᠴᠢᠨ ᠬᠠᠨ ᠤ ᠦᠶ᠎ᠡ ᠠᠴᠠ ᠸᠧᠢ ᠶᠢᠨ ᠤ ᠦᠶ᠎ᠡ ᠳᠤ ᠣᠰᠣᠴᠢᠨ | ᠭᠤᠣᠯ ᠬᠡᠵᠣ ᠨᠡᠷᠡᠯᠡᠵᠣ᠂ ᠰᠦᠢ ᠣᠯᠣᠰ ᠤᠨ ᠦᠶ᠎ᠡ ᠳᠤ ᠲᠡᠮᠣᠷᠴᠢᠨ ᠭᠤᠣᠯ ᠬᠡᠵᠣ ᠨᠡᠷᠡᠯᠡᠬᠦ ᠪᠣᠯᠵᠡᠢ᠂ ᠲᠠᠩ ᠤᠨ | ᠲᠦᠷᠣ ᠶᠢᠨ ᠦᠶ᠎ᠡ ᠳᠤ ᠬᠢᠳᠠᠳ ᠢᠶᠠᠷ ᠲᠦ᠋ ᠬᠦ ᠵᠧᠨ ᠱᠦᠢ ᠬᠡᠵᠣ ᠰᠦᠢ ᠶᠢᠨ ᠦᠶ᠎ᠡ ᠶᠢᠨ ︽ᠲᠦᠸᠧ ᠾᠧ ᠴᠧᠨ | ᠱᠦᠢ︾ ᠲᠠᠢ ᠠᠳᠠᠯᠢᠪᠳᠣᠷ ᠪᠢᠯᠡ᠃ ᠲᠠᠩ ᠤᠨ ᠦᠶ᠎ᠡ ᠳᠤ ᠲᠦ᠋ ᠬᠤ᠋ ᠵᠧᠨ ᠱᠦᠢ ᠭᠤᠣᠯ ᠤᠨ ᠪᠠᠰᠠ ᠨᠢᠬᠡ | ᠨᠡᠷ᠎ᠡ ᠨᠢ ᠪᠠᠢ ᠯᠠᠩ ᠱᠦᠢ ︵白狼水︶ ᠬᠡᠳᠡᠭ᠃ ᠲᠠᠩ ᠤᠨ ᠰᠡᠬᠦᠯᠴᠢ ᠪᠠᠷ ᠬᠢᠳᠠᠨ ᠡᠬᠢᠯᠡᠨ | ᠬᠦᠴᠣᠷᠭᠡᠭᠵᠢᠵᠣ᠂ ᠬᠢᠳᠠᠨ ᠬᠦᠮᠣᠨ ᠤ ᠦᠬᠡ ᠪᠠᠷ ᠲᠣᠤ ᠸᠧᠢ ᠰᠧ ᠮᠦᠸᠧ ᠯᠢ ᠬᠡᠵᠣ ᠨᠡᠷᠡᠯᠡᠳᠡᠭ᠃ ᠲᠠᠶᠢᠽᠦ᠋ᠡᠭ | ᠶᠧ ᠳ᠋ᠧ ᠭᠤᠸᠠᠩ ᠳ᠋ᠠ ᠲᠦᠡᠭ ᠤᠨ ᠠᠩᠬ᠎ᠠ ᠣᠨ ︵ᠨᠡᠶᠢᠳᠡ ᠶᠢᠨ ᠣᠨ ᠲᠣᠭᠠᠯᠠᠯ ᠤᠨ 947 ᠣᠨ︶ ᠳᠤ | ᠵᠢᠩᠬᠢᠨᠢ ᠪᠠᠷ ᠣᠯᠣᠰ ᠪᠠᠶᠢᠭᠤᠯᠵᠣ᠂ ᠣᠯᠣᠰ ᠤᠨ ᠴᠣᠯᠠ ᠪᠠᠨ ᠶᠡᠭᠡ ᠯᠢᠶᠣᠤ ᠣᠯᠣᠰ ᠬᠡᠵᠣ᠂ ᠯᠣᠤᠬ᠎ᠠ ᠶᠢᠨ | ᠭᠤᠣᠯ ᠢ ᠮᠦᠨ ᠲᠦ᠋ ᠾᠧ ᠭᠤᠣᠯ ᠬᠡᠵᠣ ᠨᠡᠷᠡᠶᠢᠳᠪᠡ᠃ ᠶᠢᠨ᠂ ᠶᠣᠸᠠᠨ᠂ ᠮᠢᠩ ᠭᠤᠷᠪᠠᠨ ᠲᠦᠷᠣ ᠵᠠᠯᠭᠠᠭᠠᠳ ᠲᠦ᠋ | ᠾᠧ ᠭᠤᠣᠯ ᠭᠡᠵᠣ ᠨᠡᠷᠡᠯᠡᠨ᠂ ᠲᠠᠪᠤ ᠵᠢᠷᠭᠤᠭᠠᠨ ᠵᠠᠭᠤᠨ ᠵᠢᠯ ᠤᠨ ᠣᠷᠳᠣ ᠬᠤᠭᠤᠴᠠᠭ᠎ᠠ ᠪᠣᠯᠪᠠ᠃ ᠣᠳᠣ ᠶᠢᠨ | ᠨᠡᠷ᠎ᠡ ᠨᠢ ᠴᠢᠩ ᠤᠨ ᠦᠶ᠎ᠡ ᠳᠤ ᠣᠯᠭᠤᠭᠰᠠᠨ ᠶᠣᠮ᠃ | ︽ᠯᠣᠤᠬ᠎ᠠ︾ ᠬᠡᠳᠡᠭ ᠨᠢ ᠬᠢᠳᠠᠨ ᠦᠬᠡ᠂ ᠣᠭ ᠣᠳᠬ᠎ᠠ ᠨᠢ ︽ᠲᠡᠮᠣᠷ︾ ᠢ ᠬᠡᠯᠡᠳᠡᠭ᠃ ᠣᠯᠠᠮᠵᠢᠯᠠᠯ ᠢ | ᠦᠨᠳᠣᠰᠣᠯᠡᠪᠡᠯ᠂ ᠯᠢᠶᠣᠤ ᠣᠯᠣᠰ ᠪᠠᠶᠢᠭᠤᠯᠣᠭᠳᠠᠬᠤ ᠠᠴᠠ ᠡᠮᠣᠨ᠎ᠡ ᠭᠤᠣᠯ ᠤᠨ ᠡᠷᠬᠢ ᠳᠤ ᠲᠡᠭᠷᠢ ᠠᠴᠠ ᠰᠣᠯᠢᠷ | ᠣᠨᠠᠵᠣ᠂ ᠬᠡᠯᠪᠡᠷᠢ ᠨᠢ ᠲᠡᠮᠣᠷ ᠰᠠᠷᠯᠤᠭ ᠦᠬᠡᠷ ᠰᠢᠭ ᠪᠠᠶᠢᠭᠰᠠᠨ ᠠᠴᠠ ᠢᠡᠭᠬᠢᠵᠣ ᠨᠡᠷᠡᠯᠡᠭᠰᠡᠨ ᠭᠡᠳᠡᠭ᠃ ᠠᠷᠪᠠ | ᠶᠢᠰᠣᠳᠣᠭᠡᠷ ᠵᠠᠭᠤᠨ ᠳᠤ ᠮᠣᠩᠭᠤᠯ ᠪᠢᠴᠢᠭ ᠤᠨ ᠠᠯᠳᠠᠷᠳᠣ ᠪᠦᠳᠣᠭᠡᠯ ︽ᠬᠦ᠋ ᠰᠢ ᠵᠣᠸᠠᠨ ᠱᠠᠰᠳᠢᠷ︾ ᠲᠤ | ᠯᠣᠤᠬ᠎ᠠ ᠶᠢᠨ ᠭᠤᠣᠯ ᠢ ᠲᠡᠮᠣᠷ ᠦᠬᠡᠷ ᠤᠨ ᠭᠤᠣᠯ ᠬᠡᠵᠣ ᠨᠡᠷᠡᠯᠡᠵᠣ ᠪᠠᠶᠢᠵᠡᠢ᠃ ︽ᠹᠸᠡᠭ ᠲᠢᠶᠠᠨ ᠤ ᠨᠡᠪᠳᠡᠷᠭᠡᠢ | ᠣᠶᠢᠯᠠᠯᠭ᠎ᠠ︾ ᠳᠤ᠄ ︽ᠯᠢᠶᠣᠤ ᠾᠧ ᠭᠤᠣᠯ ᠁ ᠲᠡᠭᠡᠳᠣ ᠣᠷᠣᠰᠬᠠᠯ ᠢ ᠨᠢ ᠬᠤᠶᠠᠷ ᠶᠡᠭᠡ ᠣᠷᠣᠰᠬᠠᠯ ᠪᠦᠯᠦᠭ | ᠬᠤᠪᠢᠶᠠᠵᠣ᠂ ᠨᠢᠬᠡ ᠶᠢ ᠨᠢ ᠯᠣᠤᠬ᠎ᠠ ᠶᠢᠨ ᠭᠤᠣᠯ ᠬᠡᠨ᠎ᠡ᠂ ᠮᠣᠩᠭᠤᠯ ᠢᠶᠠᠷ ᠯᠣᠤᠬ᠎ᠠ ᠮᠦᠷᠡᠨ ᠬᠡᠳᠡᠭ︾ ᠬᠡᠵᠣ | ᠲᠡᠮᠳᠡᠭᠯᠡᠵᠡᠢ᠃ ᠠᠷᠠᠳ ᠣᠯᠠᠨ ᠵᠠᠩᠰᠢᠯ ᠢᠶᠠᠷ ᠯᠣᠤ ᠾᠧ ᠬᠡᠵᠣ ᠲᠠᠭᠤᠳᠠᠳᠠᠭ᠃ ᠯᠣᠤᠬ᠎ᠠ ᠶᠢᠨ ᠭᠤᠣᠯ ᠨᠢ ᠾᠧᠪᠸᠢ | ᠮᠣᠵᠢ ᠶᠢᠨ ᠴᠸᠡᠭ ᠳᠤ ᠣᠷᠣᠨ ᠤ ᠫᠢᠡᠭ ᠴᠢᠣᠸᠠᠨ ᠰᠢᠶᠠᠨ ᠤ ᠭᠤᠸᠠᠩ ᠲᠸᠣ ᠱᠠᠨ ᠠᠭᠤᠯᠠᠨ ᠤ ᠬᠤᠷᠮᠣᠢ ᠠᠴᠠ | ᠡᠬᠢ ᠠᠪᠣᠭᠰᠠᠨ ᠶᠣᠮ᠂ ᠲᠡᠬᠦᠨ ᠤ ᠲᠡᠭᠡᠳᠣ ᠣᠷᠣᠰᠬᠠᠯ ᠢ ᠶᠢᠩ ᠶᠢᠨ ᠾᠧ ᠭᠤᠣᠯ ᠬᠡᠳᠡᠭ᠂ ᠲᠡᠷᠡ ᠨᠢ | ᠣᠯᠠᠭᠠᠨᠬᠠᠳᠠ ᠶᠢᠨ ᠬᠤᠶᠢᠭᠤᠷ ᠣᠷᠣᠰᠣᠨ ᠭᠠᠷᠬᠤ ᠳᠠᠭᠠᠨ ᠣᠷᠢᠳ ᠬᠤᠵᠢᠳ ᠵᠣᠤ ᠰᠦ᠋ ᠾᠧ ᠭᠤᠣᠯ᠂ ᠶᠢᠨ ᠾᠧ | ᠭᠤᠣᠯ᠂ ᠰᠢᠷᠭ᠎ᠠ ᠭᠤᠣᠯ᠂ ᠪᠠᠨ ᡁᠢ ᠵᠢᠶᠠᠨ ᠾᠧ ᠭᠤᠣᠯ᠂ ᠰᠢ ᠪᠦᠸᠧ ᠾᠧ ᠭᠤᠣᠯ ᠵᠡᠷᠭᠡ ᠲᠠᠪᠣᠨ ᠭᠤᠣᠯ ᠤᠨ | ᠣᠷᠣᠰᠬᠠᠯ ᠢ ᠣᠷᠣᠭᠤᠯᠣᠨ ᠠᠪᠴᠣ᠂ ᠣᠰᠣᠨ ᠤ ᠬᠦᠴᠣᠨ ᠶᠡᠭᠡᠪᠡᠷ ᠨᠡᠮᠡᠭᠳᠡᠨ᠂ ᠦᠷᠬᠦᠯᠵᠢᠯᠡᠨ ᠵᠡᠬᠦᠨ ᠬᠤᠶᠢᠰᠢ | ᠣᠷᠣᠰᠴᠣ᠂ ᠠᠣᠬᠠᠨ ᠬᠤᠰᠢᠭᠤᠨ ᠤ ᠰᠢᠶᠣᠤ ᠾᠧ ᠶᠠᠨ ᠲᠣᠰᠬᠤᠨ ᠤ ᠲᠡᠭᠡᠷ᠎ᠡ ᠲᠣᠣᠷ᠎ᠠ ᠪᠸᠡᠭ ᠾᠧ ᠭᠤᠣᠯ᠂ | ᠶᠠᠩ ᠴᠠᠩ ᠽᠢ ᠾᠧ ᠭᠤᠣᠯ ᠲᠠᠢ ᠨᠡᠶᠢᠯᠡᠭᠰᠡᠨ ᠭᠠᠵᠠᠷ ᠠᠴᠠ ᠡᠬᠢᠯᠡᠨ ᠯᠣᠤᠬ᠎ᠠ ᠶᠢᠨ ᠭᠤᠣᠯ ᠭᠡᠵᠣ ᠲᠠᠭᠤᠳᠠᠳᠠᠭ | ᠪᠢᠯᠡ᠃ | ᠯᠣᠤᠬ᠎ᠠ ᠶᠢᠨ ᠭᠤᠣᠯ ᠤᠨ ᠰᠠᠪᠠ ᠭᠠᠵᠠᠷ ᠤᠨ ᠲᠠᠯᠠᠪᠠᠢ ᠨᠡᠶᠢᠳᠡ 2.8 ᠲᠦᠮᠡᠨ ᠲᠦᠷᠪᠡᠯᠵᠢᠨ ᠺᠢᠯᠤᠮᠧᠲᠷ | ᠪᠠᠶᠢᠳᠠᠭ᠂ ᠣᠯᠠᠨ ᠵᠢᠯ ᠤᠨ ᠲᠡᠭᠰᠢᠳᠭᠡᠭᠰᠡᠨ ᠰᠢᠭᠤᠳ ᠣᠷᠣᠰᠬᠠᠯ ᠤᠨ ᠬᠡᠮᠵᠢᠶ᠎ᠡ 13.4 ᠳ᠋ᠦᠡᠭᠰᠢᠭᠤᠷ ᠪᠣᠰᠤᠭ᠎ᠠ | ᠮᠧᠲᠷ ᠬᠦᠷᠴᠡᠢ᠃ 1962 ᠣᠨ ᠤ 7 ᠰᠠᠷ᠎ᠠ ᠶᠢᠨ 26 ᠤ ᠡᠳᠣᠷ 7 ᠳ᠋ᠣᠭᠠᠷ ᠨᠣᠮᠧᠷᠳᠣ ᠲᠠᠶᠢᠹᠸᠡᠭ ᠰᠡᠯᠬᠢᠨ ᠤ | ᠨᠦᠯᠣᠭᠡ ᠠᠴᠠ ᠪᠣᠯᠵᠣ᠂ ᠰᠠᠪᠠ ᠭᠠᠵᠠᠷ ᠲᠤ ᠠᠭᠠᠳᠠᠷ ᠪᠣᠷᠣᠭᠠᠨ ᠨᠡᠶᠢᠳᠡᠮ ᠴᠢᠳᠬᠤᠯᠠᠵᠣ᠂ ᠰᠢᠶᠣᠤ ᠾᠧ ᠶᠠᠨ | ᠦᠷᠳᠡᠭᠡᠨ ᠤ ᠭᠤᠣᠯ ᠤᠨ ᠣᠰᠣ ᠦᠳᠳᠡᠷ ᠨᠡᠮᠡᠭᠳᠡᠨ᠂ ᠪᠣᠳᠠᠳᠠᠢ ᠬᠡᠮᠵᠢᠭᠰᠡᠨ ᠦᠶᠡᠷ ᠤᠨ ᠣᠰᠣᠨ ᠤ | ᠣᠷᠣᠰᠣᠯᠳᠠ ᠶᠢᠨ ᠭᠡᠮᠵᠢᠶ᠎ᠡ ᠰᠧᠺᠦ᠋ᠨ᠋ᠳ᠋ ᠪᠦᠷᠢ ᠳᠤ 12200 ᠪᠣᠰᠤᠭ᠎ᠠ ᠮᠧᠲᠷ ᠬᠦᠷᠴᠡᠢ᠂ ᠡᠨᠡ ᠨᠢ ᠲᠡᠣᠭᠡᠨ | ᠲᠡᠭᠡᠷ᠎ᠡ ᠬᠤᠪᠣᠷ ᠲᠣᠬᠢᠶᠠᠯᠳᠣᠭᠰᠠᠨ ᠶᠠᠪᠣᠳᠠᠯ ᠮᠦᠨ᠃ ᠵᠣᠯ ᠢᠶᠠᠷ ᠾᠦᠡᠭ ᠱᠠᠨ ᠣᠰᠣᠨ ᠴᠦᠬᠦᠷᠣᠮ ᠦᠶᠡᠷ ᠢ | ᠬᠤᠷᠢᠭᠯᠠᠨ ᠰᠣᠯᠠᠷᠠᠭᠤᠯᠣᠭᠰᠠᠨ ᠠᠴᠠ ᠰᠠᠶ᠋ᠢ ᠲᠣᠣᠷᠠᠳᠣ ᠣᠷᠣᠰᠬᠠᠯ ᠤᠨ ᠭᠠᠵᠠᠷ ᠣᠷᠣᠨ ᠢ ᠨᠢᠬᠡ ᠣᠳᠠᠭᠠᠨ ᠤ | ᠮᠦᠬᠦᠯ ᠤᠨ ᠠᠶᠣᠯ ᠠᠴᠠ ᠬᠡᠯᠳᠣᠷᠢᠬᠦᠯᠵᠣ ᠴᠢᠳᠠᠭᠰᠠᠨ ᠪᠠᠶᠢᠨ᠎ᠠ᠃ ᠯᠣᠤᠬ᠎ᠠ ᠶᠢᠨ ᠭᠤᠣᠯ ᠤᠨ ᠡᠬᠢᠨ ᠠᠴᠠ | ᠠᠪᠣᠭᠠᠳ ᠪᠠᠷᠠᠭᠤᠨ ᠯᠢᠶᠣᠤ ᠾᠧ ᠭᠤᠣᠯ ᠳᠤ ᠨᠡᠶᠢᠯᠡᠨ ᠴᠢᠳᠬᠤᠬᠤ ᠬᠦᠷᠳᠡᠯ᠎ᠡ ᠪᠦᠬᠦ ᠣᠷᠳᠣ ᠨᠢ 425 | ᠺᠢᠯᠤᠮᠧᠲᠷ ᠪᠠᠶᠢᠨ᠎ᠠ᠃ ᠮᠠᠨ ᠤ ᠬᠤᠰᠢᠭᠤᠨ ᠤ ᠬᠢᠯᠢ ᠲᠣᠳᠣᠷ᠎ᠠ ᠪᠠᠷᠠᠭᠤᠨ ᠦᠵᠣᠬᠦᠷ ᠪᠣᠯᠬᠤ ᠣᠯᠢᠶᠠᠰᠣ | ᠰᠢᠶᠠᠩ ᠤᠨ ᠪᠠᠷᠠᠭᠤᠨ ᠨᠠᠢᠮᠠᠨ ᠶᠢᠩᠽᠢ ᠲᠣᠰᠬᠤᠨ ᠠᠴᠠ ᠫᠢᠡᠭ ᠠᠨ ᠳ᠋ᠢ ᠰᠢᠶᠠᠩ ᠤᠨ ᠪᠠᠷᠠᠭᠤᠨ ᠮᠸᠡᠭ ᠵᠢᠶᠠ | ᠳ᠋ᠣᠸᠠᠨ ᠬᠦᠷᠳᠡᠯᠡᠬᠢ ᠶᠢ ᠯᠣᠤᠬ᠎ᠠ ᠶᠢᠨ ᠭᠤᠣᠯ ᠤᠨ ᠪᠠᠷᠠᠭᠤᠨ ᠡᠷᠬᠢ ᠬᠡᠳᠡᠭ᠂ ᠣᠷᠳᠣ ᠨᠢ 62.5 ᠺᠢᠯᠤᠮᠧᠲᠷ | ᠪᠣᠯᠣᠨ᠎ᠠ᠃ ᠭᠤᠣᠯ ᠤᠨ ᠬᠦᠪᠡᠬᠡᠨ ᠤ ᠲᠡᠭᠰᠢ ᠭᠠᠵᠠᠷ ᠵᠦᠪᠬᠡᠨ 1 ᠺᠢᠯᠣᠮᠧᠳ᠋ᠷ ᠣᠷᠴᠢᠮ ᠦᠷᠭᠡᠨ ᠪᠠᠶᠢᠵᠣ᠂ | ᠵᠢᠷᠠᠭᠠᠳ ᠣᠨ ᠤ ᠦᠶ᠎ᠡ ᠠᠴᠠ ᠡᠬᠢᠯᠡᠨ ᠨᠢᠬᠡᠨᠳᠡ ᠣᠰᠣᠯᠠᠯᠳᠠ ᠶᠢᠨ ᠣᠷᠣᠨ ᠪᠣᠯᠭᠠᠨ ᠨᠡᠬᠡᠬᠡᠵᠣ᠂ ᠪᠦᠳᠣᠮᠵᠢᠳᠣ | ᠣᠰᠣᠯᠠᠯᠳᠠ ᠶᠢᠨ ᠲᠠᠯᠠᠪᠠᠢ ᠨᠢ 4.9 ᠲᠦᠮᠡᠨ ᠮᠦ ᠬᠦᠷᠦᠭᠰᠡᠨ ᠮᠦᠷᠳᠡᠭᠡᠨ ᠲᠠᠯᠠᠩ ᠬᠠᠰᠢᠯᠭ᠎ᠠ᠂ ᠪᠠᠷᠳᠠᠭᠠᠳᠣ | ᠪᠠᠷᠢᠯᠭ᠎ᠠ ᠶᠢᠨ ᠭᠠᠵᠠᠷ ᠦᠶᠡᠷ ᠢ ᠰᠡᠷᠭᠡᠶᠢᠯᠡᠬᠦ ᠪᠠᠷᠢᠯᠭ᠎ᠠ ᠶᠢ ᠪᠠᠶᠢᠭᠤᠯᠣᠭᠰᠠᠨ ᠶᠣᠮ᠃ ᠯᠣᠤᠬ᠎ᠠ ᠶᠢᠨ ᠭᠤᠣᠯ ᠲᠠᠢ | ᠵᠡᠷᠭᠡᠴᠡᠭᠡ ᠴᠢᠭᠯᠡᠯ ᠢᠶᠠᠷ ᠲᠣᠭᠳᠠᠨᠢᠭᠰᠠᠨ ᠨᠠᠢᠮᠠᠨ ᠤ ᠣᠮᠠᠷᠠᠳᠣ ᠳᠠᠬᠢ ᠰᠢᠩ ᠯᠦᠡᠭ ᠵᠦ ᠶᠡᠭᠡ ᠡᠯᠡᠰᠣᠨ ᠪᠦᠰᠡ ᠳᠤ | ᠰᠢᠷ᠎ᠠ ᠪᠣᠷᠭᠠᠰᠣ᠂ ᠵᠡᠬᠡᠷᠭᠡᠨᠡ ᠵᠡᠷᠭᠡ ᠰᠠᠶᠢᠨ ᠭᠠᠷᠳᠠᠭ᠂ ᠬᠤᠷᠴᠢᠨ ᠤ ᠠᠯᠳᠠᠷᠳᠣ ᠲᠡᠮᠡᠬᠡᠨ ᠤ ᠨᠣᠳᠤᠭ ᠪᠣᠯᠬᠤ | ᠣᠯᠢᠶᠠᠰᠣ ᠰᠢᠶᠠᠩ ᠤᠨ 13 ᠲᠣᠰᠬᠤᠨ ᠤ 1.4 ᠲᠦᠮᠡᠨ ᠦᠨᠡᠨᠴᠢ ᠪᠣᠷᠣᠭᠵᠢᠭᠤᠨ ᠠᠵᠢᠯᠴᠢ ᠬᠦᠳᠡᠯᠮᠣᠷᠢᠴᠢ | ᠮᠣᠩᠭᠤᠯ ᠬᠢᠳᠠᠳ ᠠᠷᠠᠳ ᠲᠦᠮᠡᠨ ᠲᠠᠷᠣᠢ ᠡ᠊ᠨᠳᠡ ᠰᠠᠭᠤᠷᠢᠰᠢᠵᠣ ᠪᠠᠶᠢᠳᠠᠭ᠃ ᠯᠣᠤᠬ᠎ᠠ ᠶᠢᠨ ᠭᠤᠣᠯ ᠤᠨ ᠰᠠᠪᠠ | ᠭᠠᠵᠠᠷ ᠨᠢ ᠦᠡᠭ ᠰᠢᠮᠡᠯᠢᠭ ᠦᠷᠭᠡᠨ ᠠᠭᠤᠳᠠᠮ᠂ ᠦᠵᠡᠮᠵᠢᠳᠣ ᠣᠷᠣᠨ ᠦᠯᠡᠮᠵᠢ ᠪᠠᠶᠢᠳᠠᠭ᠃ ᠯᠣᠤᠬ᠎ᠠ ᠶᠢᠨ | ᠭᠤᠣᠯ ᠤᠨ ᠣᠰᠣ ᠨᠢ ᠠᠮᠳᠠᠯᠢᠭ ᠲᠠᠭᠠᠳᠠᠢ ᠠᠶᠠᠳᠠᠢ ᠰᠠᠶᠢᠬᠠᠨ ᠪᠠᠶᠢᠵᠣ᠂ ᠡᠷᠳᠡᠡ ᠠᠴᠠ ᠪᠠᠨ ᠠᠪᠣᠭᠠᠳ ᠵᠢᠭᠠᠰᠣ | ᠠᠩᠨᠠᠬᠤ ᠬᠦᠭᠵᠢᠯᠳᠠ ᠶᠢᠨ ᠭᠠᠵᠠᠷ ᠪᠠᠶᠢᠭᠰᠠᠨ ᠶᠣᠮ᠃ ︽ᠯᠢᠶᠣᠤ ᠶᠢᠨ ᠲᠡᠣᠭᠡ ᠴᠡᠳᠢᠭ᠋︾ ᠲᠤᠷ᠂ ︽ᠲᠢᠶᠠᠨ | ᠰᠢᠶᠠᠨ ᠤ ᠶᠢᠰᠣᠳᠣᠭᠡᠷ ᠣᠨ ︵ᠨᠡᠶᠢᠳᠡ ᠶᠢᠨ ᠣᠨ ᠲᠣᠭᠠᠯᠠᠯ ᠤᠨ 934 ᠣᠨ︶ ᠤ ᠴᠠᠭᠠᠨ ᠰᠠᠷ᠎ᠠ ᠶᠢᠨ | ᠬᠠᠷᠠᠭᠴᠢᠨ ᠲᠠᠬᠢᠶ᠎ᠠ ᠡᠳᠣᠷ᠂ ᠲᠠᠶᠢᠽᠦ᠋ᠡᠭ ᠲᠦ᠋ ᠾᠧ ᠭᠤᠣᠯ ᠳᠤᠷ ᠵᠢᠭᠠᠰᠣ ᠠᠩᠨᠠᠪᠠᠢ︾ ᠬᠡᠰᠡᠨ ᠲᠡᠮᠳᠡᠭᠯᠡᠯ ᠪᠣᠢ᠃ | ︽ᠿᠧ ᠾᠧ ᠮᠣᠵᠢ ᠶᠢᠨ ᠵᠢᠶᠠᠨ ᠫᠢᠡᠭ ᠰᠢᠶᠠᠨ ᠤ ᠣᠶᠢᠯᠠᠯᠭ᠎ᠠ︾ ᠳᠤ᠄ ︽ᠮᠦᠷᠬᠦ᠂ ᠯᠣᠤᠬ᠎ᠠ ᠶᠢᠨ ᠭᠤᠣᠯ ᠳᠤ | ᠪᠠᠶᠢᠳᠠᠭ᠂ ᠠᠮᠳᠠᠯᠢᠭ ᠮᠦᠷᠳᠡᠭᠡᠨ ᠮᠢᠬᠠᠯᠢᠭ᠂ ᠮᠣᠩᠭᠤᠯ ᠢᠶᠠᠷ ᠵᠢᠭᠠᠰᠣ ᠬᠡᠳᠡᠭ︾᠃ ︽ᠬᠡᠯᠳᠡᠭᠡ᠂ ᠣᠳᠣ | ᠯᠣᠤᠬ᠎ᠠ ᠶᠢᠨ ᠭᠤᠣᠯ ᠳᠤ ᠪᠣᠢ᠂ ᠴᠠᠭᠠᠨ ᠬᠦᠷᠬᠢᠷᠠ ︵ᠴᠣᠣᠷᠢᠶᠠᠳᠣ ᠣᠰᠣ︶ ᠶᠢᠨ ᠲᠣᠣᠷ᠎ᠠ ᠣᠰᠣ ᠨᠢ ᠬᠦᠨ᠂ | ᠵᠢᠭᠠᠰᠣ ᠨᠢ ᠲᠠᠷᠭᠤᠨ ᠪᠠᠶᠢᠳᠠᠭ︾ ᠬᠡᠵᠣ ᠲᠡᠮᠳᠡᠭᠯᠡᠵᠡᠢ᠃ ᠯᠣᠤᠬ᠎ᠠ ᠶᠢᠨ ᠭᠤᠣᠯ ᠳᠤ ᠪᠠᠰᠠ ᠶᠠᠰᠣᠳᠣ ᠮᠡᠯᠡᠬᠡᠢ ᠣᠯᠠᠨ | ᠭᠠᠷᠳᠠᠭ᠃ ᠪᠦᠬᠦ ᠠᠶᠢᠮᠠᠭ ᠨᠡᠷ᠎ᠡ ᠠᠯᠳᠠᠷᠰᠢᠭᠰᠠᠨ ᠡᠯᠡᠰᠣᠨ ᠭᠠᠵᠠᠷ ᠤᠨ ᠣᠰᠣᠨ ᠴᠦᠬᠦᠷᠣᠮ ᠮᠸᠡᠭ ᠵᠢᠶᠠ ᠳ᠋ᠣᠸᠠᠨ᠂ | ᠮᠣᠷᠣᠢ ᠶᠢᠨ ᠰᠦᠮ᠎ᠡ᠂ ᠲᠣᠭᠤᠯᠵᠢᠨ ᠠᠭᠤᠯᠠ᠂ ᠪᠠᠭ᠎ᠠ ᠰᠣᠪᠣᠷᠭ᠎ᠠ ᠵᠡᠷᠭᠡ ᠣᠰᠣᠨ ᠴᠦᠬᠦᠷᠣᠮ ᠤᠨ ᠶᠠᠰᠣᠳᠣ | ᠮᠡᠯᠡᠬᠡᠢ ᠨᠢ ᠪᠦᠷ ᠯᠣᠤᠬ᠎ᠠ ᠶᠢᠨ ᠭᠤᠣᠯ ᠠᠴᠠ ᠢᠷᠡᠯᠳᠠᠢ ᠶᠣᠮ᠃ | 1958 ᠣᠨ ᠳᠤ ᠵᠢᠷᠢᠮ᠂ ᠵᠣᠤ ᠣᠳᠠ ᠬᠤᠶᠠᠷ ᠠᠶᠢᠮᠠᠭ ᠯᠣᠤᠬ᠎ᠠ ᠶᠢᠨ ᠭᠤᠣᠯ ᠤᠨ ᠲᠡᠭᠡᠳᠣ | ᠣᠷᠣᠰᠬᠠᠯ ᠤᠨ ᠣᠳᠠᠨᠳᠣᠬᠤᠢ ᠬᠡᠳᠡᠭ ᠭᠠᠵᠠᠷ ᠲᠤ ᠬᠠᠰᠢᠯᠭ᠎ᠠ ᠵᠠᠰᠠᠵᠣ ᠾᠦᠡᠭ ᠱᠠᠨ ᠣᠰᠣᠨ ᠴᠦᠬᠦᠷᠣᠮ ᠢ | ᠪᠠᠶᠢᠭᠤᠯᠪᠠ᠃ ᠯᠣᠤᠬ᠎ᠠ ᠶᠢᠨ ᠭᠤᠣᠯ ᠢ ᠡᠬᠦᠨ ᠠᠴᠠ ᠡᠬᠢᠯᠡᠨ ᠬᠢᠵᠠᠭᠠᠷᠯᠠᠵᠣ ᠴᠢᠳᠠᠭᠠᠳ᠂ ᠵᠠᠭᠤᠨ ᠲᠦᠮᠡᠨ ᠠᠷᠠᠳ | ᠢᠷᠭᠡᠳ ᠲᠤ ᠠᠰᠢᠭ ᠲᠣᠰᠠ ᠬᠦᠷᠳᠡᠭᠡᠵᠣ᠂ ᠭᠠᠢ ᠭᠠᠮᠰᠢᠭ ᠢ ᠢᠯᠠᠨ ᠲᠠᠪᠠᠵᠣ᠂ ᠾᠦᠡᠭ ᠱᠠᠨ ᠰᠣᠶᠣᠯ ᠤᠨ | ᠲᠡᠣᠭᠡᠳᠣ ᠴᠢᠳᠠᠮᠵᠢ ᠳᠤ ᠰᠢᠨ᠎ᠡ ᠨᠢᠬᠡᠨ ᠭᠡᠷᠡᠯ ᠬᠢᠯᠪᠠᠭ᠎ᠠ ᠨᠡᠮᠡᠷᠢᠯᠡᠭᠰᠡᠨ ᠪᠠᠶᠢᠨ᠎ᠠ᠃ |