︽ᠱᠤᠩᠬᠤᠷ ᠤᠨ ᠠᠭᠤᠯᠠᠨ ᠤ ᠲᠤᠮᠤᠭ︾ ᠤᠨ ᠲᠤᠬᠠᠢ
ᠨᠡᠶᠢᠲᠡᠯᠡᠭᠰᠡᠨ ᠴᠠᠭ᠄
2019-08-09
     ︽ᠱᠤᠩᠬᠤᠷ ᠤᠨ ᠠᠭᠤᠯᠠᠨ ᠤ ᠳᠣᠮᠤᠭ︾ ᠨᠢ ᠬᠤᠷᠴᠢᠨ ᠤ ᠭᠠᠵᠠᠷ ᠤᠰᠤᠨ ᠤ ᠳᠤᠮᠤᠭ ᠶᠠᠷᠢᠶ᠎ᠠ ᠳᠤ ᠬᠠᠷᠢᠶᠠᠯᠠᠭᠳᠠᠨ᠎ᠠ᠃ ᠲᠤᠰ ᠳᠤᠮᠤᠭ ᠲᠤ ᠭᠠᠵᠠᠷ ᠣᠰᠣᠨ ᠤ ᠨᠡᠷᠡᠰ ᠤᠨ ᠢᠷᠡᠯ ᠭᠠᠷᠤᠯ ᠢ ᠳᠠᠶᠢᠯᠪᠤᠷᠢᠯᠠᠭᠰᠠᠨ ᠢᠶᠠᠷ ᠦᠯᠦ ᠪᠠᠷᠠᠨ᠂ ᠲᠤᠬᠠᠢ ᠶᠢᠨ ᠦᠶ᠎ᠡ ᠶᠢᠨ ᠨᠡᠶᠢᠭᠡᠮ ᠤᠨ ᠪᠠᠶᠢᠳᠠᠯ᠂ ᠮᠤᠩᠭᠤᠯᠴᠤᠳ ᠤᠨ ᠰᠢᠲᠦᠭᠡᠨ ᠤ ᠰᠡᠳᠭᠢᠯᠭᠡᠨ ᠤ ᠢᠯᠡᠷᠡᠯ ᠬᠢᠭᠡᠳ ᠲᠡᠤᠬᠡᠨ ᠦᠨᠡᠨ ᠤ ᠲᠤᠬᠠᠢ ᠤᠯᠠᠨ ᠮᠡᠳᠡᠭᠡ ᠵᠠᠩᠭᠢ ᠬᠠᠳᠠᠭᠠᠯᠠᠭᠳᠠᠵᠤ ᠪᠠᠶᠢᠳᠠᠭ᠃      ᠣᠳᠣᠬᠠᠨ ᠳᠤ᠂ ︽ᠱᠤᠩᠬᠤᠷ ᠤᠨ ᠠᠭᠤᠯᠠᠨ ᠤ ᠳᠤᠮᠤᠭ︾ ᠤᠨ ᠲᠤᠬᠠᠢ ᠪᠢᠴᠢᠭᠰᠡᠨ ᠦᠭᠦᠯᠡᠯ ᠵᠣᠬᠢᠶᠠᠯ ᠳᠡᠮᠡᠢ ᠣᠯᠠᠨ ᠬᠠᠷᠠᠭᠳᠠᠬᠤ ᠦᠭᠡᠢ᠃ ᠮᠠᠨᠳᠤᠬᠤ ᠶᠢᠨ ᠪᠢᠴᠢᠭᠰᠡᠨ ︽ᠲᠡᠭᠷᠢ ᠠᠴᠠ ᠪᠠᠭᠤᠭᠰᠠᠨ ᠱᠤᠩᠬᠤᠷ ᠤᠨ ᠠᠭᠤᠯᠨ︾ ᠬᠡᠮᠡᠬᠦ ᠨᠤᠮ ᠳᠤ ︽ᠱᠤᠩᠬᠤᠷ ᠤᠨ ᠠᠭᠤᠯᠠᠨ ᠤ ᠳᠤᠮᠤᠭ︾ ᠢ ᠰᠡᠶᠢᠷᠡᠭᠦᠯᠦᠨ ᠲᠡᠮᠳᠡᠭᠯᠡᠵᠦ᠂ ᠬᠤᠷᠴᠢᠨ ᠵᠡᠭᠦᠨ ᠭᠠᠷᠤᠨ ᠬᠤᠶᠢᠳᠤ ᠬᠤᠰᠢᠭᠤᠨ ᠤ ᠨᠤᠲᠤᠭ ᠤᠰᠤᠨ ᠤ ᠲᠤᠬᠠᠢ᠂ ᠱᠤᠩᠬᠤᠷ ᠰᠦᠮ᠎ᠡ ᠶᠢᠨ ᠲᠡᠤᠬᠡᠨ ᠶᠠᠪᠤᠳᠠᠯ ᠤᠨ ᠲᠤᠬᠠᠢ᠂ ᠬᠠᠭᠤᠴᠢᠨ ᠬᠡᠶᠢᠳ ᠤᠨ ᠳᠤᠮᠤᠭ ᠦᠯᠢᠭᠡᠷ᠂ ︽ᠱᠤᠩᠬᠤᠷ ᠤᠨ ᠠᠭᠤᠯᠠᠨ ᠤ ᠳᠤᠮᠤᠭ︾  ᠲᠠᠢ ᠬᠤᠯᠪᠤᠭᠳᠠᠭᠰᠠᠨ ᠦᠯᠢᠭᠡᠷᠲᠦ ᠠᠷᠠᠳ ᠤᠨ ᠳᠠᠭᠤᠤ ᠵᠡᠷᠭᠡ ᠶᠢ ᠲᠡᠮᠳᠡᠭᠯᠡᠨ ᠪᠢᠴᠢᠵᠡᠢ᠃        ᠰᠣᠨᠢᠨ ᠰᠡᠳᠭᠦᠯ ᠳᠤ ᠲᠤᠰᠬᠠᠶᠢᠢᠯᠠᠨ ︽ᠱᠤᠩᠬᠤᠷ ᠤᠨ ᠠᠭᠤᠯᠠᠨ ᠤ ᠳᠤᠮᠤᠭ︾ ᠢᠶᠠᠷ ᠰᠡᠳᠦᠪᠯᠡᠵᠦ ᠪᠢᠴᠢᠭᠰᠡᠨ ᠦᠭᠦᠯᠡᠯ ᠵᠣᠬᠢᠶᠠᠯ ᠮᠦᠨ ᠲᠡᠮᠡᠢ ᠬᠠᠷᠠᠭᠳᠠᠬᠤ ᠦᠭᠡᠢ᠂ ᠪᠤᠰᠤᠳ ᠳᠤᠮᠤᠭ ᠶᠠᠷᠢᠶ᠎ᠠ ᠪᠠᠷ ᠰᠡᠳᠦᠪᠯᠡᠨ ᠪᠢᠴᠢᠵᠦ᠂ ᠲᠡᠭᠦᠨ ᠤ ᠳᠤᠲᠤᠷ᠎ᠠ ᠨᠢ ︽ᠱᠣᠩᠬᠤᠷ ᠤᠨ ᠠᠭᠤᠯᠠᠨ ᠤ ᠳᠤᠮᠤᠭ︾ ᠢᠶᠠᠷ ᠡᠰᠢᠯᠡᠨ ᠵᠢᠱᠢᠶᠡᠯᠡᠭᠰᠡᠨ ᠦᠭᠦᠯᠡᠯ ᠤᠯᠠᠨ ᠪᠠᠶᠢᠳᠠᠭ᠃ ᠵᠢᠱᠢᠶᠡᠯᠡᠪᠡᠯ᠂ ᠬᠦᠷᠡᠯᠱᠠ ᠶᠢᠨ ᠪᠢᠴᠢᠭᠰᠡᠨ ︽ᠮᠤᠩᠭᠤᠯ ᠳᠤᠮᠤᠭ ᠤᠨ ᠰᠤᠳᠤᠯᠤᠯ︾᠂ ︽ᠮᠤᠩᠭᠤᠯ ᠳᠤᠮᠤᠭ ᠤᠨ ᠰᠣᠶᠣᠯ ᠰᠣᠳᠤᠯᠤᠯ︾ ᠵᠢᠴᠢ ᠰᠡᠷᠭᠦᠯᠡᠩ᠂ ᠪᠤᠶᠠᠨᠲᠤᠭᠲᠠᠬᠤ ᠵᠡᠷᠭᠡ ᠬᠦᠮᠦᠰ ᠲᠠᠢ ᠬᠠᠮᠲᠤᠷᠠᠨ ᠪᠢᠴᠢᠭᠰᠡᠨ ︽ᠬᠤᠷᠴᠢᠨ ᠠᠷᠠᠳ ᠤᠨ ᠳᠠᠭᠤᠤ ᠶᠢᠨ ᠪᠠᠭᠠᠲᠤᠷ ᠤᠨ ᠳᠤᠮᠤᠭ ᠨᠠᠮᠳᠠᠷ︾ ᠵᠡᠷᠭᠡ ᠨᠤᠮ ᠤᠳ ᠲᠤ ︽ᠱᠤᠩᠬᠤᠷ ᠤᠨ ᠠᠭᠤᠯᠠᠨ ᠤ ᠳᠤᠮᠤᠭ︾ ᠤᠨ ᠠᠭᠤᠯᠭ᠎ᠠ ᠲᠠᠢ ᠬᠠᠮᠢᠶᠠᠳᠤᠭᠰᠠᠨ ᠦᠭᠦᠯᠡᠯ ᠪᠠᠶᠢᠨ᠎ᠠ᠃ ᠡᠭᠦᠨ ᠳᠤ᠂ ᠬᠦᠷᠡᠯᠱᠠ ᠶᠢᠨ ᠪᠢᠴᠢᠭᠰᠡᠨ ︽ᠮᠤᠩᠭᠤᠯ ᠳᠤᠮᠤᠭ ᠤᠨ ᠰᠤᠳᠤᠯᠤᠯ︾᠂ ︽ᠮᠤᠩᠭᠤᠯ ᠳᠤᠮᠤᠭ ᠤᠨ ᠰᠣᠶᠣᠯ ᠰᠣᠳᠤᠯᠤᠯ︾ ᠳᠠᠬᠢ ︽ᠬᠤᠷᠴᠢᠨ ᠤ ᠭᠠᠵᠠᠷ ᠤᠰᠤᠨ ᠤ ᠳᠤᠮᠤᠭ ᠶᠠᠷᠢᠶ᠎ᠠ ᠶᠢᠨ ᠤᠴᠢᠷ︾ ᠬᠡᠮᠡᠬᠦ ᠨᠢᠭᠡᠨ ᠦᠭᠦᠯᠡᠯ ᠤᠨ ᠵᠠᠷᠢᠮ ᠬᠡᠰᠡᠭ ᠪᠦᠯᠦᠭ ᠲᠤ ︽ᠱᠤᠩᠬᠤᠷ ᠤᠨ ᠠᠭᠤᠯᠠᠨ ᠤ ᠳᠤᠮᠤᠭ︾ ᠢᠶᠠᠷ ᠡᠰᠢᠯᠡᠨ ᠵᠢᠱᠢᠶᠡᠯᠡᠵᠦ᠂ ᠡᠭᠦᠨ ᠤ ᠲᠤᠭᠤᠷᠢᠨ ᠳᠤ ᠦᠭᠦᠯᠡᠨ ᠲᠤᠭᠠᠴᠢᠵᠤ ᠦᠵᠡᠯᠲᠡ ᠪᠠᠨ ᠳᠤᠷᠠᠳᠤᠭᠰᠠᠨ ᠶᠤᠮ᠃ ᠬᠦᠷᠡᠯᠱᠠ ᠶᠢᠨ ︽ᠬᠤᠷᠴᠢᠨ ᠤ ᠭᠠᠵᠠᠷ ᠤᠰᠤᠨ ᠤ ᠳᠤᠮᠤᠭ ᠶᠠᠷᠢᠶ᠎ᠠ ᠶᠢᠨ ᠤᠴᠢᠷ︾ ᠬᠡᠮᠡᠬᠦ ᠦᠭᠦᠯᠡᠯ ᠳᠤ ︽ᠱᠤᠩᠬᠤᠷ ᠤᠨ ᠠᠭᠤᠯᠠᠨ ᠤ ᠳᠤᠮᠤᠭ︾ ᠢᠶᠠᠷ ᠵᠢᠱᠢᠶᠡᠯᠡᠵᠦ᠂ ᠬᠤᠷᠴᠢᠨ ᠨᠤᠲᠤᠭ ᠤᠨ ᠭᠠᠵᠠᠷ ᠤᠰᠤᠨ ᠤ ᠳᠤᠮᠤᠭ ᠶᠠᠷᠢᠶ᠎ᠠ ᠶᠢᠨ ᠲᠡᠤᠬᠡᠨ ᠦᠨᠳᠦᠰᠦ᠂ ᠳᠤᠮᠤᠭ ᠵᠦᠢ ᠶᠢᠨ ᠤᠯᠠᠮᠵᠢᠯᠠᠯ᠂ ᠱᠠᠰᠢᠨ ᠰᠢᠲᠦᠯᠭᠡ ᠶᠢᠨ ᠡᠯᠧᠮᠧᠨ᠋ᠲ ᠪᠠ ᠭᠠᠵᠠᠷ ᠵᠦᠢ ᠶᠢᠨ ᠤᠨᠴᠠᠯᠢᠭ ᠬᠡᠮᠡᠬᠦ ᠬᠡᠳᠦᠨ ᠲᠠᠯ᠎ᠠ ᠠᠴᠠ ᠦᠭᠦᠯᠡᠵᠡᠢ᠃      ᠲᠤᠰᠬᠠᠶᠢᠢᠯᠠᠨ ︽ᠱᠣᠩᠬᠤᠷ ᠤᠨ ᠠᠭᠤᠯᠠᠨ ᠤ ᠳᠣᠮᠤᠭ︾ ᠤᠨ ᠲᠤᠬᠠᠢ ᠦᠭᠦᠯᠡᠯ ᠭᠡᠪᠡᠯ ᠮᠦᠨ ᠴᠦᠬᠡᠨ ᠬᠡᠳᠦᠬᠡᠨ ᠪᠠᠶᠢᠵᠦ᠂ ᠳᠡᠳᠡᠭᠡᠷ ᠤᠨ ᠶᠡᠬᠡᠩᠬᠢ ᠨᠢ ᠦᠨᠳᠦᠰᠦᠳᠡᠨ ᠤ ᠦᠢᠯᠡᠪᠦᠷᠢ ᠪᠤᠯᠤᠨ ᠠᠷᠠᠳ ᠤᠨ ᠵᠠᠩ ᠠᠭᠠᠯᠢ ᠶᠢᠨ ᠴᠢᠨᠠᠷᠲᠠᠢ ᠵᠣᠬᠢᠶᠠᠯ ᠤᠳ ᠪᠣᠯᠣᠨ᠎ᠠ᠃ ᠡᠭᠦᠨ ᠳᠤ᠂ ᠲᠡᠳᠡᠭᠡᠷ ᠵᠤᠬᠢᠶᠠᠯ ᠨᠠᠶᠢᠷᠠᠭᠤᠯᠤᠯ ᠠᠴᠠ ᠵᠢᠱᠢᠶᠡᠯᠡᠪᠡᠯ᠂ ᠡᠷᠬᠡᠨᠪᠠᠶᠠᠷ ᠤᠨ ᠪᠢᠴᠢᠭᠰᠡᠨ ︽ᠬᠤᠷᠴᠢᠨ ᠤ ᠠᠭᠤᠯᠠ ᠰᠢᠲᠦᠬᠦ ᠰᠤᠶᠤᠯ ᠤᠨ ᠤᠯᠠᠮᠵᠢᠯᠠᠯ ᠤᠨ ᠲᠤᠬᠠᠢ ᠳᠥᠭᠦᠮ ᠦᠭᠦᠯᠡᠬᠦ ᠨᠢ︾᠂ ᠳᠤᠯᠠᠭᠠᠨ ︵ᠴᠧᠨ ᠭᠠᠩ ᠯᠦᠩ︶ ᠤ ᠬᠢᠳᠡᠳ ᠬᠡᠯᠡ ᠪᠠᠷ ᠪᠢᠴᠢᠭᠰᠡᠨ ︽ᠮᠤᠩᠭᠤᠯᠴᠤᠳ ᠤᠨ ᠡᠷᠳᠡᠨᠢᠰ ᠲᠠᠨᠢᠬᠤ ᠳᠤᠮᠤᠭ ᠶᠠᠷᠢᠶᠠᠨ ᠤ ᠰᠣᠳᠣᠯᠣᠯ︾ ᠵᠡᠷᠭᠡ ᠪᠤᠯᠤᠨ᠎ᠠ᠃ ᠡᠳᠡᠭᠡᠷ ᠵᠣᠬᠢᠶᠠᠯ ᠪᠦᠲᠦᠭᠡᠯ ᠨᠢ ︽ᠱᠤᠩᠬᠤᠷ ᠤᠨ ᠠᠭᠤᠯᠠᠨ ᠤ ᠳᠣᠮᠤᠭ︾ ᠤᠨ ᠲᠤᠬᠠᠢ ᠲᠡᠤᠬᠡ᠂ ᠬᠠᠭᠤᠴᠢ ᠶᠠᠷᠢᠶ᠎ᠠ ᠵᠢᠴᠢ ᠬᠤᠷᠴᠢᠨ ᠨᠤᠲᠤᠭ ᠤᠨ ᠵᠠᠩ ᠢᠷᠭᠡᠨᠰᠢᠯ ᠢ ᠲᠡᠮᠳᠡᠭᠯᠡᠨ ᠲᠤᠭᠠᠴᠢᠵᠤ᠂ ︽ᠱᠤᠩᠬᠤᠷ ᠤᠨ ᠠᠭᠤᠯᠠᠨ ᠤ ᠳᠣᠮᠤᠭ︾ ᠤᠨ ᠲᠤᠬᠠᠢ ᠠᠷᠠᠳ ᠤᠨ ᠠᠮᠠᠨ ᠦᠯᠢᠭᠡᠷ ᠬᠢᠭᠡᠳ ᠪᠢᠴᠢᠭ ᠰᠣᠲᠣᠷ ᠲᠤ ᠲᠡᠮᠳᠡᠭᠯᠡᠵᠦ ᠪᠠᠶᠢᠭ᠎ᠠ ᠵᠦᠢᠯᠡᠰ ᠢ ᠡᠮᠬᠢᠳᠭᠡᠨ ᠲᠢᠭᠯᠡᠵᠦ᠂ ᠡᠨᠡ ᠰᠡᠳᠦᠪ ᠤᠨ ᠲᠤᠭᠤᠷᠢᠨ ᠳᠤ ᠬᠦᠦᠷᠨᠢᠨ ᠲᠤᠭᠠᠴᠢᠵᠠᠢ᠃ ᠡᠭᠦᠨ ᠢ ᠤᠩᠰᠢᠬᠤ ᠪᠠᠷ ᠳᠠᠮᠵᠢᠨ᠂ ᠡᠳᠡᠭᠡᠷ ᠵᠤᠬᠢᠶᠠᠯ ᠪᠦᠲᠦᠭᠡᠯ ᠨᠢ ᠴᠦᠮ ᠬᠡᠭᠡᠷ᠎ᠡ ᠶᠢᠨ ᠪᠠᠶᠢᠴᠠᠭᠠᠯᠲᠠ ᠪᠠᠷ ᠳᠠᠮᠵᠢᠵᠤ ᠢᠷᠡᠭᠰᠡᠨ ᠳ᠋ᠦᠩᠨᠡᠯᠲᠡ ᠪᠢᠰᠢ ᠬᠡᠰᠡᠨ ᠢ ᠮᠡᠳᠡᠵᠦ᠂ ᠡᠭᠦᠨ ᠢ ᠲᠤᠰᠬᠠᠢ ᠰᠤᠳᠤᠯᠤᠯ ᠤᠨ ᠤᠨᠤᠪᠴᠢᠲᠠᠢ ᠲᠠᠶᠢᠯᠤᠨ ᠮᠡᠳᠡᠭᠦᠯᠦᠯᠲᠡ ᠭᠡᠵᠦ ᠦᠵᠡᠵᠦ ᠪᠤᠯᠬᠤ ᠦᠭᠡᠢ᠃      ᠡᠭᠦᠨ ᠠᠴᠠ ᠭᠠᠳᠠᠨ᠎ᠠ᠂ ᠡᠳᠡᠭᠡᠷ ᠨᠤᠮ ᠵᠤᠬᠢᠶᠠᠯ ᠤᠨ ᠠᠭᠤᠯᠭ᠎ᠠ ᠶᠢᠨ ᠲᠠᠯ᠎ᠠ ᠪᠠᠷ᠂ ᠵᠦᠪᠬᠡᠨ ᠱᠤᠩᠬᠤᠷ ᠤᠨ ᠠᠭᠤᠯᠠᠨ ᠤ ᠡᠭᠦᠰᠦᠯ ᠲᠡᠤᠬᠡ ᠶᠢᠨ ᠤᠴᠢᠷ ᠲᠠᠢ ᠬᠤᠯᠪᠤᠭᠳᠠᠭᠰᠠᠨ ᠵᠦᠢᠯᠡᠰ ᠢ ᠲᠤᠭᠠᠴᠢᠭᠰᠠᠨ ᠠᠴᠠ ᠪᠢᠰᠢ᠂ ᠲᠤᠬᠠᠢ ᠶᠢᠨ ᠤᠷᠤᠨ ᠭᠠᠵᠠᠷ ᠤᠨ ᠠᠷᠠᠳ ᠤᠨ ᠵᠠᠩ ᠠᠭᠠᠯᠢ᠂ ᠮᠤᠩᠭᠤᠯᠴᠤᠳ ᠤᠨ ᠰᠢᠲᠦᠭᠡᠨ ᠤ ᠰᠡᠳᠭᠢᠯᠭᠡᠨ ᠤ ᠬᠦᠷᠢᠶ᠎ᠡ ᠬᠡᠪᠴᠢᠶᠡᠨ ᠳᠤ ᠭᠦᠨᠵᠡᠭᠡᠶᠢᠷᠡᠵᠦ ᠳᠡᠶᠢᠯᠦᠭᠰᠡᠨ ᠦᠭᠡᠢ᠂ ᠮᠦᠨ ᠱᠤᠩᠬᠤᠷ ᠤᠨ ᠠᠭᠤᠯᠠᠨ ᠤ ᠵᠢᠩᠭᠢᠨᠢ ᠢᠷᠡᠯ ᠡᠭᠦᠰᠦᠯ ᠤᠨ ᠲᠤᠬᠠᠢ ᠢᠳᠡᠭᠡᠭᠦᠰᠢᠲᠡᠢ᠂ ᠦᠨᠡᠮᠰᠢᠭᠦᠰᠢᠲᠡᠢ ᠦᠭᠦᠯᠡᠨ ᠨᠣᠲᠠᠯᠠᠵᠤ ᠴᠢᠳᠠᠭᠰᠠᠨ ᠦᠭᠡᠢ᠃ ᠭᠡᠶ᠎ᠡ᠂ ᠡᠳᠡᠭᠡᠷ ᠵᠤᠬᠢᠶᠠᠯ ᠪᠦᠲᠦᠭᠡᠯ ᠨᠢ ᠨᠡᠯᠢᠶᠡᠳ ᠦᠨ᠎ᠡ ᠴᠡᠨ᠎ᠡ ᠲᠠᠢ ᠮᠡᠳᠡᠭᠡ ᠵᠠᠩᠭᠢ ᠶᠢ ᠦᠯᠡᠳᠡᠭᠡᠵᠦ᠂ ᠬᠤᠶᠢᠰᠢᠳᠠ ᠶᠢᠨ ᠰᠣᠳᠣᠯᠭᠠᠨ ᠳᠤ ᠴᠢᠬᠤᠯᠠ ᠬᠡᠷᠡᠭᠴᠡᠭᠡ ᠲᠠᠢ ᠪᠤᠷᠤ ᠮᠠᠲ᠋ᠧᠷᠢᠶᠠᠯ ᠢ ᠬᠠᠩᠭᠠᠭᠰᠠᠨ ᠪᠠᠶᠢᠨ᠎ᠠ᠃      ᠭᠠᠳᠠᠭᠠᠲᠤ ᠳᠤ᠂ ᠲᠤᠰᠬᠠᠶᠢᠢᠯᠠᠨ ︽ᠱᠤᠩᠬᠤᠷ ᠤᠨ ᠠᠭᠤᠯᠠᠨ ᠤ ᠳᠤᠮᠤᠭ︾ ᠤᠨ ᠲᠤᠬᠠᠢ ᠪᠢᠴᠢᠭᠰᠡᠨ ᠦᠭᠦᠯᠡᠯ ᠵᠤᠬᠢᠶᠠᠯ ᠭᠡᠵᠦ ᠤᠯᠳᠠᠭᠰᠠᠨ ᠦᠭᠡᠢ᠃ ᠵᠦᠪᠬᠡᠨ ᠮᠤᠩᠭᠤᠯ ᠳᠤᠮᠤᠭ ᠶᠠᠷᠢᠶᠠᠨ ᠤ ᠰᠤᠳᠤᠯᠤᠯ ᠬᠢᠬᠦ ᠶᠠᠪᠤᠴᠠ ᠳᠤᠮᠳᠠ ᠬᠤᠷᠴᠢᠨ ᠳᠤᠮᠤᠭ ᠶᠠᠷᠢᠶ᠎ᠠ ᠪᠠᠷ ᠵᠢᠱᠢᠶᠡᠯᠡᠨ ᠦᠭᠦᠯᠡᠭᠰᠡᠨ ᠵᠤᠬᠢᠶᠠᠯ ᠪᠦᠲᠦᠭᠡᠯ ᠤᠳ ᠪᠤᠢ᠃ ᠡᠬᠦᠨ ᠳᠤ᠂ ᠭᠧᠷᠮᠠᠨ ᠤ ᠠᠯᠳᠠᠷᠲᠤ ᠮᠤᠩᠭᠤᠯᠴᠢ ᠡᠷᠳᠡᠮᠳᠡᠨ ᠸᠠᠯᠲ᠋ᠧᠷ ᠡᠾᠧᠶᠢᠰᠰᠢᠭ ᠤᠨ ᠮᠤᠩᠭᠤᠯ ᠳᠤᠮᠤᠭ ᠶᠠᠷᠢᠶᠠᠨ ᠤ ᠲᠤᠬᠠᠢ ᠰᠤᠳᠤᠯᠤᠯ ᠨᠢ ᠳᠤᠷᠠᠳᠤᠭᠤᠰᠢᠲᠠᠢ᠃      ᠳᠤᠮᠤᠭ ᠶᠠᠷᠢᠶ᠎ᠠ ᠳᠤ᠂ ᠲᠤᠭᠲᠠᠭᠰᠠᠨ ᠲᠡᠤᠬᠡᠨ ᠴᠠᠭ ᠦᠶ᠎ᠡ᠂ ᠭᠠᠵᠠᠷ ᠵᠦᠢ ᠶᠢᠨ ᠤᠷᠴᠢᠨ ᠲᠤᠭᠤᠷᠢᠨ᠂ ᠲᠡᠤᠬᠡᠲᠦ ᠬᠥᠮᠦᠨ᠂ ᠲᠡᠤᠭᠡᠨ ᠬᠡᠷᠡᠭ ᠤᠴᠢᠷ ᠵᠡᠷᠭᠡ ᠪᠦᠷᠢᠯᠳᠦᠭᠦᠨ ᠪᠠᠶᠢᠳᠠᠭ᠃ ︽ᠱᠤᠩᠬᠤᠷ ᠤᠨ ᠠᠭᠤᠯᠠᠨ ᠤ ᠳᠤᠮᠤᠭ︾ ᠢᠶᠠᠷ ᠠᠪᠴᠤ ᠬᠡᠯᠡᠪᠡᠯ᠂ ᠡᠨᠡ ᠳᠤᠮᠤᠭ ᠤᠨ ᠦᠢᠯᠡ ᠶᠠᠪᠤᠲᠠᠯ ᠨᠢ ᠪᠠᠷᠤᠭ 17 ᠳ᠋ᠤᠭᠠᠷ ᠵᠠᠭᠤᠨ ᠤ ᠦᠶ᠎ᠡ ᠳᠤ ᠡᠭᠦᠰᠴᠦ᠂ ᠭᠠᠵᠠᠷ ᠤᠷᠤᠨ ᠨᠢ ᠬᠤᠷᠴᠢᠨ ᠵᠡᠭᠦᠨ ᠭᠠᠷᠤᠨ ᠬᠤᠶᠢᠳᠤ ᠬᠤᠰᠢᠭᠤᠨ ᠤ ᠠᠭᠤᠯᠠ ᠪᠠᠯᠭᠠᠰᠤ ︵ᠬᠠᠭᠤᠴᠢᠨ ᠠᠭᠤᠯᠠ ᠰᠤᠮᠤ︶ ᠪᠤᠯᠤᠨ᠎ᠠ᠃ ᠳᠤᠮᠤᠭ ᠲᠠᠬᠢ ᠭᠤᠤᠯ ᠪᠠᠭᠠᠳᠤᠷ ᠨᠢ ᠱᠤᠩᠬᠤᠷ ᠰᠢᠪᠠᠭᠤ᠂ ᠭᠡᠰᠡᠷ ᠪᠤᠭᠲᠠ ᠪᠠᠶᠢᠵᠦ᠂ ᠡᠰᠡᠷᠬᠦ ᠲᠠᠯ᠎ᠠ ᠶᠢᠨ ᠳᠦᠷᠢ ᠨᠢ ᠠᠷᠪᠠᠨ ᠬᠤᠶᠠᠷ ᠲᠤᠯᠤᠭᠠᠢ ᠲᠠᠢ ᠠᠷᠵᠠᠭᠠᠷ ᠮᠠᠩᠭᠤᠰ ᠪᠤᠯᠤᠨ᠎ᠠ᠃ ᠠᠭᠤᠯᠭ᠎ᠠ ᠶᠢᠨ ᠲᠠᠯ᠎ᠠ ᠳᠤ ᠬᠡᠯᠡᠪᠡᠯ᠂ ᠱᠤᠩᠬᠤᠷ ᠰᠢᠪᠠᠭᠤ ᠠᠷᠪᠠᠨ ᠬᠤᠶᠠᠷ ᠲᠤᠯᠤᠭᠠᠢ ᠲᠠᠢ ᠠᠷᠵᠠᠭᠠᠷ ᠬᠠᠷ᠎ᠠ ᠮᠠᠩᠭᠤᠰ ᠢ ᠳᠠᠷᠤᠵᠤ᠂ ᠪᠡᠶ᠎ᠡ ᠶᠢᠨ ᠭᠤᠤᠯ ᠴᠤᠭᠴᠠ ᠨᠢ ᠱᠣᠩᠬᠤᠷ ᠤᠨ ᠠᠭᠤᠯᠠ ᠪᠤᠯᠵᠤ ᠬᠤᠪᠢᠷᠠᠭᠰᠠᠨ ᠤᠴᠢᠷ ᠢᠶᠠᠷ ᠡᠬᠢᠯᠡᠵᠦ᠂ ᠴᠢᠩ ᠤᠯᠤᠰ ᠤᠨ ᠦᠶ᠎ᠡ ᠳᠤ᠂ ᠵᠠᠯᠢᠬᠠᠢ ᠲᠦᠰᠢᠮᠡᠯ ᠬᠦᠸᠧ ᠱᠠᠩᠱᠦ ᠪᠤᠯᠤᠨ ᠨᠠᠠᠮᠠᠨᠽᠢ ᠶᠢᠨ ᠱᠤᠩᠬᠤᠷ ᠤᠨ ᠠᠭᠤᠯᠠᠨ ᠤ ᠨᠠᠪᠳᠠᠭ ᠰᠠᠪᠳᠠᠭ ᠢ ᠳᠠᠷᠤᠭᠰᠠᠨ ᠶᠠᠪᠤᠳᠠᠯ ᠢᠶᠠᠷ ᠦᠯᠢᠭᠡᠷ ᠬᠥᠭᠵᠢᠵᠦ ᠦᠷᠨᠢᠭᠰᠡᠨ ᠪᠤᠯᠤᠨ᠎ᠠ᠃      ︽ᠱᠤᠩᠬᠤᠷ ᠤᠨ ᠠᠭᠤᠯᠠᠨ ᠤ ᠳᠤᠮᠤᠭ︾ ᠲᠤ ᠭᠠᠷᠤᠭᠰᠠᠨ ᠡᠩᠬᠡ ᠠᠮᠤᠭᠤᠯᠠᠩ ᠬᠠᠭᠠᠨ ᠠᠴᠠ ᠵᠠᠷᠯᠢᠭ ᠪᠠᠭᠤᠯᠭᠠᠨ ᠬᠦᠸᠧ ᠱᠠᠩᠱᠦ ᠬᠢᠭᠡᠳ ᠨᠠᠠᠮᠠᠨᠽᠢ ᠶᠢ ᠱᠤᠩᠬᠤᠷ ᠤᠨ ᠠᠭᠤᠯᠠᠨ ᠳᠤ ᠲᠣᠮᠢᠯᠠᠵᠤ᠂ ᠨᠠᠪᠳᠠᠭ ᠰᠠᠪᠳᠠᠭ ᠢ ᠨᠢ ᠳᠠᠷᠤᠭᠰᠠᠨ ᠬᠡᠰᠡᠭ ᠦᠯᠢᠭᠡᠷ ᠤᠨ ᠳᠤᠮᠤᠭ ᠤᠨ ᠦᠢᠯᠡ ᠶᠠᠪᠤᠳᠠᠯ ᠤᠳ ᠠᠴᠠ ᠬᠠᠷᠠᠪᠠᠯ᠂ ᠡᠨᠡ ᠨᠢ ᠨᠤᠲᠤᠭ ᠣᠰᠤᠨ ᠤ ᠨᠡᠷᠡᠰ ᠤᠨ ᠢᠷᠡᠯ ᠢ ᠲᠡᠤᠬᠡᠨ ᠬᠠᠷᠠᠭᠠᠰᠤ ᠠᠴᠠ ᠲᠠᠶᠢᠯᠪᠤᠷᠢᠯᠠᠵᠤ ᠪᠠᠶᠢᠭ᠎ᠠ ᠶᠤᠮ᠃ ᠡᠳᠡᠭᠡᠷ ᠭᠠᠵᠠᠷ ᠤᠨ ᠨᠠᠷᠡᠰ ᠨᠢ ᠬᠤᠷᠴᠢᠨ ᠵᠡᠭᠦᠨ ᠭᠠᠷᠤᠨ ᠬᠤᠶᠢᠳᠤ ᠬᠤᠰᠢᠭᠤᠨ ᠤ ᠨᠢᠭᠡᠨ ᠵᠤᠷᠪᠤᠰ ᠭᠠᠵᠠᠷ ᠤᠰᠤᠨ ᠤ ᠳᠤᠮᠤᠭ ᠤᠨ ᠪᠦᠰᠡ ᠤᠷᠤᠨ ᠢ ᠪᠦᠲᠦᠭᠡᠵᠦ᠂ ᠪᠦᠬᠦ᠋ᠢᠯᠡ ᠦᠢᠯᠡ ᠶᠠᠪᠤᠳᠠᠯ ᠳᠤ ᠴᠢᠬᠤᠯᠠ ᠦᠢᠯᠡᠳᠦᠯ ᠲᠠᠢ ᠶᠤᠮ᠃ ᠦᠢᠯᠡ ᠶᠠᠪᠤᠳᠠᠯ ᠤᠨ ᠤᠯᠠᠩᠬᠢ ᠨᠢ ᠪᠦᠷ ᠨᠠᠪᠳᠠᠭ ᠰᠠᠪᠳᠠᠭ ᠲᠠᠢ ᠬᠤᠯᠪᠤᠭᠳᠠᠵᠤ ᠪᠠᠶᠢᠬᠤ ᠶᠢ ᠮᠡᠳᠡᠵᠦ ᠪᠤᠯᠤᠨ᠎ᠠ᠃ ᠢᠶᠢᠮᠦ ᠠᠴᠠ ︽ᠱᠤᠩᠬᠤᠷ ᠤᠨ ᠠᠭᠤᠯᠠᠨ ᠤ ᠳᠤᠮᠤᠭ︾ ᠨᠢ ᠨᠠᠪᠳᠠᠭ ᠰᠠᠪᠳᠠᠭ ᠲᠠᠢ ᠬᠤᠯᠪᠤᠭᠳᠠᠭᠰᠠᠨ ᠳᠤᠮᠤᠭ ᠶᠠᠷᠢᠶ᠎ᠠ ᠭᠡᠵᠦ ᠠᠩᠬ᠎ᠠ ᠠᠯᠬᠤᠮ ᠮᠠᠭᠠᠳᠯᠠᠨ ᠭᠠᠷᠭᠠᠵᠠᠢ᠃      ᠤᠯᠠᠨ ᠤ ᠮᠡᠳᠡᠭᠡᠵᠢ ᠪᠠᠷ᠂ ᠡᠩᠬᠡ ᠠᠮᠤᠭᠤᠯᠠᠩ ᠬᠠᠭᠠᠨ ᠠᠷᠠᠳ ᠤᠨ ᠪᠠᠶᠢᠳᠠᠯ ᠢ ᠤᠶᠢᠢᠯᠠᠭᠠᠬᠤ ᠭᠡᠵᠦ ᠠᠷᠠᠳ ᠤᠨ ᠳᠤᠮᠳᠠ ᠠᠶᠢᠯᠴᠢᠯᠠᠵᠤ ᠪᠠᠶᠢᠭᠰᠠᠨ ᠨᠢ ᠦᠨᠡᠨ ᠤᠴᠢᠷ ᠶᠤᠮ᠂ ᠡᠶᠢᠮᠦ ᠠᠴᠠ ᠲᠤᠰ ᠦᠯᠢᠭᠡᠷ ᠲᠤ ᠭᠠᠷᠤᠭᠰᠠᠨ ᠦᠢᠯᠡ ᠶᠠᠪᠤᠳᠠᠯ ᠨᠢ ᠦᠨᠠᠨ ᠤᠴᠢᠷ ᠠᠴᠠ ᠰᠡᠳᠦᠪᠯᠡᠵᠡᠢ᠃ ᠭᠡᠪᠡᠴᠦ᠂ ᠡᠩᠬᠡ ᠠᠮᠤᠭᠤᠯᠠᠩ ᠬᠠᠭᠠᠨ ᠮᠤᠩᠭᠤᠯ ᠲᠦᠮᠡᠨ ᠴᠤᠭᠯᠠᠷᠠᠵᠤ ᠰᠠᠭᠤᠭᠰᠠᠨ ᠬᠤᠷᠴᠢᠨ ᠨᠤᠲᠤᠭ ᠢᠶᠠᠷ ᠠᠶᠢᠯᠴᠢᠯᠠᠵᠤ ᠶᠠᠪᠤᠬᠤ ᠨᠢ ᠦᠨᠡᠨ ᠪᠤᠳᠠᠲᠠᠢ ᠴᠢᠨᠠᠷ ᠢᠶᠠᠷ ᠠᠨᠠᠢ ᠭᠡᠵᠦ ᠦᠵᠡᠵᠦ ᠪᠠᠶᠢᠨ᠎ᠠ᠃ ᠲᠤᠰ ᠳᠤᠮᠤᠭ ᠲᠤ ᠬᠦᠸᠧ ᠱᠠᠩᠱᠦ ᠪᠤᠯᠤᠨ ᠨᠠᠠᠮᠠᠨᠽᠢ ᠪᠤᠯ ᠬᠠᠮᠤᠭ ᠮᠠᠭᠤ ᠵᠠᠯᠢᠬᠠᠢ ᠬᠥᠮᠦᠨ ᠤ ᠳᠦᠷᠢ ᠪᠠᠷ ᠢᠯᠡᠷᠡᠵᠦ᠂ ᠬᠤᠷᠴᠢᠨ ᠨᠤᠲᠤᠭ ᠂ ᠴᠢᠨᠠᠭᠰᠢᠯᠠᠭᠠᠳ ᠮᠤᠩᠭᠤᠯ ᠲᠦᠮᠡᠨ ᠳᠤ ᠭᠠᠮᠰᠢᠭ ᠲᠠᠷᠢᠵᠤ ᠪᠠᠶᠢᠭᠰᠠᠨ ᠨᠢ ᠦᠨᠡᠨ ᠳᠡᠭᠡᠨ ᠲᠤᠬᠠᠢ ᠶᠢᠨ ᠦᠶ᠎ᠡ ᠶᠢᠨ ᠮᠠᠨᠵᠤ ᠶᠢᠨ ᠨᠤᠶᠠᠷᠬᠠᠯ᠂ ᠵᠠᠰᠠᠭ ᠲᠦᠷᠦ ᠶᠢᠨ ᠪᠡᠯᠭᠡᠳᠡᠯ ᠳᠦᠷᠢ ᠪᠤᠯᠬᠤ ᠶᠤᠮ᠃      17 ᠳ᠋ᠤᠭᠠᠷ ᠵᠠᠭᠤᠨ ᠤ ᠦᠶ᠎ᠡ ᠳᠤ᠂ ᠬᠤᠷᠴᠢᠨ ᠠᠶᠢᠮᠠᠭ ᠮᠠᠨᠵᠤ ᠲᠠᠢ ᠬᠦᠷᠰᠢᠯᠡᠵᠦ ᠰᠠᠭᠤᠵᠤ ᠪᠠᠶᠢᠳᠠᠭ ᠠᠴᠠ ᠬᠠᠷᠢᠴᠠᠭ᠎ᠠ ᠬᠤᠯᠪᠤᠭ᠎ᠠ ᠨᠢ ᠪᠤᠰᠤᠳ ᠮᠤᠩᠭᠤᠯ ᠠᠶᠢᠮᠠᠭ ᠠᠴᠠ ᠢᠯᠡᠭᠦᠦ ᠴᠢᠩᠭ᠎ᠠ ᠪᠠᠶᠢᠵᠠᠢ᠃ ᠬᠤᠶᠢᠳᠤ ᠠᠯᠲᠠᠨ ᠤᠯᠤᠰ ᠤᠨ ᠦᠶ᠎ᠡ ᠳᠤ᠂ ᠬᠤᠷᠴᠢᠨ ᠠᠶᠢᠮᠠᠭ ᠬᠠᠮᠤᠭ ᠲᠡᠷᠢᠭᠦᠨ ᠳᠤ ᠮᠠᠨᠵᠤ ᠳᠤ ᠪᠠᠭᠤᠨ ᠥᠭᠴᠦ᠂ ᠮᠠᠨᠵᠤ ᠲᠠᠢ ᠬᠤᠯᠪᠤᠭᠠᠯᠠᠵᠠᠢ᠂ ᠡᠨᠡ ᠨᠢ ᠬᠤᠶᠢᠰᠢᠳᠠ ᠶᠢᠨ ᠴᠢᠩ ᠭᠦᠷᠦᠨ ᠤ ᠬᠦᠴᠦᠷᠬᠡᠭ ᠶᠡᠭᠡ ᠪᠤᠯᠤᠭᠰᠠᠨ ᠳᠤ ᠲᠤᠩ ᠴᠢᠬᠤᠯᠠ ᠠᠴᠢ ᠬᠤᠯᠪᠤᠭᠳᠠᠯ ᠥᠵᠡᠭᠦᠯᠥᠭᠰᠡᠡ ᠶᠤᠮ᠃ ᠲᠤᠬᠠᠢ ᠶᠢᠨ ᠦᠶ᠎ᠡ ᠳᠤ᠂ ᠮᠠᠨᠵᠤ ᠮᠤᠩᠭᠤᠯ ᠤᠨ ᠬᠤᠭᠤᠷᠤᠨᠳᠤᠬᠢ ᠬᠠᠷᠢᠴᠠᠭ᠎ᠠ ᠶᠢ ᠨᠡᠩ ᠪᠠᠲᠤ ᠪᠦᠬᠡ ᠪᠤᠯᠭᠠᠬᠤ ᠶᠢᠨ ᠲᠦᠯᠦᠭᠡ᠂ ᠮᠠᠨᠵᠤ ᠶᠢᠨ ᠲᠠᠯ᠎ᠠ ᠠᠴᠠ ᠰᠠᠨᠠᠭᠠᠴᠢᠯᠠᠨ ᠤᠯᠠᠨ ᠤᠳᠠᠭ᠎ᠠ ᠤᠷᠤᠭ ᠨᠡᠶᠢᠯᠡᠵᠦ ᠡᠪᠰᠡᠵᠦ ᠪᠠᠶᠢᠵᠠᠢ᠃ ᠮᠠᠨᠵᠤ ᠶᠢᠨ ᠲᠠᠯ᠎ᠠ ᠠᠴᠠ ᠠᠪᠴᠤ ᠬᠡᠯᠡᠪᠡᠯ᠂ ᠪᠤᠰᠤᠳ ᠠᠯᠢ ᠨᠢᠭᠡ ᠠᠶᠢᠮᠠᠭ ᠤᠭᠰᠠᠭ᠎ᠠ ᠶᠢ ᠡᠵᠡᠷᠬᠡᠭᠯᠡᠬᠦ ᠳᠤ ᠮᠤᠩᠭᠤᠯᠴᠤᠳ ᠪᠦᠷ ᠠᠰᠢᠭᠦᠢ ᠶᠡᠭᠡ ᠲᠤᠰᠠ ᠬᠦᠴᠦᠨ ᠪᠤᠯᠤᠨ᠎ᠠ᠂ ᠭᠡᠳᠡᠷᠬᠦ ᠪᠠᠨ ᠮᠤᠩᠭᠤᠯᠴᠤᠳ ᠮᠦᠨ ᠮᠠᠨᠵᠤ ᠶᠢᠨ ᠨᠤᠶᠠᠷᠬᠠᠯ ᠳᠤ ᠮᠠᠰᠢ ᠶᠡᠭᠡ ᠰᠦᠷᠳᠡᠭᠦᠯᠬᠦ ᠬᠦᠴᠦᠨ ᠪᠤᠯᠬᠤ     ᠶᠤᠮ᠃      ᠨᠡᠩ ᠴᠢᠨᠠᠭᠰᠢᠲᠠ ᠰᠢᠨᠵᠢᠨ ᠪᠤᠳᠤᠯᠬᠢᠯᠠᠪᠠᠯ᠂ ᠡᠩᠬᠡ ᠠᠮᠤᠭᠤᠯᠠᠩ ᠬᠠᠭᠠᠨ ᠤ ᠬᠡᠯᠡᠭᠰᠡᠨ ︽ᠨᠠᠷᠢᠨ ᠨᠢᠭᠤᠴᠠ ︾ ᠭᠡᠳᠡᠭ ᠨᠢ ᠳᠠᠷᠤᠢ ᠱᠣᠩᠬᠤᠷ ᠤᠨ ᠠᠭᠤᠯᠠᠨ ᠤ ᠨᠠᠪᠳᠠᠭ ᠰᠠᠪᠳᠠᠭ ᠢ ᠵᠢᠭᠠᠵᠤ ᠪᠠᠶᠢᠨ᠎ᠠ᠃ ᠦᠭᠡᠷ᠎ᠡ ᠪᠠᠷ ᠬᠡᠯᠡᠪᠡᠯ᠂ ᠬᠦᠸᠧ ᠱᠠᠩᠱᠦ ᠶᠢ ᠲᠤᠮᠢᠯᠠᠨ ᠶᠠᠪᠤᠭᠤᠯᠤᠭᠰᠠᠨ ᠨᠢ ᠳᠠᠷᠤᠢ ᠲᠡᠨᠳᠡᠬᠢ ᠨᠠᠪᠳᠠᠭ ᠰᠠᠪᠳᠠᠭ ᠢ ᠳᠠᠷᠤᠭᠤᠯᠬᠤ ᠭᠡᠰᠡᠨ ᠳᠠᠯᠲᠠ ᠵᠤᠷᠢᠯᠭ᠎ᠠ ᠪᠤᠯᠤᠨ᠎ᠠ᠃ ᠡᠭᠦᠨ ᠳᠤ᠂ ᠡᠩᠬᠡ ᠠᠮᠤᠭᠤᠯᠠᠩ ᠬᠠᠭᠠᠨ ᠱᠤᠩᠬᠤᠷ ᠤᠨ ᠠᠭᠤᠯᠠᠨ ᠤ ᠭᠤᠶᠤ ᠰᠠᠶᠢᠬᠠᠨ ᠦᠵᠡᠮᠵᠢ ᠪᠠᠶᠢᠳᠠᠯ ᠳᠤ ᠪᠠᠭ᠋ᠠᠷᠬᠠᠭᠰᠠᠨ ᠠᠳᠠᠯ᠎ᠠ ᠪᠠᠨ ᠶᠠᠭᠤᠨ ᠳᠤ ᠪᠠᠰᠠ ᠨᠠᠪᠳᠠᠭ ᠰᠠᠪᠳᠠᠭ ᠢ ᠨᠢ ᠡᠪᠳᠡᠯᠡᠵᠦ ᠳᠠᠷᠤᠬᠤ ᠭᠡᠵᠦ ᠤᠷᠤᠯᠳᠤᠭᠰᠠᠨ ᠪᠤᠢ︖ ᠡᠭᠦᠨ ᠤ ᠰᠢᠯᠲᠠᠭᠠᠨ ᠨᠢ ᠭᠡᠪᠡᠯ᠂ ᠨᠠᠪᠳᠠᠭ ᠰᠠᠪᠳᠠᠭ ᠭᠡᠳᠡᠭ ᠵᠦᠢᠯ ᠪᠤᠯ ᠳᠤᠮᠳᠠᠲᠤ ᠤᠯᠤᠰ ᠤᠨ ᠤᠯᠠᠮᠵᠢᠯᠠᠯᠲᠤ ᠰᠤᠶᠤᠯ ᠤᠨ ᠤᠬᠠᠭᠳᠠᠬᠤᠨ ᠮᠦᠨ᠂ ᠲᠤᠬᠠᠢ ᠶᠢᠨ ᠦᠶ᠎ᠡ ᠶᠢᠨ ᠦᠵᠡᠯᠲᠡ ᠲᠠᠨᠢᠯᠲᠠ ᠪᠠᠷ ᠲᠡᠷᠡ ᠨᠢ ᠠᠷᠠᠳ ᠤᠨ ᠳᠤᠮᠳᠠ ᠤᠷᠤᠰᠢᠵᠤ ᠪᠤᠯᠬᠤ ᠦᠭᠡᠢ᠂ ᠬᠠᠷᠢᠨ ᠵᠠᠪᠠᠯ ᠨᠤᠶᠠᠷᠬᠠᠭᠴᠢ ᠠᠩᠭᠢ᠂ ᠵᠠᠰᠠᠭ ᠪᠠᠷᠢᠭᠴᠢ ᠶᠢᠨ ᠲᠠᠯ᠎ᠠ ᠳᠤ ᠪᠠᠶᠢᠬᠤ ᠬᠡᠷᠡᠭᠳᠡᠢ᠃ ᠡᠷᠳᠡᠨ ᠠᠴᠠ ᠪᠠᠨ ᠠᠪᠤᠭᠠᠳ᠂ ᠳᠤᠮᠳᠠᠲᠤ ᠤᠯᠤᠰ ᠤᠨ ᠨᠤᠶᠠᠷᠬᠠᠭᠴᠢ ᠠᠩᠭᠢ ᠭᠡᠰᠡᠨ ᠦᠭᠡᠢ᠂ ᠡᠭᠡᠯ ᠠᠷᠠᠳ ᠭᠡᠰᠡᠨ ᠦᠭᠡᠢ᠂ ᠨᠠᠪᠳᠠᠭ ᠰᠠᠪᠳᠠᠭ ᠢ ᠬᠦᠨᠳᠦᠳᠭᠡᠨ ᠦᠵᠡᠵᠦ᠂ ᠨᠠᠪᠳᠠᠭ ᠰᠠᠪᠳᠠᠭ ᠢ ᠰᠤᠳᠤᠯᠵᠤ ᠰᠢᠨᠵᠢᠯᠡᠳᠡᠭ ᠲᠦᠯᠭᠡᠴᠢ ᠦᠵᠡᠭᠡᠴᠢ ᠴᠤ ᠮᠤᠩ ᠦᠭᠡᠢ ᠤᠯᠠᠨ ᠪᠠᠶᠢᠳᠠᠭ᠃ ᠡᠭᠦᠨ ᠳᠤ᠂ ᠨᠠᠪᠳᠠᠭ ᠰᠠᠪᠳᠠᠭ ᠤᠷᠤᠰᠢᠬᠤ ᠶᠢᠨ ᠬᠠᠮᠤᠭ ᠤᠨ ᠴᠢᠬᠤᠯᠠ ᠨᠢᠭᠡ ᠠᠴᠢ ᠬᠤᠯᠪᠤᠭᠳᠠᠯ ᠨᠢ ᠭᠡᠪᠡᠯ ᠬᠥᠮᠦᠨ ᠠᠷᠠᠳ ᠤᠨ ᠪᠤᠶᠠᠨ ᠬᠡᠰᠢᠭ᠂ ᠦᠭᠡᠲᠡ ᠡᠰᠡᠷᠡᠭ ᠲᠠᠢ ᠨᠢᠭᠲᠠ ᠬᠤᠯᠪᠤᠭᠳᠠᠬᠤ ᠳᠤ ᠪᠤᠢ᠃ ᠶᠠᠭ ᠡᠶᠢᠮᠦ ᠤᠴᠢᠷ ᠶᠤᠰᠤᠨ ᠲᠠᠢ ᠠᠴᠠ᠂ ᠱᠤᠩᠬᠤᠷ ᠤᠨ ᠠᠭᠤᠯᠠᠨ ᠤ ᠨᠠᠪᠳᠠᠭ ᠰᠠᠪᠳᠠᠭ᠂ ᠬᠡᠶᠢᠮᠤᠷᠢ ᠨᠢ ᠬᠤᠷᠴᠢᠨ ᠨᠤᠲᠤᠭ ᠲᠤ ᠬᠡᠰᠢᠭ ᠪᠤᠶᠠᠨ ᠢ ᠠᠪᠴᠢᠷᠠᠵᠤ᠂ ᠠᠷᠠᠳ ᠤᠯᠠᠨ ᠤ ᠠᠮᠢᠳᠤᠷᠠᠯ ᠨᠢ ᠥᠭᠡᠳᠡᠯᠡᠵᠦ ᠬᠥᠭᠵᠢᠨ᠂ ᠤᠷᠤᠨ ᠨᠤᠲᠤᠭ ᠠᠴᠠ ᠨᠢ ᠰᠠᠶᠢᠨ ᠡᠷ᠎ᠡ ᠪᠠᠭᠠᠲᠤᠷ ᠢᠳᠡᠳᠡᠨ ᠮᠡᠨᠳᠦᠯᠡᠬᠦ ᠶᠢᠨ ᠪᠡᠯᠭᠡ ᠲᠡᠮᠳᠡᠭ ᠪᠤᠯᠵᠤ ᠪᠠᠶᠢᠭᠰᠠᠨ᠃ ᠡᠩᠬᠡ ᠠᠮᠤᠭᠤᠯᠠᠩ ᠬᠠᠭᠠᠨ ᠤ ᠨᠠᠪᠳᠠᠭ ᠰᠠᠪᠳᠠᠭ ᠢ ᠡᠪᠳᠡᠯᠡᠬᠦ ᠪᠤᠶᠤ ᠳᠠᠷᠤᠬᠤ ᠦᠢᠯᠡ ᠠᠵᠢᠯᠯᠠᠭ᠎ᠠ ᠨᠢ ᠬᠤᠷᠴᠢᠨ ᠠᠶᠢᠮᠠᠭ ᠤᠨ ᠥᠭᠡᠳᠡᠯᠡᠨ ᠲᠡᠭᠵᠢᠷᠡᠵᠦ᠂ ᠰᠠᠶᠢᠨ ᠡᠷ᠎ᠡ ᠪᠠᠭᠠᠲᠤᠷ ᠢᠳᠡᠳᠡᠨ ᠭᠠᠷᠬᠤ ᠶᠢ ᠡᠰᠡᠷᠭᠦᠴᠡᠵᠦ ᠪᠠᠶᠢᠬᠤ ᠶᠢᠨ ᠢᠯᠡᠷᠡᠯ᠂ ᠬᠤᠷᠴᠢᠨ ᠠᠶᠢᠮᠠᠭ ᠥᠭᠡᠳᠡᠯᠡᠨ ᠳᠡᠭᠵᠢᠷᠡᠬᠦ ᠦᠭᠡᠢ ᠯᠡ ᠪᠤᠯ ᠡᠩᠬᠡ ᠠᠮᠤᠭᠤᠯᠠᠩ ᠬᠠᠭᠠᠨ ᠰᠠᠶ᠋ᠢ ᠰᠠᠨᠠᠭ᠎ᠠ ᠠᠮᠤᠷ ᠰᠡᠳᠬᠢᠯ ᠲᠠᠶᠢᠪᠤᠡᠭ ᠪᠠᠶᠢᠵᠦ ᠴᠢᠳᠠᠨ᠎ᠠ᠂ ᠢᠩᠭᠢᠬᠦᠯᠡᠷ ᠲᠡᠷᠡ ᠬᠤᠷᠴᠢᠨ ᠠᠶᠢᠮᠠᠭ ᠤᠨ ᠮᠠᠨᠳᠤᠬᠤ ᠭᠡᠵᠦ ᠪᠠᠶᠢᠭ᠎ᠠ ᠰᠦᠷ ᠬᠦᠴᠦᠨ ᠢ ᠪᠠᠭᠤᠷᠠᠭᠤᠯᠬᠤ ᠵᠤᠷᠢᠯᠭ᠎ᠠ ᠪᠠᠷ ᠡᠶᠢᠮᠦᠷᠬᠦᠦ ᠦᠢᠯᠡ ᠠᠵᠢᠯᠯᠠᠭ᠎ᠠ ᠠᠪᠴᠠᠢ᠃      ᠴᠢᠩ ᠤᠯᠤᠰ ᠤᠨ ᠦᠶ᠎ᠡ ᠳᠤ᠂ ᠤᠯᠠᠨ ᠤᠳᠠᠭ᠎ᠠ ᠤᠷᠤᠭᠴᠠᠨ ᠡᠪᠰᠡᠭᠰᠡᠨ ᠪᠤᠯᠪᠠᠴᠤ᠂ ᠬᠤᠷᠴᠢᠨ ᠠᠶᠢᠮᠠᠭ ᠨᠢ ᠮᠦᠨ ᠴᠦ ᠴᠢᠩ ᠭᠦᠷᠦᠨ ᠤ ᠢᠮᠠᠭᠲᠠ ᠰᠡᠷᠭᠡᠶᠢᠯᠡᠳᠡᠭ ᠡᠲᠡᠭᠡᠳ ᠪᠤᠯᠤᠨ᠎ᠠ᠂ ᠡᠶᠢᠮᠦ ᠠᠴᠠ ᠲᠠᠲᠡ ᠳᠠᠯᠳᠠᠭᠤᠷ ᠬᠤᠶᠢᠭᠤᠷ ᠤᠯᠠᠨ ᠶᠠᠩᠵᠤ ᠶᠢᠨ ᠠᠷᠭ᠎ᠠ ᠶᠢ ᠬᠡᠷᠡᠭᠯᠡᠵᠦ ᠪᠠᠶᠢᠭᠠᠳ ᠬᠤᠷᠴᠢᠨ ᠠᠶᠢᠮᠠᠭ ᠤᠨ ᠬᠦᠴᠦᠨ ᠴᠢᠳᠠᠯ ᠢ ᠪᠠᠭᠤᠷᠠᠭᠤᠯᠬᠤ ᠭᠡᠵᠦ ᠣᠷᠣᠯᠳᠣᠵᠠᠢ᠃ ᠨᠠᠪᠳᠠᠭ ᠰᠠᠪᠳᠠᠭ ᠢ ᠳᠠᠷᠤᠬᠤ ᠨᠢ ᠲᠡᠳᠡᠨ ᠤ ᠬᠡᠷᠡᠭᠵᠢᠭᠦᠯᠦᠭᠰᠡᠨ ᠠᠷᠭ᠎ᠠ ᠶᠢᠨ ᠨᠢᠭᠡ ᠨᠢ ᠭᠡᠵᠦ ᠦᠵᠡᠵᠦ ᠪᠤᠯᠤᠨ᠎ᠠ᠃      ᠥᠭᠡᠷ᠎ᠡ ᠨᠢᠭᠡᠨ ᠵᠤᠭᠰᠤᠴᠠ ᠠᠴᠠ ᠦᠵᠡᠪᠡᠯ᠂ ᠡᠨᠡ ᠨᠠᠪᠳᠠᠭ ᠰᠠᠪᠳᠠᠭ ᠤᠨ ᠪᠤᠯᠢᠶᠠᠯᠳᠤᠭᠠᠨ ᠨᠢ ᠮᠦᠨ ᠨᠢᠭᠡ ᠶᠤᠰᠤᠨ ᠤ ᠤᠯᠤᠰ ᠲᠥᠷᠥ ᠶᠢᠨ ᠲᠡᠮᠡᠴᠡᠭᠡᠨ᠂ ᠬᠠᠭᠠᠨ ᠰᠠᠭᠤᠷᠢᠨ ᠤ ᠲᠡᠮᠡᠴᠡᠭᠡᠨ᠂ ᠡᠷᠬᠡ ᠰᠦᠷ ᠤᠨ ᠲᠡᠮᠡᠴᠡᠭᠡᠨ ᠪᠤᠯᠤᠨ᠎ᠠ᠃ ᠠᠬᠢᠭᠠᠳ ︽ᠱᠤᠩᠬᠤᠷ ᠤᠨ ᠠᠭᠤᠯᠠᠨ ᠤ ᠳᠤᠮᠤᠭ︾ ᠲᠠᠬᠢ ᠱᠤᠩᠬᠤᠷ ᠤᠨ ᠠᠭᠤᠯᠠᠨ ᠤ ᠨᠠᠪᠳᠠᠭ ᠰᠠᠪᠳᠠᠭ ᠢ ᠲᠦᠯᠦᠭᠡᠯᠡᠵᠦ ᠪᠠᠶᠢᠭ᠎ᠠ ᠠᠯᠲᠠᠨ ᠤᠨᠠᠭ᠎ᠠ᠂ ᠠᠯᠲᠠᠨ ᠭᠤᠷᠭᠤᠤᠯᠳᠠᠢ ᠶᠢ ᠦᠵᠡᠪᠡᠯ᠂ ᠮᠤᠩᠭᠤᠯ ᠤᠨ ᠪᠤᠰᠤᠳ ᠭᠠᠵᠠᠷ ᠤᠷᠤᠨ ᠳᠤ ᠴᠦ ᠡᠶᠢᠮᠦᠷᠬᠦᠦ ᠰᠢᠲᠦᠭᠡᠨ ᠠᠮᠢᠳᠠᠨ ᠢᠶᠠᠷ ᠨᠤᠲᠤᠭ ᠤᠰᠤᠨ ᠤ ᠨᠠᠪᠳᠠᠭ ᠰᠠᠪᠳᠠᠭ ᠪᠤᠯᠭᠠᠨ ᠳᠤᠮᠤᠭᠯᠠᠵᠤ ᠶᠠᠷᠢᠳᠠᠭ᠂ ᠲᠡᠭᠦᠨ ᠢ ᠡᠪᠳᠡᠯᠡᠵᠦ ᠰᠦᠢᠷᠡᠭᠦᠯᠦᠭᠰᠡᠨ ᠠᠴᠠ ᠲᠤᠬᠠᠢ ᠶᠢᠨ ᠠᠶᠢᠮᠠᠭ ᠤᠭᠰᠠᠭ᠎ᠠ᠂ ᠤᠷᠤᠨ ᠨᠤᠲᠤᠭ ᠲᠤ ᠬᠡᠮᠵᠢᠶᠡᠯᠡᠰᠢ ᠦᠭᠡᠢ ᠭᠠᠢ ᠬᠤᠬᠢᠷᠠᠯ ᠪᠤᠯᠤᠭᠰᠠᠨ ᠵᠢᠱᠢᠶ᠎ᠡ ᠴᠦ ᠪᠤᠢ᠃ ᠲᠡᠭᠡᠬᠦᠯᠡᠷ ᠲᠤᠰ ᠳᠤᠮᠤᠭ ᠲᠠᠬᠢ ᠨᠠᠪᠳᠠᠭ ᠰᠠᠪᠳᠠᠭ ᠤᠨ ᠲᠡᠮᠡᠴᠡᠭᠡᠨ ᠨᠢ ᠲᠡᠷᠢᠭᠦᠨ ᠡᠷᠬᠡ ᠶᠢᠨ ᠲᠡᠮᠡᠴᠡᠭᠡᠨ ᠢ ᠪᠡᠯᠭᠡᠳᠡᠵᠦ᠂ ᠨᠠᠪᠳᠠᠭ ᠰᠠᠪᠳᠠᠭ ᠨᠢ ᠤᠯᠤᠰ ᠲᠥᠷᠥ ᠶᠢᠨ ᠡᠷᠬᠡ ᠪᠤᠶᠤ ᠲᠣᠭᠲᠠᠨ ᠰᠠᠭᠤᠷᠢᠰᠢᠬᠤ ᠦᠨᠳᠦᠰᠦ ᠶᠢ ᠪᠡᠯᠭᠡᠳᠡᠵᠦ᠂ ᠨᠠᠪᠳᠠᠭ ᠰᠠᠪᠳᠠᠭ ᠤᠨ ᠲᠦᠯᠦᠭᠡᠯᠡᠭᠴᠢ ᠪᠤᠳᠠᠰ ᠨᠢ ᠬᠠᠭᠠᠨ ᠡᠷᠬᠡ ᠪᠤᠶᠤ ᠠᠮᠢᠳᠤᠷᠠᠨ ᠤᠷᠤᠰᠢᠬᠤ ᠡᠷᠬᠡ ᠶᠢ ᠪᠡᠯᠭᠡᠳᠡᠵᠡᠢ᠃ ︽ᠱᠤᠩᠬᠤᠷ ᠤᠨ ᠠᠭᠤᠯᠠᠨ ᠤ ᠳᠤᠮᠤᠭ︾ ᠲᠤ᠂ ᠬᠠᠷᠢ ᠦᠨᠳᠦᠰᠦᠲᠡᠨ ᠳᠤ ᠡᠵᠡᠷᠬᠡᠭᠳᠡᠵᠦ ᠪᠠᠶᠢᠭ᠎ᠠ ᠬᠤᠷᠴᠢᠨ ᠲᠦᠮᠡᠨ ᠤ ᠡᠷᠬᠡ ᠴᠢᠯᠦᠭᠡ᠂ ᠬᠥᠭᠵᠢᠯ ᠪᠠᠳᠠᠷᠡᠯ ᠢ ᠬᠦᠭᠡᠭᠡᠴᠡᠯᠳᠦᠵᠦ ᠪᠠᠶᠢᠬᠤ ᠬᠦᠰᠡᠯ ᠵᠣᠷᠢᠭ ᠪᠠ ᠠᠮᠢᠳᠤᠷᠠᠨ ᠤᠷᠤᠰᠢᠬᠤ ᠱᠠᠭᠠᠷᠳᠠᠯᠭ᠎ᠠ ᠶᠢ ᠢᠯᠡᠷᠡᠭᠦᠯᠵᠡᠢ᠃ ᠡᠭᠦᠨ ᠳᠤ ᠮᠦᠨ ᠮᠤᠩᠭᠤᠯ ᠤᠨ ᠪᠤᠰᠤᠳ ᠭᠠᠵᠠᠷ ᠤᠷᠤᠨ ᠤ ᠳᠤᠮᠤᠭ ᠶᠠᠷᠢᠶᠠᠨ ᠤ ᠠᠭᠤᠯᠭ᠎ᠠ ᠲᠠᠢ ᠨᠢᠭᠲᠠ ᠬᠠᠷᠢᠴᠠᠭ᠎ᠠ ᠬᠤᠯᠪᠤᠭ᠎ᠠ ᠲᠠᠢ ᠵᠦᠢᠯ ᠪᠤᠢ᠂ ᠳᠠᠷᠤᠢ ᠡ᠊ᠨᠳᠡ ᠮᠤᠩᠭᠤᠯ ᠲᠦᠮᠡᠨ ᠤ ᠬᠠᠷᠢ ᠦᠨᠳᠦᠰᠦᠲᠡᠨ ᠤ ᠨᠤᠶᠠᠷᠬᠠᠯ ᠢ ᠡᠰᠡᠷᠭᠦᠴᠡᠵᠦ ᠪᠠᠶᠢᠬᠤ ᠰᠡᠳᠭᠢᠯᠬᠡ ᠠᠭᠤᠰᠴᠤ ᠪᠠᠶᠢᠨ᠎ᠠ᠃ ᠢᠩᠭᠢᠵᠦ ᠦᠵᠡᠪᠡᠯ ᠡᠨᠡ ᠨᠢ ᠭᠠᠭᠴᠠᠭᠠᠷᠳᠠᠭᠰᠠᠨ ᠨᠢᠭᠡᠨ ᠵᠦᠢᠯ ᠤᠨ ᠪᠠᠶᠢᠳᠠᠯ ᠪᠢᠰᠢ᠂ ᠬᠠᠷᠢᠨ ᠲᠦᠭᠡᠮᠡᠯ ᠤᠷᠤᠰᠢᠵᠤ ᠪᠠᠶᠢᠭᠰᠠᠨ ᠦᠵᠡᠭᠳᠡᠯ ᠪᠤᠯᠬᠤ ᠮᠦᠷᠲᠡᠭᠡᠨ ᠨᠡᠶᠢᠳᠡ ᠮᠤᠩᠭᠤᠯᠴᠤᠳ ᠤᠨ ᠬᠦᠰᠡᠯ ᠤᠨ ᠴᠤᠤᠷᠢᠶ᠎ᠠ ᠪᠤᠯᠤᠨ᠎ᠠ᠃      ᠲᠤᠬᠠᠢ ᠶᠢᠨ ᠦᠶ᠎ᠡ ᠳᠤ᠂ ᠠᠷᠠᠳ ᠲᠦᠮᠡᠨ ᠠᠮᠠᠨ ᠵᠤᠬᠢᠶᠠᠯ᠂ ᠦᠯᠢᠭᠡᠷ ᠳᠠᠭᠤᠤ ᠳᠠᠭᠠᠨ ᠱᠤᠩᠬᠤᠷ ᠰᠢᠪᠠᠭᠤ ᠂ ᠠᠯᠲᠠᠨ ᠤᠨᠠᠭ᠎ᠠ᠂ ᠠᠯᠲᠠᠨ ᠭᠤᠷᠭᠤᠤᠯᠲᠠᠢ ᠵᠡᠷᠭᠡ ᠳᠦᠷᠢ ᠶᠢ ᠪᠦᠲᠦᠭᠡᠵᠦ ᠪᠠᠶᠢᠭᠰᠠᠨ ᠨᠢ ᠦᠪᠡᠷ ᠤᠨ ᠦᠨᠳᠦᠰᠦᠲᠡᠨ ᠤ ᠢᠷᠡᠭᠡᠲᠦᠢ ᠳᠡᠭᠡᠨ ᠰᠠᠶᠢᠨ ᠰᠠᠶᠢᠬᠠᠨ ᠬᠦᠰᠡᠯ ᠮᠦᠷᠦᠭᠡᠳᠦᠯ ᠢ ᠡᠪᠦᠷᠯᠡᠵᠤ᠂ ᠪᠠᠭᠠᠲᠤᠷ ᠬᠦᠴᠦᠲᠡᠨ ᠤ ᠢᠯᠡᠷᠡᠬᠦ ᠶᠢ ᠬᠦᠰᠡᠵᠦ ᠪᠠᠶᠢᠭᠰᠠᠨ ᠤ ᠢᠯᠡᠷᠡᠯ ᠶᠤᠮ᠂ ᠡᠨᠡ ᠨᠢ ᠮᠤᠩᠭᠤᠯᠴᠤᠳ ᠤᠨ ᠨᠤᠶᠠᠷᠬᠠᠭᠴᠢ ᠠᠩᠭᠢ ᠶᠢ ᠡᠰᠡᠷᠭᠦᠴᠡᠭᠰᠡᠨ ᠲᠦᠭᠡᠮᠡᠯ ᠰᠡᠳᠭᠢᠯᠭᠡ ᠶᠢᠨ ᠦᠵᠡᠭᠳᠡᠯ ᠪᠤᠯᠤᠨ᠎ᠠ᠃︽ᠱᠤᠩᠬᠤᠷ ᠤᠨ ᠠᠭᠤᠯᠠᠨ ᠤ ᠳᠤᠮᠤᠭ︾ ᠨᠢ ᠭᠡᠰᠡᠷ ᠪᠤᠭᠲᠠ ᠶᠢᠨ ᠦᠯᠢᠭᠡᠷ᠂ ᠮᠠᠩᠭᠤᠰ ᠢ ᠳᠠᠷᠤᠭᠰᠠᠨ ᠦᠯᠢᠭᠡᠷ ᠵᠡᠷᠭᠡ ᠮᠤᠩᠭᠤᠯ ᠤᠨ ᠤᠯᠠᠮᠵᠢᠯᠠᠯᠲᠤ ᠦᠯᠢᠭᠡᠷ ᠳᠤᠮᠤᠭ ᠤᠨ ᠤᠯᠠᠮᠵᠢᠯᠠᠯ ᠤᠨ ᠬᠡᠯᠪᠡᠷᠢ ᠶᠢ ᠵᠠᠯᠭᠠᠮᠵᠢᠯᠠᠵᠠᠢ᠃      ︽ᠱᠤᠩᠬᠤᠷ ᠤᠨ ᠠᠭᠤᠯᠠᠨ ᠤ ᠳᠤᠮᠤᠭ︾ ᠲᠤ᠂ ᠡᠷᠳᠡ ᠤᠷᠢᠲᠤ ᠶᠢᠨ ᠴᠠᠭ ᠲᠤ᠂ ᠠᠷᠪᠠᠨ ᠵᠦᠭ ᠤᠨ ᠭᠡᠰᠡᠷ ᠪᠤᠭᠲᠠ᠂ ᠮᠠᠩᠭᠤᠰ ᠢ ᠳᠠᠷᠤᠬᠤ ᠪᠠᠷ ᠬᠤᠷᠴᠢᠨ ᠨᠤᠲᠤᠭ ᠲᠤ ᠢᠷᠡᠭᠰᠡᠨ ᠭᠡᠨ᠎ᠡ᠃ ᠠᠷᠵᠠᠭᠠᠷ ᠬᠠᠷ᠎ᠠ ᠮᠠᠩᠭᠤᠰ ᠲᠠᠢ ᠪᠠᠶᠢᠯᠳᠤᠨ ᠨᠤᠴᠤᠯᠳᠤᠵᠤ᠂ ᠡᠷᠬᠢᠯᠳᠦᠭᠰᠡᠨ ᠭᠠᠵᠠᠷ ᠨᠢ ᠡᠷᠭᠢ ᠮᠠᠩᠬ᠎ᠠ ᠭᠠᠷᠴᠤ᠂ ᠲᠤᠭᠤᠷᠢᠭᠰᠠᠨ ᠭᠠᠵᠠᠷ ᠲᠤᠨᠢ ᠲᠤᠨᠤᠮᠠᠯ ᠨᠠᠭᠤᠷ ᠲᠤᠭᠳᠠᠭᠠᠳ᠂ ᠲᠦᠨᠡᠷ ᠬᠠᠷ᠎ᠠ ᠪᠠᠯᠠᠷ ᠤᠢ ᠨᠢ ᠦᠵᠡᠭᠳᠡᠬᠦ ᠦᠭᠡᠢ ᠡᠯᠡᠰᠦᠨ ᠴᠦᠯ ᠪᠤᠯᠤᠭᠰᠠᠨ ᠭᠡᠨ᠎ᠡ᠃ ᠭᠡᠰᠡᠷ ᠪᠤᠭᠲᠠ ᠠᠷᠤ ᠮᠦᠷᠦ ᠳᠡᠭᠡᠨ ᠮᠦᠷᠦᠯᠡᠭᠰᠡᠨ ᠠᠪᠤᠷᠭᠤ ᠬᠦᠴᠦᠲᠦ ᠨᠠᠴᠢᠨ ᠱᠤᠩᠬᠤᠷ ᠢᠶᠠᠨ ᠠᠷᠪᠠᠨ ᠬᠤᠶᠠᠷ ᠲᠤᠯᠤᠭᠠᠢ ᠲᠠᠢ ᠠᠷᠵᠠᠭᠠᠷ ᠮᠠᠩᠭᠤᠰ ᠤᠨ ᠬᠤᠶᠢᠨ᠎ᠠ ᠠᠴᠠ ᠲᠤᠬᠢᠨ ᠲᠠᠯᠪᠢᠭᠰᠠᠨ᠎ᠠ ᠠᠷᠵᠠᠭᠠᠷ ᠮᠠᠩᠭᠤᠰ ᠤᠨ ᠠᠷᠵᠠᠶᠢᠭᠰᠠᠨ ᠲᠤᠯᠤᠭᠠᠢ ᠶᠢ ᠨᠢ ᠨᠢᠭᠡ ᠨᠢᠭᠡ ᠪᠠᠷ ᠲᠠᠰᠤ ᠬᠠᠵᠠᠨ ᠬᠠᠶᠠᠵᠤ᠂ ᠦᠰᠢᠶᠡᠳᠡᠨ ᠢ ᠳᠠᠷᠤᠵᠤ᠂ ᠦᠨᠢᠷ ᠬᠤᠷᠴᠢᠨ ᠢ ᠡᠩᠬᠡᠵᠢᠭᠦᠯᠪᠡ ᠭᠡᠨ᠎ᠡ᠃ ᠢᠩᠭᠢᠭᠡᠳ ᠭᠡᠰᠡᠷ ᠪᠤᠭᠲᠠ᠂ ᠬᠤᠷᠴᠢᠨ ᠨᠤᠲᠤᠭ ᠲᠤ ᠠᠪᠤᠷᠭᠤ ᠱᠣᠩᠬᠤᠷ ᠤᠨ ᠰᠠᠭᠤᠭᠰᠠᠨ ᠬᠡᠯᠪᠡᠷᠢ ᠪᠠᠷ ᠨᠠᠪᠳᠠᠭ ᠰᠠᠪᠳᠠᠭ ᠲᠠᠢ ᠠᠭᠤᠯᠠ ᠪᠤᠯᠭᠠᠭᠰᠠᠨ ᠠᠴᠠ ᠱᠣᠩᠬᠤᠷ ᠤᠨ ᠠᠭᠤᠯᠠ ᠪᠤᠢ ᠪᠤᠯᠤᠭᠰᠠᠨ ᠭᠡᠳᠡᠭ᠃ ᠡᠨᠡ ᠳᠤᠮᠤᠭ ᠪᠤᠯ ᠭᠡᠰᠡᠷ ᠪᠤᠭᠲᠠ ᠶᠢᠨ ᠮᠠᠩᠭᠤᠰ ᠢ ᠳᠠᠷᠤᠭᠰᠠᠨ ᠦᠯᠢᠭᠡᠷ ᠤᠨ ᠤᠯᠠᠮᠵᠢᠯᠠᠯ ᠢᠶᠠᠷ ᠵᠤᠬᠢᠶᠠᠭᠳᠠᠭᠰᠠᠨ ᠪᠠᠶᠢᠨ᠎ᠠ᠃ ᠠᠷᠪᠠᠨ ᠬᠤᠶᠠᠷ ᠲᠤᠯᠤᠭᠠᠶᠢᠢᠳᠤ ᠠᠷᠵᠠᠭᠠᠷ ᠬᠠᠷ᠎ᠠ ᠮᠠᠩᠭᠤᠰ ᠨᠢ ᠴᠦ ᠤᠯᠠᠨ ᠳᠤᠮᠤᠭ ᠶᠠᠷᠢᠶᠠᠨ ᠳᠤ ᠭᠠᠷᠳᠠᠭ ᠨᠡᠶᠢᠳᠡᠯᠢᠭ ᠡᠰᠡᠷᠭᠦ ᠲᠠᠯ᠎ᠠ ᠶᠢᠨ ᠳᠦᠷᠢ ᠪᠤᠯᠬᠤ ᠶᠤᠮ᠃      ᠪᠤᠷᠬᠠᠨ ᠱᠠᠰᠢᠨ ᠳᠡᠯᠭᠡᠷᠡᠭᠰᠡᠨ ᠦᠶ᠎ᠡ ᠳᠤ ᠬᠦᠷᠴᠦ ᠢᠷᠡᠨ᠂ ᠪᠤᠷᠬᠠᠨ᠂ ᠪᠤᠭᠲᠠ᠂ ᠪᠤᠮᠪᠤ᠂ ᠯᠠᠮᠠ ᠵᠡᠷᠭᠡ ᠳᠦᠷᠢ ᠨᠦᠭᠦᠳ ᠬᠤᠷᠴᠢᠨ ᠤ ᠭᠠᠵᠠᠷ ᠣᠰᠤᠨ ᠤ ᠳᠤᠮᠤᠭ ᠶᠠᠷᠢᠶᠠᠨ ᠳᠤ ᠵᠦᠩᠳᠡᠭᠡᠨ ᠭᠠᠷᠳᠠᠭ᠃ ︽ᠱᠤᠩᠬᠤᠷ ᠤᠨ ᠠᠭᠤᠯᠠᠨ ᠤ ᠳᠤᠮᠤᠭ︾ ᠤᠨ ᠡᠯ᠎ᠡ ᠬᠤᠪᠢᠯᠪᠤᠷᠢ ᠳᠤ᠂ ᠱᠤᠩᠬᠤᠷ ᠰᠦᠮ᠎ᠡ ᠶᠢᠨ ᠦᠯᠢᠭᠡᠷ ᠤᠴᠢᠷ ᠤᠯᠠᠨ ᠤᠳᠠᠭ᠎ᠠ ᠢᠯᠡᠷᠡᠨ᠂ ᠪᠤᠷᠬᠠᠨ ᠱᠠᠰᠢᠨ ᠤ ᠦᠶ᠎ᠡ ᠳᠤ᠂ ᠰᠦᠮ᠎ᠡ ᠬᠡᠶᠢᠳ᠂ ᠯᠠᠮᠠ ᠵᠡᠷᠭᠡ ᠨᠢ ᠤᠯᠠᠨᠳᠠ ᠢᠯᠡᠷᠡᠵᠦ ᠲᠤᠮᠤᠭᠯᠠᠭᠳᠠᠵᠠᠢ᠃ ᠵᠢᠱᠢᠶᠡᠯᠡᠪᠡᠯ᠂ ᠴᠢᠩ ᠤᠨ ᠲᠦᠰᠢᠮᠡᠯ ᠬᠦᠸᠧ ᠱᠠᠩᠱᠦ ᠠᠭᠤᠯᠠ ᠶᠢ ᠨᠡᠭᠡᠭᠡᠬᠦ ᠠᠯᠲᠠᠨ ᠲᠦᠯᠬᠢᠭᠦᠷ ᠢᠶᠠᠷ ᠱᠣᠩᠬᠤᠷ ᠠᠭᠤᠯᠠᠨ ᠤ ᠨᠠᠪᠳᠠᠭ ᠰᠠᠪᠳᠠᠭ ᠠᠯᠲᠠᠨ ᠤᠨᠠᠭ᠎ᠠ᠂ ᠠᠯᠲᠠᠨ ᠭᠤᠷᠭᠤᠤᠯᠲᠠᠢ ᠶᠢ ᠭᠠᠷᠭᠠᠵᠤ᠂ ᠪᠠᠷᠢᠵᠤ ᠠᠪᠬᠤ ᠭᠡᠬᠦ ᠳᠤ ᠱᠤᠩᠬᠤᠷ ᠰᠦᠮ᠎ᠡ ᠶᠢᠨ ᠯᠠᠮᠠ ᠨᠠᠷ ᠭᠡᠩᠭᠡᠷᠭᠡ ᠳᠡᠯᠡᠳᠴᠦ᠂ ᠭᠠᠨ ᠮᠤᠳᠤ ᠲᠤᠭᠰᠢᠵᠠᠢ᠃ ᠡᠨᠡ ᠳᠠᠭᠤᠨ ᠳᠤ ᠠᠯᠲᠠᠨ ᠭᠤᠷᠭᠤᠤᠯᠳᠠᠢ᠂ ᠠᠯᠲᠠᠨ ᠤᠨᠠᠭ᠎ᠠ ᠲᠤᠲᠠᠭᠠᠨ ᠤᠳᠴᠠᠢ᠃      ︽ᠱᠣᠩᠬᠤᠷ ᠤᠨ ᠠᠭᠤᠯᠠᠨ ᠤ ᠳᠤᠮᠤᠭ︾ ᠲᠤ ᠭᠠᠷᠤᠭᠰᠠᠨ ᠭᠤᠤᠯ ᠪᠠᠭᠠᠳᠤᠷ ᠱᠤᠩᠬᠤᠷ ᠰᠢᠪᠠᠭᠤ ᠠᠴᠠ ᠠᠪᠴᠦ ᠦᠵᠡᠪᠡᠯ᠂ ︽ᠮᠤᠩᠭᠤᠯ ᠤᠨ ᠨᠢᠭᠤᠴᠠ ᠲᠤᠪᠴᠢᠶᠠᠨ︾ ᠳᠤ ᠭᠠᠷᠤᠭᠰᠠᠨ ᠬᠢᠶᠠᠨ ᠠᠶᠢᠮᠠᠭ ᠤᠨ ᠰᠦᠯᠳᠡ ᠰᠢᠪᠠᠭᠤ ᠪᠠᠶᠢᠵᠦ᠂ ᠡᠨᠡ ᠨᠢ ᠡᠷᠳᠡᠨ ᠤ ᠳᠤᠮᠤᠭ ᠦᠯᠢᠭᠡᠷ ᠤᠨ ᠤᠯᠠᠮᠵᠢᠯᠠᠯ ᠢ ᠰᠠᠶᠢᠳᠤᠷ ᠬᠦᠯᠢᠶᠡᠨ ᠠᠪᠴᠤ᠂ ᠤᠷᠤᠨ ᠨᠤᠲᠤᠭ ᠤᠨ ᠭᠠᠵᠠᠷ ᠣᠰᠣᠨ ᠤ ᠳᠤᠮᠤᠭ ᠶᠠᠷᠢᠶ᠎ᠠ ᠲᠠᠢ ᠤᠷᠭᠠᠨᠢᠭ ᠢᠶᠠᠷ ᠤᠶᠠᠯᠳᠤᠭᠤᠯᠤᠭᠰᠠᠨ ᠵᠢᠱᠢᠶ᠎ᠡ ᠪᠤᠯᠤᠨ᠎ᠠ᠃ ︽ᠮᠤᠩᠭᠤᠯ ᠤᠨ ᠨᠢᠭᠤᠴᠠ ᠲᠤᠪᠴᠢᠶᠠᠨ︾ ᠤ ᠵᠢᠷᠠᠨ ᠭᠤᠷᠪᠠᠳᠤᠭᠠᠷ ᠵᠦᠢᠯ ᠳᠤ ᠶᠢᠰᠦᠭᠡᠢ ᠪᠠᠭᠠᠳᠤᠷ ᠶᠢᠰᠦᠨ ᠨᠠᠰᠤᠲᠠᠢ ᠲᠡᠮᠦᠵᠢᠨ ᠢ ᠳᠠᠭᠠᠭᠤᠯᠵᠤ ᠤᠯᠬᠤᠨᠤᠳ ᠠᠶᠢᠮᠠᠭ ᠲᠤ ᠣᠴᠢᠵᠤ ᠤᠷᠤᠭ ᠲᠤᠭᠲᠠᠬᠤ ᠵᠠᠮ ᠵᠠᠭᠤᠷ᠎ᠠ ᠂ ᠳ᠋ᠠᠢ ᠰᠡᠴᠡᠨ ᠲᠠᠢ ᠵᠤᠯᠭᠠᠵᠤ᠂ ᠳ᠋ᠠᠢ ᠰᠡᠴᠡᠨ ᠬᠢᠶᠠᠨ ᠠᠶᠢᠮᠠᠭ ᠤᠨ ᠰᠦᠯᠳᠡ ᠰᠢᠪᠠᠭᠤ ᠴᠠᠭᠠᠨ ᠱᠤᠩᠬᠤᠷ ᠨᠠᠷᠠᠨ ᠰᠠᠷᠠᠨ ᠢ ᠠᠳᠬᠤᠵᠤ᠂ ᠭᠠᠷ ᠳᠡᠭᠡᠷ᠎ᠡ ᠢᠷᠡᠵᠦ ᠰᠠᠭᠤᠵᠠᠢ ᠭᠡᠵᠦ ᠵᠡᠭᠦᠳᠦᠯᠡᠭᠰᠡᠨ ᠢᠶᠠᠨ ᠶᠢᠰᠦᠭᠡᠢ ᠪᠠᠭᠠᠲᠤᠷ ᠲᠤ ᠶᠠᠷᠢᠵᠤ ᠦᠭᠴᠡᠢ᠃ ᠳ᠋ᠠᠢ ᠰᠡᠴᠡᠨ ᠡᠭᠦᠨ ᠢ ᠠᠰᠢᠳᠠ ᠶᠢᠨ ᠰᠠᠶᠢᠨ ᠪᠡᠯᠭᠡ ᠪᠠᠷ ᠦᠵᠡᠵᠦ᠂ ︽ᠬᠢᠶᠠᠳ ᠢᠷᠭᠡᠨ ᠤ ᠰᠦᠯᠳᠡ ᠢᠷᠡᠵᠦ ᠵᠢᠭᠠᠭᠰᠠᠨ ᠠᠵᠤᠭᠤ︾ ᠬᠡᠮᠡᠵᠡᠢ᠃ ᠡᠷᠲᠡᠨ ᠳᠡᠭᠡᠨ᠂ ᠬᠢᠶᠠᠳ ᠪᠤᠷᠵᠢᠭᠢᠨ ᠣᠪᠣᠭ ᠤᠨ ᠭᠤᠤᠯ ᠰᠢᠲᠦᠭᠡᠨ ᠪᠤᠯ ᠴᠠᠭᠠᠨ ᠱᠤᠩᠬᠤᠷ ᠪᠠᠶᠢᠭᠰᠠᠨ ᠭᠡᠨ᠎ᠡ᠃ ᠴᠠᠭᠠᠨ ᠱᠤᠩᠬᠤᠷ ᠪᠤᠯ ᠤᠭ ᠠᠴᠠ ᠪᠠᠨ ᠲᠠᠯ᠎ᠠ ᠶᠢᠨ ᠮᠣᠩᠭᠤᠯᠴᠤᠳ ᠤᠨ ᠡᠷᠬᠢᠯᠡᠵᠦ ᠪᠠᠶᠢᠭᠰᠠᠨ ᠣᠩᠭᠤᠨ ᠰᠢᠲᠦᠭᠡᠨ ᠤ ᠨᠢᠭᠡᠨ ᠪᠢᠯᠡ᠃ ︽ᠱᠣᠩᠬᠤᠷ ᠤᠨ ᠠᠭᠤᠯᠠᠨ ᠤ ᠳᠤᠮᠤᠭ︾ ᠲᠤ ᠠᠪᠴᠦ ᠦᠵᠡᠪᠡᠯ᠂ ᠱᠤᠩᠬᠤᠷ ᠰᠢᠪᠠᠭᠤ ᠪᠤᠯ ᠭᠡᠰᠡᠷ ᠪᠤᠭᠲᠠ ᠶᠢᠨ ᠳᠤᠤᠷᠠᠬᠢ ᠢᠳᠡᠳᠡᠨ ᠪᠠᠭᠠᠲᠤᠷ᠂ ᠡᠷᠡᠯᠬᠡᠭ ᠵᠠᠩᠵᠣᠨ ᠪᠤᠯᠤᠨ᠎ᠠ᠃ ᠭᠡᠰᠡᠷ ᠪᠤᠭᠲᠠ ᠶᠢᠨ ᠵᠠᠷᠯᠢᠭ ᠶᠤᠰᠤᠭᠠᠷ᠂ ᠱᠤᠩᠬᠤᠷ ᠰᠢᠪᠠᠭᠤ ᠬᠤᠷᠴᠢᠨ ᠨᠤᠲᠤᠭ ᠢ ᠲᠦᠢᠪᠡᠭᠡᠵᠦ ᠰᠠᠮᠠᠭᠤᠷᠠᠭᠤᠯᠤᠭᠰᠠᠨ ᠠᠷᠪᠠᠨ ᠬᠤᠶᠠᠷ ᠳᠤᠯᠤᠭᠠᠢ ᠲᠠᠢ ᠠᠷᠵᠠᠭᠠᠷ ᠮᠠᠩᠭᠤᠰ ᠢ ᠳᠠᠷᠤᠵᠤ᠂ ᠤᠷᠤᠨ ᠨᠤᠲᠤᠭ ᠢᠶᠠᠨ ᠡᠩᠬᠡᠵᠢᠭᠦᠯᠵᠠᠢ᠃ ᠢᠩᠭᠢᠬᠦᠯᠡᠷ ︽ᠱᠣᠩᠬᠤᠷ ᠤᠨ ᠠᠭᠤᠯᠠᠨ ᠤ ᠳᠤᠮᠤᠭ︾ ᠤᠨ ᠱᠤᠩᠬᠤᠷ ᠰᠢᠪᠠᠭᠤᠨ ᠤ ᠳᠦᠷᠢ ᠨᠢ ᠡᠷᠲᠡᠨ ᠤ ᠳᠤᠮᠤᠭ ᠶᠠᠷᠢᠶᠠᠨ ᠤ ᠤᠯᠠᠮᠵᠢᠯᠠᠯ ᠢ ᠭᠦᠨ ᠰᠢᠩᠭᠡᠭᠡᠭᠰᠡᠨ ᠤ ᠢᠯᠡᠷᠡᠯ ᠪᠠᠶᠢᠵᠦ᠂ ᠡᠭᠦᠨ ᠠᠴᠠ ᠮᠤᠩᠭᠤᠯ ᠤᠨ ᠡᠷᠲᠡᠨ ᠤ ᠠᠩ ᠠᠩᠨᠠᠯ ᠤᠨ ᠦᠶ᠎ᠡ ᠶᠢᠨ ᠦᠯᠢᠭᠡᠷ ᠳᠤᠮᠤᠭ᠂ ᠰᠢᠲᠦᠯᠭᠡ ᠠᠴᠠ ᠤᠯᠠᠮᠵᠢᠯᠠᠯ ᠲᠠᠢ ᠪᠠᠶᠢᠬᠤ ᠶᠢ ᠴᠤ ᠦᠵᠡᠵᠦ ᠭᠠᠷᠴᠣ ᠪᠤᠯᠤᠨ᠎ᠠ᠃      ︽ᠱᠤᠩᠬᠤᠷ ᠤᠨ ᠠᠭᠤᠯᠠᠨ ᠤ ᠳᠤᠮᠤᠭ︾ ᠲᠤ ᠲᠡᠤᠬᠡᠨ ᠬᠦᠮᠦᠨ ᠢᠯᠡᠷᠡᠳᠡᠭ ᠨᠢ ᠵᠤᠬᠢᠬᠤ ᠲᠡᠤᠬᠡᠨ ᠦᠨᠳᠦᠰᠦ ᠲᠠᠢ ᠶᠤᠮ᠃ ᠲᠡᠷᠡ ᠨᠢ ᠲᠡᠤᠬᠡᠨ ᠭᠡᠷᠡᠭ ᠶᠠᠪᠤᠳᠠᠯ ᠤᠨ ᠪᠠᠷᠢᠮᠳᠠ ᠬᠢᠭᠡᠳ ᠬᠤᠷᠴᠢᠨᠴᠤᠳ ᠤᠨ ᠦᠵᠡᠯ ᠰᠡᠳᠭᠢᠯᠭᠡ ᠶᠢ ᠲᠤᠰᠬᠠᠵᠤ ᠪᠠᠶᠢᠳᠠᠭ᠃ ᠬᠤᠷᠴᠢᠨ᠂ ᠮᠠᠨᠵᠤ ᠲᠠᠢ ᠬᠦᠷᠰᠢ ᠵᠡᠷᠭᠡᠯᠡᠳᠡᠭᠡ ᠪᠠᠶᠢᠭᠰᠠᠨ ᠢᠶᠠᠷ ᠴᠢᠩ ᠤᠯᠤᠰ ᠤᠨ ᠬᠤᠩ ᠲᠠᠶᠢᠵᠢ᠂ ᠡᠩᠬᠡ ᠠᠮᠤᠭᠤᠯᠠᠩ ᠬᠠᠭᠠᠨ᠂ ᠲᠡᠭᠷᠢ ᠲᠡᠳᠭᠦᠭᠴᠢ ᠬᠠᠭᠠᠨ᠂ ᠬᠤᠷᠴᠢᠨ ᠤ ᠭᠠᠵᠠᠷ ᠣᠰᠣᠨ ᠲᠠᠢ ᠬᠤᠯᠪᠤᠭᠳᠠᠨ ᠳᠤᠮᠤᠭᠯᠠᠭᠳᠠᠳᠠᠭ᠃ ︽ᠱᠤᠩᠬᠤᠷ ᠤᠨ ᠠᠭᠤᠯᠠᠨ ᠤ ᠳᠤᠮᠤᠭ︾ ᠲᠤ᠄ ᠴᠢᠩ ᠤᠯᠤᠰ ᠤᠨ ᠲᠡᠭᠷᠢ ᠲᠡᠳᠭᠦᠭᠴᠢ ᠬᠠᠭᠠᠨ ᠨᠢᠭᠡᠨ ᠰᠦᠨᠢ ᠮᠤᠩᠭᠤᠯ ᠬᠦᠮᠦᠨ ᠳᠤ ᠲᠦᠷᠦ ᠪᠠᠨ ᠠᠯᠳᠠᠯ᠎ᠠ ᠬᠡᠮᠡᠨ ᠵᠡᠭᠦᠳᠦᠯᠡᠭᠡᠳ᠂ ᠪᠦᠸᠧ ᠸᠠᠩ ᠤᠨ ᠬᠤᠰᠢᠭᠤᠨ ᠤ ᠱᠤᠩᠬᠤᠷ ᠤᠨ ᠠᠭᠤᠯᠠᠨ ᠳᠤ ᠠᠷᠪᠠᠨ ᠭᠤᠷᠪᠠᠨ ᠦᠶᠡᠲᠡᠢ ᠠᠯᠳᠠᠨ ᠰᠤᠪᠤᠷᠭ᠎ᠠ ᠶᠢ ᠪᠤᠰᠬᠠᠵᠤ᠂ ᠮᠤᠩᠭᠤᠯ ᠣᠷᠣᠨ ᠤ ᠨᠠᠪᠳᠠᠭ ᠰᠠᠪᠳᠠᠭ ᠢ ᠳᠠᠷᠤᠭᠰᠠᠨ ᠢ ᠮᠠᠷᠤᠳ ᠲᠠᠶᠢᠵᠢ ᠶᠢᠨ ᠰᠤᠮᠤᠲᠤ ᠨᠤᠶᠠᠨ ᠮᠡᠳᠡᠭᠡᠳ ᠠᠭᠤᠷ ᠬᠢᠯᠢᠩ ᠨᠢ ᠪᠠᠳᠠᠷᠠᠵᠤ᠂ ᠨᠤᠮᠤ ᠰᠤᠮᠤ ᠪᠠᠨ ᠠᠪᠴᠤ᠂ ᠦᠪᠦᠷ ᠰᠢᠷᠭ᠎ᠠ ᠶᠢᠨ ᠲᠠᠯ᠎ᠠ ᠠᠴᠠ ᠤᠨᠢᠯᠠᠵᠤ᠂ ᠲᠡᠮᠡᠭᠡᠴᠢᠨ ᠲᠠᠯ᠎ᠠ ᠠᠴᠠ ᠰᠣᠪᠤᠷᠭ᠎ᠠ ᠶᠢ ᠬᠠᠷᠪᠤᠭᠰᠠᠨ ᠭᠡᠨ᠎ᠡ᠃ ᠬᠠᠷᠪᠤᠭᠰᠠᠨ ᠲᠡᠷᠡ ᠰᠣᠮᠤ ᠨᠢ ᠰᠤᠪᠤᠷᠭ᠎ᠠ ᠶᠢᠨ ᠤᠷᠤᠢ ᠶᠢ ᠤᠨᠤᠵᠤ᠂ ᠪᠠᠷᠠᠭᠤᠨ ᠬᠤᠶᠢᠰᠢ ᠬᠤᠷᠢᠨ ᠭᠠᠵᠠᠷ ᠬᠤᠯᠠ ᠳᠤᠰᠴᠤ᠂ ᠰᠤᠮᠣ ᠶᠢᠨ ᠬᠡᠯᠪᠡᠷᠢᠲᠡᠢ ᠬᠠᠳᠠ ᠤᠷᠭᠤᠭᠰᠠᠨ ᠢ ︽ᠰᠤᠮᠤᠲᠤ ᠶᠢᠨ ᠬᠠᠳᠠ︾ ᠭᠡᠵᠦ ᠨᠡᠷᠡᠯᠡᠭᠰᠡᠨ ᠭᠡᠳᠡᠭ᠃ ᠡᠭᠦᠨ ᠳᠤ ᠲᠡᠭᠷᠢ ᠲᠡᠳᠭᠦᠭᠴᠢ ᠬᠠᠭᠠᠨ᠂ ᠡᠩᠬᠡ ᠠᠮᠤᠭᠤᠯᠠᠩ ᠬᠠᠭᠠᠨ ᠨᠢ ᠲᠡᠤᠬᠡᠲᠦ ᠬᠥᠮᠦᠨ ᠤ ᠳᠦᠷᠢ ᠪᠠᠶᠢᠵᠦ᠂ ᠲᠠᠳᠠᠨ ᠤ ᠠᠶᠢᠯᠴᠢᠯᠠᠭᠰᠠᠨ ᠪᠤᠶᠤ ᠵᠡᠭᠦᠳᠦᠯᠡᠭᠰᠡᠨ ᠠᠴᠠ ᠱᠤᠩᠬᠤᠷ ᠤᠨ ᠠᠭᠤᠯᠠᠨ ᠳᠤ ᠶᠠᠮᠠᠷ ᠨᠢᠭᠡᠨ ᠦᠢᠯᠡ ᠠᠵᠢᠯᠯᠠᠭ᠎ᠠ ᠶᠠᠪᠤᠭᠳᠠᠭᠤᠯᠬᠤ ᠭᠡᠰᠡᠨ ᠨᠢ ᠴᠦ ᠦᠨᠡᠨ ᠪᠤᠳᠠᠳᠤ ᠴᠢᠨᠠᠷᠲᠠᠢ ᠪᠠᠶᠢᠳᠠᠭ᠃ ᠬᠠᠭᠤᠴᠢ ᠶᠠᠷᠢᠶᠠᠨ ᠳᠤ᠂ ᠲᠤᠬᠠᠢ ᠶᠢᠨ ᠦᠶ᠎ᠡ ᠳᠤ ᠮᠠᠷᠤᠳ ᠨᠤᠲᠤᠭ ᠤᠨ ᠲᠠᠶᠢᠵᠢ ᠬᠠᠷᠪᠤᠭᠠᠴᠢ ᠤᠯᠠᠨᠲᠠᠢ ᠭᠡᠳᠡᠭ᠂ ᠲᠡᠭᠡᠬᠦᠯᠡᠷ ᠠᠯᠲᠠᠨ ᠰᠤᠪᠤᠷᠭ᠎ᠠ ᠶᠢ ᠲᠠᠰᠤ ᠬᠠᠷᠪᠤᠭᠰᠠᠨ ᠮᠠᠷᠤᠳ ᠲᠠᠶᠢᠵᠢ ᠶᠢᠨ ᠰᠤᠮᠤᠲᠤ ᠨᠤᠶᠠᠨ ᠨᠢ ᠡᠭᠦᠨ ᠠᠴᠠ ᠦᠨᠳᠦᠰᠦ ᠠᠪᠴᠤ᠂ ᠲᠡᠭᠦᠨ ᠤ ᠡᠨᠡᠬᠦ ᠦᠢᠯᠡ ᠠᠵᠢᠯᠯᠠᠭ᠎ᠠ ᠨᠢ ᠴᠤ ᠬᠤᠷᠴᠢᠨ ᠠᠷᠠᠳ ᠲᠦᠮᠡᠨ ᠤ ᠮᠠᠨᠵᠤ ᠶᠢᠨ ᠨᠤᠶᠠᠷᠬᠠᠯ ᠳᠤ ᠡᠰᠡᠷᠭᠦᠴᠡᠯ ᠲᠠᠯᠪᠢᠭᠰᠠᠨ ᠴᠠᠭ ᠲᠥᠷᠥ ᠶᠢᠨ ᠪᠠᠶᠢᠳᠠᠯ ᠲᠠᠢ ᠨᠡᠶᠢᠴᠡᠵᠦ ᠪᠠᠶᠢᠨ᠎ᠠ᠃ ᠢᠩᠬᠢᠭᠦᠯᠡᠷ᠂ ᠤᠭ ᠳᠤᠮᠤᠭ ᠨᠢ ᠲᠡᠤᠭᠡᠨ ᠠᠬᠤᠢ ᠪᠠᠶᠢᠳᠠᠯ ᠢ ᠵᠤᠬᠢᠬᠤ ᠬᠡᠮᠵᠢᠶ᠎ᠡ ᠪᠠᠷ ᠲᠤᠰᠬᠠᠵᠤ ᠪᠤᠢ᠃      ᠮᠦᠨ ᠬᠤᠷᠴᠢᠨ ᠤ ᠪᠤᠰᠤᠳ ᠭᠠᠵᠠᠷ ᠣᠰᠣᠨ ᠤ ᠳᠤᠮᠤᠭ ᠶᠠᠷᠢᠶ᠎ᠠ ᠳᠤ ᠴᠦ ᠭᠡᠰᠡᠨ᠂ ᠡᠮᠦᠨ᠎ᠡ ᠠᠴᠠ ᠢᠷᠡᠭᠰᠡᠨ ᠭᠠᠵᠠᠷ ᠰᠢᠨᠵᠢᠭᠡᠴᠢ᠂ ᠨᠠᠨᠮᠠᠨᠽᠢ᠂ ᠬᠤᠳᠠᠯᠳᠤᠭᠠᠴᠢᠨ ᠨᠠᠷ ᠮᠤᠩᠭᠤᠯ ᠤᠷᠤᠨ ᠤ ᠨᠠᠪᠳᠠᠭ ᠰᠠᠪᠳᠠᠭ ᠢ ᠬᠤᠯᠠᠭᠠᠶᠢᠢᠯᠠᠬᠤ᠂ ᠡᠵᠡᠯᠡᠬᠦ᠂ ᠰᠢᠯᠵᠢᠭᠦᠯᠬᠦ᠂ ᠳᠠᠷᠤᠬᠤ ᠦᠢᠯᠡ ᠨᠡᠯᠢᠶᠡᠳ ᠲᠦᠭᠡᠮᠡᠯ ᠬᠠᠷᠠᠭᠳᠠᠳᠠᠭ᠃ ᠡᠨᠡ ᠨᠢ ᠮᠢᠩ ᠂ᠴᠢᠩ ᠤᠨ ᠦᠶ᠎ᠡ᠂ ᠢᠯᠠᠩᠭᠤᠶ᠎ᠠ ᠮᠤᠩᠭᠤᠯᠴᠣᠳ ᠮᠠᠨᠵᠤ ᠶᠢ ᠳᠠᠭᠠᠵᠤ᠂ ᠮᠤᠩᠭᠤᠯ ᠣᠷᠣᠨ ᠴᠢᠩ ᠤᠯᠤᠰ ᠤᠨ ᠨᠤᠶᠠᠷᠬᠠᠯ ᠳᠤᠤᠷ᠎ᠠ ᠣᠷᠣᠭᠰᠠᠨ ᠤᠴᠢᠷ ᠲᠠᠢ ᠬᠤᠯᠪᠤᠭᠳᠠᠨ᠎ᠠ᠃ ᠡᠭᠦᠨ ᠳᠤ᠂ ᠴᠢᠩ ᠭᠦᠷᠦᠨ ᠤ ᠦᠶ᠎ᠡ ᠳᠤ ᠬᠢᠲᠠᠳᠴᠤᠳ ᠢ ᠵᠡᠭᠦᠨ ᠬᠤᠶᠢᠳᠤ ᠤᠷᠤᠨ᠂ ᠬᠤᠷᠴᠢᠨ ᠨᠤᠲᠤᠭ ᠲᠤ ᠨᠡᠭᠦᠯᠭᠡᠨ ᠶᠠᠪᠤᠭᠤᠯᠵᠤ ᠪᠠᠶᠢᠭᠰᠠᠨ ᠲᠥᠷᠥ ᠶᠢᠨ ᠪᠤᠳᠤᠯᠭ᠎ᠠ ᠲᠠᠢ ᠬᠤᠯᠪᠤᠭ᠎ᠠ ᠲᠠᠢ᠃      ᠲᠤᠰ ᠳᠤᠮᠤᠭ ᠲᠤ ᠪᠠᠰᠠ ᠨᠠᠨᠮᠠᠨᠽᠢ᠂ ᠭᠠᠵᠠᠷ ᠰᠢᠨᠵᠢᠭᠡᠴᠢ ᠨᠡᠷ ᠤᠨ ᠮᠤᠩᠭᠤᠯ ᠤᠷᠤᠨ ᠤ ᠠᠭᠤᠯᠠ ᠶᠢ ᠨᠡᠭᠡᠭᠡᠵᠦ᠂ ᠨᠠᠪᠳᠠᠭ ᠰᠠᠪᠳᠠᠭ ᠢ ᠬᠤᠯᠠᠭᠠᠶᠢᠢᠯᠠᠬᠤ ᠵᠡᠪᠰᠡᠭ ᠨᠢ ᠲᠠᠷᠢᠰᠢ ᠨᠤᠭᠤᠭ᠎ᠠ᠂ ᠲᠠᠷᠢᠶᠠᠯᠠᠩ ᠤᠨ ᠵᠦᠢᠯ ᠳᠤ ᠪᠠᠶᠢᠳᠠᠭ ᠨᠢ ᠮᠦᠨ ᠰᠤᠨᠢᠷᠬᠠᠯᠲᠠᠢ ᠪᠠᠶᠢᠨ᠎ᠠ᠃ ︽ᠱᠤᠩᠬᠤᠷ ᠤᠨ ᠠᠭᠤᠯᠠᠨ ᠤ ᠲᠤᠮᠤᠭ︾ ᠲᠤ᠂ ᠱᠤᠩᠬᠤᠷ ᠤᠨ ᠠᠭᠤᠯᠠ ᠶᠢᠨ ᠠᠯᠳᠠᠨ ᠲᠦᠯᠬᠢᠭᠦᠷ ᠨᠢ ᠬᠤᠸᠠᠳᠧᠩ ᠤᠨ ᠠᠶᠢᠯ ᠤᠨ ᠶᠠᠳᠠᠭᠤᠬᠠᠨ ᠡᠷᠦᠬᠡ ᠣᠴᠠᠷᠠᠯᠲᠤ ᠶᠢᠨ ᠲᠠᠷᠢᠭᠰᠠᠨ ᠡᠷᠳᠡᠨᠢ ᠶᠢᠨ ᠬᠤᠯᠤ ᠳᠤ ᠪᠠᠶᠢᠭᠰᠠᠨ ᠭᠡᠨ᠎ᠡ᠃ ᠡᠨᠡ ᠨᠢ ᠳᠠᠷᠤᠢ ᠲᠤᠬᠠᠢ ᠶᠢᠨ ᠦᠶ᠎ᠡ ᠳᠤ ᠮᠠᠨᠵᠤ ᠴᠢᠩ ᠠᠴᠠ ᠬᠤᠷᠴᠢᠨ ᠨᠤᠲᠤᠭ ᠲᠤ ᠭᠠᠵᠠᠷ ᠲᠠᠷᠢᠶᠠᠨ ᠤ ᠥᠭᠡᠷᠡᠴᠢᠯᠡᠯᠲᠡ ᠬᠢᠵᠦ᠂ ᠠᠲᠠᠷ ᠬᠠᠭᠠᠯᠪᠤᠷᠢᠯᠠᠵᠤ ᠪᠠᠶᠢᠭᠰᠠᠨ ᠲᠥᠷᠥ ᠶᠢᠨ ᠪᠤᠳᠤᠯᠭ᠎ᠠ ᠶᠢᠨ ᠢᠯᠡᠷᠡᠯ᠃ ᠬᠤᠷᠴᠢᠨ ᠨᠤᠲᠤᠭ ᠨᠢ ᠲᠠᠷᠢᠶᠠᠯᠠᠩ ᠲᠠᠷᠢᠰᠢ ᠳᠤ ᠡᠵᠡᠯᠡᠭᠳᠡᠬᠦ ᠪᠤᠯᠤᠭᠰᠠᠨ ᠨᠢ ᠬᠤᠷᠴᠢᠨ ᠮᠤᠩᠭᠤᠯᠴᠣᠳ ᠤᠨ ᠠᠩ ᠠᠩᠨᠠᠯ ᠤᠨ ᠭᠠᠵᠠᠷ᠂ ᠮᠠᠯᠵᠢᠯ ᠤᠨ ᠪᠡᠯᠴᠢᠭᠡᠷ ᠬᠠᠭᠠᠯᠪᠦᠷᠢᠯᠠᠭᠳᠠᠭᠠᠳ᠂ ᠲᠠᠷᠢᠶᠠᠯᠠᠬᠤ ᠤᠷᠤᠨ ᠪᠤᠯᠤᠭᠰᠠᠨ ᠲᠡᠤᠬᠡᠨ ᠬᠤᠪᠢᠷᠠᠯ ᠤᠨ ᠲᠤᠰᠬᠠᠯ ᠪᠤᠯᠤᠨ᠎ᠠ᠃ ᠡᠳᠡᠭᠡᠷ ᠪᠠᠷᠢᠮᠲᠠ ᠮᠠᠲ᠋ᠧᠷᠢᠶᠠᠯ ᠠᠴᠠ ︽ᠱᠤᠩᠬᠤᠷ ᠤᠨ ᠠᠭᠤᠯᠠᠨ ᠤ ᠳᠤᠮᠤᠭ︾ ᠤᠨ ᠲᠡᠤᠬᠡᠨ ᠦᠨᠳᠦᠰᠦ ᠶᠢ ᠤᠯᠵᠤ ᠬᠠᠷᠠᠵᠤ ᠪᠤᠯᠤᠨ᠎ᠠ᠃      ᠡᠷᠳᠡᠨ ᠤ ᠮᠤᠩᠭᠤᠯᠴᠣᠳ ᠠᠭᠤᠯᠠ ᠣᠰᠣᠨ ᠳᠤ ᠡᠵᠡᠨ ᠰᠠᠬᠢᠭᠤᠰᠤ ᠲᠠᠢ ᠬᠡᠮᠡᠨ ᠢᠲᠡᠭᠡᠨ ᠲᠠᠭᠠᠳᠬᠠᠳᠠᠭ ᠪᠠᠶᠢᠵᠠᠢ᠃ ᠮᠤᠩᠭᠤᠯᠴᠣᠳ ᠲᠤ ᠰᠢᠲᠦᠭᠳᠡᠨ ᠪᠢᠰᠢᠷᠡᠭᠳᠡᠵᠦ ᠢᠷᠡᠭᠰᠡᠨ ᠬᠠᠷ᠎ᠠ ᠯᠤᠤᠰ᠂ ᠱᠤᠩᠬᠤᠷ ᠰᠢᠪᠠᠭᠤ᠂ ᠠᠯᠳᠠᠨ ᠤᠨᠠᠭ᠎ᠠ᠂ ᠠᠯᠳᠠᠨ ᠭᠠᠭ᠋ᠠᠢ᠂ ᠠᠯᠳᠠᠨ ᠭᠤᠷᠭᠤᠤᠯᠳᠠᠢ ᠵᠡᠷᠭᠡ ᠨᠢ ᠬᠤᠷᠴᠢᠨ ᠨᠤᠲᠤᠭ ᠤᠨ ᠭᠠᠵᠠᠷ ᠣᠰᠣᠨ ᠤ ᠡᠵᠡᠨ᠂ ᠨᠠᠪᠳᠠᠭ ᠰᠠᠪᠳᠠᠭ ᠭᠡᠮᠡᠨ ᠲᠤᠮᠤᠭᠯᠠᠭᠳᠠᠳᠠᠭ᠃      ︽ᠱᠤᠩᠬᠤᠷ ᠤᠨ ᠠᠭᠤᠯᠠᠨ ᠤ ᠳᠤᠮᠤᠭ︾ ᠲᠤ᠂ ᠱᠤᠩᠬᠤᠷ ᠤᠨ ᠠᠭᠤᠯᠠᠨ ᠤ ᠨᠠᠪᠳᠠᠭ ᠰᠠᠪᠳᠠᠭ᠂ ᠬᠡᠶᠢᠮᠣᠷᠢ ᠶᠢ ᠡᠵᠡᠯᠡᠭᠴᠢ ᠠᠯᠳᠠᠨ ᠤᠨᠠᠭ᠎ᠠ᠂ ᠠᠯᠲᠠᠨ ᠭᠤᠷᠭᠤᠤᠯᠲᠠᠢ ᠭᠡᠵᠦ ᠭᠠᠷᠳᠠᠭ᠃ ᠴᠢᠩ ᠤᠯᠤᠰ ᠤᠨ ᠬᠠᠭᠠᠨ ᠱᠤᠩᠬᠤᠷ ᠤᠨ ᠠᠭᠤᠯᠠᠨ ᠤ ᠨᠠᠪᠳᠠᠭ ᠰᠠᠪᠳᠠᠭ ᠢ ᠳᠠᠷᠤᠬᠤ ᠪᠠᠷ ᠠᠭᠤᠯᠠᠨ ᠤ ᠴᠡᠭ ᠤᠷᠤᠢ ᠳᠡᠭᠡᠷ᠎ᠡ ᠨᠢᠭᠡᠨ ᠠᠷᠪᠠᠨ ᠭᠤᠷᠪᠠᠨ ᠦᠶᠡᠲᠦ ᠠᠯᠳᠠᠨ ᠰᠤᠪᠤᠷᠭ᠎ᠠ ᠶᠢ ᠪᠤᠰᠬᠠᠵᠤ᠂ ᠲᠡᠭᠦᠨ ᠤ ᠬᠡᠶᠢᠮᠣᠷᠢ ᠶᠢ ᠡᠵᠡᠯᠡᠭᠴᠢ ᠠᠯᠲᠠᠨ ᠤᠨᠠᠭ᠎ᠠ ᠶᠢ ᠪᠠᠷᠢᠵᠤ ᠠᠪᠬᠤ ᠭᠡᠰᠡᠨ ᠳᠤ ᠨᠠᠪᠳᠠᠭ ᠰᠠᠪᠳᠠᠭ ᠨᠢ ᠵᠡᠭᠦᠨᠰᠢ ᠵᠠᠭᠤᠨ ᠭᠠᠵᠠᠷ ᠤᠨ ᠦᠵᠦᠭᠦᠷ ᠪᠠᠶᠢᠬᠤ ᠠᠶᠢᠯ ᠳᠤ ᠬᠦᠶᠦᠵᠦ᠂ ᠱᠣᠩᠬᠤᠷ ᠤᠨ ᠠᠭᠤᠯᠠ ᠶᠢᠨ ᠠᠯᠲᠠᠨ ᠤᠨᠠᠭ᠎ᠠ ᠲᠤᠰ ᠠᠶᠢᠯ ᠤᠨ ᠪᠠᠷᠠᠭᠤᠨ ᠡᠮᠦᠨᠡᠬᠢ ᠦᠪᠦᠷ ᠰᠢᠷᠭ᠎ᠠ ᠶᠢᠨ ᠬᠠᠭ ᠲᠤ ᠡᠭᠡᠨᠡᠭᠰᠢᠬᠦ ᠪᠤᠯᠤᠭᠰᠠᠨ ᠳᠤ᠂ ᠦᠪᠦᠷ ᠰᠢᠷᠭ᠎ᠠ ᠶᠢᠨ ᠬᠠᠭ ᠤᠨ ᠬᠦᠪᠡᠭᠡᠨ ᠳᠤᠨᠢ ᠨᠢᠭᠡ ᠣᠪᠣᠭ᠎ᠠ ᠪᠤᠰᠬᠠᠵᠤ᠂ ᠠᠯᠲᠠᠨ ᠤᠨᠠᠭ᠎ᠠ ᠶᠢ ᠰᠢᠯᠵᠢᠭᠦᠯᠦᠨ ᠶᠠᠪᠤᠭᠤᠯᠵᠤ ᠪᠠᠶᠢᠭᠰᠠᠨ ᠭᠡᠳᠡᠭ᠃ ᠡᠬᠦᠨ ᠳᠤ᠂ ᠠᠯᠳᠠᠨ ᠤᠨᠠᠭ᠎ᠠ ᠪᠤᠯ ᠨᠡᠬᠦᠳᠡᠯ ᠮᠠᠯᠵᠢᠯ ᠤᠨ ᠠᠮᠢᠳᠤᠷᠠᠯ ᠤᠨ ᠦᠶ᠎ᠡ ᠠᠴᠠ ᠡᠭᠦᠰᠦᠯ ᠲᠠᠢ ᠮᠤᠩᠭᠤᠯᠴᠣᠳ ᠤᠨ ᠰᠢᠲᠦᠭᠡᠨ ᠳᠦᠷᠢ ᠪᠤᠯᠤᠨ᠎ᠠ᠃ ᠡᠨᠡ ᠬᠦ ᠰᠢᠲᠦᠭᠡᠨ ᠳᠦᠷᠢ ᠨᠢ ᠬᠤᠷᠴᠢᠨ ᠤ ᠮᠠᠰᠢ ᠤᠯᠠᠨ ᠭᠠᠵᠠᠷ ᠣᠰᠣ ᠶᠢᠨ ᠳᠤᠮᠤᠭ ᠲᠠᠢ ᠬᠤᠯᠪᠤᠭᠳᠠᠵᠤ᠂ ᠤᠷᠤᠨ ᠨᠤᠲᠤᠭ ᠤᠨ ᠡᠵᠡᠨ᠂ ᠨᠠᠪᠳᠠᠭ ᠰᠠᠪᠳᠠᠭ ᠪᠤᠯᠤᠭᠰᠠᠨ ᠪᠠᠶᠢᠨ᠎ᠠ᠃ ᠠᠷᠢᠶᠠᠲᠠᠨ ᠠᠮᠢᠲᠠᠨ ᠢᠶᠠᠷ ᠨᠠᠪᠳᠠᠭ ᠰᠠᠪᠳᠠᠭ ᠪᠤᠯᠭᠠᠭᠰᠠᠨ ᠨᠢ ᠡᠷᠲᠡᠨ ᠤ ᠠᠩ ᠠᠩᠨᠠᠯ ᠤᠨ ᠴᠠᠭ ᠦᠶ᠎ᠡ ᠶᠢᠨ ᠰᠢᠲᠦᠯᠭᠡ ᠲᠠᠢ ᠬᠠᠮᠢᠶᠠᠳᠤᠨ᠂ ᠰᠠᠬᠢᠭᠤᠯᠰᠤᠨᠴᠢᠯᠠᠭᠰᠠᠨ ᠨᠠᠪᠳᠠᠭ ᠰᠠᠪᠳᠠᠭ ᠨᠢ ᠮᠠᠯᠵᠢᠯ ᠤᠨ ᠦᠶ᠎ᠡ ᠳᠠᠬᠢ ᠪᠤᠷᠬᠠᠨ ᠱᠠᠰᠢᠨ ᠤ ᠳᠡᠯᠭᠡᠷᠡᠵᠦ ᠡᠭᠢᠯᠡᠭᠰᠡᠨ ᠦᠶ᠎ᠡ ᠶᠢᠨ ᠰᠢᠲᠦᠯᠭᠡ ᠶᠢᠨ ᠲᠤᠰᠬᠠᠯ ᠪᠤᠯᠬᠤ ᠶᠤᠮ᠃      ᠪᠠᠰᠠ ᠠᠭᠤᠯᠠ ᠶᠢ ᠨᠡᠬᠡᠬᠡᠬᠦ ᠠᠯᠳᠠᠨ ᠲᠦᠯᠬᠢᠭᠦᠷ ᠨᠢ ᠬᠤᠸᠠᠳᠧᠩ ᠤᠨ ᠠᠶᠢᠯ ᠤᠨ ᠶᠠᠳᠠᠭᠤᠬᠠᠨ ᠡᠷᠦᠬᠡ ᠤᠴᠠᠷᠠᠯᠲᠤ ᠶᠢᠨ ᠲᠠᠷᠢᠭᠰᠠᠨ ᠡᠷᠳᠡᠨᠢ ᠶᠢᠨ ᠬᠤᠯᠤ ᠳᠤ ᠪᠠᠶᠢᠭᠰᠠᠨ ᠭᠡᠵᠦ ᠦᠯᠢᠭᠡᠷ ᠲᠤ ᠭᠠᠷᠳᠠᠭ᠃ ᠤᠭ ᠳᠤᠮᠤᠭ ᠶᠠᠷᠢᠶ᠎ᠠ ᠳᠤ ᠡᠷᠳᠡᠨᠢ ᠶᠢᠨ ᠬᠤᠯᠤ ᠨᠢ ᠡᠮᠦᠨ᠎ᠡ ᠭᠠᠵᠠᠷ ᠤᠨ ᠬᠤᠳᠠᠯᠳᠤᠭᠠᠴᠢᠨ᠂ ᠨᠠᠨᠮᠠᠨᠽᠢ᠂ ᠬᠦᠸᠧ ᠱᠠᠩᠱᠦ ᠶᠢᠨ ᠰᠢᠳᠢᠲᠦ ᠵᠡᠪᠰᠡᠭ ᠪᠤᠯᠵᠤ ᠭᠠᠷᠤᠨ᠎ᠠ᠃ ᠭᠡᠬᠦ ᠳᠡᠭᠡᠨ ᠬᠤᠯᠤ ᠪᠤᠯ ᠪᠤᠮᠪᠤ ᠶᠢᠨ ᠱᠠᠰᠢᠨᠳᠠᠨ ᠤ ᠬᠡᠪ ᠰᠢᠨᠵᠢᠲᠤ ᠵᠡᠪᠰᠡᠭ ᠶᠤᠮ᠃ ᠡᠨᠡ ᠨᠢ ︽ᠱᠤᠩᠬᠤᠷ ᠤᠨ ᠠᠭᠤᠯᠠᠨ ᠤ ᠳᠤᠮᠤᠭ︾ ᠲᠤ ᠴᠢᠬᠤᠯᠠ ᠡᠳ᠋ ᠪᠤᠳᠠᠰ ᠪᠤᠯᠵᠤ ᠢᠯᠡᠷᠡᠵᠦ᠂ ᠨᠢᠭᠡ ᠶᠤᠰᠤᠨ ᠢᠶᠠᠷ ᠬᠤᠷᠴᠢᠨ ᠤ ᠭᠠᠵᠠᠷ ᠤᠰᠤᠨ ᠤ ᠳᠤᠮᠤᠭ ᠨᠢ ᠬᠢᠳᠡᠳ ᠤᠨ ᠪᠤᠮᠪᠤ ᠶᠢᠨ ᠱᠠᠰᠢᠨ ᠤ ᠨᠦᠯᠦᠭᠡ ᠶᠢ ᠬᠦᠷᠳᠡᠭᠰᠡᠨ ᠪᠠᠶᠢᠬᠤ ᠶᠢ ᠢᠯᠡᠳᠭᠡᠨ᠎ᠡ᠃       ᠬᠦᠸᠧ ᠱᠠᠩᠱᠦ ᠬᠢᠭᠡᠳ ᠨᠠᠨᠮᠠᠨᠽᠢ ᠡᠷᠳᠡᠨᠢ ᠶᠢᠨ ᠬᠤᠯᠤ᠂ ᠳᠠᠷᠤᠢ ᠠᠭᠤᠯᠠ ᠶᠢ ᠨᠡᠭᠡᠭᠡᠬᠦ ᠠᠯᠲᠠᠨ ᠲᠦᠯᠬᠢᠭᠦᠷ ᠢ ᠠᠪᠤᠭᠠᠳ᠂ ᠱᠤᠩᠬᠤᠷ ᠤᠨ ᠠᠭᠤᠯᠠ ᠶᠢ ᠨᠡᠭᠡᠭᠡᠵᠦ᠂ ᠠᠯᠳᠠᠨ ᠭᠤᠷᠭᠤᠤᠯᠲᠠᠢ᠂ ᠠᠯᠳᠠᠨ ᠤᠨᠠᠭ᠎ᠠ ᠶᠢ ᠪᠠᠷᠢᠵᠤ ᠬᠤᠷᠴᠢᠨ ᠨᠤᠲᠤᠭ ᠤᠨ ᠨᠠᠪᠳᠠᠭ ᠰᠠᠪᠳᠠᠭ ᠢ ᠳᠠᠷᠤᠨ᠂ ᠬᠥᠬᠡ ᠮᠤᠩᠭᠤᠯ ᠤᠨ ᠰᠦᠷ ᠢ ᠨᠢ ᠪᠠᠭᠤᠷᠠᠭᠤᠯᠤᠨ ᠰᠦᠯᠳᠡ ᠶᠢ ᠨᠢ ᠳᠠᠷᠤᠬᠤ ᠪᠠᠷ ᠪᠡᠯᠡᠬᠡᠨ ᠪᠠᠶᠢᠭᠰᠠᠨ ᠳᠤ᠂ ᠭᠡᠨᠡᠳᠲᠡ ᠲᠡᠭᠦᠰ ᠪᠠᠶᠠᠰᠬᠤᠯᠠᠩᠲᠤ ᠰᠦᠮ᠎ᠡ᠂ ᠲᠠᠷᠤᠢ ᠱᠤᠩᠬᠤᠷ ᠰᠦᠮ᠎ᠡ ᠶᠢᠨ ᠯᠠᠮᠠ ᠨᠠᠷ ᠬᠡᠩᠭᠡᠷᠭᠡ ᠲᠡᠯᠡᠳᠴᠡᠢ᠃ ᠡᠭᠦᠨ ᠳᠤ ᠱᠤᠩᠬᠤᠷ ᠰᠦᠮ᠎ᠡ ᠪᠤᠯ ᠬᠤᠷᠴᠢᠨ ᠨᠤᠲᠤᠭ ᠲᠤ ᠪᠤᠷᠬᠠᠨ ᠤ ᠰᠤᠷᠭᠠᠯ ᠢ ᠲᠡᠯᠭᠡᠷᠡᠭᠦᠯᠦᠨ ᠪᠠᠳᠠᠷᠠᠭᠤᠯᠬᠤ ᠦᠢᠯᠡ ᠶᠢ ᠡᠷᠬᠢᠯᠡᠬᠦᠯᠵᠦ ᠪᠠᠶᠢᠭᠤᠯᠤᠭᠰᠠᠨ ᠰᠦᠮ᠎ᠡ ᠪᠤᠯᠤᠨ᠎ᠠ᠃ ᠠᠷᠪᠠᠨ ᠭᠤᠷᠪᠠᠨ ᠦᠶᠡᠲᠦ ᠠᠯᠲᠠᠨ ᠰᠤᠪᠤᠷᠭ᠎ᠠ᠂ ᠱᠤᠩᠬᠤᠷ ᠰᠦᠮ᠎ᠡ ᠵᠡᠷᠭᠡ ᠠᠴᠠ ᠪᠤᠷᠬᠠᠨ ᠱᠠᠰᠢᠨ ᠳᠡᠯᠭᠡᠷᠡᠭᠰᠡᠨ ᠬᠤᠷᠴᠢᠨ ᠤ ᠭᠠᠵᠠᠷ ᠣᠰᠣ ᠨᠢ ᠮᠤᠩᠭᠤᠯ ᠤᠨ ᠤᠯᠠᠮᠵᠢᠯᠠᠯᠲᠤ ᠤᠩᠭᠤᠨ ᠰᠢᠲᠦᠭᠡᠨ ᠲᠠᠢ ᠬᠤᠯᠪᠤᠭᠳᠠᠨ ᠰᠢᠳᠢᠴᠢᠯᠡᠭᠳᠡᠨ ᠳᠤᠮᠤᠭᠯᠠᠭᠳᠠᠭᠰᠠᠨ ᠢᠶᠠᠷ ᠪᠠᠷᠠᠬᠤ ᠦᠭᠡᠢ ᠪᠤᠷᠬᠠᠨ ᠱᠠᠰᠢᠨ᠂ ᠪᠤᠮᠪᠤ ᠶᠢᠨ ᠱᠠᠰᠢᠨ ᠤ ᠨᠦᠯᠦᠭᠡ ᠶᠢ ᠬᠦᠷᠳᠡᠵᠦ ᠤᠯᠠᠷᠢᠨ ᠬᠤᠪᠢᠷᠠᠵᠦ ᠢᠷᠡᠭᠰᠡᠨ ᠢ ᠤᠯᠵᠤ ᠬᠠᠷᠠᠨ᠎ᠠ᠃ ᠳᠤᠮᠤᠭ ᠶᠠᠷᠢᠶ᠎ᠠ ᠶᠢᠨ ᠱᠠᠰᠢᠨ ᠰᠢᠲᠦᠯᠭᠡ ᠶᠢᠨ ᠦᠵᠡᠯ ᠰᠠᠨᠠᠭ᠎ᠠ ᠨᠢ ᠬᠤᠷᠴᠢᠨ ᠤ ᠭᠠᠵᠠᠷ ᠣᠰᠣ ᠶᠢ ᠤᠯᠠᠮ ᠨᠢᠭᠤᠴᠠ ᠳᠠᠯᠳᠠ ᠷᠢᠳᠢ ᠰᠢᠳᠢ ᠲᠠᠢ ᠪᠤᠯᠭᠠᠨ᠂ ᠬᠦᠮᠦᠰ ᠢ ᠰᠦᠰᠦᠭᠯᠡᠬᠦᠯᠦᠨ ᠪᠢᠰᠢᠷᠡᠭᠦᠯᠬᠦ᠂ ᠰᠣᠨᠢᠷᠬᠠᠭᠤᠯᠤᠨ ᠳᠠᠳᠠᠬᠤ ᠤᠨᠴᠠᠭᠠᠢ ᠬᠦᠴᠦᠨ ᠲᠠᠢ ᠪᠤᠯᠭᠠᠵᠤ᠂ ᠱᠠᠰᠢᠨ ᠰᠢᠲᠦᠯᠭᠡ ᠶᠢᠨ ᠵᠦᠢᠯ ᠢ ᠪᠤᠳᠠᠳᠤ ᠭᠠᠵᠠᠷ ᠣᠰᠣᠨ ᠲᠠᠢ ᠬᠤᠯᠪᠤᠭᠰᠠᠨ ᠤᠷᠠᠨ ᠰᠠᠨᠠᠭ᠎ᠠ ᠨᠢ ᠴᠤ ᠭᠠᠶᠢᠬᠠᠯᠲᠠᠢ ᠪᠢᠯᠡ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号