ᠮᠠᠨ ᠤ ᠮᠤᠩᠭᠤᠯᠴᠣᠤᠨ ᠠᠷᠢᠬᠢ ᠪᠠᠷ ᠰᠡᠷᠵᠢᠮ ᠡᠷᠭᠦᠬᠦ ᠳᠡᠭᠡᠨ ᠢᠳᠠᠮ ᠬᠤᠷᠤᠭᠤ ᠪᠠᠷ ᠭᠤᠷᠪᠡ ᠤᠳᠠᠭ᠎ᠠ | ᠢᠳᠠᠮᠯᠠᠵᠤ ᠳᠡᠭᠡᠭᠰᠢ ᠢᠳᠠᠮᠯᠠᠬᠰᠠᠨ ᠢ ᠨᠢ ︽ᠬᠥᠬᠡ ᠲᠡᠭᠷᠢ ᠠᠮᠤᠭᠤᠯᠠᠩ ᠪᠠᠶᠢᠭ︾ ᠭᠡᠬᠦ᠂ ᠭᠠᠵᠠᠷ | ᠢᠳᠠᠮᠯᠠᠬᠰᠠᠨ ᠢ ᠨᠢ ︽ᠬᠦᠷᠦᠰᠦᠳᠦ ᠳᠡᠯᠡᠬᠡᠢ ᠠᠮᠤᠭᠤᠯᠠᠩ ᠪᠠᠶᠢᠭ︾ ᠭᠡᠬᠦ᠂ ᠬᠦᠮᠦᠨ ᠳᠤ ᠢᠳᠠᠮᠯᠠᠬᠰᠠᠨ ᠢ ᠨᠢ ︽ | ᠬᠦᠮᠦᠨ ᠵᠤᠨ ᠠᠮᠤᠭᠤᠯᠠᠩ ᠪᠠᠶᠢᠭ︾ ᠬᠡᠮᠡᠨ ᠰᠦᠵᠢᠭᠯᠡᠳᠡᠭ ᠪᠢᠯᠡ᠃ ᠢᠳᠠᠮ ᠬᠤᠷᠤᠭᠤ ᠪᠠᠷ ᠰᠡᠷᠵᠢᠮ ᠡᠷᠭᠦᠬᠦ ᠨᠢ | ᠮᠠᠰᠢ ᠨᠠᠷᠢᠨ ᠤᠴᠢᠷ ᠲᠠᠢ ᠪᠠᠶᠢᠬᠰᠠᠨ ᠭᠡᠳᠡᠭ ᠢ ᠮᠤᠩᠭᠤᠯ ᠤᠨ ︽ᠮᠤᠩᠭᠤᠯ ᠶᠣᠰᠣ ᠵᠠᠩᠰᠢᠯ ᠤᠨ ᠳᠤᠮᠳᠠ ᠲᠠᠶᠢᠯᠪᠤᠷᠢ | ᠲᠣᠯᠢ︾ ᠳᠤ ᠲᠡᠮᠳᠡᠭᠯᠡᠵᠦ ᠪᠠᠶᠢᠳᠠᠭ᠃ | ᠴᠢᠩ ᠤᠯᠤᠰ ᠤᠨ ᠦᠶ᠎ᠡ ᠳᠤ ᠮᠠᠨᠵᠤ ᠶᠢᠨ ᠬᠠᠭᠠᠨ ᠮᠤᠩᠭᠤᠯᠴᠣᠤᠨ ᠢ ᠡᠷᠬᠡᠰᠢᠶᠡᠯ ᠳᠡᠭᠡᠨ ᠣᠷᠤᠭᠤᠯᠵᠤ | ᠴᠢᠩᠭᠢᠰ ᠤᠨ ᠤᠬᠰᠠᠭᠠᠲᠠᠨ ᠤ ᠵᠠᠷᠢᠮ ᠳᠡᠭᠡᠳᠦ ᠨᠣᠶᠠᠳ ᠢ ᠬᠥᠨᠦᠭᠡᠬᠦ ᠭᠡᠰᠡᠨ ᠳᠠᠯᠳᠠ ᠰᠠᠨᠠᠭ᠎ᠠ ᠡᠪᠦᠷᠯᠡᠨ ᠨᠢᠭᠡᠨ | ᠤᠳᠠᠭ᠎ᠠ ᠨᠥᠯᠦᠭᠡ ᠶᠡᠭᠡ ᠲᠠᠢ ᠨᠣᠶᠠᠳ ᠢ ᠪᠡᠭᠡᠵᠢᠩ ᠳᠤ ᠬᠠᠭᠤᠷᠮᠠᠬᠯᠠᠨ ᠤᠷᠢᠵᠠᠢ᠃ ᠬᠦᠯᠢᠶᠡᠨ ᠠᠭᠤᠯᠵᠠᠬᠰᠠᠨ | ᠡᠳᠥᠷ ᠮᠠᠨᠵᠤ ᠶᠢᠨ ᠬᠠᠭᠠᠨ ᠥᠪᠡᠳᠡᠭᠰᠢ ᠶᠡᠭᠡ ᠳᠠᠶᠢᠯᠠᠯᠭ᠎ᠠ ᠪᠡᠯᠡᠦᠨᠬᠡᠵᠦ ᠮᠤᠩᠭᠤᠯ ᠤᠨ ᠲᠣᠮᠣ ᠨᠣᠶᠠᠳ ᠪᠦᠬᠦᠨ ᠳᠤ | ᠬᠠᠰ ᠬᠤᠨᠳᠠᠭ᠎ᠠ ᠪᠠᠷ ᠠᠷᠢᠬᠢ ᠬᠡᠮᠨᠡᠵᠦ ᠵᠡᠷᠭᠡᠴᠡᠭᠦᠯᠦᠨ ᠲᠠᠯᠪᠢᠵᠠᠢ᠃ ᠮᠠᠨᠵᠤ ᠶᠢᠨ ᠬᠠᠭᠠᠨ ᠰᠠᠨᠠᠭ᠎ᠠ ᠮᠠᠭᠤᠲᠠᠢ | ᠲᠤᠯᠠᠳᠠ ᠰᠠᠶᠢᠨ ᠤᠴᠢᠷ ᠲᠠᠢ ᠳᠠᠶᠢᠯᠠᠵᠤ ᠪᠠᠶᠢᠬᠤ ᠪᠢᠰᠢ ᠪᠢᠵᠡ᠂ ᠠᠷᠢᠬᠢᠨ ᠳᠤᠨᠢ ᠬᠤᠤᠷ ᠪᠠᠶᠢᠵᠤ ᠮᠠᠭᠠᠳ ᠦᠭᠡᠢ | ᠭᠡᠵᠦ ᠮᠤᠩᠭᠤᠯ ᠨᠣᠶᠠᠳ ᠢ ᠳᠠᠭᠠᠵᠤ ᠢᠷᠡᠭᠰᠡᠨ ᠢᠳᠠᠮ ᠭᠡᠳᠡᠭ ᠨᠡᠷ᠎ᠡ ᠲᠠᠢ ᠪᠠᠭ᠎ᠠ ᠲᠥᠰᠢᠮᠡᠯ ᠰᠡᠵᠢᠭᠯᠡᠭᠡᠳ | ᠬᠤᠨᠳᠠᠭ᠎ᠠ ᠡᠷᠭᠦᠬᠦ ᠠᠴᠠ ᠡᠮᠦᠨ᠎ᠡ ᠵᠠᠪᠳᠤᠨ ᠮᠠᠨᠵᠤ ᠶᠢᠨ ᠬᠠᠭᠠᠨ ᠳᠤ ᠬᠠᠨᠳᠤᠵᠤ᠄ ︽ᠬᠡᠳᠦ᠋ᠢᠪᠡᠷ ᠪᠢ ᠪᠠᠭ᠎ᠠ | ᠲᠥᠰᠢᠮᠡᠯ ᠪᠣᠯᠪᠠᠴᠤ ᠳᠡᠭᠡᠳᠦᠰ ᠢ ᠳᠠᠭᠠᠵᠤ ᠢᠷᠡᠭᠰᠡᠨ ᠮᠢᠨᠢ ᠶᠠᠭᠤᠨ ᠤ ᠲᠥᠯᠦᠭᠡ ᠪᠢᠯᠡ᠂ ᠪᠢ ᠪᠠᠰᠠ ᠨᠢᠭᠡ | ᠬᠤᠨᠳᠠᠭ᠎ᠠ ᠬᠥᠨᠳᠦᠷᠬᠦ ᠨᠢ ᠵᠦᠢᠲᠡᠢ ᠪᠢᠰᠢ ᠦᠦ︾ ᠭᠡᠳ ᠰᠢᠭᠤᠤᠨ ᠬᠤᠨᠳᠠᠭ᠎ᠠ ᠶᠢ ᠠᠪᠴᠤ ᠳᠦᠷᠪᠡᠳᠦᠭᠡᠷ | ᠬᠤᠷᠤᠭᠤ ᠪᠠᠨ ᠬᠤᠨᠳᠠᠭᠠᠨ ᠳᠤ ᠳᠦᠷᠦᠨ ᠳᠡᠭᠷᠢ ᠭᠠᠵᠠᠷ ᠬᠦᠮᠦᠨ ᠤ ᠠᠮᠤᠭᠤᠯᠠᠩ ᠤᠨ ᠲᠤᠬᠠᠢ ᠰᠡᠷᠵᠢᠮ ᠡᠷᠭᠦᠵᠦ | ᠰᠢᠯᠦᠭᠯᠡᠨ ᠪᠠᠷᠠᠲᠠᠯ᠎ᠠ ᠰᠡᠷᠵᠢᠮᠯᠡᠭᠰᠡᠨ ᠬᠤᠷᠤᠭᠤ ᠨᠢ ᠬᠤᠪᠠᠭ᠋ᠠᠶᠢᠷᠠᠨ ᠴᠠᠶᠢᠵᠤ ᠮᠢᠬ᠎ᠠ ᠨᠢ ᠱᠣᠪᠳᠦ᠋ᠢᠭᠠᠣᠨ | ᠡᠴᠦᠰ ᠲᠤᠨᠢ ᠶᠠᠰᠤ ᠨᠢ ᠭᠤᠵᠦ᠋ᠢᠭᠠᠣᠨ ᠦᠯᠡᠳᠡᠵᠡᠢ᠃ ᠢᠩᠭᠢᠭᠡᠳ ᠮᠤᠩᠭᠤᠯ ᠨᠣᠶᠠᠳ ᠢ ᠠᠪᠤᠷᠠᠬᠰᠠᠨ ᠢᠳᠠᠮ | ᠲᠥᠰᠢᠮᠡᠯ ᠤᠨ ᠨᠡᠷ᠎ᠡ ᠪᠠᠷ ᠲᠥᠷᠪᠡᠳᠦᠭᠡᠷ ᠬᠤᠷᠤᠭᠤ ᠶᠢ ︽ᠢᠳᠠᠮ︾ ᠬᠡᠮᠡᠨ ᠨᠡᠷᠡᠯᠡᠬᠦ ᠪᠣᠯᠤᠬᠰᠠᠨ ᠤ ᠵᠡᠷᠭᠡᠴᠡᠭᠡ | ᠰᠡᠷᠵᠢᠮ ᠡᠷᠭᠦᠬᠦ ᠶᠣᠰᠣᠨ ᠢ ᠤᠯᠠᠮ ᠢᠳᠡᠪᠬᠢᠲᠡᠢ ᠲᠥᠭᠡᠮᠡᠯ ᠬᠡᠷᠡᠭᠯᠡᠬᠦ ᠪᠣᠯᠵᠠᠢ ᠭᠡᠨ᠎ᠡ᠃ | | | |