ᠮᠤᠷᠢᠨ ᠴᠤᠯᠠ ᠲᠠᠭᠤᠳᠠᠬᠤ ᠶᠤᠰᠤ
ᠨᠡᠶᠢᠲᠡᠯᠡᠭᠰᠡᠨ ᠴᠠᠭ᠄
2019-10-31
     ᠮᠤᠩᠭᠤᠯ ᠦᠨᠳᠤᠰᠤᠳᠡᠨ ᠤ ᠲᠤᠮᠳᠠ ᠮᠤᠷᠢᠨ ᠴᠤᠯᠠ ᠲᠠᠭᠤᠳᠠᠬᠤ ᠶᠤᠰᠤ ᠲᠡᠯᠭᠡᠷᠡᠭᠡᠳ ᠬᠡᠳᠤᠨ ᠵᠠᠭᠤᠨ ᠵᠢᠯ ᠤᠨ ᠲᠡᠤᠭᠡ ᠲᠠᠢ ᠪᠤᠯᠪᠠ᠃ ᠲᠡᠷᠡ ᠨᠢ ᠢᠷᠦᠭᠡᠯ ᠮᠠᠬᠳᠠᠭᠠᠯ ᠬᠢᠬᠡᠳ ᠠᠷᠠᠳ ᠤᠨ ᠲᠠᠭᠤᠤ ᠲᠠᠢ ᠨᠦᠭᠦᠴᠡᠯᠳᠤᠨ ᠬᠦᠭᠵᠢᠨ ᠲᠡᠯᠭᠡᠷᠡᠭᠡᠳ᠂ ᠮᠤᠩᠭᠤᠯ ᠤᠨ ᠤᠳᠬ᠎ᠠ ᠰᠤᠶᠤᠯ ᠤᠨ ᠨᠢᠭᠡ ᠴᠢᠬᠤᠯᠠ ᠪᠦᠷᠢᠯᠳᠦᠭᠦᠨ ᠬᠡᠰᠡᠭ ᠪᠤᠯᠪᠠ᠃      ᠨᠠᠭᠠᠳᠤᠮ ᠳᠤ ᠲᠦᠷᠦᠭᠦᠯᠡᠭᠰᠡᠨ ᠪᠤᠶᠤ ᠪᠠᠷᠢᠭᠠᠨ ᠳᠤ ᠤᠷᠤᠬᠰᠠᠨ ᠮᠤᠷᠢᠳ ᠢ ᠬᠠᠮᠤᠭ ᠶᠡᠭᠡ ᠪᠡᠯᠭᠡᠳᠡᠢ ᠰᠠᠶᠢᠬᠠᠨ ᠦᠭᠡᠰ ᠢᠶᠠᠷ ᠢᠷᠦᠭᠡᠵᠤ ᠮᠠᠬᠳᠠᠨ ᠲᠠᠭᠤᠯᠠᠬᠤ ᠶᠢ ᠮᠤᠷᠢᠨ ᠴᠤᠯᠠ ᠲᠠᠭᠤᠳᠠᠬᠤ ᠬᠡᠨ᠎ᠠ᠃      ᠴᠤᠯᠠ ᠲᠠᠭᠤᠳᠠᠵᠤ ᠱᠠᠩᠨᠠᠯ ᠤᠯᠭᠤᠬᠤ ᠦᠶ᠎ᠠ ᠳᠤ᠂ ᠱᠠᠩᠨᠠᠯ ᠬᠦᠷᠳᠡᠭᠦ ᠮᠤᠷᠢᠳ ᠢ ᠤᠨᠤᠬᠰᠠᠨ ᠬᠡᠤᠭᠡᠳ ᠳ᠋ᠤᠭᠠᠷ ᠤᠨ ᠲᠠᠰ ᠲᠠᠷᠠᠭᠠᠯᠠᠯ ᠢᠶᠠᠷ ᠢᠶᠠᠨ ᠲᠠᠩ ᠮᠦᠷ ᠢᠶᠠᠷ ᠵᠢᠬᠰᠠᠵᠤ ᠤᠶᠠᠭᠠᠴᠢᠨ ᠨᠢ ᠬᠦᠳᠤᠯᠦᠭᠡᠳ ᠨᠠᠶᠢᠷ ᠤᠨ ᠶᠤᠰᠤᠯᠠᠯ ᠤᠨ ᠴᠡᠴᠡᠷ ᠢ ᠡᠷᠬᠢᠭᠦ ᠳᠤ ᠤᠶᠠᠭᠠᠴᠢᠨ ᠠᠴᠠ ᠮᠤᠷᠢ ᠤᠨᠤᠬᠰᠠᠨ ᠬᠡᠤᠭᠡᠳ ᠤᠨ ᠨᠤᠳᠤᠭ ᠤᠷᠤᠨ᠂ ᠮᠤᠷᠢᠨ ᠤ ᠵᠢᠰᠤ᠂ ᠲᠦᠷᠰᠤ ᠪᠠᠶᠢᠳᠠᠯ ᠵᠡᠷᠭᠡ ᠠᠭᠤᠯᠭ᠎ᠠ ᠶᠢ ᠪᠠᠭᠳᠠᠭᠠᠵᠤ ᠲᠡᠷᠢᠭᠦᠯᠡᠭᠰᠡᠨ ᠮᠤᠷᠢ ᠪᠠᠨ ᠬᠤᠷᠳᠤᠨ ᠬᠦᠯᠳᠡᠨ᠂ ᠨᠢᠰᠭᠦ ᠵᠢᠭᠦᠷᠳᠡᠨ᠂ ᠠᠪᠤᠷᠭᠤ ᠬᠦᠴᠦᠳᠠᠨ᠂ ᠠᠯᠮᠠᠰ ᠵᠤᠷᠢᠬᠳᠠᠨ ᠬᠡᠭᠦ ᠮᠡᠳᠤ ᠪᠠᠷ ᠵᠦᠢᠷᠯᠡᠨ ᠮᠠᠬᠳᠠᠵᠤ ᠤᠷᠠᠯᠢᠭ ᠲᠦᠷᠰᠦᠯᠢᠭ ᠠᠷᠠᠳ ᠤᠨ ᠠᠮᠠᠨ ᠶᠠᠷᠢᠶᠠᠨ ᠤ ᠬᠡᠯᠪᠠᠷᠢ ᠪᠠᠷ ᠰᠢᠯᠦᠭᠯᠡᠵᠤ᠂ ᠮᠤᠷᠢᠨ ᠬᠤᠭᠤᠷ᠂ ᠱᠠᠩᠵᠠ᠂ ᠯᠢᠩᠪᠤ ᠮᠠᠳᠤ ᠮᠤᠩᠭᠤᠯ ᠬᠦᠭᠵᠢᠮ ᠢᠶᠠᠷ ︽ᠠᠳᠤᠭᠤᠴᠢᠨ ᠠᠰᠠᠷ︾᠂ ︽ᠰᠦᠷᠦᠭ ᠠᠰᠠᠷ︾᠂ ︽ᠨᠠᠶᠢᠮᠠᠨ ᠠᠶᠠᠯᠭᠤ ︾ ᠶᠢ ᠬᠦᠭᠵᠢᠮᠳᠡᠵᠤ ᠮᠤᠷᠢᠨ ᠤ ᠮᠠᠬᠳᠠᠭᠠᠯ ᠤᠨ ᠤᠷᠳᠤ ᠶᠢᠨ ᠲᠠᠭᠤᠤ ᠶᠢᠨ ᠲᠠᠭᠤᠨ ᠡᠭᠡᠰᠢᠭ ᠲᠤᠮᠳᠠ ᠮᠤᠷᠢᠨ ᠴᠤᠯᠠ ᠪᠠᠨ ᠤᠷᠠᠨ ᠲᠤᠳᠤ ᠠᠶᠠᠯᠭᠤ ᠪᠠᠷ ᠤᠶᠠᠩᠭᠠᠯᠠᠨ ᠲᠠᠭᠤᠳᠠᠨ᠎ᠠ᠃ ᠡᠯ᠎ᠠ ᠭᠠᠵᠠᠷ ᠤᠨ ᠮᠤᠷᠢᠨ ᠴᠤᠯᠠ ᠲᠠᠭᠤᠳᠠᠬᠤ ᠬᠡᠯᠪᠠᠷᠢ ᠪᠠ ᠠᠭᠤᠯᠭ᠎ᠠ ᠨᠢ ᠶᠡᠭᠡ ᠲᠦᠯᠦᠪ ᠠᠳᠠᠯᠢ ᠪᠤᠯᠪᠠᠴᠤ ᠠᠭᠤᠯᠭ᠎ᠠ ᠪᠠ ᠠᠶᠠᠯᠭᠤ ᠨᠢ ᠪᠠᠰᠠ ᠲᠤᠰ ᠲᠤᠰ ᠤᠨ ᠤᠨᠴᠠᠯᠢᠭ ᠲᠠᠢ ᠪᠠᠶᠢᠳᠠᠭ᠃ ᠵᠢᠷᠢᠮ ᠠᠶᠢᠮᠠᠭ ᠤᠨ ᠮᠤᠷᠢᠨ ᠴᠤᠯᠠ ᠶᠢᠨ ᠲᠠᠭᠤᠳᠠᠯᠭ᠎ᠠ ᠠᠴᠠ ᠵᠢᠱᠢᠶᠠᠯᠠᠪᠠᠯ᠄ ︽ᠵᠠ ᠁ ᠮᠠᠨ ᠤ ᠡᠨᠡ ᠮᠤᠷᠢ ᠪᠤᠯ ᠠᠳᠤᠭᠤᠨ ᠠᠴᠠ ᠮᠢᠨᠢ ᠲᠦᠷᠦᠭᠰᠡᠨ ᠠᠯᠢᠶ᠎ᠠ ᠵᠠᠩ ᠲᠠᠢ ᠤᠨᠠᠭ᠎ᠠ \ ᠠᠭᠤᠯᠠ ᠣᠪᠣᠭ᠎ᠠ ᠶᠢᠨ ᠲᠠᠬᠢᠯᠭ᠎ᠠ ᠲᠡᠭᠡᠷ᠎ᠠ᠂ ᠠᠯᠳᠠᠷ ᠭᠠᠷᠤᠬᠰᠠᠨ ᠬᠦᠯᠦᠭ \ ᠰᠦᠷᠦᠭ ᠠᠴᠠ ᠮᠢᠨᠢ ᠰᠢᠯᠭᠠᠷᠠᠬᠰᠠᠨ᠂ ᠰᠤᠷᠭᠤᠭ ᠠᠯᠢᠶ᠎ᠠ ᠤᠨᠠᠭ᠎ᠠ \ ᠰᠦᠮ᠎ᠠ ᠬᠡᠶᠢᠳ ᠤᠨ ᠨᠠᠶᠢᠷ ᠲᠡᠭᠡᠷ᠎ᠠ᠂ ᠰᠦᠷ ᠮᠠᠨᠳᠤᠭᠤᠯᠤᠬᠰᠠᠨ ᠬᠦᠯᠦᠭ \ ᠡᠪᠡᠰᠤᠨ ᠯᠤᠤ ᠶᠢᠨ ᠲᠤᠯᠤᠭᠠᠢ ᠲᠠᠢ \ ᠡᠭᠦᠯᠠ ᠲᠠᠳᠠᠮᠠᠷ ᠰᠠᠮᠵᠢ ᠲᠠᠢ \ ᠰᠠᠯᠬᠢ ᠤᠷᠢᠮᠠᠷ ᠰᠡᠭᠦᠯ ᠲᠠᠢ \ ᠰᠠᠬᠰᠠᠭ ᠤᠨ ᠦᠵᠦᠭᠦᠷ ᠨᠢ ᠭᠠᠯ ᠲᠠᠢ \ ᠲᠡᠪᠬᠢᠵᠤ ᠠᠪᠤᠭᠠᠳ ᠲᠤᠪᠳᠤᠯᠪᠠᠯ᠂ ᠲᠠᠭᠠᠭᠠᠬᠤ ᠠᠮᠢᠳᠠᠨ ᠪᠠᠶᠢᠬᠤ ᠦᠭᠡᠢ \ ᠲᠠᠪᠬᠤᠷ ᠲᠠᠰᠢᠭᠤᠷ ᠢᠳᠡᠭᠦᠯᠪᠠᠯ᠂ ᠳ᠋ᠠᠩ ᠬᠦᠡᠭ ᠬᠠᠷᠪᠤᠭᠠᠳ ᠤᠶᠢᠢᠷᠠᠳᠤᠬᠤ ᠦᠭᠡᠢ \ ᠦᠷᠦᠪᠬᠢᠨ ᠠᠪᠤᠭᠠᠳ ᠬᠦᠳᠡᠯᠪᠠᠯ᠂ ᠦᠳᠤᠳᠡᠨ ᠵᠢᠭᠦᠷᠳᠡᠨ ᠵᠡᠷᠭᠡᠴᠡᠭᠦ ᠦᠭᠡᠢ \ ᠤᠯᠠᠮᠠᠢ ᠬᠠᠪᠰᠤᠷᠤᠭᠠᠳ ᠲᠦᠯᠬᠢᠪᠠᠯ᠂ ᠦᠨᠳᠡᠭᠡᠨ ᠰᠤᠮᠤᠨ ᠠᠴᠠ ᠬᠤᠴᠤᠷᠬᠤ ᠦᠭᠡᠢ \ ᠵᠦᠪ ᠲᠠᠢ ᠲᠠᠯ᠎ᠠ ᠠᠴᠠ ᠪᠠᠨ ᠵᠢᠭᠰᠢᠭᠦ ᠦᠭᠡᠢ᠂ ᠵᠦᠷ ᠢ ᠭᠤᠷᠪᠠᠨᠳᠠ ᠬᠦᠢᠴᠡᠳᠡᠭ \ ᠪᠤᠷᠤᠭᠤ ᠲᠠᠢ ᠲᠠᠯ᠎ᠠ ᠠᠴᠠ ᠪᠠᠨ ᠪᠤᠰᠳᠠᠭ ᠦᠭᠡᠢ᠂ ᠪᠤᠭᠤ ᠶᠢ ᠭᠤᠷᠪᠠᠨᠳᠠ ᠰᠠᠭᠤᠯᠭᠠᠳᠠᠭ \ ᠲᠦᠷᠦᠭᠡᠨ ᠳᠤ ᠲᠤᠷᠠᠬᠤ ᠳᠤ ᠴᠢᠷᠦᠭᠦ ᠦᠭᠡᠢ \ ᠲᠤᠤᠷ᠎ᠠ ᠨᠢ ᠤᠨᠠᠬᠤ ᠳᠤ ᠢᠰᠭᠦᠯᠭᠦ ᠦᠭᠡᠢ \ ᠨᠤᠬᠠᠢ ᠤᠷᠤᠬᠤ ᠳᠤ ᠨᠠᠳᠬᠤᠬᠤ ᠦᠭᠡᠢ \ ᠨᠤᠮᠤᠨ ᠤ ᠨᠦᠭᠡᠨ ᠳᠤ ᠪᠦᠳᠤᠷᠢᠭᠦ ᠦᠭᠡᠢ \ ᠤᠨᠠᠭᠤᠯᠢ ᠦᠰᠦᠷᠦᠭᠡᠨ ᠤᠶᠢᠢᠴᠢᠬᠤ ᠦᠭᠡᠢ \ ᠤᠰᠤᠨ ᠤ ᠬᠦᠨ ᠳᠤ ᠤᠷᠤᠭᠤᠳᠠᠬᠤ ᠦᠭᠡᠢ \ ᠠᠶᠢᠯ ᠲᠤᠭᠤᠷᠢᠪᠠᠯ ᠠᠯᠢᠶ᠎ᠠ ᠲᠠᠢ \ ᠠᠯᠠᠯᠳᠤᠭᠠᠨ ᠳᠤ ᠮᠤᠷᠳᠠᠪᠠᠯ ᠢᠯᠠᠯᠳᠠ ᠲᠠᠢ \ ᠡᠶᠢᠮᠦ ᠰᠦᠷᠡᠭᠡᠢ ᠬᠤᠷᠳᠤᠨ ᠮᠤᠷᠢ ᠨᠢ \ ᠡᠨᠡ ᠡᠳᠤᠷ ᠲᠡᠷᠢᠭᠦᠯᠡᠭᠰᠡᠨ ᠪᠤᠯᠬᠤᠷ \ ᠤᠷᠤᠨ ᠨᠤᠳᠤᠭ ᠤᠨ ᠪᠤᠳᠠᠰ ᠢᠶᠠᠷ ᠤᠨᠴᠤᠭᠤᠶᠢᠢᠯᠠᠨ ᠬᠦᠬᠢᠭᠦᠯᠪᠠ︾ ᠬᠡᠵᠤ ᠴᠤᠯᠠ ᠲᠠᠭᠤᠳᠠᠳᠠᠭ ᠪᠠᠶᠢᠨ᠎ᠠ᠃      ᠵᠠᠷᠢᠮ ᠭᠠᠵᠠᠷ ᠲᠤ ᠮᠤᠷᠢᠨ ᠴᠤᠯᠠ ᠲᠠᠭᠤᠳᠠᠬᠤ ᠳᠤ ᠲᠡᠷᠢᠭᠦᠯᠡᠭᠰᠡᠨ ᠮᠤᠷᠢᠨ ᠤ ᠡᠵᠡᠨ ᠳᠤ ᠴᠡᠭᠡ ᠪᠠᠷᠢᠵᠤ᠂ ᠲᠤᠰ ᠮᠤᠷᠢᠨ ᠤ ᠲᠠᠯ᠂ ᠰᠡᠭᠦᠯ᠂ ᠬᠤᠨᠳᠤᠯᠠᠢ ᠳᠤ ᠴᠡᠭᠡ ᠰᠠᠴᠤᠵᠤ ᠮᠢᠯᠢᠶᠠᠳᠠᠭ ᠪᠠᠶᠢᠨ᠎ᠠ᠃ ᠪᠠᠰᠠ ᠵᠠᠷᠢᠮ ᠭᠠᠵᠠᠷ ᠲᠤ ᠲᠠᠪᠤᠭᠠᠷ ᠲᠤ ᠬᠦᠷᠴᠤ ᠢᠷᠡᠭᠰᠡᠨ ᠮᠤᠷᠢ ᠶᠢ ︽ᠠᠶᠢᠷᠠᠭ ᠤᠨ ᠲᠠᠪᠤ︾ ᠬᠡᠵᠤ ᠲᠤᠰᠬᠠᠶᠢᠢᠯᠠᠨ ᠴᠤᠯᠠ ᠲᠠᠭᠤᠳᠠᠬᠤ ᠴᠤ ᠪᠤᠢ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号