ᠬᠤᠷᠴᠢᠨᠴᠤᠳ ᠤᠨ ᠲᠡᠪᠡᠯ ᠲᠡᠷᠯᠢᠭ ᠪᠠ ᠪᠦᠰᠡ
ᠨᠡᠶᠢᠲᠡᠯᠡᠭᠰᠡᠨ ᠴᠠᠭ᠄
2018-11-07
     ᠲᠡᠪᠡᠯ ᠲᠡᠷᠯᠢᠭ ᠪᠤᠯ ᠮᠤᠩᠭᠤᠯᠴᠤᠳ ᠤᠨ ᠬᠤᠪᠴᠠᠰᠤ ᠵᠠᠰᠠᠯ ᠤᠨ ᠲᠤᠳᠤᠷᠠᠬᠢ ᠨᠡᠯᠢᠶᠡᠳ ᠴᠢᠬᠤᠯᠠ ᠪᠠᠶᠢᠷᠢ ᠶᠢ ᠡᠵᠡᠯᠡᠬᠦ ᠡᠮᠦᠰᠭᠡᠯ ᠪᠤᠯᠤᠨ᠎ᠠ᠃ ᠮᠤᠩᠭᠤᠯᠴᠤᠳ ᠤᠨ ᠲᠡᠪᠡᠯ ᠲᠡᠷᠯᠢᠭ ᠲᠤ ᠮᠤᠩᠭᠤᠯ ᠦᠨᠳᠦᠰᠦᠳᠡᠨ ᠳᠤ ᠯᠠ ᠪᠠᠶᠢᠳᠠᠭ ᠠᠭᠤᠳᠠᠮ ᠪᠠᠭᠳᠠᠭᠠᠮᠵᠢᠲᠠᠢ ᠰᠡᠳᠭᠢᠭᠦᠢ᠂ ᠪᠠᠭᠠᠳᠤᠷᠯᠢᠭ ᠵᠢᠪᠬᠤᠭ᠎ᠠ᠂ ᠤᠷᠠᠨ ᠲᠠᠩᠰᠤᠭ ᠦᠢᠯᠡ ᠤᠷᠠᠯᠠᠯ᠂ ᠰᠠᠶᠢᠨ ᠰᠠᠶᠢᠬᠠᠨ ᠠᠮᠢᠳᠤᠷᠠᠯ ᠤᠨ ᠬᠦᠰᠡᠯᠡᠩ ᠲᠡᠷᠢᠭᠦᠳᠡᠨ ᠨᠢ ᠪᠠᠭᠳᠠᠨ ᠰᠢᠩᠭᠡᠵᠦ ᠪᠠᠶᠢᠳᠠᠭ ᠠᠴᠠ ᠮᠤᠩᠭᠤᠯ ᠬᠦᠮᠦᠨ ︽ᠲᠡᠪᠡᠯ ᠤᠨ ᠵᠠᠭᠠᠮ᠎ᠠ ᠶᠢ ᠲᠤᠭᠤᠭᠰᠢ ᠬᠠᠷᠠᠭᠤᠯᠬᠤ ᠦᠭᠡᠢ᠂ ᠵᠠᠭᠠᠮ᠎ᠠ ᠲᠡᠭᠡᠷ᠎ᠡ ᠭᠢᠰᠭᠢᠬᠦᠯᠬᠦ ᠦᠭᠡᠢ᠂ ᠵᠠᠭᠠᠮ᠎ᠠ ᠦᠭᠡᠢ ᠲᠡᠪᠡᠯ ᠲᠡᠷᠯᠢᠭ ᠡᠮᠦᠰᠬᠦ ᠦᠭᠡᠢ ᠪᠦᠭᠡᠳ ᠬᠠᠭᠤᠴᠢᠨ ᠲᠡᠪᠡᠯ ᠤᠨ ᠵᠠᠭᠠᠮ᠎ᠠ ᠶᠢ ᠬᠠᠶᠠᠬᠤ ᠦᠭᠡᠢ ᠭᠠᠯ ᠳᠤ ᠲᠦᠯᠡᠳᠡᠭ᠃ ᠢᠯᠠᠩᠭᠤᠶ᠎ᠠ ᠪᠤᠰᠤᠳ ᠢ ᠵᠠᠭᠠᠮᠠᠳᠠᠬᠤ ᠶᠢ ᠤᠨᠴᠠ ᠴᠡᠭᠡᠷᠯᠡᠨ᠎ᠡ᠃ ᠬᠦᠮᠦᠨ ᠢ ᠵᠠᠭᠠᠮᠠᠳᠠᠬᠤ ᠶᠠᠪᠤᠳᠠᠯ ᠢ ᠲᠦᠢᠯ ᠤᠨ ᠲᠤᠷᠤᠮᠵᠢᠯᠠᠯ ᠤᠴᠢᠷ ᠢᠶᠠᠷ ᠦᠵᠡᠳᠡᠭ︾᠃     ᠬᠤᠷᠴᠢᠨ ᠤ ᠡᠷᠡᠭᠳᠡᠶᠢᠴᠤᠳ ᠤᠨ ᠳᠡᠪᠡᠯ ᠳᠤ ᠰᠡᠩᠰᠡᠨ ᠳᠡᠪᠡᠯ᠂ ᠭᠦᠷᠦᠪᠠᠨ ᠳᠡᠪᠡᠯ ︵ᠬᠤᠷᠠᠭᠠᠨ ᠳᠡᠪᠡᠯ︶᠂ ᠬᠤᠲᠠᠨ ᠳᠡᠪᠡᠯ᠂ ᠢᠯᠭᠢᠨ ᠳᠡᠪᠡᠯ᠂ ᠬᠦᠪᠤᠩᠲᠡᠢ ᠳᠡᠪᠡᠯ ᠵᠡᠷᠭᠡ ᠪᠠᠶᠢᠳᠠᠭ᠃     ᠰᠡᠩᠰᠡᠨ ᠳᠡᠪᠡᠯ ᠢ ᠬᠢᠬᠦ ᠳᠤ ᠊ ᠠᠷᠪᠠᠭᠠᠳ ᠦᠨᠡᠭᠡᠨ ᠠᠷᠠᠰᠤ ᠤᠷᠤᠬᠤ ᠮᠦᠷᠲᠡᠭᠡᠨ ᠪᠠᠶᠠᠴᠤᠳ ᠭᠤᠶᠤ ᠰᠠᠶᠢᠬᠠᠨ ᠬᠠᠷ᠎ᠠ᠂ ᠬᠦᠬᠡ᠂ ᠪᠤᠷᠤ ᠲᠤᠷᠭ᠎ᠠ ᠪᠠᠷ ᠭᠠᠳᠠᠷᠯᠠᠵᠦ᠂ ᠡᠩ ᠤᠨ ᠠᠷᠠᠳ ᠰᠧᠯᠢᠶᠠᠨᠪᠤ᠂ ᠬᠤᠸᠠᠳᠠᠨᠢ ᠪᠠᠷ ᠭᠠᠳᠠᠷᠯᠠᠳᠠᠭ᠃ ᠬᠤᠲᠠᠨ ᠳᠡᠪᠡᠯ ᠢ ᠬᠢᠬᠦ ᠳᠤ ᠳᠠᠩᠳᠠ ᠦᠨᠡᠭᠡᠨ ᠤ ᠰᠢᠭᠢᠷ ᠎ᠠ ᠶᠢᠨ ᠠᠷᠠᠰᠤ ᠪᠠᠷ ᠬᠢᠳᠡᠭ ᠪᠤᠯᠬᠤᠷ ᠶᠡᠭᠡ ᠦᠨ᠎ᠡ ᠲᠠᠢ ᠪᠠᠶᠢᠵᠦ᠂ ᠲᠡᠷᠡ ᠦᠶ᠎ᠡ ᠶᠢᠨ ᠵᠤᠭᠤᠰ ᠢᠶᠠᠷ 5 ― 7 ᠵᠠᠭᠤᠨ ᠵᠤᠭᠤᠰ ᠬᠦᠷᠳᠡᠭ ᠪᠠᠶᠢᠭᠰᠠᠨ ᠪᠠ ᠵᠤᠭᠤᠰ ᠮᠦᠡᠭᠬᠦ ᠲᠠᠢ ᠡᠷᠬᠡᠲᠡᠨ ᠰᠦᠷᠲᠡᠨ ᠬᠦᠮᠦᠰ ᠡᠮᠦᠰᠴᠦ ︵ᠡᠳ᠋ᠯᠡᠬᠦ︶ ᠨᠢ ᠤᠯᠠᠨ ᠪᠠᠶᠢᠵᠠᠢ᠃    ᠭᠦᠷᠦᠪᠠᠨ ᠳᠡᠪᠡᠯ ︵ᠬᠤᠷᠠᠭᠠᠨ ᠳᠡᠪᠡᠯ︶ ᠢ ᠬᠢᠬᠦ ᠳᠤ ᠰᠢᠭᠢᠷ ᠎ᠠ ᠲᠤᠯᠤᠭᠠᠢ ᠲᠠᠢ ᠨᠢ ᠦᠪᠴᠢᠭᠰᠡᠨ 30 ― 40 ᠬᠤᠷᠠᠭᠠᠨ ᠠᠷᠠᠰᠤ ᠬᠡᠷᠡᠭᠰᠡᠳᠡᠭ᠃    ᠬᠤᠷᠴᠢᠨ ᠡᠷᠡᠭᠲᠡᠶᠢᠴᠦᠳ ᠤᠨ ᠳᠡᠪᠡᠯ ᠲᠡᠷᠯᠢᠭ ᠲᠤ ᠲᠤᠷᠤᠤ ︵ᠨᠢᠳᠤᠷᠭ᠎ᠠ︶ ᠲᠠᠢ ᠪᠠ ᠲᠤᠷᠤᠤ ᠦᠭᠡᠢ ᠭᠡᠵᠦ ᠬᠤᠶᠠᠷ ᠵᠦᠢᠯ ᠪᠠᠶᠢᠳᠠᠭ᠃ ︽ᠲᠤᠷᠤᠤ ᠲᠠᠢ ᠳᠡᠪᠡᠯ ᠲᠡᠷᠯᠢᠭ ᠢ ᠬᠤᠷᠢᠮ ᠨᠠᠶᠢᠷ᠂ ᠵᠢᠯ ᠴᠠᠭᠠᠨ ᠰᠠᠷ᠎ᠠ᠂ ᠪᠠᠶᠠᠷ ᠶᠤᠰᠤᠯᠠᠯ ᠲᠡᠭᠡᠷ᠎ᠡ᠂ ᠠᠵᠢᠯ ᠬᠦᠳᠡᠯᠮᠦᠷᠢ ᠬᠢᠬᠦ ᠳᠤ ᠡᠮᠦᠰᠦᠨ᠎ᠡ᠃ ᠲᠤᠷᠤᠤ ᠦᠭᠡᠢ ᠲᠡᠪᠡᠯ ᠲᠡᠷᠯᠢᠭ ᠢ ᠭᠡᠷ‌ᠵᠠᠭᠤᠷ᠎ᠠ ᠪᠠᠨ ᠡᠮᠦᠰᠦᠨ᠎ᠡ᠃ ᠲᠤᠷᠤᠤ ᠶᠢ ᠪᠠᠰᠠ ᠲᠤᠭᠤᠷᠠᠢ᠂ ᠨᠢᠳᠤᠷᠭ᠎ᠠ ᠭᠡᠵᠦ ᠬᠡᠯᠡᠳᠡᠭ᠃ ᠲᠡᠷᠡ ᠨᠢ ᠶᠤᠸᠠᠨ ᠤᠯᠤᠰ ᠤᠨ ᠦᠶ᠎ᠡ ᠶᠢᠨ ᠲᠡᠪᠡᠯ ᠲᠡᠷᠯᠢᠭ ᠲᠤ ᠨᠢᠭᠡᠨᠳᠡ ᠪᠤᠢ ᠪᠤᠯᠤᠭᠰᠠᠨ ᠪᠦᠭᠡᠳ ᠲᠡᠭᠦᠨ ᠠᠴᠠ ᠡᠮᠦᠨ᠎ᠡ ᠪᠤᠯ ᠤᠷᠳᠤ ᠬᠠᠨᠴᠤᠢ ᠭᠡᠵᠦ ᠤᠷᠪᠠᠭᠤᠯᠵᠤ ᠪᠠᠭᠤᠯᠭᠠᠬᠤ ᠠᠷᠭ᠎ᠠ ᠪᠠᠷ ᠡᠳ᠋ᠯᠡᠵᠦ ᠪᠠᠶᠢᠵᠠᠢ᠃ ᠲᠤᠷᠤᠤ ᠶᠢ ᠮᠤᠷᠢᠨ ᠲᠤᠭᠤᠷᠠᠢ ᠪᠤᠶᠤ ᠶᠤᠸᠠᠮᠪᠤᠤ ᠶᠢ ᠲᠠᠭᠤᠷᠢᠶᠠᠵᠤ ᠬᠢᠯ᠎ᠡ ᠭᠡᠰᠡᠨ ᠤᠯᠠᠮᠵᠢᠯᠠᠯᠲᠤ ᠶᠠᠷᠢᠶ᠎ᠠ ᠪᠤᠯ ᠨᠡᠯᠢᠶᠡᠳ ᠦᠨᠳᠦᠰᠦ ᠪᠠᠷᠢᠮᠳᠠ ᠲᠠᠢ ᠬᠡᠯᠡᠯᠭᠡ ᠪᠤᠯᠤᠨ᠎ᠠ︾᠃ ᠬᠤᠷᠴᠢᠨ ᠳᠤ ᠠᠬᠠᠮᠠᠳ ᠨᠠᠰᠤᠳᠠᠶᠢᠴᠤᠳ ︽ᠲᠦᠷᠦᠭᠦᠦ ᠨᠢ ᠬᠠᠮᠢᠭᠠᠰᠢ ᠪᠠᠨ ᠪᠤᠯ ᠲᠤᠷᠤᠤ ᠨᠢ ᠲᠡᠰᠢ ᠪᠠᠨ︾ ᠭᠡᠵᠦ ᠬᠡᠤᠬᠡᠳ ᠪᠠᠭᠠᠴᠤᠳ ᠢ ᠰᠤᠷᠭᠠᠮᠵᠢᠯᠠᠵᠤ ᠪᠠᠶᠢᠳᠠᠭ ᠨᠢ ᠲᠡᠪᠡᠯ ᠬᠤᠪᠴᠠᠰᠤᠨ ᠤ ᠲᠤᠷᠤᠤ ᠶᠢ ᠡᠷᠬᠢᠮᠯᠡᠵᠦ ᠢᠷᠡᠭᠰᠡᠨ ᠤ ᠬᠢᠨᠢ ᠪᠤᠳᠠᠳᠤ ᠢᠯᠡᠷᠡᠯ ᠮᠦᠨ᠃ ᠬᠤᠷᠴᠢᠨ ᠨᠤᠳᠤᠭ ᠲᠤ ᠲᠡᠷᠯᠢᠭ ᠭᠡᠳᠡᠭ ᠦᠭᠡ ᠶᠢ ᠲᠡᠶᠢᠮᠦ ᠶᠡᠭᠡ ᠬᠡᠯᠡᠳᠡᠭ ᠦᠭᠡᠢ᠂ ᠤᠯᠠᠩᠬᠢ ᠳᠠᠭᠠᠨ ᠴᠠᠮᠴᠠ᠂ ᠤᠭᠴᠤᠷ ᠮᠡᠳᠦ ᠪᠠᠷ ᠨᠡᠷᠡᠯᠡᠳᠡᠭ ᠪᠦᠭᠡᠳ ᠴᠠᠮᠴᠠ ᠶᠢ ᠡᠷᠡᠭᠳᠡᠢ ᠡᠮᠡᠭᠳᠡᠢ ᠪᠦᠷ ᠡᠮᠦᠰᠴᠤ ᠡᠷᠡᠭᠳᠡᠶᠢᠴᠤᠳ ᠵᠤᠨ ᠤ ᠬᠠᠯᠠᠭᠤᠨ ᠳᠤ ᠬᠦᠭᠡ᠂ ᠴᠠᠭᠠᠨ ᠲᠠᠩ ᠴᠠᠮᠴᠠ ᠡᠮᠦᠰᠳᠡᠭ᠃ ᠬᠠᠶᠠ ᠡᠪᠤᠯ ᠤᠨ ᠤᠯᠠᠷᠢᠯ ᠳᠤ ᠠᠷᠠᠰᠤᠨ ᠲᠡᠪᠡᠯ ᠤᠨ ᠢᠶᠠᠨ ᠲᠤᠳᠤᠷ ᠴᠠᠮᠴᠠ ᠡᠮᠦᠰᠬᠦ ᠴᠤ ᠪᠤᠢ᠃ ᠮᠤᠩᠭᠤᠯ ᠡᠷᠡᠭᠳᠡᠶᠢᠴᠤᠳ ᠤᠨ ᠲᠡᠪᠡᠯ ᠲᠡᠷᠯᠢᠭ ᠨᠢ ᠡᠷᠳᠡ ᠳᠡᠭᠡᠨ ᠨᠢᠳᠤᠷᠭ᠎ᠠ ᠲᠠᠢ ᠪᠠᠶᠢᠭᠰᠠᠨ᠂ ︵ᠰᠡᠭᠦᠯᠳᠡᠵᠦ ᠢᠷᠡᠭᠡᠳ ᠵᠠᠷᠢᠮ ᠨᠢ ᠨᠢᠳᠤᠷᠭ᠎ᠠ ᠦᠭᠡᠢ ᠪᠤᠯᠤᠭᠰᠠᠨ︶ ᠴᠡᠭᠡᠵᠢ ᠪᠠᠷ ᠢᠶᠠᠨ ᠠᠭᠤᠵᠢᠮ᠂ ᠬᠠᠨᠴᠤᠢ ᠨᠢ ᠤᠷᠳᠤ᠂ ᠬᠤᠷᠮᠤᠢ ᠨᠢ ᠲᠠᠯᠪᠢᠭᠤ᠂ ᠤᠨᠤᠭᠤ ᠲᠠᠢ ︵ᠴᠠᠬᠠᠷᠴᠤᠳ ᠡᠷᠡᠭᠳᠡᠢ ᠡᠮᠡᠭᠳᠡᠢ ᠭᠡᠰᠡᠨ ᠦᠭᠡᠢ ᠴᠦᠮ ᠤᠨᠤᠭᠤ ᠲᠠᠢ ᠲᠡᠪᠡᠯ ᠲᠡᠷᠯᠢᠭ ᠡᠮᠦᠰᠦᠨ᠎ᠡ︶ ᠪᠠ ᠤᠨᠤᠭᠤ ᠦᠭᠡᠢ᠂ ᠰᠢᠯᠤᠭᠤᠨ ᠪᠠ ᠲᠤᠭᠤᠯᠠᠩ ᠬᠤᠶᠠᠷ ᠶᠠᠩᠵᠤ ᠶᠢᠨ ᠡᠩᠭᠡᠷ ᠲᠠᠢ ᠪᠠᠶᠢᠵᠠᠢ᠃ ᠤᠨᠴᠠᠭᠠᠢᠢᠯᠠᠨ ᠮᠤᠩᠭᠤᠯ ᠡᠷᠡᠴᠤᠳ ᠭᠠᠳᠠᠭᠤᠷ ᠢᠶᠠᠨ ᠤᠷᠳᠤ ᠬᠤᠪᠴᠠᠰᠤ ᠡᠮᠦᠰᠬᠦ ᠤᠷᠳᠤ ᠤᠳᠠᠭᠠᠠ ᠬᠤᠭᠤᠴᠠᠭᠠᠨ ᠤ ᠲᠡᠤᠬᠡᠨ ᠤᠯᠠᠮᠵᠢᠯᠠᠯ ᠲᠠᠢ ᠪᠠᠶᠢᠵᠠᠢ᠃ ᠮᠤᠩᠭᠤᠯᠴᠤᠳ ᠤᠨ ᠤᠷᠳᠤ ᠬᠤᠪᠴᠠᠰᠤ ᠶᠢ ᠡᠷᠬᠢᠮᠯᠡᠳᠡᠭ ᠲᠡᠤᠬᠡᠳᠦ ᠰᠢᠯᠳᠠᠭᠠᠨ ᠢ ᠰᠦᠪᠡᠭᠴᠢᠯᠡᠪᠡᠯ᠄ ᠮᠤᠩᠭᠤᠯᠴᠤᠳ ᠤᠨ ᠤᠤᠭᠠᠯ ᠨᠤᠳᠤᠭ ᠮᠤᠩᠭᠤᠯ ᠤᠨ ᠦᠨᠳᠦᠷᠯᠢᠭ ᠨᠢ ᠲᠡᠯᠡᠭᠡᠢ ᠶᠢᠨ ᠪᠦᠮᠪᠦᠷᠴᠡᠭ ᠤᠨ ᠰᠡᠷᠢᠭᠦᠨ ᠪᠦᠰᠡᠨ ᠤ ᠡᠬᠡ ᠬᠠᠭᠤᠷᠠᠢ ᠶᠢᠨ ᠠᠭᠤᠷ ᠠᠮᠢᠰᠬᠤᠯ ᠪᠦᠬᠦᠢ ᠤᠷᠴᠢᠨ ᠳᠤ ᠤᠷᠤᠰᠢᠵᠤ ᠪᠠᠶᠢᠭᠰᠠᠨ ᠠᠴᠠ ᠤᠮᠠᠷᠠᠳᠤ ᠶᠢᠨ ᠬᠦᠴᠦᠳᠦ ᠰᠠᠯᠬᠢᠨ ᠪᠠ ᠬᠦᠢᠳᠡᠨ ᠤᠷᠤᠰᠬᠠᠯ ᠳᠤ ᠵᠦᠡᠭᠳᠡᠭᠡᠨ ᠲᠠᠭᠠᠷᠢᠭᠳᠠᠳᠠᠭ᠃ ᠤᠳᠤᠷ ᠨᠡᠭᠦᠳᠡᠯ ᠤᠨ ᠠᠮᠢᠳᠤᠷᠠᠯ ᠲᠠᠢ ᠮᠠᠯᠴᠢᠳ ᠤᠨ ᠠᠮᠢᠳᠤᠷᠠᠯ ᠳᠤ ᠡᠳᠦᠷ ᠡᠮᠦᠰᠴᠤ ᠶᠠᠪᠤᠭᠠᠳ᠂ ᠦᠳᠡᠰᠢ ︽ᠬᠠᠨᠴᠤᠢ ᠪᠠᠷ ᠢᠶᠠᠨ ᠲᠡᠷ᠎ᠡ ᠪᠤᠯᠭᠠᠵᠤ᠂ ᠬᠤᠷᠮᠤᠢ ᠪᠠᠷ ᠢᠶᠠᠨ ᠲᠡᠪᠢᠰᠭᠡᠷ ᠬᠢᠵᠦ︾ ᠡᠳ᠋ᠯᠡᠳᠡᠭ ᠤᠷᠳᠤ ᠬᠤᠪᠴᠠᠰᠤ ᠤᠨᠴᠠ ᠶᠢᠨ ᠱᠠᠭᠠᠷᠳᠠᠯᠭ᠎ᠠ ᠲᠠᠢ ᠪᠠᠶᠢᠵᠠᠢ᠃ ︽ᠮᠤᠩᠭᠤᠯᠴᠤᠳ ᠦᠷᠭᠦᠯᠵᠢ ᠮᠤᠷᠢ ᠤᠨᠤᠭ᠎ᠠ ᠪᠠᠷ ᠶᠠᠪᠤᠬᠤ ᠨᠢ ᠤᠯᠠᠨ᠂ ᠶᠠᠪᠤᠭᠠᠨ ᠶᠠᠪᠤᠬᠤ ᠨᠢ ᠴᠦᠭᠡᠨ ᠪᠤᠯᠬᠤᠷ ᠮᠤᠷᠢ ᠤᠨᠤᠭ᠎ᠠ ᠤᠨᠤᠬᠤ ᠳᠤ ᠵᠦᠪᠬᠡᠨ ᠡᠷᠳᠡ ᠲᠡᠭᠡᠳᠦ ᠪᠢᠰᠢ᠂ ᠤᠳᠤ ᠴᠤ ᠭᠡᠰᠡᠨ ᠤᠷᠳᠤ ᠬᠤᠪᠴᠠᠰᠤ ᠨᠢ ᠤᠬᠤᠷ ᠬᠤᠪᠴᠠᠰᠤᠨ ᠠᠴᠠ ᠬᠤᠯᠠ ᠢᠯᠡᠬᠦᠦ ᠡᠭᠡᠯᠢᠳᠡᠢ ᠪᠠᠶᠢᠳᠠᠭ ᠪᠦᠭᠡᠳ ᠠᠷᠤ ᠬᠤᠷᠮᠤᠢ ᠪᠠᠨ ᠲᠤᠤᠷ᠎ᠠ ᠪᠠᠨ ᠲᠡᠪᠢᠰᠴᠤ᠂ ᠡᠪᠦᠳᠦᠭ ᠢᠶᠠᠨ ᠬᠤᠮᠢᠬᠤ ᠳᠤ ᠡᠪᠳᠡᠢ ᠯᠠ ᠪᠠᠶᠢᠳᠠᠭ ᠠᠴᠠ ᠪᠤᠯᠵᠠᠢ︾᠃ ᠭᠡᠬᠦ ᠳᠡᠭᠡᠨ ᠮᠠᠨ ᠤ ᠤᠷᠤᠨ ᠤ ᠤᠷᠳᠤᠰ᠂ ᠬᠤᠷᠴᠢᠨ ᠮᠡᠳᠦ ᠶᠢᠨ ᠤᠭᠰᠠᠭᠠᠳᠠᠳ ᠶᠠᠰᠤᠲᠠᠨ ᠨᠢ ᠨᠡᠯᠢᠶᠡᠳ ᠲᠡᠭᠡᠷ᠎ᠡ ᠦᠶ᠎ᠡ ᠳᠤ ᠬᠢᠳᠠᠳ ᠦᠨᠳᠦᠰᠦᠳᠡᠨ ᠲᠠᠢ ᠵᠠᠬ᠎ᠠ ᠨᠡᠶᠢᠯᠡᠵᠦ ᠰᠠᠭᠤᠷᠢᠰᠢᠨ ᠠᠮᠢᠳᠤᠷᠠᠭᠰᠠᠨ ᠠᠴᠠ ᠲᠡᠳᠡᠨᠤᠰ ᠤᠨ ᠬᠤᠪᠴᠠᠰᠤ ᠲᠡᠷᠯᠢᠭ ᠨᠢ ᠨᠡᠯᠢᠶᠡᠳ ᠤᠢᠢᠳᠤᠪᠳᠤᠷ ᠪᠤᠯᠵᠤ ᠠᠯᠬᠤᠮ ᠲᠠᠢ ᠪᠠᠷ ︽ᠬᠢᠳᠠᠳ ᠬᠡᠯᠪᠡᠷᠢ ᠶᠢᠨ ᠴᠠᠮᠴᠠ︾ ᠪᠤᠶᠤ ︽ᠤᠭᠤᠳᠠᠩ ᠲᠡᠪᠡᠯ︾ ᠡᠮᠦᠰᠬᠦ ᠪᠤᠯᠵᠠᠢ᠃      ᠪᠦᠰᠡ ᠪᠤᠯ ᠨᠡᠶᠢᠳᠡ ᠮᠤᠩᠭᠤᠯᠴᠤᠳ ᠤᠨ ᠲᠠᠪᠡᠯ ᠬᠤᠪᠴᠠᠰᠤᠨ ᠤ ᠦᠨᠳᠦᠰᠦᠨ ᠭᠡᠰᠡᠭ ᠨᠢ ᠪᠤᠯᠤᠨ᠎ᠠ᠃ ᠡᠷᠡᠭᠳᠡᠶᠢᠴᠤᠳ ᠤᠨ᠂ ᠡᠮᠡᠭᠳᠡᠶᠢᠴᠤᠳ ᠤᠨ ︵ᠠᠪᠠᠭᠠᠢ ᠪᠠ ᠦᠬᠢᠳ ᠤᠨ︶᠂ ᠬᠡᠤᠬᠡᠳ ᠤᠨ ᠪᠤᠶᠤ ᠵᠠᠰᠠᠯ ᠤᠨ᠂ ᠡᠩ ᠤᠨ ᠪᠦᠰᠡ ᠬᠡᠬᠦ ᠮᠡᠳᠦ ᠪᠠᠷ ᠤᠯᠠᠨ ᠲᠦᠷᠦᠯ ᠵᠦᠢᠯ ᠳᠤ ᠬᠤᠪᠢᠶᠠᠳᠠᠭ᠃ ᠯᠤᠪᠰᠠᠩᠴᠦ᠋ᠢᠳᠠᠨ ︽ᠮᠤᠩᠭᠤᠯ ᠤᠨ ᠵᠠᠩ ᠠᠭᠠᠯᠢ ᠶᠢᠨ ᠤᠢᠢᠯᠠᠪᠤᠷᠢ︾ ᠳᠡᠭᠡᠨ᠄ ︽ᠮᠤᠩᠭᠤᠯ ᠤᠳᠤᠮ ᠤᠨ ᠡᠷᠳᠡᠨ ᠤ ᠴᠠᠭ ᠲᠤᠷ ᠡᠬᠢᠯᠡᠨ ᠲᠡᠪᠡᠯ ᠬᠤᠪᠴᠠᠰᠤ ᠡᠮᠦᠰᠬᠦ ᠶᠠᠭᠤᠮ᠎ᠠ ᠨᠡᠮᠡ ᠭᠡᠮᠡᠬᠦ ᠨᠢᠭᠡᠨ ᠵᠦᠢᠯ ᠤᠨ ᠶᠠᠭᠤᠮ᠎ᠠ ᠪᠠᠷ ᠨᠢᠴᠦᠭᠦᠨ ᠪᠡᠶ᠎ᠡ ᠪᠠᠨ ᠤᠷᠢᠶᠠᠵᠤ ᠶᠠᠪᠤᠪᠠᠢ︾ ᠭᠡᠮᠡᠨ ᠲᠡᠮᠳᠡᠭᠯᠡᠭᠰᠡᠨ ᠢ ᠦᠨᠳᠦᠰᠦᠯᠡᠪᠡᠯ ᠮᠤᠩᠭᠤᠯ ᠬᠦᠮᠦᠨ ᠤ ᠬᠠᠮᠤᠭ ᠤᠨ ᠠᠩᠬᠠᠨ ᠤ ᠡᠮᠦᠰᠭᠡᠯ ᠨᠢ ᠪᠦᠰᠡᠯᠡᠭᠦᠷ ︵ᠢᠴᠢᠭᠦᠷᠢ ᠪᠠᠨ ᠬᠠᠯᠬᠠᠯᠠᠬᠤ︶ ᠠᠴᠠ ᠡᠭᠦᠰᠴᠤ᠂ ᠬᠦᠮᠦᠰ ᠤᠨ ᠪᠡᠶ᠎ᠡ ᠪᠠᠨ ᠤᠷᠢᠶᠠᠵᠤ ᠲᠤᠯᠠᠭᠠᠴᠠᠭᠤᠯᠬᠤ ᠬᠡᠷᠡᠭᠴᠡᠭᠡ ᠶᠢ ᠬᠠᠨᠭ᠍ᠭᠠᠵᠤ ᠪᠠᠶᠢᠭᠰᠠᠨ ᠨᠢ ᠲᠤᠳᠤᠷᠬᠠᠢ᠃ ᠪᠦᠰᠡ ᠪᠦᠰᠡᠯᠡᠬᠦ ᠨᠢ ᠮᠤᠩᠭᠤᠯᠴᠤᠳ ᠤᠨ ᠲᠡᠪᠡᠯ ᠬᠤᠪᠴᠠᠰᠤ ᠪᠠᠨ ᠪᠡᠶ᠎ᠡ ᠳᠡᠭᠡᠨ ᠲᠤᠬᠢᠷᠠᠭᠤᠯᠬᠤ᠂ ᠤᠳᠤᠷ ᠨᠡᠭᠦᠳᠡᠯ ᠢᠶᠠᠷ ᠶᠠᠪᠤᠵᠤ ᠠᠳᠤᠭᠤ ᠮᠠᠯ ᠢᠶᠠᠨ ᠬᠠᠷᠢᠭᠤᠯᠬᠤ᠂ ᠠᠶᠠᠨ ᠵᠢᠩ᠂ ᠠᠵᠤ ᠠᠮᠢᠳᠤᠷᠠᠯ ᠵᠡᠷᠬᠡ ᠡᠳᠤᠷ ᠲᠤᠳᠤᠮ ᠤᠨ ᠦᠢᠯᠡᠳᠪᠦᠷᠢᠯᠡᠯ ᠬᠦᠳᠡᠯᠮᠦᠷᠢ ᠳᠤᠨᠢ ᠲᠤᠳᠠᠭᠳᠠᠵᠤ ᠪᠤᠯᠤᠰᠢ ᠦᠭᠡᠢ ᠴᠢᠬᠤᠯᠠ ᠦᠢᠯᠡᠳᠦᠯ ᠲᠠᠢ ᠪᠠᠶᠢᠵᠠᠢ᠃ ᠪᠦᠰᠡ ᠶᠢ ᠤᠷᠠᠯᠠᠵᠤ ᠬᠢᠬᠦ ᠪᠡ ᠡᠳ᠋ᠯᠡᠵᠦ ᠬᠡᠷᠡᠭᠯᠡᠬᠦ ᠠᠷᠭ᠎ᠠ ᠠᠪᠴᠠᠯ ᠵᠢᠴᠢ ᠪᠦᠰᠡ ᠪᠠᠷᠠᠭᠠᠨ ᠤ ᠠᠳᠠᠯᠢ ᠪᠤᠰᠤ ᠠᠴᠠ ᠪᠤᠯᠵᠤ ᠮᠤᠩᠭᠤᠯᠴᠤᠳ ᠤᠨ ᠪᠦᠰᠡ ᠢᠯᠡ ᠲᠤᠳᠤᠷᠬᠠᠢ ᠨᠤᠳᠤᠭ ᠤᠰᠤᠨ ᠤ ᠤᠨᠴᠠᠯᠢᠭ ᠲᠠᠢ ᠪᠠᠶᠢᠳᠠᠭ᠃ ᠬᠤᠷᠴᠢᠨ ᠡᠷᠡᠭᠳᠡᠶᠢᠴᠤᠳ 1 ― 2 ᠲᠤᠬᠤᠢ ᠦᠷᠭᠡᠨ᠂ 9 ᠲᠤᠬᠤᠢ ᠤᠷᠳᠤ ᠵᠢᠶᠠᠨᠴᠤ ︵ᠤᠯᠠᠩᠬᠢ ᠨᠢ ᠤᠯᠠᠭᠠᠨ᠂ ᠪᠤᠷᠤ ᠵᠢᠶᠠᠨᠴᠤ︶ ᠪᠦᠰᠡ ᠪᠦᠰᠡᠯᠡᠳᠡᠭ᠃ ᠡᠮᠡᠭᠳᠡᠶᠢᠴᠤᠳ ᠪᠦ᠋ᠰᠡ ᠪᠦᠰᠡᠯᠡᠬᠦ ᠨᠢ ᠴᠦᠬᠡᠨ᠃ ᠡᠷᠡᠭᠳᠡᠶᠢᠴᠤᠳ ᠭᠤᠤᠯᠳᠠᠭᠤ ᠡᠪᠦᠯ᠂ ᠬᠠᠪᠤᠷ᠂ ᠨᠠᠮᠤᠷ ᠤᠨ ᠤᠯᠠᠷᠢᠯ ᠳᠤ ᠲᠡᠪᠡᠯ ᠢᠶᠠᠨ ᠪᠠᠭ᠎ᠠ ᠠᠭᠰᠠᠭᠠᠨ ᠬᠦᠭᠡᠷᠭᠡᠵᠦ ᠪᠦᠰᠡ ᠪᠦᠰᠡᠯᠡᠳᠡᠭ᠃ ︽ᠬᠤᠷᠴᠢᠨ ᠪᠠᠭᠠᠷᠢᠨ ᠤ ᠢᠳᠡᠷ ᠵᠠᠯᠠᠭᠤ ᠡᠷᠡᠭᠳᠡᠶᠢᠴᠤᠳ ᠵᠢᠯ ᠴᠠᠭᠠᠨ ᠰᠠᠷ᠎ᠠ᠂ ᠬᠤᠷᠢᠮ ᠨᠠᠶᠢᠷ ᠪᠤᠯᠪᠠᠯ ᠁ ᠲᠤᠷᠭ᠎ᠠ ᠲᠤᠷᠳᠤᠩ ᠪᠦᠰᠡ ᠶᠢ ᠠᠭᠠᠷᠴᠠᠭ ᠨᠢᠷᠤᠭᠤᠨ ᠳᠠᠭᠠᠨ ᠬᠤᠶᠠᠷ ᠴᠠᠴᠤᠭ ᠭᠠᠷᠭᠠᠵᠤ ᠪᠦᠰᠡᠯᠡᠨ᠎ᠡ︾᠂ ︽ᠨᠠᠰᠤᠳᠠᠶᠢᠴᠤᠳ ᠨᠢ ᠵᠢᠶᠠᠨᠴᠦ ᠪᠦᠰᠡ ᠶᠢ ᠴᠠᠴᠤᠭ ᠭᠠᠷᠭᠠᠬᠤ ᠦᠭᠡᠢ ᠪᠦᠰᠡᠯᠡᠨ᠎ᠡ︾᠃ ᠪᠦᠰᠡ ᠪᠤᠯ ᠲᠠᠶᠠᠭᠠᠷ ᠮᠤᠩᠭᠤᠯᠴᠤᠳ ᠤᠨ ᠡᠮᠦᠰᠭᠡᠯ ᠬᠤᠪᠴᠠᠰᠤᠨ ᠳᠤ ᠲᠦᠭᠡᠮᠡᠯ ᠬᠡᠷᠡᠭᠯᠡᠭᠳᠡᠳᠡᠭ ᠴᠢᠬᠤᠯᠠ ᠡᠳ᠋ᠯᠡᠯ ᠪᠤᠯᠤᠨ᠎ᠠ᠃ ᠤᠷᠳᠤ ᠲᠡᠪᠡᠯ ᠤᠨ ᠢᠶᠠᠨ ᠲᠡᠭᠡᠭᠦᠷ ᠦᠷᠭᠡᠨ ᠪᠦᠰᠡ ᠶᠢ ᠠᠭᠰᠠᠭᠠᠨ ᠪᠦᠰᠡᠯᠡᠵᠦ ᠡᠷ᠎ᠡ ᠬᠦᠮᠦᠨ ᠤ ᠴᠤᠭ ᠬᠡᠶᠢᠮᠤᠷᠢ ᠪᠠᠨ ᠮᠠᠨᠳᠤᠭᠤᠯᠵᠤ ᠪᠠᠶᠢᠳᠠᠭ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号