ᠠᠶᠢᠯ ᠳᠤᠰᠬᠤᠨ ᠤ ᠰᠠᠭᠤᠷᠢᠰᠢᠯ
ᠨᠡᠶᠢᠲᠡᠯᠡᠭᠰᠡᠨ ᠴᠠᠭ᠄
2018-11-07
      ᠠᠶᠢᠯ ᠳᠤᠰᠬᠤᠨ ᠪᠤᠯᠵᠦ ᠪᠦᠷᠢᠯᠳᠦᠬᠦ ᠳᠤ ᠵᠡᠪᠡᠯ ᠳᠤᠬᠢᠳᠠᠢ ᠤᠷᠤᠨ ᠢ ᠰᠤᠩᠭᠤᠳᠠᠭ᠃ ᠨᠠᠪᠳᠠᠭ ᠰᠠᠪᠳᠠᠭ ᠲᠠᠢ ᠭᠠᠵᠠᠷ ᠰᠠᠭᠤᠭᠰᠠᠨ ᠠᠶᠢᠯ ᠳᠤᠰᠬᠤᠨ ᠨᠢ ᠦᠳᠳᠡᠷ ᠳᠦᠷᠬᠡᠨ ᠦᠭᠡᠳᠡᠯᠡᠵᠦ ᠮᠠᠨᠳᠤᠬᠤ ᠪᠤᠶᠤ ᠡᠷᠳᠡᠮᠳᠡᠨ ᠮᠡᠷᠭᠡᠳ᠂ ᠢᠳᠡᠳᠡᠨ ᠪᠠᠭᠠᠳᠤᠷ ᠤᠯᠠᠨ ᠴᠤᠯᠭᠤᠷᠠᠨ᠎ᠠ ᠬᠡᠳᠡᠭ᠃ ᠪᠠᠰᠠ ᠪᠠᠭ᠎ᠠ ᠰᠠᠭ᠎ᠠ ᠡᠵᠡᠯᠡᠭᠡ ᠲᠠᠢ ᠭᠠᠵᠠᠷ ᠠᠶᠢᠯ ᠰᠠᠭᠤᠪᠠᠯ ᠠᠳᠠ ᠴᠢᠳᠬᠦᠷ ᠨᠢ ᠦᠪᠡᠷ ᠢᠶᠠᠨ ᠠᠷᠢᠯᠴᠢᠬᠠᠨ᠎ᠠ ᠬᠡᠳᠡᠭ᠃      ᠠᠶᠢᠯ ᠳᠤᠰᠬᠤᠨ ᠪᠤᠯᠵᠦ ᠪᠦᠷᠢᠯᠳᠦᠬᠦ ᠳᠤ ᠡᠷᠦᠭᠡ ᠪᠦᠷᠢ ᠨᠢ ᠡᠷᠭᠡᠪᠰᠢ ᠡᠮᠬᠢ ᠳᠢᠭᠯᠢᠮ ᠲᠠᠢ᠂ ᠳᠤᠭᠳᠠᠭᠰᠠᠨ ᠶᠤᠰᠤ ᠵᠢᠷᠦᠮ ᠢᠶᠠᠷ ᠠᠶᠢᠯ ᠪᠤᠯᠤᠯᠴᠠᠨ ᠬᠡᠷ ᠢᠶᠠᠨ ᠪᠠᠷᠢᠵᠠᠭᠠᠳᠠᠭ᠃ ᠭᠡᠷ ᠭᠡᠷ ᠤᠨ ᠬᠤᠭᠤᠷᠤᠨᠳᠤ ᠪᠠᠨ ᠵᠠᠪᠠᠯ ᠳᠤᠭᠳᠠᠭᠰᠠᠨ ᠵᠠᠢ ᠦᠯᠡᠳᠡᠭᠡᠳᠡᠭ᠃ ᠡᠯᠬᠢ ᠳᠢᠭᠯᠢᠮ ᠦᠭᠡᠢ ᠡᠷᠦᠢ ᠬᠤᠷᠤᠢ ᠦᠭᠡᠢ ᠰᠠᠭᠤᠬᠤ ᠪᠤᠶᠤ ᠠᠶᠢᠯ ᠠᠴᠠ ᠪᠠᠨ ᠰᠠᠯᠵᠦ ᠰᠠᠭᠤᠬᠤ ᠶᠢ ᠶᠡᠭᠡ ᠴᠡᠭᠡᠷᠯᠡᠳᠡᠭ᠃      ᠠᠶᠢᠯ ᠰᠠᠭᠤᠬᠤ ᠳᠠᠭᠠᠨ ᠬᠠᠳᠠᠭᠰᠠᠨ ᠭᠤᠤᠯ ᠪᠤᠶᠤ ᠬᠠᠭᠤᠴᠢᠨ ᠭᠤᠤᠯ ᠤᠨ ᠠᠷᠠᠯ ︵ᠭᠤᠤᠯ ᠤᠨ ᠤᠷᠤᠰᠴᠤ ᠪᠠᠶᠢᠭᠰᠠᠨ ᠵᠠᠮ︶ ᠢ ᠳᠠᠭᠠᠵᠦ ᠠᠶᠢᠯ ᠰᠠᠭᠤᠳᠠᠭ ᠦᠭᠡᠢ᠃ ᠬᠠᠭᠤᠴᠢᠨ ᠦᠭᠡᠨ ᠳᠤ ᠭᠤᠤᠯ ᠮᠦᠷᠡᠨ ᠠᠷᠪᠠᠨ ᠵᠢᠯ ᠦᠡᠭᠭᠡᠷᠡᠪᠡᠯ ᠬᠠᠭᠤᠴᠢᠨ ᠠᠷᠠᠯ ᠢᠶᠠᠷ ᠢᠶᠠᠨ ᠳᠠᠬᠢᠵᠦ ᠨᠢᠭᠡ ᠤᠳᠠᠭ᠎ᠠ ᠢᠷᠡᠳᠡᠭ ᠬᠡᠵᠦ ᠬᠡᠯᠡᠳᠡᠭ ᠪᠤᠯᠬᠤᠷ᠂ ᠬᠡᠷᠪᠡ ᠬᠠᠭᠤᠴᠢᠨ ᠭᠤᠤᠯ ᠤᠨ ᠠᠷᠠᠯ ᠢ ᠳᠠᠭᠠᠵᠦ ᠰᠠᠭᠤᠪᠠᠯ ᠦᠶᠠᠷ ᠤᠨ ᠠᠶᠤᠯ ᠳᠤ ᠳᠠᠭᠠᠷᠢᠭᠳᠠᠬᠤ ᠪᠤᠯᠤᠯᠴᠠᠭ᠎ᠠ ᠶᠡᠭᠡ ᠶᠤᠮ᠃ ᠠᠶᠢᠯ ᠰᠠᠭᠤᠬᠤ ᠳᠠᠭᠠᠨ ᠨᠠᠮᠤᠭᠯᠢᠭ ᠳᠤᠤᠷ᠎ᠠ ᠭᠠᠵᠠᠷ ᠠᠶᠢᠯ ᠰᠠᠭᠤᠳᠠᠭ ᠦᠭᠡᠢ᠃ ᠡᠶᠢᠮᠦ ᠭᠠᠵᠠᠷ ᠠᠶᠢᠯ ᠰᠠᠭᠤᠪᠠᠯ ᠴᠢᠬᠢᠭ ᠨᠦᠢᠳᠠᠨ ᠬᠦᠷᠦᠰᠦᠨ ᠳᠤᠨᠢ ᠰᠢᠪᠡᠷ ᠪᠠᠶᠢᠰᠢᠩ ᠨᠢ ᠴᠢᠬᠢᠭᠳᠦᠨ ᠪᠦᠭᠡ ᠦᠭᠡᠢ ᠪᠤᠯᠳᠠᠭ ᠪᠦᠭᠡᠳ ᠶᠡᠭᠡ ᠪᠤᠷᠤᠭᠠᠨ ᠬᠤᠷ᠎ᠠ ᠲᠠᠢ ᠵᠢᠯ ᠤᠰᠤᠨ ᠳᠤ ᠠᠪᠳᠠᠬᠤ ᠠᠶᠤᠯ ᠲᠠᠢ ᠪᠠᠶᠢᠳᠠᠭ᠃ ᠡᠷᠭᠡᠪᠰᠢ ᠳᠡᠭᠰᠢᠬᠡᠨ ᠦᠨᠳᠦᠷᠯᠢᠭ ᠭᠠᠵᠠᠷ ᠢ ᠰᠤᠩᠭᠤᠵᠦ ᠠᠶᠢᠯ ᠰᠠᠭᠤᠳᠠᠭ᠃      ᠠᠶᠢᠯ ᠰᠠᠭᠤᠬᠤ ᠳᠠᠭᠠᠨ ᠪᠠᠰᠠ ᠠᠭᠤᠯᠠᠨ ᠬᠢᠷ᠎ᠠ ᠳᠡᠭᠡᠷ᠎ᠠ ᠰᠠᠭᠤᠷᠢᠰᠢᠳᠠᠭ ᠦᠭᠡᠢ᠃ ᠡᠨᠡ ᠨᠢ ᠠᠭᠤᠯᠠᠨ ᠦᠶᠡᠷ ᠠᠴᠠ ᠰᠡᠷᠭᠡᠶᠢᠯᠡᠵᠦ ᠪᠠᠶᠢᠬᠤ ᠶᠤᠮ᠃ ᠠᠭᠤᠯᠠᠨ ᠦᠶᠡᠷ ᠳᠤᠯᠬᠢᠨ ᠳᠤᠭᠰᠢᠨ ᠪᠠᠶᠢᠵᠦ᠂ ᠦᠵᠡᠵᠦ ᠬᠠᠷᠠᠵᠦ ᠠᠮᠵᠢᠬᠤ ᠶᠢᠨ ᠬᠤᠭᠤᠷᠤᠨᠳᠤ ᠨᠢᠭᠡ ᠠᠶᠢᠯ ᠳᠤᠰᠬᠤᠨ ᠢ ᠤᠷᠤᠰᠬᠠᠴᠢᠬᠠᠨ᠎ᠠ ᠬᠡᠳᠡᠭ᠃      ᠠᠶᠢᠯ ᠰᠠᠭᠤᠬᠤ ᠳᠠᠭᠠᠨ ᠪᠠᠰᠠ ᠦᠬᠦᠭᠡᠷ ᠤᠡᠭᠭᠤᠨ ᠪᠤᠶᠤ ᠬᠢᠵᠢᠭ ᠡᠪᠡᠳᠴᠢᠨ ᠳᠡᠯᠭᠡᠷᠡᠭᠰᠡᠨ ᠭᠠᠵᠠᠷ ᠳᠠᠬᠢᠵᠦ ᠠᠶᠢᠯ ᠰᠠᠭᠤᠬᠤ ᠶᠢ ᠳᠤᠩ ᠴᠡᠭᠡᠷᠯᠡᠳᠡᠭ᠃ ᠦᠬᠦᠭᠡᠷ ᠤᠡᠭᠭᠤᠨ ᠠᠴᠠ ᠤᠶᠢᠷᠠᠯᠴᠠᠭ᠎ᠠ ᠠᠶᠢᠯ ᠰᠠᠭᠤᠪᠠᠯ ᠠᠶᠢᠯ ᠳᠤᠰᠬᠤᠨ ᠳᠤᠨᠢ ᠮᠠᠭᠤ ᠪᠠᠶᠢᠳᠠᠭ ᠢᠶᠠᠷ ᠪᠠᠷᠠᠬᠤ ᠦᠭᠡᠢ᠂ ᠦᠬᠦᠭᠡᠷ ᠤᠡᠭᠭᠤᠨ ᠳᠤᠨᠢ ᠪᠠᠰᠠ ᠮᠠᠭᠤ ᠪᠤᠯᠤᠨ᠎ᠠ ᠬᠡᠳᠡᠭ᠃ᠨᠡᠩ ᠢᠯᠠᠩᠭᠤᠶ᠎ᠠ ᠤᠯᠠᠨ ᠦᠬᠦᠭᠡᠷ ᠤᠡᠭᠭᠤᠨ ᠤ ᠳᠤᠤᠷ᠎ᠠ ᠳᠠᠯ᠎ᠠ ᠳᠤᠨᠢ ᠦᠭᠡᠷ᠎ᠠ ᠪᠠᠷ ᠬᠡᠯᠡᠪᠡ᠂ ᠵᠡᠬᠦᠨ ᠳᠡᠯ᠎ᠠ ᠳᠤᠨᠢ ᠠᠶᠢᠯ ᠰᠠᠭᠤᠳᠠᠭ ᠦᠭᠡᠢ ᠴᠡᠭᠡᠷ ᠲᠠᠢ᠃ ᠬᠡᠷᠪᠡ ᠳᠤᠮᠤ ᠪᠤᠶᠤ ᠤᠯᠠᠨ ᠦᠬᠦᠭᠡᠷ ᠤᠡᠭᠭᠤᠨ ᠤ ᠳᠤᠤᠷ᠎ᠠ ᠳᠠᠯ᠎ᠠ ᠳᠤᠨᠢ ᠠᠶᠢᠯ ᠰᠠᠭᠤᠪᠠᠯ ᠬᠡᠵᠢᠶᠡᠳᠡ ᠦᠭᠡᠳᠡ ᠦᠭᠡᠢ ᠪᠤᠯᠤᠨ᠎ᠠ ᠬᠡᠳᠡᠭ᠃ ᠮᠠᠨ ᠤ ᠮᠤᠩᠭᠤᠯᠴᠤᠳ ᠤᠨ ᠦᠬᠦᠭᠡᠷ ᠤᠡᠭᠭᠤᠨ ᠢᠶᠠᠨ ᠬᠡᠵᠢᠶᠡᠳᠡ ᠠᠶᠢᠯ ᠠᠴᠠ ᠪᠠᠨ ᠬᠤᠯᠠ ᠬᠦᠳᠡᠭᠡ ᠭᠡᠭᠡᠷ᠎ᠠ ᠠᠪᠠᠴᠢᠵᠦ ᠳᠠᠯᠪᠢᠳᠠᠭ ᠵᠠᠩᠰᠢᠯ ᠠᠴᠠ ᠪᠤᠯᠤᠭᠰᠠᠨ ᠶᠤᠮ᠃ ᠬᠢᠵᠢᠭ ᠡᠪᠡᠳᠴᠢᠨ ᠳᠡᠯᠭᠡᠷᠡᠭᠰᠡᠨ ᠭᠠᠵᠠᠷ ᠳᠠᠬᠢᠵᠦ ᠠᠶᠢᠯ ᠰᠠᠭᠤᠳᠠᠭ ᠦᠭᠡᠢ ᠨᠢ ᠮᠠᠭᠤ ︵ᠠᠷᠢᠭᠤᠨ ᠴᠡᠪᠡᠷ ᠪᠢᠰᠢ᠂ ᠡᠪᠡᠳᠴᠢᠨ ᠤ ᠪᠠᠺᠲ᠋ᠧᠷᠢ ᠲᠠᠢ ᠬᠡᠰᠡᠨ ᠦᠭᠡ︶ ᠪᠦᠭᠡᠳ ᠤᠰᠤ ᠨᠢ ᠪᠤᠵᠠᠷᠳᠤᠭᠰᠠᠨ ᠳᠤᠯᠠ ᠡᠪᠡᠳᠴᠢᠨ ᠳᠠᠬᠤᠯ ᠳᠡᠯᠭᠡᠷᠡᠬᠦ ᠠᠴᠠ ᠬᠢᠴᠢᠶᠡᠵᠦ ᠪᠠᠶᠢᠭ᠎ᠠ ᠶᠠᠪᠤᠳᠠᠯ ᠶᠤᠮ᠃ ᠵᠠᠷᠢᠮ ᠠᠶᠢᠯ ᠳᠤᠰᠬᠤᠨ ᠤ ᠬᠢᠨ ᠰᠠᠭᠤᠭᠰᠠᠨ ᠭᠠᠵᠠᠷ ᠰᠢᠷᠦᠢ ᠪᠤᠶᠤ ᠢᠳᠡᠵᠦ ᠪᠠᠶᠢᠭ᠎ᠠ ᠤᠰᠤᠨ ᠠᠴᠠ ᠨᠢ ᠪᠤᠯᠵᠦ ᠶᠠᠰᠤ ᠵᠦᠭᠡᠯᠡᠷᠡᠬᠦ ᠮᠡᠳᠦ ᠶᠢᠨ ᠤᠷᠤᠨ ᠨᠤᠳᠤᠭ ᠤᠨ ᠴᠢᠨᠡᠷᠳᠡᠢ ᠡᠪᠡᠳᠴᠢᠨ ᠡᠬᠦᠰᠴᠤ ᠪᠠᠶᠢᠭᠰᠠᠨ᠃ ᠬᠠᠭᠤᠴᠢᠨ ᠨᠡᠶᠢᠭᠡᠮ ᠳᠤ ᠡᠬᠦᠨ ᠢ ᠳᠠᠨᠢᠵᠦ ᠮᠡᠳᠡᠬᠦ ᠦᠭᠡᠢ ᠳᠤᠯᠠ ᠮᠤᠬᠤᠷ ᠪᠢᠰᠢᠷᠡᠯ ᠢᠶᠠᠷ ᠦᠵᠡᠨ ᠡᠨᠡ ᠭᠠᠵᠠᠷ ᠠᠴᠠ ᠬᠤᠷᠳᠤᠨ ᠨᠡᠬᠦᠵᠦ ᠪᠠᠭᠤᠬᠤ ᠦᠭᠡᠢ ᠪᠤᠯ ᠪᠤᠯᠬᠤ ᠦᠭᠡᠢ ᠬᠡᠳᠡᠭ᠃ ᠤᠳᠤ ᠪᠤᠯ ᠤᠰᠤ ᠰᠢᠷᠦᠢ ᠶᠠᠮᠠᠷ ᠨᠢᠭᠡᠨ ᠡᠯᠧᠮᠧᠨ᠋ᠲ ᠳᠤᠳᠠᠭᠳᠠᠵᠦ ᠪᠠᠶᠢᠭᠰᠠᠨ ᠠᠴᠠ ᠪᠤᠯᠤᠭᠰᠠᠨ ᠰᠢᠯᠳᠠᠭᠠᠨ ᠢ ᠨᠢ ᠨᠢᠭᠡᠨᠳᠡ ᠰᠢᠨᠵᠢᠯᠡᠬᠦ ᠤᠬᠠᠭᠠᠨᠴᠢ ᠪᠠᠷ ᠳᠤᠳᠤᠷᠬᠠᠶᠢᠯᠠᠭᠰᠠᠨ ᠪᠠᠶᠢᠨ᠎ᠠ᠃      ᠠᠩᠬᠠᠨ ᠳᠠᠭᠠᠨ ᠠᠶᠢᠯ ᠳᠤᠰᠬᠤᠨ ᠤ ᠪᠠᠨ ᠭᠠᠳᠠᠭᠤᠷ ᠰᠢᠪᠡᠷ ᠢᠶᠠᠷ ᠬᠡᠷᠡᠮ ᠴᠤᠬᠢᠵᠦ ᠬᠦᠷᠢᠶᠡᠯᠡᠳᠡᠭ ᠪᠠᠶᠢᠭᠰᠠᠨ ᠶᠤᠮ᠃ ᠤᠳᠤ ᠬᠠᠷᠢᠨ ᠭᠡᠷ ᠭᠡᠷ ᠢᠶᠠᠨ ᠳᠤᠭᠤᠷᠢᠭᠤᠯᠤᠨ ᠴᠢᠯᠠᠭᠤ ᠳᠤᠭᠤᠰᠬ᠎ᠠ ᠪᠠᠷ ᠬᠡᠷᠡᠮ ᠪᠤᠰᠬᠠᠵᠦ ᠪᠠᠶᠢᠨ᠎ᠠ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号