ᠮᠤᠩᠭᠤᠯᠴᠤᠳ ᠤᠨ ᠮᠤᠳᠤ᠂ ᠪᠤᠷᠭᠠᠰᠦ᠂ ᠰᠤᠷ᠂ ᠲᠡᠮᠦᠷᠯᠢᠭ ᠤᠨ ᠤᠶᠢᠯᠡᠳᠭᠦᠨ ᠤ ᠤᠯᠠᠮᠵᠢᠯᠠᠯᠳᠤ ᠭᠠᠷ ᠣᠷᠠᠯᠠᠯ
ᠨᠡᠶᠢᠲᠡᠯᠡᠭᠰᠡᠨ ᠴᠠᠭ᠄
2018-11-07
     ᠮᠤᠩᠭᠤᠯᠴᠤᠳ᠂ ᠤᠷᠳᠤ ᠤᠳᠠᠭᠠᠨ ᠤᠶᠢᠯᠡᠳᠪᠤᠷᠢᠯᠡᠯ ᠠᠮᠢᠳᠤᠷᠠᠯ ᠤᠨ ᠤᠶᠢᠯᠡᠳᠤᠯᠭᠡ ᠶᠢᠨ ᠲᠤᠮᠳᠠ ᠮᠤᠳᠤᠨ ᠮᠠᠲ᠋ᠧᠷᠢᠶᠠᠯ ᠢ ᠶᠠᠭᠠᠬᠢᠵᠦ ᠬᠡᠷᠡᠭᠯᠡᠬᠦ᠂ ᠲᠡᠷᠡᠰᠤ᠂ ᠤᠯᠤᠰᠤ᠂ ᠪᠤᠷᠭᠠᠰᠤ ᠶᠢ ᠶᠠᠭᠠᠬᠢᠵᠦ ᠠᠰᠢᠭᠯᠠᠬᠤ᠂ ᠠᠷᠠᠰᠤ ᠰᠢᠷᠢ ᠶᠢᠨ ᠤᠶᠢᠯᠡᠳᠬᠦᠨ ᠢ ᠶᠠᠭᠠᠬᠢᠵᠦ ᠪᠤᠯᠪᠠᠰᠤᠷᠠᠭᠤᠯᠬᠤ᠂ ᠮᠦᠩᠭᠦ᠂ ᠵᠡᠰ᠂ ᠭᠠᠤᠯᠢ᠂ ᠲᠡᠮᠦᠷᠯᠢᠭ ᠤᠨ ᠡᠳ᠋ ᠬᠡᠷᠡᠭᠰᠡᠯ ᠢ ᠶᠠᠭᠠᠬᠢᠵᠦ ᠲᠠᠪᠳᠠᠨ ᠪᠤᠯᠪᠠᠰᠤᠷᠠᠭᠤᠯᠬᠤ ᠲᠤᠬᠠᠢ ᠰᠤᠷᠴᠦ ᠰᠤᠪᠢᠨ᠂ ᠦᠭᠡᠷᠡᠴᠢᠯᠡᠵᠦ ᠰᠠᠶᠢᠵᠢᠷᠠᠭᠤᠯᠤᠭᠰᠠᠭᠠᠷ ᠢᠷᠡᠭᠰᠡᠨ ᠭᠢᠯᠠᠯᠵᠠᠮ᠎ᠠ ᠲᠡᠤᠬᠡ ᠲᠠᠢ ᠶᠤᠮ᠃ᠨᠢᠭᠡ᠂ ᠮᠤᠳᠤᠨ ᠬᠡᠷᠡᠭᠯᠡᠭᠡᠨ ᠤ ᠭᠠᠷ ᠤᠷᠠᠯᠠᠯ      ᠮᠤᠩᠭᠤᠯ ᠮᠤᠳᠤᠨ ᠤᠷᠠᠴᠦᠳ᠂ ᠮᠤᠳᠤᠨ ᠡᠳ᠋ᠯᠡᠯ ᠤᠷᠠᠯᠠᠨ ᠬᠢᠬᠦ ᠳᠡᠭᠡᠨ ᠬᠡᠷᠤᠬᠡ᠂ ᠤᠭᠤᠯᠢ ︵ᠤᠶᠢᠯ︶᠂ ᠰᠦᠬᠡ᠂ ᠠᠯᠤᠬ᠎ᠠ᠂ ᠬᠠᠷᠤᠭᠤᠯ᠂ ᠴᠦᠴᠡ ᠦᠷᠤᠮᠳᠡᠭᠦᠷ᠂ ᠴᠠᠪᠠᠤ ᠬᠠᠶᠢᠯᠠᠭᠤᠯᠬᠤ ᠰᠠᠪᠠ᠂ ᠬᠠᠷ᠎ᠠ ᠱᠤᠭᠤᠮ ᠢᠯᠡᠳᠭᠡᠬᠦ ᠤᠳᠠᠰᠤ ᠶᠢᠨ ᠪᠠᠭᠠᠵᠢ ᠵᠡᠷᠭᠡ ᠪᠠᠭᠠᠵᠢ ᠵᠡᠪᠰᠡᠭ ᠬᠡᠷᠡᠭᠯᠡᠵᠦ ᠪᠠᠶᠢᠵᠠᠢ᠃ ︵ᠵᠢᠷᠤᠭ ᠢ ᠯᠠᠪᠯᠠ︶

     ᠮᠤᠩᠭᠤᠯᠴᠤᠳ ᠤᠨ ᠤᠳᠤᠮᠰᠢᠯᠳᠤ ᠮᠤᠳᠤᠨ ᠡᠳ᠋ ᠬᠡᠷᠡᠭᠰᠡᠯ ᠪᠤᠶᠤ ᠪᠤᠰᠤᠳ ᠡᠳ᠋ ᠬᠡᠷᠡᠭᠰᠡᠯ ᠨᠢ ᠭᠠᠵᠠᠷ

ᠭᠠᠵᠠᠷ ᠤᠨ ᠨᠡᠷᠡᠶᠢᠳᠤᠯ ᠲᠠᠭᠤᠳᠠᠯᠭ᠎ᠠ ᠠᠳᠠᠯᠢ ᠦᠬᠡᠢ ᠲᠤᠯᠠ ᠪᠢᠴᠢᠭᠴᠢ ᠮᠢᠨᠤ ᠪᠡᠶ᠎ᠡ ᠠᠳᠡ᠂ ᠭᠤᠤᠯᠳᠠᠭᠤ ᠠᠷᠤ

ᠬᠤᠷᠴᠢᠨ ᠬᠤᠰᠢᠭᠤᠨ ᠤ ᠡᠮᠤᠨ᠎ᠡ ᠵᠠᠬ᠎ᠠ ᠶᠢᠨ ᠵᠠᠩ ᠲᠠᠳᠬᠠᠯ᠂ ᠬᠡᠯᠡ ᠬᠡᠯᠡᠯᠭᠡ᠂ ᠨᠡᠷ᠎ᠡ ᠲᠠᠭᠤᠳᠠᠯᠭ᠎ᠠ ᠶᠢ

ᠦᠨᠳᠤᠰᠤᠯᠡᠵᠦ ᠪᠢᠴᠢᠭᠰᠡᠨ ᠪᠢᠯᠠ᠂ ᠡᠯ᠎ᠡ ᠭᠠᠵᠠᠷ ᠤᠷᠤᠨ ᠤ ᠮᠤᠳᠤᠨ ᠡᠳ᠋ᠯᠡᠯ ᠬᠡᠷᠡᠭᠰᠡᠯ ᠤᠨ ᠬᠡᠯᠪᠡᠷᠢ ᠮᠠᠶ᠋ᠢᠭ᠂

ᠲᠠᠯᠪᠢᠬᠤ ᠪᠠᠶᠢᠷᠢ᠂ ᠬᠡᠷᠡᠭᠯᠡᠬᠦ ᠠᠷᠭ᠎ᠠ ᠨᠢ ᠪᠦᠷ ᠠᠳᠠᠯᠢ ᠦᠬᠡᠢ ᠪᠠᠶᠢᠳᠠᠭ ᠤᠴᠢᠷ ᠠᠴᠠ ᠦᠷᠭᠡᠨ ᠤᠯᠠᠨ

ᠤᠩᠰᠢᠭᠴᠢᠳ ᠵᠦᠪᠬᠡᠨ ᠬᠢᠨᠠᠯᠳᠠ ᠪᠤᠯᠭᠠᠬᠤ ᠪᠤᠯᠪᠠᠤ︖

︵ᠨᠢᠭᠡ︶ ᠮᠤᠩᠭᠤᠯ ᠭᠡᠷ ᠬᠢᠬᠦ ︵ᠮᠤᠳᠤᠨ ᠤ ᠵᠦᠢᠯ ᠠᠴᠠ ᠪᠤᠰᠤᠳ ᠡᠳ᠋ᠯᠡᠯ ᠬᠡᠷᠡᠭᠰᠡᠯ ᠢ ᠲᠤᠰ ᠪᠦᠯᠦᠭ ᠲᠤ

ᠲᠦᠭᠦᠮᠴᠢᠯᠡᠪᠡ︶

1. ᠲᠤᠭᠤᠨᠤ ᠬᠢᠬᠦ ︵ᠵᠢᠷᠤᠭ ᠢ ᠯᠠᠪᠯᠠ︶

     ᠲᠤᠭᠤᠨᠤ᠂ ᠮᠤᠩᠭᠤᠯ ᠭᠡᠷ ᠤᠨ ᠤᠨᠢ ᠲᠤᠭᠳᠠᠭᠠᠬᠤ ᠴᠠᠮᠬᠠᠭ ᠮᠡᠳᠤ ᠲᠤᠭᠤᠢ ᠴᠠᠭᠠᠷᠢᠭ ᠢ ᠲᠤᠭᠤᠨᠤ ᠭᠡᠳᠡᠭ᠃

ᠲᠤᠭᠤᠨᠤ ᠶᠢᠨ ᠳ᠋ᠢᠶᠠᠮᠧᠳ᠋ᠷ ᠨᠢ ᠭᠤᠷᠪᠠ ᠲᠦᠷᠪᠡᠨ ᠲᠤᠬᠤᠢ ᠪᠠᠶᠢᠵᠦ᠂ ᠲᠡᠷᠡ ᠨᠢ ᠲᠤᠭᠤᠨᠤ ᠶᠢᠨ ᠬᠦᠷᠢᠶ᠎ᠡ᠂

ᠲᠤᠭᠤᠨᠤ ᠶᠢᠨ ᠬᠤᠷᠯᠤ᠂ ᠲᠤᠭᠤᠨᠤ ᠶᠢᠨ ᠭᠤᠤᠯ᠂ ᠲᠤᠭᠤᠨᠤ ᠶᠢᠨ ᠲᠠᠭ᠎ᠠ᠂ ᠲᠦᠷᠪᠡᠯᠵᠢ᠂ ᠴᠦ᠋᠂ ᠲᠤᠭᠤᠨᠤ ᠶᠢᠨ

ᠬᠤᠷᠤᠭᠤ᠂ ᠲᠤᠭᠤᠨᠤ ᠶᠢᠨ ᠴᠠᠮᠬᠠᠭ᠂ ᠬᠠᠪᠠᠯᠭ᠎ᠠ᠂ ᠬᠡᠯᠬᠢᠶᠡᠰᠤ ᠵᠡᠷᠭᠡ ᠪᠠᠷ ᠪᠦᠷᠢᠯᠳᠦᠭᠰᠡᠨ ᠶᠤᠮ᠃ ᠲᠤᠭᠤᠨᠤ ᠨᠢ

ᠮᠤᠩᠭᠤᠯ ᠭᠡᠷ ᠤᠨ ᠠᠭᠤᠷ ᠤᠳᠤᠭ᠎ᠠ ᠭᠠᠳᠠᠭᠰᠢ ᠭᠠᠷᠴᠦ᠂ ᠬᠡᠢ ᠠᠭᠠᠷ ᠮᠤᠩᠭᠤᠯ ᠭᠡᠷ ᠲᠤ ᠨᠡᠪᠳᠡᠷᠡᠬᠦ ᠤᠶᠢᠯᠡᠳᠤᠯ

 ᠲᠠᠢ ᠪᠠᠶᠢᠳᠠᠭ᠃

2.ᠤᠨᠢ

     ᠬᠠᠨ᠎ᠠ ᠶᠢᠨ ᠲᠤᠯᠤᠭᠠᠢ ᠪᠤᠯᠤᠨ ᠲᠤᠭᠤᠨᠤ ᠶᠢ ᠬᠤᠭᠤᠷᠤᠨᠳᠤ ᠨᠢ ᠵᠠᠯᠭᠠᠵᠦ ᠪᠠᠶᠢᠬᠤ ᠮᠤᠳᠤ ᠶᠢ ᠤᠨᠢ ᠭᠡᠳᠡᠭ᠃

ᠤᠨᠢ ᠶᠢ ᠲᠤᠯᠤᠭᠠᠨ ᠲᠤᠬᠤᠢ ᠰᠢᠬᠠᠮ ᠤᠷᠳᠤ᠂ ᠨᠢᠭᠡ ᠢᠮᠠᠬᠤ ᠵᠤᠵᠠᠭᠠᠨ ᠤᠳᠠ ᠮᠤᠳᠤ ᠪᠠᠷ ᠬᠢᠳᠡᠭ᠃ ᠨᠢᠭᠡ

ᠦᠵᠤᠭᠦᠷ ᠨᠢ ᠪᠦᠳᠤᠭᠦᠨ᠂ ᠨᠢᠭᠡ ᠦᠵᠤᠭᠦᠷ ᠨᠢ ᠨᠠᠷᠢᠨ ᠪᠠᠶᠢᠵᠦ᠂ ᠪᠦᠳᠤᠭᠦᠨ ᠦᠵᠤᠭᠦᠷ ᠢ ᠨᠢ ᠤᠨᠢᠨ ᠤᠭᠯᠠᠭᠤᠷ

ᠬᠢᠵᠦ᠂ ᠲᠤᠭᠤᠨᠤ ᠶᠢᠨ ᠬᠦᠷᠢᠶᠡᠨ ᠳᠤ ᠬᠡᠯᠬᠢᠨ ᠲᠠᠯᠪᠢᠵᠦ᠂ ᠨᠠᠷᠢᠨ ᠦᠵᠤᠭᠦᠷ ᠲᠤᠨᠢ ᠴᠤᠭᠤᠯᠠᠵᠦ ᠬᠢᠯᠭᠠᠰᠤᠨ

ᠰᠠᠭᠠᠯᠳᠤᠷᠭ᠎ᠠ ᠵᠤᠬᠢᠶᠠᠳᠠᠭ᠃

3. ᠬᠠᠨ᠎ᠠ

     ᠮᠤᠩᠭᠤᠯ ᠭᠡᠷ ᠤᠨ ᠬᠠᠶᠠᠭ᠎ᠠ ᠶᠢ ᠬᠠᠨ᠎ᠠ ᠭᠡᠨ᠎ᠡ᠃ ᠬᠠᠨ᠎ᠠ ᠨᠢ ᠬᠠᠨ᠎ᠠ ᠶᠢᠨ ᠮᠤᠳᠤ᠂ ᠬᠠᠨ᠎ᠠ ᠶᠢᠨ ᠲᠤᠯᠤᠭᠠᠢ᠂

ᠬᠠᠨ᠎ᠠ ᠶᠢᠨ ᠰᠢᠬᠢᠷ᠎ᠠ᠂ ᠬᠠᠨ᠎ᠠ ᠶᠢᠨ ᠠᠮᠠ᠂ ᠬᠠᠨ᠎ᠠ ᠶᠢᠨ ᠦᠳᠡᠭᠡᠷᠢ᠂ ᠬᠠᠨ᠎ᠠ ᠶᠢᠨ ᠨᠢᠳᠤ᠂ ᠬᠠᠨ᠎ᠠ ᠶᠢᠨ ᠵᠠᠩᠬᠢᠶ᠎ᠠ

ᠵᠡᠷᠭᠡ ᠪᠠᠷ ᠪᠦᠷᠢᠯᠳᠦᠭᠰᠡᠨ ᠪᠠᠶᠢᠳᠠᠭ᠃ ᠬᠠᠨ᠎ᠠ ᠨᠢᠭᠡᠪᠤᠷᠢ ᠨᠢ ᠤᠷᠳᠤ ᠤᠬᠤᠷ ᠨᠢ ᠠᠳᠠᠯᠢ ᠦᠬᠡᠢ 18 ᠪᠦᠳᠤᠭᠦᠨ

ᠪᠤᠷᠭᠠᠰᠤ ᠪᠤᠶᠤ ᠤᠳᠠ ᠮᠤᠳᠤ ᠶᠢ ᠲᠦᠷᠪᠡᠯᠵᠢᠯᠡᠵᠦ ᠰᠤᠯᠢᠪᠴᠠᠭᠤᠯᠤᠨ ᠲᠠᠯᠪᠢᠭᠠᠳ ᠠᠭᠤᠯᠵᠠᠷ ᠢ ᠨᠢ ᠰᠤᠷ

ᠦᠳᠡᠭᠡᠷᠢ ᠪᠠᠷ ᠦᠳᠡᠭᠡᠷᠢᠯᠡᠨ ᠪᠦᠳᠦᠭᠡᠭᠰᠡᠨ ᠤᠷᠳᠤ ᠲᠦᠷᠪᠡᠯᠵᠢᠨ ᠲᠤᠨᠤᠯᠵᠢᠨ ᠪᠡᠶᠡᠳᠤ ᠮᠦᠨ᠃

4. ᠡᠭᠦᠳᠡ

     ᠡᠭᠦᠳᠡ ᠶᠢ ᠪᠠᠷᠤᠭ ᠬᠠᠨ᠎ᠠ ᠶᠢᠨ ᠦᠨᠳᠤᠷᠴᠡ ᠲᠠᠢ ᠠᠳᠠᠯᠢ ᠬᠢᠳᠡᠭ᠃ ᠬᠠᠶᠢᠯᠠᠰᠤ ᠪᠤᠶᠤ ᠬᠤᠰᠤᠨ ᠮᠤᠳᠤ

 ᠪᠠᠷ ᠬᠢᠳᠡᠭ᠂ ᠡᠭᠦᠳᠡ ᠶᠢᠨ ᠲᠤᠤᠷᠠᠬᠢ ᠬᠡᠰᠡᠭ ᠢ ᠮᠤᠳᠤᠨ ᠪᠠᠨᠰᠠ ᠪᠠᠷ ᠪᠠᠬᠢᠯᠡᠨ ᠬᠢᠵᠦ᠂ ᠲᠡᠭᠡᠷ᠎ᠡ ᠬᠡᠰᠡᠭ ᠲᠤ ᠨᠢᠭᠡᠨ

ᠵᠢᠭᠠᠬᠠᠨ ᠴᠤᠩᠬᠤ ᠭᠠᠷᠭᠠᠳᠠᠭ᠃ ᠬᠤᠵᠢᠮ ᠨᠢ ᠠᠷᠠᠳ ᠤᠨ ᠠᠮᠢᠳᠤᠷᠠᠯ ᠰᠠᠶᠢᠵᠢᠷᠠᠭᠠᠳ᠂ ᠬᠦᠮᠤᠰ ᠡᠭᠦᠳᠡ ᠪᠠᠨ

ᠰᠢᠷᠢ ᠪᠤᠳᠤᠭ ᠰᠠᠭᠤᠯᠭᠠᠵᠦ᠂ ᠬᠡ ᠤᠭᠠᠯᠵᠠ ᠵᠢᠷᠤᠵᠦ ᠰᠡᠶᠢᠯᠬᠦ ᠪᠤᠯᠪᠠ᠃ ᠦᠩᠭᠡᠷᠡᠭᠰᠡᠨ ᠳᠡᠭᠡᠨ ᠮᠤᠳᠤᠨ ᠡᠭᠦᠳᠡ

ᠬᠢᠵᠦ ᠪᠠᠶᠢᠭᠰᠠᠨ ᠦᠬᠡᠢ᠂ ᠨᠢᠭᠡᠨ ᠢᠰᠡᠭᠡᠢ ᠡᠯᠭᠦᠮᠡᠯ ᠤᠷᠬᠢᠭᠤᠯ ᠡᠯᠭᠦᠵᠦ ᠪᠠᠶᠢᠭᠰᠠᠨ ᠪᠢᠯᠠ᠃

︵ᠬᠤᠶᠠᠷ︶ ᠮᠤᠩᠭᠤᠯ ᠭᠡᠷ ᠤᠨ ᠲᠤᠳᠤᠷᠠᠬᠢ ᠮᠤᠳᠤᠨ ᠡᠳ᠋ᠯᠡᠯ ᠬᠡᠷᠡᠭᠰᠡᠯ

1. ᠪᠠᠨᠳᠠᠩ

     ᠮᠤᠩᠭᠤᠯ ᠭᠡᠷ ᠤᠨ ᠪᠠᠨᠳᠠᠩ ᠨᠢ ᠰᠠᠨᠳᠠᠯᠢ ᠢᠰᠡᠷᠢ ᠶᠢ ᠬᠡᠯᠡᠵᠦ ᠪᠠᠶᠢᠭ᠎ᠠ ᠪᠢᠰᠢ᠂ ᠬᠠᠷᠢᠨ ᠬᠠᠭᠠᠰ ᠲᠦᠭᠦᠷᠢᠭ

ᠬᠡᠯᠪᠡᠷᠢ ᠲᠠᠢ᠂ ᠨᠢᠭᠡ ᠲᠠᠯ᠎ᠠ ᠨᠢ ᠰᠢᠯᠤᠭᠤᠨ ᠠᠰ ᠪᠠᠶᠢᠳᠠᠭ︔ ᠭᠠᠵᠠᠷ ᠠᠴᠠ ᠲᠡᠭᠡᠭᠰᠢ ᠪᠠᠷᠤᠭ ᠨᠢᠭᠡ ᠲᠤᠬᠤᠢ

ᠦᠨᠳᠤᠷ ᠬᠢᠭᠰᠡᠨ ᠬᠠᠪᠳᠠᠰᠤᠨ ᠣᠷᠦ ᠠᠳᠠᠯᠢ ᠭᠤᠷᠪᠠᠨ ᠬᠡᠰᠡᠭ ᠮᠤᠳᠤᠨ ᠡᠳ᠋ᠯᠡᠯ ᠢ ᠬᠡᠯᠡᠵᠦ ᠪᠠᠶᠢᠳᠠᠭ᠃ ᠪᠠᠨᠳᠠᠩ ᠤᠨ

ᠨᠢᠮᠭᠡᠨ ᠵᠤᠵᠠᠭᠠᠨ ᠶᠡᠭᠡ ᠪᠠᠭ᠎ᠠ ᠨᠢ ᠲᠤᠭᠳᠠᠭᠰᠠᠨ ᠬᠡᠮᠵᠢᠶ᠎ᠡ ᠪᠠᠶᠢᠬᠤ ᠦᠬᠡᠢ᠂ ᠭᠤᠤᠯᠳᠠᠭᠤ ᠮᠤᠩᠭᠤᠯ ᠭᠡᠷ ᠤᠨ

ᠬᠡᠳᠤᠨ ᠬᠠᠨ᠎ᠠ ᠶᠢᠨ ᠮᠤᠩᠭᠤᠯ ᠭᠡᠷ ᠪᠤᠯᠬᠤ ᠪᠠᠨ ᠦᠨᠳᠤᠰᠤᠯᠡᠵᠦ᠂ ᠶᠡᠭᠡ ᠪᠠᠭ᠎ᠠ ᠶᠢ ᠨᠢ ᠲᠤᠬᠢᠷᠠᠭᠤᠯᠵᠦ ᠬᠢᠳᠡᠭ ᠶᠤᠮ

᠃ ᠪᠠᠨᠳᠠᠩ ᠢᠶᠠᠨ ᠲᠡᠪᠢᠰᠬᠦ ᠳᠡᠭᠡᠨ ᠠᠷᠤ ᠲᠠᠯ᠎ᠠ ᠬᠤᠶᠢᠮᠤᠷ ᠢᠶᠠᠷ ᠲᠤᠯᠭ᠎ᠠ ᠶᠢᠨ ᠠᠷᠤ ᠪᠠᠷ᠂ ᠲᠦᠭᠦᠷᠢᠭ ᠲᠠᠯ᠎ᠠ ᠶᠢ ᠨᠢ

ᠬᠠᠨ᠎ᠠ ᠪᠠᠷ ᠠᠭᠤᠯᠵᠠᠭᠤᠯᠤᠨ ᠲᠠᠭᠠᠷᠠᠭᠤᠯᠵᠦ᠂ ᠰᠢᠯᠤᠭᠤᠨ ᠠᠰ ᠲᠠᠯ᠎ᠠ ᠶᠢ ᠨᠢ ᠲᠤᠯᠭ᠎ᠠ ᠶᠢᠨ ᠠᠷᠤ ᠪᠠᠷ ᠵᠠᠭᠦᠨᠰᠢ

ᠪᠠᠷᠠᠭᠤᠨᠰᠢ ᠠᠰᠯᠠᠭᠤᠯᠤᠨ ᠲᠠᠯᠪᠢᠨ᠎ᠠ᠃ ᠨᠦᠭᠦᠭᠡ ᠬᠤᠶᠠᠷ ᠬᠡᠰᠡᠭ ᠪᠠᠨᠳᠠᠩ ᠢ ᠨᠢ ᠲᠤᠯᠭ᠎ᠠ ᠶᠢᠨ ᠪᠠᠷᠠᠭᠤᠨ ᠵᠡᠭᠦᠨ

ᠬᠤᠶᠠᠷ ᠲᠠᠯ᠎ᠠ ᠳᠤ ᠲᠦᠭᠦᠷᠢᠭ ᠲᠠᠯ᠎ᠠ ᠶᠢ ᠨᠢ ᠬᠠᠨ᠎ᠠ ᠵᠦᠭ ᠲᠠᠭᠠᠷᠠᠭᠤᠯᠵᠦ᠂ ᠰᠢᠯᠤᠭᠤᠨ ᠠᠰ ᠲᠠᠯ᠎ᠠ ᠶᠢ ᠨᠢ

ᠲᠤᠳᠤᠷ᠎ᠠ ᠲᠠᠯ᠎ᠠ ᠳᠤ᠂ ᠡᠭᠦᠳᠡᠨ ᠤ ᠬᠤᠶᠠᠷ ᠬᠦᠪᠡᠭᠡ ᠶᠢ ᠠᠰᠠᠯᠠᠭᠤᠯᠤᠨ ᠲᠠᠯᠪᠢᠨ᠎ᠠ᠃ ᠤᠳᠤ ᠪᠤᠯᠵᠦ ᠢᠷᠡᠭᠦ ᠳᠤ

ᠵᠠᠷᠢᠮ ᠴᠢᠨᠡᠭᠡᠯᠢᠭ ᠠᠮᠢᠳᠤᠷᠠᠯ ᠲᠠᠢ ᠬᠦᠮᠤᠰ᠂ ᠪᠠᠨᠳᠠᠩ ᠤᠨ ᠲᠡᠭᠡᠷ᠎ᠡ ᠪᠠᠨ ᠬᠡᠪᠢᠰ ᠲᠡᠪᠢᠰᠬᠦ ᠪᠤᠯᠵᠦ ᠪᠠᠶᠢᠨ᠎ᠠ᠃

2. ᠪᠤᠷᠬᠠᠨ ᠠᠪᠳᠠᠷ᠎ᠠ

     ᠤᠯᠠᠩᠬᠢ ᠲᠤᠭᠠᠨ ᠤ ᠮᠤᠩᠭᠤᠯᠴᠤᠳ᠂ ᠪᠤᠷᠬᠠᠨ ᠱᠠᠰᠢᠨ ᠢ ᠰᠢᠳᠤᠳᠡᠭ ᠲᠤᠯᠠ ᠠᠶᠢᠯ ᠪᠤᠯᠭᠠᠨ᠂ ᠮᠤᠩᠭᠤᠯ

ᠭᠡᠷ ᠤᠨ ᠢᠶᠠᠨ ᠪᠠᠷᠠᠭᠤᠨ ᠬᠤᠶᠢᠨ᠎ᠡ ᠪᠠᠨ ︽ᠪᠤᠷᠬᠠᠨ ᠠᠪᠳᠠᠷ᠎ᠠ︾ ᠬᠢᠵᠦ᠂ ᠲᠡᠭᠦᠨ ᠤ ᠲᠡᠭᠡᠷ᠎ᠡ ᠨᠢ ᠭᠦᠩᠭᠠᠷᠪᠠ᠂

ᠲᠠᠬᠢᠯ᠂ ᠵᠤᠯᠠ ᠵᠡᠷᠭᠡ ᠶᠢᠨ ᠵᠦᠢᠯ ᠲᠠᠯᠪᠢᠵᠦ᠂ ᠡᠮᠤᠨ᠎ᠡ ᠨᠢ ᠰᠤᠳᠤᠷ ᠤᠨ ᠰᠢᠷᠡᠭᠡ ᠲᠠᠯᠪᠢᠳᠠᠭ ᠪᠢᠯᠠ᠃ ᠤᠳᠤ

ᠪᠤᠯᠵᠦ ᠢᠷᠡᠭᠦ ᠳᠤ ᠵᠠᠷᠢᠮ ᠬᠦᠮᠤᠰ ᠪᠤᠷᠬᠠᠨ ᠠᠪᠳᠠᠷ᠎ᠠ ᠶᠢᠨ ᠲᠡᠷᠭᠡᠳᠡ ᠷᠠᠳᠢᠤ᠋᠂ ᠲᠠᠭᠤ ᠰᠢᠩᠭᠡᠭᠡᠯᠳᠡ ᠶᠢᠨ ᠮᠠᠰᠢᠨ᠂

ᠵᠢᠷᠤᠭᠳᠤ ᠷᠠᠳᠢᠤ᠋᠂ ᠲᠧᠯᠸᠢᠰ ᠵᠡᠷᠭᠡ ᠶᠢ ᠲᠠᠯᠪᠢᠬᠤ ᠪᠤᠯᠤᠭᠰᠠᠨ ᠪᠠᠶᠢᠨ᠎ᠠ᠃

3. ᠬᠠᠶᠢᠷᠴᠠᠭ

     ᠬᠠᠶᠢᠷᠴᠠᠭ ᠢ ᠶᠡᠭᠡ ᠪᠠᠭ᠎ᠠ ᠬᠢᠬᠦ᠂ ᠲᠠᠯᠪᠢᠬᠤ ᠤᠷᠤᠨ ᠪᠠᠶᠢᠷᠢ ᠶᠢ ᠲᠤᠬᠢᠷᠠᠭᠤᠯᠬᠤ ᠵᠡᠷᠭᠡ ᠲᠠᠯ᠎ᠠ ᠪᠠᠷ ᠪᠦᠷ

ᠠᠳᠠᠯᠢ ᠦᠬᠡᠢ ᠪᠠᠶᠢᠳᠠᠭ᠃ ᠭᠡᠪᠡᠴᠦ ᠤᠯᠠᠩᠬᠢ ᠳᠠᠭᠠᠨ ᠠᠪᠤ ᠶᠢᠨ ᠬᠠᠶᠢᠷᠴᠠᠭ ᠨᠢ ᠪᠠᠷᠠᠭᠤᠨ ᠬᠤᠶᠢᠳᠤ ᠪᠤᠷᠬᠠᠨ

ᠠᠪᠳᠠᠷ᠎ᠠ ᠶᠢᠨ ᠲᠠᠷᠠᠭ᠎ᠠ ᠲᠠᠯᠪᠢᠵᠦ᠂ ᠡᠵᠢ ᠶᠢᠨ ᠬᠢᠨᠢ ᠬᠠᠶᠢᠷᠴᠠᠭ ᠢ ᠵᠡᠭᠦᠨ ᠬᠤᠶᠢᠳᠤ ᠲᠠᠯ᠎ᠠ ᠳᠤ ᠲᠠᠯᠪᠢᠵᠦ᠂

ᠬᠦᠪᠡᠭᠦᠨ ᠪᠤᠯᠤᠨ ᠪᠡᠷᠢ ᠶᠢᠨ ᠬᠢᠨᠢ ᠬᠠᠶᠢᠷᠴᠠᠭ ᠢ ᠪᠠᠷᠠᠭᠤᠨ ᠲᠠᠯ᠎ᠠ ᠳᠤ ᠪᠤᠶᠤ ᠬᠦᠤ ᠶᠢᠨ ᠬᠢᠨᠢ ᠪᠠᠷᠠᠭᠤᠨ᠂ ᠪᠡᠷᠢ

 ᠶᠢᠨ ᠬᠢᠨᠢ ᠵᠡᠬᠦᠨ ᠲᠠᠯ᠎ᠠ ᠳᠤ ᠠᠰ ᠠᠰᠳᠠᠭᠠᠨ ᠲᠠᠯᠪᠢᠳᠠᠭ ᠴᠦ ᠪᠤᠢ᠃

4. ᠨᠤᠮ ᠤᠨ ᠬᠤᠷᠭᠤ

     ᠤᠳᠤ ᠪᠤᠯᠬᠤ ᠳᠤ ᠨᠡᠯᠢᠶᠡᠳ ᠬᠦᠮᠤᠰ ᠪᠢᠴᠢᠭ ᠨᠤᠮ ᠢ ᠬᠦᠨᠳᠤᠳᠭᠡᠨ ᠡᠷᠬᠢᠮᠯᠡᠬᠦ ᠪᠤᠯᠤᠭᠰᠠᠨ ᠠᠴᠠ ᠵᠠᠷᠢᠮ

ᠮᠠᠯᠴᠢᠨ᠂ ᠪᠤᠷᠬᠠᠨ ᠠᠪᠳᠠᠷ᠎ᠠ ᠶᠢᠨ ᠲᠠᠷᠠᠭ᠎ᠠ ᠵᠡᠭᠦᠨ ᠲᠠᠯ᠎ᠠ ᠳᠤᠨᠢ ᠨᠤᠮ ᠤᠨ ᠬᠤᠷᠭᠤ ᠬᠢᠵᠦ᠂ ᠨᠤᠮ ᠰᠡᠳᠬᠦᠯ

ᠵᠠᠬᠢᠶᠠᠯᠠᠬᠤ ᠪᠤᠶᠤ ᠬᠤᠳᠠᠯᠳᠤᠨ ᠠᠪᠤᠭᠠᠳ ᠰᠤᠷᠤᠯᠴᠠᠬᠤ ᠳᠤ ᠲᠦᠭᠦᠮ ᠪᠤᠯᠭᠠᠨ ᠠᠰᠢᠭᠯᠠᠵᠦ ᠪᠠᠶᠢᠨ᠎ᠠ᠃

5. ᠤᠷᠤ ᠶᠢᠨ ᠰᠢᠷᠡᠭᠡ

     ᠤᠷᠤ ᠶᠢᠨ ᠰᠢᠷᠡᠭᠡ ᠶᠢᠨ ᠤᠷᠳᠤ ᠨᠢ ᠲᠦᠷᠪᠡᠨ ᠲᠤᠬᠤᠢ᠂ ᠦᠨᠳᠤᠷ ᠨᠢ ᠨᠢᠭᠡ ᠲᠤᠬᠤᠢ ᠲᠠᠪᠤᠨ ᠢᠮᠠᠬᠤ

ᠲᠦᠯᠦᠪᠳᠠᠢ᠂ ᠭᠤᠷᠪᠠ ᠲᠦᠷᠪᠡᠨ ᠰᠢᠷᠭᠤᠤᠯ ᠲᠠᠢ ᠪᠠᠶᠢᠳᠠᠭ᠂ ᠤᠷᠤ ᠶᠢᠨ ᠰᠢᠷᠡᠭᠡ ᠶᠢ ᠡᠭᠦᠳᠡ ᠶᠢ ᠠᠰᠠᠯᠠᠭᠤᠯᠤᠨ

ᠬᠤᠶᠢᠮᠤᠷ ᠲᠠᠯᠪᠢᠬᠤ ᠪᠤᠶᠤ ᠪᠠᠭᠠᠬᠠᠨ ᠵᠡᠭᠦᠨᠰᠢ ᠨᠤᠮ ᠤᠨ ᠬᠤᠷᠭᠤ ᠶᠢ ᠵᠠᠯᠭᠠᠯᠳᠤᠭᠤᠯᠤᠨ ᠲᠠᠯᠪᠢᠵᠦ᠂ ᠲᠡᠭᠡᠷ᠎ᠡ ᠨᠢ

ᠤᠷᠤ ᠲᠡᠪᠢᠰᠭᠡᠷ ᠢᠶᠠᠨ ᠬᠤᠷᠢᠶᠠᠵᠦ᠂ ᠰᠢᠷᠭᠤᠤᠯ ᠲᠤᠳᠤᠷ᠎ᠠ ᠨᠢ ᠱᠠᠬᠠᠢ ᠭᠤᠳᠤᠯ ᠪᠤᠶᠤ᠂ ᠭᠠᠷ ᠦᠵᠤᠭᠦᠷ ᠵᠠᠷᠤᠳᠠᠭ

ᠶᠠᠭᠤᠮ᠎ᠠ ᠪᠠᠨ ᠬᠢᠳᠡᠭ ᠶᠤᠮ᠃

6. ᠬᠤᠷᠭᠤ

     ᠬᠤᠷᠭᠤ ᠳᠤ ᠲᠤᠭᠳᠠᠭᠰᠠᠨ ᠶᠡᠭᠡ ᠪᠠᠭ᠎ᠠ ᠶᠢᠨ ᠬᠡᠮᠵᠢᠶ᠎ᠡ ᠪᠠ ᠬᠡᠯᠪᠡᠷᠢ ᠮᠠᠶ᠋ᠢᠭ ᠭᠡᠵᠦ ᠨᠢᠭᠡᠳᠤᠯ ᠦᠬᠡᠢ᠃

ᠭᠡᠪᠡᠴᠦ ᠶᠡᠷᠤ ᠳᠡᠭᠡᠨ ᠲᠡᠭᠡᠷ᠎ᠡ ᠲᠤᠤᠷ᠎ᠠ ᠬᠤᠶᠠᠷ ᠲᠠᠪᠬᠤᠷ ᠪᠠᠶᠢᠵᠦ᠂ ᠲᠡᠭᠡᠷ᠎ᠡ ᠲᠠᠪᠬᠤᠷᠭ᠎ᠠ ᠳᠤᠨᠢ ᠠᠶᠠᠭ᠎ᠠ ᠰᠠᠪᠬ᠎ᠠ᠂

ᠰᠢᠯ ᠲᠠᠪᠠᠭ᠂ ᠠᠷᠢᠬᠢ ᠲᠠᠷᠠᠰᠤ᠂ ᠴᠠᠢ ᠶᠢᠨ ᠲᠠᠪᠤᠷ᠎ᠠ ᠵᠡᠷᠭᠡ ᠴᠤᠮᠤ ᠱᠠᠭᠠᠵᠠᠩ ᠤᠨ ᠡᠳ᠋ᠯᠡᠯ ᠪᠠᠶᠢᠵᠦ᠂ ᠲᠤᠤᠷ᠎ᠠ

ᠲᠠᠪᠬᠤᠷᠭ᠎ᠠ ᠳᠤᠨᠢ ᠬᠠᠭᠤᠷᠤᠭᠰᠠᠨ ᠪᠤᠳᠠᠭ᠎ᠠ ᠬᠢᠭᠰᠡᠨ ᠮᠤᠳᠤᠨ ᠰᠠᠪᠠ ᠪᠤᠶᠤ ᠪᠤᠳᠤᠩ᠂ ᠬᠤᠷᠤᠳ ᠲᠤᠰᠤ᠂ ᠠᠶᠢᠷᠠᠭ

ᠴᠠᠭ᠎ᠠ ᠬᠢᠭᠰᠡᠨ ᠶᠡᠭᠡ ᠪᠠᠭ᠎ᠠ ᠪᠤᠳᠤᠩ ᠤᠳ᠂ ᠮᠤᠳᠤ ᠪᠤᠷᠭᠠᠰᠤᠨ ᠡᠳ᠋ᠯᠡᠯ ᠤᠳ ᠲᠠᠯᠪᠢᠳᠠᠭ᠃ ᠭᠡᠷ ᠤᠨ ᠵᠡᠭᠦᠨ

ᠡᠮᠤᠨ᠎ᠡ ᠬᠡᠰᠡᠭ ᠲᠤ ᠤᠭᠤᠤᠷ᠂ ᠰᠦ ᠶᠢᠨ ᠰᠠᠭᠤᠯᠭ᠎ᠠ᠂ ᠤᠰᠤᠨ ᠠᠭᠠᠷᠤ᠂ ᠲᠤᠭᠤᠭ᠎ᠠ ᠰᠢᠨᠠᠭ᠎ᠠ ᠶᠢᠨ ᠵᠦᠢᠯ ᠵᠡᠷᠭᠡ

ᠰᠠᠪᠠ ᠰᠠᠭᠠᠯᠢ ᠪᠠᠨ ᠲᠠᠯᠪᠢᠳᠠᠭ ᠶᠤᠮ᠃ ᠮᠤᠩᠭᠤᠯ ᠭᠡᠷ ᠤᠨ ᠪᠠᠷᠠᠭᠤᠨ ᠡᠮᠤᠨ᠎ᠡ ᠬᠡᠰᠡᠭ ᠲᠤ ᠬᠠᠨ᠎ᠠ ᠶᠢᠨ ᠲᠤᠯᠤᠭᠠᠢ

 ᠳᠤ ᠡᠷᠡᠭᠳᠠᠶᠢᠴᠤᠳ ᠤᠨ ᠬᠡᠷᠡᠭᠯᠡᠳᠡᠭ ᠲᠠᠰᠢᠭᠤᠷ᠂ ᠮᠤᠩᠭᠤᠯ ᠬᠢᠳᠤᠭ᠎ᠠ᠂ ᠰᠠᠭᠠᠳᠠᠭ ᠨᠤᠮᠤ᠂ ᠪᠢᠯᠠᠭᠤ ᠰᠢᠳᠠᠮ᠂

ᠬᠠᠵᠠᠭᠠᠷ ᠨᠤᠭᠳᠤ ᠵᠡᠷᠭᠡ ᠶᠢ ᠡᠯᠬᠦᠨ ᠲᠠᠯᠪᠢᠳᠠᠭ᠃ ᠦᠩᠭᠡᠷᠡᠭᠰᠡᠨ ᠳᠡᠭᠡᠨ ᠬᠤᠷᠭᠤ ᠶᠢ ᠴᠤᠯ ᠮᠤᠳᠤᠨ

ᠦᠩᠭᠡ ᠪᠠᠷ ᠨᠢ ᠪᠠᠶᠢᠯᠭᠠᠵᠦ ᠵᠠᠷᠤᠵᠦ ᠪᠠᠶᠢᠭᠰᠠᠨ ᠠᠴᠠ ᠪᠠᠨ ᠤᠳᠤ ᠪᠤᠯᠬᠤ ᠳᠤ ᠬᠤᠷᠭᠤ ᠶᠢᠨ ᠨᠢᠭᠤᠷ ᠲᠠᠯ᠎ᠠ ᠳᠤᠨᠢ

ᠰᠢᠷ ᠪᠤᠳᠤᠭ ᠰᠠᠭᠤᠯᠭᠠᠵᠦ᠂ ᠵᠦᠢᠯ ᠪᠦᠷᠢ ᠶᠢᠨ ᠴᠡᠴᠡᠭ ᠬᠤᠸᠠᠷ᠂ ᠠᠭᠤᠯᠠ ᠤᠰᠤ᠂ ᠪᠤᠭᠤ ᠭᠦᠷᠤᠭᠡᠰᠤ ᠰᠢᠪᠠᠭᠤ

ᠪᠤᠯᠵᠤᠮᠤᠷ ᠵᠢᠷᠤᠵᠦ᠂ ᠦᠯᠵᠠᠢ ᠵᠠᠩᠬᠢᠶ᠎ᠠ ᠬᠡ ᠤᠭᠠᠯᠵᠠ ᠤᠷᠠᠯᠠᠬᠤ ᠪᠤᠯᠤᠭᠰᠠᠨ ᠪᠠᠶᠢᠨ᠎ᠠ᠃

︵ᠭᠤᠷᠪᠠ︶ ᠦᠬᠡᠷ ᠲᠡᠷᠭᠡ ᠬᠢᠬᠦ

     ᠦᠬᠡᠷ ᠲᠡᠷᠭᠡ ᠶᠢ ᠮᠠᠨ ᠤ ᠨᠤᠳᠤᠭ ᠲᠤ ᠪᠠᠰᠠ ᠬᠠᠰᠠᠭ ᠲᠡᠷᠭᠡ ᠪᠤᠶᠤ ᠭᠤᠭᠤᠵᠢᠭᠤᠷ ᠲᠡᠷᠭᠡ ᠭᠡᠵᠦ ᠬᠡᠯᠡᠳᠡᠭ

᠃ ᠦᠬᠡᠷ ᠲᠡᠷᠭᠡ ᠬᠢᠬᠦ ᠳᠤ ᠤᠷᠢᠳᠠᠪᠡᠷ ᠲᠡᠷᠭᠡᠨ ᠠᠷᠠᠯ ᠤᠨ ᠮᠤᠳᠤ ᠶᠢ ᠰᠤᠩᠭᠤᠨ᠎ᠠ᠂ ᠦᠬᠡᠷ ᠲᠡᠷᠭᠡᠨ ᠤ ᠠᠷᠠᠯ ᠤᠨ

ᠮᠤᠳᠤ ᠳᠤ ᠭᠤᠤᠯᠳᠠᠭᠤ ᠰᠢᠯᠤᠭᠤᠨ ᠠᠰᠬᠠᠨ ᠪᠦᠭᠡᠳ ᠪᠦᠳᠤᠭᠦᠨ ᠤᠷᠳᠤᠯᠢᠭ ᠬᠠᠶᠢᠯᠠᠰᠤᠨ ᠮᠤᠳᠤ ᠪᠤᠶᠤ ᠬᠤᠰᠤᠨ

ᠮᠤᠳᠤ ᠶᠢ ᠰᠤᠩᠭᠤᠨ ᠬᠡᠷᠡᠭᠯᠡᠳᠡᠭ ᠶᠤᠮ᠃ ᠠᠷᠠᠯ ᠤᠨ ᠮᠤᠳᠤ ᠪᠠᠨ ᠤᠭᠳᠤᠯᠠᠨ ᠤᠨᠠᠭᠠᠵᠦ ᠠᠪᠴᠢᠷᠠᠭᠰᠠᠨ ᠤ

ᠲᠠᠷᠠᠭ᠎ᠠ᠂ ᠮᠤᠳᠤᠨ ᠤ ᠶᠠᠷ ᠰᠠᠯᠠᠭ᠎ᠠ ᠶᠢ ᠨᠢ ᠤᠶᠢᠯᠠ ︵ᠤᠭᠤᠯᠢ︶ ᠪᠠᠷ ᠴᠠᠪᠴᠢᠨ ᠬᠠᠶᠠᠵᠦ᠂ ᠠᠷᠠᠯ ᠢᠶᠠᠨ

ᠬᠠᠷᠤᠭᠤᠯᠳᠠᠵᠤ ᠠᠰᠬᠠᠨ ᠡᠪᠯᠢᠭ ᠪᠤᠯᠭᠠᠨ᠎ᠠ︔ ᠠᠷᠠᠯ ᠤᠨ ᠡᠮᠤᠨ᠎ᠡ ᠦᠵᠤᠭᠦᠷ ᠲᠤ ᠪᠤᠭᠤᠯᠭ᠎ᠠ ᠲᠤᠭᠳᠠᠭᠠᠬᠤ ᠪᠠᠷ

ᠬᠤᠶᠠᠷ ᠨᠦᠬᠡ ᠴᠤᠭᠤᠯᠠᠵᠦ᠂ ᠨᠦᠬᠡᠨ ᠳᠤᠨᠢ ᠪᠤᠭᠤᠯᠭ᠎ᠠ ᠪᠠᠨ ᠤᠶᠠᠬᠤ ᠪᠤᠶᠤ᠂ ᠨᠦᠬᠡᠨ ᠳᠤ ᠨᠢ ᠮᠤᠳᠤᠨ ᠴᠦᠴᠡ

ᠴᠤᠬᠢᠨ ᠤᠷᠤᠭᠤᠯᠵᠦ᠂ ᠪᠤᠭᠤᠯᠭ᠎ᠠ ᠪᠠᠨ ᠮᠤᠳᠤᠨ ᠴᠦᠴᠡ ᠠᠴᠠ ᠬᠢᠯᠠᠭᠠᠰᠤᠨ ᠲᠡᠭᠡᠰᠤ ᠪᠠᠷ ᠬᠤᠯᠪᠤᠨ ᠤᠶᠠᠳᠠᠭ

ᠪᠠᠶᠢᠭᠰᠠᠨ᠃ ᠠᠷᠠᠯ ᠤᠨ ᠠᠷᠤ ᠬᠡᠰᠡᠭ ᠲᠤ ᠬᠤᠶᠠᠷ ᠬᠦᠷᠳᠤᠨ ᠤ ᠲᠤᠮᠳᠠ᠂ ᠬᠠᠶᠢᠯᠠᠰᠤᠨ ᠮᠤᠳᠤ ᠪᠤᠶᠤ ᠬᠠᠳᠠᠭᠤ

ᠪᠡᠬᠡᠯᠢᠭ ᠮᠤᠳᠤ ᠪᠠᠷ ᠶᠠᠰᠢᠩ ᠬᠢᠳᠡᠭ︔ ᠶᠠᠰᠢᠩ ᠢᠶᠠᠨ ᠢᠯᠠᠤ ᠪᠠᠷ ᠠᠷᠠᠯ ᠤᠨ ᠨᠦᠬᠡᠨ ᠳᠤᠨᠢ ᠬᠤᠯᠪᠤᠯᠳᠤᠭᠤᠯᠤᠨ

ᠴᠠᠪᠠᠤ ᠲᠠᠢ ᠱᠠᠭᠠᠨᠴᠢᠭ ᠱᠠᠭᠠᠵᠦ ᠲᠤᠭᠳᠠᠭᠠᠨ᠎ᠠ᠃ ᠬᠤᠶᠠᠷ ᠲᠠᠯ᠎ᠠ ᠶᠢᠨ ᠶᠠᠰᠢᠩ ᠤᠨ ᠲᠤᠮᠳᠠᠬᠢ ᠲᠡᠷᠭᠡᠨ ᠠᠷᠠᠯ

ᠲᠡᠭᠡᠷ᠎ᠡ ᠨᠢ ᠪᠤᠷᠭᠠᠰᠤᠨ ᠠᠳᠠᠭᠠᠷ ᠲᠡᠪᠢᠰᠳᠡᠭ᠃ ᠦᠬᠡᠷ ᠲᠡᠷᠭᠡᠨ ᠤ ᠬᠦᠷᠳᠤ ᠶᠢ ᠪᠤᠯ ᠮᠦᠬᠡᠷ ᠬᠡᠯᠪᠡᠷᠢ ᠶᠢᠨ

ᠮᠤᠳᠤ ᠶᠢ ᠰᠤᠩᠭᠤᠵᠦ᠂ ᠮᠦᠭᠡᠷ ᠴᠠᠪᠴᠢᠨ ᠬᠢᠵᠦ᠂ ᠨᠢᠭᠡ ᠮᠦᠬᠡᠷᠤᠨ ᠳᠤ ᠭᠤᠷᠪᠡᠨ ᠨᠦᠬᠡ ᠴᠤᠭᠤᠯᠠᠵᠦ᠂

ᠬᠡᠭᠡᠰᠤ ᠪᠠᠷ ᠲᠡᠷᠭᠡᠨ ᠪᠤᠯᠤ ᠲᠠᠢ ᠬᠤᠯᠪᠤᠨ ᠵᠠᠯᠭᠠᠬᠤ ᠪᠠᠷ ᠪᠡᠯᠡᠳᠭᠡᠳᠡᠭ᠂ ᠶᠡᠷᠤᠩᠬᠡᠢ ᠳᠡᠭᠡᠨ ᠵᠢᠷᠭᠤᠭᠠᠨ ᠮᠦᠭᠡᠷ

ᠬᠡᠷᠡᠭᠯᠡᠳᠡᠭ ᠶᠤᠮ︔ ᠲᠡᠷᠭᠡᠨ ᠪᠤᠯᠤ ᠶᠢ ᠪᠦᠳᠤᠭᠦᠨ ᠮᠤᠳᠤᠨ ᠤ ᠤᠭ ᠢᠶᠠᠷ ᠤᠭᠳᠤᠯᠤᠭᠰᠠᠨ ᠪᠦᠮᠪᠦᠭᠡᠷ ᠪᠦᠳᠤᠭᠦᠨ

ᠮᠤᠳᠤ ᠪᠠᠷ ᠬᠢᠳᠡᠭ᠂ ᠪᠤᠯᠤ ᠪᠠᠨ ᠲᠡᠩᠭᠡᠯᠢᠭ ᠬᠢᠬᠦ ᠪᠠᠷ ᠲᠤᠮᠳᠠ ᠨᠢ ᠠᠶᠠᠭᠠᠨ ᠴᠢᠨᠡᠭᠡ ᠨᠦᠬᠡ ᠴᠤᠭᠤᠯᠠᠵᠦ ᠴᠦᠩ

ᠰᠠᠭᠤᠯᠭᠠᠳᠠᠭ᠃ ᠪᠤᠯᠤ ᠪᠠᠨ ᠪᠦᠬᠡ ᠪᠤᠯᠭᠠᠬᠤ ᠪᠠᠷ ᠪᠤᠯᠤ ᠶᠢᠨ ᠭᠠᠳᠠᠭᠤᠷ ᠬᠤᠶᠠᠷ ᠬᠦᠪᠡᠭᠡᠨ ᠳᠤᠨᠢ ᠲᠡᠮᠤᠷ ᠴᠠᠭᠠᠷᠢᠭ

ᠤᠭᠰᠠᠷᠠᠨ ᠲᠠᠭᠠᠷᠠᠭᠤᠯᠳᠠᠭ᠃ ᠲᠡᠩᠭᠡᠯᠢᠭ ᠤᠨ ᠮᠤᠳᠤ ᠶᠢ ᠬᠠᠳᠠᠭᠤ ᠪᠡᠬᠡᠯᠢᠭ ᠬᠠᠶᠢᠯᠠᠰᠤᠨ ᠮᠤᠳᠤ ᠪᠠᠷ ᠬᠢᠳᠡᠭ᠂

ᠪᠤᠯᠤ ᠬᠢᠬᠦ ᠬᠤᠶᠠᠷ ᠦᠵᠤᠭᠦᠷ ᠳᠤᠨᠢ ᠲᠡᠩᠭᠡᠯᠢᠭ ᠤᠨ ᠬᠤᠯᠬᠢᠨ ᠪᠡᠷᠠᠭᠳᠠᠬᠤ ᠠᠴᠠ ᠰᠡᠷᠭᠡᠶᠢᠯᠡᠵᠦ᠂ ᠲᠡᠩᠭᠡᠯᠢᠭ ᠳᠡᠭᠡᠨ

ᠵᠠᠩ ᠰᠢᠬᠢᠳᠭᠡᠵᠦ᠂ ᠲᠡᠩᠭᠡᠯᠢᠭ ᠤᠨ ᠦᠵᠤᠭᠦᠷ ᠲᠤ ᠰᠠᠪᠬᠠᠨ ᠲᠡᠮᠤᠷ ︵ᠪᠠᠰᠠ ᠲᠡᠮᠤᠷ ᠴᠢᠬᠢ ᠭᠡᠳᠡᠭ︶

ᠤᠭᠰᠠᠷᠠᠭᠤᠯᠤᠨ ᠲᠠᠭᠠᠷᠠᠭᠤᠯᠵᠦ᠂ ᠲᠡᠩᠭᠡᠯᠢᠭ ᠪᠤᠯᠤ ᠶᠢᠨ ᠬᠤᠭᠤᠷᠤᠨᠳᠤ ᠮᠠᠭᠠᠵᠢ ᠶᠢᠨ ᠲᠤᠰᠤ ᠲᠦᠷᠬᠢᠵᠦ᠂

ᠬᠦᠷᠳᠤᠨ ᠤ ᠡᠷᠬᠢᠯᠳᠤᠬᠦ ᠳᠤ ᠭᠤᠯᠭᠤᠮᠬᠠᠢ ᠬᠦᠩᠭᠡᠨ ᠪᠤᠯᠭᠠᠳᠠᠭ᠃ ᠮᠦᠬᠡᠷ ᠪᠤᠯᠤᠨ ᠪᠤᠯᠤ ᠶᠢ ᠬᠤᠯᠪᠤᠳᠠᠭ ᠮᠤᠳᠤ ᠶᠢ

ᠬᠡᠭᠡᠰᠤ ᠭᠡᠳᠡᠭ ᠪᠢᠯᠠ᠃ ︵ᠵᠢᠷᠤᠭ ᠢ ᠯᠠᠪᠯᠠ︶

︵ᠲᠦᠷᠪᠡ︶ ᠦᠯᠦᠭᠡᠢ ᠬᠢᠬᠦ

     ᠮᠣᠩᠭᠤᠯᠴᠤᠳ ᠠᠯᠢ ᠡᠷᠳᠡᠨ ᠠᠴᠠ ᠦᠯᠦᠭᠡᠢ ᠬᠢᠵᠦ᠂ ᠦᠷ᠎ᠡ ᠬᠡᠤᠬᠡᠳ ᠢᠶᠠᠨ ᠦᠰᠭᠡᠨ ᠪᠤᠶᠢᠵᠢᠭᠤᠯᠵᠦ

ᠪᠠᠶᠢᠵᠠᠢ᠃ ᠦᠬᠡᠯᠦᠨ ᠦᠵᠢᠨ ᠡᠬᠡ᠂ ᠦᠷᠯᠦᠭ ᠴᠢᠩᠬᠢᠰ ᠬᠠᠭᠠᠨ ᠢ ᠦᠯᠦᠭᠡᠢ ᠳᠤᠷ ᠦᠰᠭᠡᠨ ᠪᠤᠶᠢᠵᠢᠭᠤᠯᠤᠭᠰᠠᠨ

ᠤᠯᠠᠮᠵᠢᠯᠠᠯ ᠶᠠᠷᠢᠶ᠎ᠠ ᠪᠠᠶᠢᠳᠠᠭ ᠰᠠᠨ᠃

     ᠦᠯᠦᠭᠡᠢ ᠶᠢ ᠶᠡᠷᠦᠩᠬᠡᠢ ᠳᠡᠭᠡᠨ ᠦᠷ᠎ᠡ ᠰᠤᠶᠤᠭ᠎ᠠ ᠲᠠᠢ ᠭᠡᠵᠦ ᠦᠷᠡᠯ ᠤᠨ ᠮᠤᠳᠤ ᠪᠠᠷ ᠬᠢᠳᠡᠭ ᠪᠤᠶᠤ ᠬᠠᠳᠠᠭᠤ

ᠪᠦᠬᠡ ᠭᠡᠵᠦ ᠬᠠᠶᠢᠯᠠᠰᠤ ᠶᠢᠨ ᠮᠤᠳᠤ ᠪᠠᠷ ᠠᠷᠠᠯ ᠬᠢᠵᠦ᠂ ᠮᠦᠢᠯ᠂ ᠤᠳᠠ ᠪᠤᠶᠤ ᠬᠠᠶᠢᠯᠠᠰᠤᠨ ᠰᠠᠯᠠᠭ᠎ᠠ ᠪᠠᠷ ᠬᠠᠷᠠᠭ᠎ᠠ

ᠬᠢᠵᠦ᠂ ᠦᠯᠦᠬᠡᠢ ᠶᠢ ᠬᠦᠳᠡᠯᠭᠡᠬᠦ ᠳᠤ ᠬᠢᠯᠪᠠᠷ ᠲᠦᠬᠦᠮ ᠪᠤᠯᠭᠠᠬᠤ ᠶᠢᠨ ᠲᠦᠯᠦᠭᠡ ᠠᠷᠠᠯ ᠤᠨ ᠲᠤᠤᠷ᠎ᠠ᠂

ᠦᠯᠦᠭᠡᠢ ᠶᠢᠨ ᠲᠤᠯᠤᠭᠠᠢ ᠶᠢᠨ ᠦᠵᠤᠭᠦᠷ ︵ᠲᠡᠭᠡᠷ᠎ᠡ ᠲᠠᠯ᠎ᠠ︶ ᠪᠠ ᠦᠯᠦᠭᠡᠢ ᠶᠢᠨ ᠬᠦᠯ ᠦᠵᠤᠭᠦᠷ ︵ᠲᠤᠤᠷ᠎ᠠ ᠲᠠᠯ᠎ᠠ

︶ ᠳᠤ ᠨᠢ ᠬᠠᠭᠠᠰ ᠰᠠᠷᠠᠨ ᠬᠡᠯᠪᠡᠷᠢ ᠲᠠᠢ ᠲᠦᠭᠦᠷᠢᠭ ᠰᠢᠭ ᠮᠣᠳᠤᠨ ᠬᠠᠪᠳᠠᠰᠤ ᠪᠤᠶᠤ ᠡᠷᠡᠬᠡᠢ ᠬᠤᠷᠤᠭᠤᠨ ᠠᠴᠠ

ᠪᠦᠳᠤᠭᠦᠨ ᠲᠡᠯᠳᠤ ᠪᠤᠶᠤ ᠴᠠᠷᠠᠰᠤᠨ ᠮᠤᠳᠤ ᠶᠢ ᠴᠠᠭᠠᠯᠠᠨ ᠮᠠᠳᠠᠵᠦ ︵ᠮᠠᠳᠠᠮᠠᠯ ᠬᠦᠯ︶ ᠬᠢᠳᠡᠭ ᠴᠦ ᠪᠠᠶᠢᠭᠰᠠᠨ ᠪᠢᠯᠠ

᠃ ᠡᠶᠢᠮᠤ ᠠᠴᠠ ᠦᠯᠦᠭᠡᠢ ᠶᠢ ᠪᠠᠰᠠ ᠮᠤᠳᠤᠨ ᠦᠯᠦᠭᠡᠢ᠂ ᠮᠠᠳᠠᠮᠠᠯ ᠦᠯᠦᠭᠡᠢ ᠭᠡᠵᠦ ᠬᠤᠪᠢᠶᠠᠳᠠᠭ ᠪᠠᠶᠢᠵᠠᠢ᠃

1.ᠦᠯᠦᠭᠡᠢ ᠶᠢᠨ ᠠᠷᠠᠯ

     ᠦᠯᠦᠭᠡᠢ ᠶᠢᠨ ᠠᠷᠠᠯ ᠢ ᠪᠡᠯᠭᠡ ᠲᠡᠮᠪᠡᠷᠢᠯ ᠲᠠᠢ ᠭᠡᠵᠦ᠂ ᠦᠷᠡᠯ ᠤᠨ ᠮᠤᠳᠤ᠂ ᠬᠠᠶᠢᠯᠠᠰᠤᠨ ᠮᠤᠳᠤ ᠪᠠᠷ ᠬᠢᠳᠡᠭ

︔ ᠦᠯᠦᠭᠡᠢ ᠶᠢᠨ ᠠᠷᠠᠯ ᠢᠶᠠᠨ ᠨᠢᠭᠡ ᠪᠤᠶᠤ ᠲᠡᠭᠡᠷ᠎ᠡ ᠲᠤᠤᠷ᠎ᠠ ᠬᠤᠶᠠᠷ ᠲᠠᠪᠬᠤᠷ ᠬᠢᠳᠡᠭ᠂ ᠬᠤᠶᠠᠷ ᠲᠠᠪᠬᠤᠷ ᠪᠤᠯ

ᠢᠯᠠᠤ ᠪᠠᠷ ᠬᠤᠯᠪᠤᠳᠠᠭ᠃

2.ᠦᠯᠦᠭᠡᠢ ᠶᠢᠨ ᠬᠠᠷᠠᠭ᠎ᠠ

     ᠦᠯᠦᠭᠡᠢ ᠶᠢᠨ ᠲᠤᠯᠤᠭᠠᠢ ᠦᠵᠤᠭᠦᠷ ᠤᠨ ᠠᠷᠠᠯ ᠳᠤ ᠮᠠᠳᠠᠵᠦ ᠬᠠᠳᠬᠤᠨ ᠤᠷᠤᠭᠤᠯᠤᠭᠰᠠᠨ ᠬᠠᠶᠢᠯᠠᠰᠤᠨ

ᠮᠤᠳᠤᠨ ︵ᠤᠳᠠ᠂ ᠪᠤᠷᠭᠠᠰᠤ ᠴᠦ ᠪᠠᠶᠢᠳᠠᠭ︶ ᠤ ᠰᠠᠯᠠᠭ᠎ᠠ ᠪᠠᠷ ᠬᠢᠭᠰᠡᠨ ᠮᠠᠳᠠᠮᠠᠯ ᠢ ᠬᠠᠷᠠᠭ᠎ᠠ ᠭᠡᠨ᠎ᠡ᠂ ᠬᠠᠷᠠᠭ᠎ᠠ ᠶᠢᠨ

ᠮᠤᠳᠤ ᠪᠠᠨ ᠤᠯᠠᠭᠠᠨ ᠪᠦᠰ ᠢᠶᠠᠷ ᠡᠪᠬᠡᠨ ᠤᠶᠤᠭᠠᠳ᠂ ᠲᠤᠤᠷ᠎ᠠ ᠦᠵᠤᠭᠦᠷ ᠤᠨ ᠢᠯᠡᠭᠦᠤ ᠭᠠᠷᠤᠭᠰᠠᠨ ᠤᠯᠠᠭᠠᠨ

ᠪᠦᠰ ᠢᠶᠠᠨ ᠬᠡᠤᠬᠡᠳ ᠤᠨ ᠲᠡᠷᠢ ᠶᠢᠨ ᠲᠤᠤᠷ᠎ᠠ ᠲᠠᠷᠤᠵᠦ ᠤᠷᠤᠭᠤᠯᠤᠨ᠎ᠠ᠃ ᠬᠠᠷᠠᠭ᠎ᠠ ᠶᠢᠨ ᠭᠠᠳᠠᠷ ᠲᠠᠯ᠎ᠠ᠂ ᠤᠯᠠᠭᠠᠨ

ᠪᠦᠰ ᠤᠨ ᠲᠡᠭᠡᠷ᠎ᠡ ᠬᠡᠰᠡᠭ ᠲᠤ ᠭᠠᠤᠯᠢᠨ ᠵᠤᠭᠤᠰ ᠪᠤᠶᠤ ᠬᠦᠤ ᠪᠤᠯ ᠨᠤᠮᠤ ᠰᠤᠮᠤ ᠶᠢᠨ ᠬᠡᠯᠪᠡᠷᠢ ᠲᠠᠢ ᠲᠠᠮᠤᠷ

ᠲᠠᠪᠳᠠᠮᠠᠯ ᠡᠯᠭᠦᠵᠦ ᠲᠠᠯᠪᠢᠳᠠᠭ᠂ ᠤᠳᠤ ᠵᠠᠷᠢᠮ ᠬᠦᠮᠤᠰ ᠴᠢᠩᠬᠢᠰ ᠬᠠᠭᠠᠨ ᠤ ᠬᠦᠷᠦᠭ ᠪᠤᠶᠤ ᠮᠠᠤ

ᠲᠡᠷᠢᠭᠦᠯᠡᠭᠴᠢ ᠶᠢᠨ ᠬᠦᠷᠦᠭ ᠢ ᠬᠠᠳᠠᠬᠤ ᠪᠤᠯᠤᠭᠰᠠᠨ ᠪᠠᠶᠢᠨ᠎ᠠ᠃

3.ᠲᠠᠳᠠᠭᠠᠷᠢ

     ᠬᠠᠷᠠᠭ᠎ᠠ ᠶᠢᠨ ᠲᠡᠭᠡᠷ᠎ᠡ ᠲᠠᠯ᠎ᠠ ᠠᠴᠠ ᠤᠳᠠᠰᠤ ᠤᠶᠠᠵᠦ᠂ ᠨᠦᠭᠦᠭᠡ ᠦᠵᠤᠭᠦᠷ ᠢ ᠨᠢ ᠬᠡᠤᠬᠡᠳ ᠤᠨ ᠬᠦᠯ ᠤᠨ

ᠦᠵᠤᠭᠦᠷ ᠤᠨ ᠦᠯᠦᠭᠡᠢ ᠶᠢᠨ ᠢᠯᠠᠤ ᠠᠴᠠ ᠤᠶᠠᠬᠤ ᠰᠤᠷ ᠪᠤᠶᠤ ᠤᠳᠠᠰᠤ ᠶᠢ ︽ᠲᠠᠳᠠᠭᠠᠷᠢ︾ ᠭᠡᠳᠡᠭ᠃ ᠡᠨᠡᠬᠦ

ᠲᠠᠳᠠᠭᠠᠷᠢ ᠶᠢᠨ ᠲᠡᠭᠡᠷ᠎ᠡ ᠲᠤᠷᠳᠤᠩ ᠠᠯᠴᠢᠭᠤᠷ ᠪᠤᠶᠤ ᠱᠠ ᠲᠤᠷᠭ᠎ᠠ ᠪᠠᠷ ᠪᠦᠷᠬᠦᠵᠦ ᠲᠠᠯᠪᠢᠪᠠᠯ᠂ ᠬᠡᠤᠬᠡᠳ ᠲᠤ

ᠰᠡᠷᠢᠭᠦᠬᠡᠨ ᠪᠦᠭᠡᠳ ᠢᠯᠠᠭ᠎ᠠ ᠪᠠᠳᠠᠭᠠᠨ᠎ᠠ ᠬᠡᠤᠬᠡᠳ ᠢ ᠬᠠᠵᠠᠬᠤ ᠶᠢ ᠰᠡᠷᠭᠡᠶᠢᠯᠡᠵᠦ ᠴᠢᠳᠠᠳᠠᠭ᠃

4. ᠪᠦᠰᠡᠯᠡᠭᠦᠷ

     ᠡᠩ ᠤᠨ ᠦᠯᠦᠭᠡᠢ ᠳᠤ ᠶᠡᠷᠦᠩᠬᠡᠢ ᠳᠡᠭᠡᠨ ᠭᠤᠷᠪᠠᠨ ᠪᠦᠰᠡᠯᠡᠭᠦᠷ ᠬᠢᠳᠡᠭ᠃ ᠪᠦᠰᠡᠯᠡᠭᠦᠷ ᠢ ᠬᠢᠬᠦ ᠳᠡᠭᠡᠨ

ᠪᠦᠰ ᠢ ᠬᠡᠳᠤᠨ ᠲᠠᠪᠬᠤᠷ ᠨᠠᠭᠠᠵᠦ ᠬᠠᠳᠠᠭᠠᠭᠠᠳ᠂ ᠬᠠᠳᠬᠤᠮᠠᠯ ᠨᠠᠭᠠᠮᠠᠯ ᠤᠷᠢᠶᠠᠮᠠᠯ ᠵᠡᠷᠭᠡ ᠬᠤᠸᠠᠷ ᠴᠡᠴᠡᠭ ᠤᠷᠠᠯᠠᠨ

ᠤᠶᠤᠵᠦ ᠬᠦᠪᠡᠭᠡᠯᠡᠨ᠎ᠡ᠃ ᠪᠦᠰᠡᠯᠡᠭᠦᠷ ᠢ ᠪᠠᠷᠤᠭ ᠭᠤᠷᠪᠠᠨ ᠰᠦᠭᠡᠮ ᠢᠯᠡᠭᠦᠤ ᠤᠷᠳᠤ ᠬᠢᠳᠡᠭ᠂ ᠲᠡᠭᠡᠷ᠎ᠡ

ᠪᠦᠰᠡᠯᠡᠬᠦᠷ ᠨᠢ ᠬᠡᠤᠬᠡᠳ ᠤᠨ ᠴᠡᠭᠡᠵᠢᠨ ᠪᠡᠶ᠎ᠡ ᠪᠠᠷ ᠲᠠᠷᠤᠭᠤᠯᠵᠦ᠂ ᠲᠤᠮᠳᠠᠬᠢ ᠪᠦᠰᠡᠯᠡᠬᠦᠷ ᠨᠢ ᠬᠡᠤᠬᠡᠳ ᠤᠨ

ᠲᠠᠪᠤᠰᠡᠩ ᠲᠠᠰᠢᠶ᠎ᠠ ᠶᠢᠨ ᠲᠡᠨᠡᠭᠦᠷ᠂ ᠲᠤᠤᠷ᠎ᠠ ᠲᠠᠯ᠎ᠠ ᠶᠢᠨ ᠪᠦᠰᠡᠯᠡᠭᠦᠷ ᠨᠢ ᠬᠡᠤᠬᠡᠳ ᠤᠨ ᠬᠦᠯ ᠤᠨ ᠡᠪᠤᠳᠦᠭ ᠢ

ᠲᠠᠷᠤᠭᠤᠯᠤᠨ ᠤᠶᠠᠳᠠᠭ ᠪᠢᠯᠠ᠃

5. ᠤᠭᠤᠰᠤᠷ

     ᠦᠯᠦᠭᠡᠢ ᠶᠢᠨ ᠠᠷᠠᠯ ᠤᠨ ᠪᠤᠷᠤᠭᠤ ᠲᠠᠯ᠎ᠠ ᠳᠤᠨᠢ ᠭᠠᠷᠬ᠎ᠠ ᠲᠠᠢ ᠰᠤᠷ ᠪᠤᠶᠤ ᠪᠦᠰᠡ ᠤᠶᠤᠵᠦ ᠪᠠᠶᠢᠳᠠᠭ᠂

ᠡᠨᠡ ᠨᠢ ᠪᠦᠰᠡᠯᠡᠭᠦᠷ ᠢᠶᠠᠨ ᠰᠦᠪᠡᠯᠡᠨ ᠲᠠᠳᠠᠬᠤ ᠳᠤ ᠲᠦᠭᠦᠮ ᠪᠤᠯᠭᠠᠬᠤ ᠪᠠᠷ ᠪᠡᠯᠡᠳᠭᠡᠭᠰᠡᠨ ᠪᠠᠶᠢᠳᠠᠭ᠃ ᠪᠦᠰᠡᠯᠡᠭᠦᠷ

 ᠢ ᠠᠰ ᠠᠰᠳᠠᠭᠠᠨ ᠤᠭᠤᠰᠤᠷᠯᠠᠨ ᠤᠶᠠᠬᠤ ᠪᠤᠶᠤ ᠨᠢᠭᠡᠯᠡ ᠤᠳᠠᠰᠤ ︵ᠰᠤᠷ︶ ᠪᠠᠷ ᠭᠤᠷᠪᠠᠨ ᠪᠦᠰᠡᠯᠡᠭᠦᠷ ᠢ ᠨᠢᠭᠡ

ᠲᠠᠯ᠎ᠠ ᠠᠴᠠ ᠨᠢ ᠰᠦᠪᠡᠯᠡᠨ ᠬᠡᠯᠬᠢᠵᠦ ᠤᠭᠤᠰᠤᠷᠯᠠᠨ ᠤᠶᠠᠳᠠᠭ ᠴᠦ ᠪᠤᠢ᠃

6. ᠬᠠᠩ ᠬᠡᠤᠳᠠᠢ

     ᠦᠯᠦᠭᠡᠢ ᠶᠢᠨ ᠠᠷᠠᠯ ᠤᠨ ᠲᠤᠤᠷᠠᠬᠢ ᠮᠣᠳᠤᠨ ᠬᠠᠪᠳᠠᠰᠤ ᠲᠡᠭᠡᠷ᠎ᠡ ᠲᠠᠯᠪᠢᠳᠠᠭ ᠰᠠᠭᠠᠭ ᠤᠨ ᠯᠠᠢ

ᠲᠦᠭᠦᠷᠭᠡᠭᠰᠡᠨ ᠤᠭᠤᠳᠠ ᠶᠢ ᠬᠠᠩ ᠬᠤᠳᠠᠢ ᠭᠡᠳᠡᠭ᠃ ᠬᠠᠩ ᠬᠡᠤᠳᠠᠢ ᠶᠢᠨ ᠲᠡᠭᠡᠷ᠎ᠡ ᠬᠦᠪᠦᠩ ᠬᠤᠴᠢᠯᠭ᠎ᠠ ᠪᠤᠶᠤ

ᠵᠠᠷᠢᠮ ᠨᠢ ᠰᠢᠭᠤᠳ ᠲᠠᠩ ᠬᠤᠴᠢᠯᠭ᠎ᠠ ᠲᠠᠯᠪᠢᠳᠠᠭ᠃ ᠰᠠᠭᠠᠭ ᠤᠨ ᠬᠠᠯᠢᠰᠤ ᠲᠠᠢ ᠬᠠᠩ ᠬᠡᠤᠳᠠᠢ ᠪᠠᠨ ᠵᠤᠨ ᠤ

ᠨᠠᠷᠠᠨ ᠳᠤ ᠪᠠᠶᠢᠨ ᠲᠠᠬᠢᠨ ᠡᠭᠡᠭᠡᠵᠦ ᠬᠠᠳᠠᠭᠠᠨ᠎ᠠ᠂ ᠢᠩᠬᠢᠪᠡᠯ ᠬᠡᠤᠬᠡᠳ ᠤᠨ ᠴᠢᠬᠢᠭᠳᠡᠬᠦ ᠶᠢ ᠰᠡᠷᠭᠡᠶᠢᠯᠡᠵᠦ ᠴᠢᠳᠠᠨ᠎ᠠ᠃

ᠦᠩᠭᠡᠷᠡᠭᠰᠡᠨ ᠳᠡᠭᠡᠨ ᠲᠠᠩ ᠬᠤᠴᠢᠯᠭ᠎ᠠ ᠶᠢᠨ ᠲᠤᠳᠤᠷ᠎ᠠ ᠴᠠᠭᠠᠨ ᠮᠠᠩᠬ᠎ᠠ ᠶᠢ ᠰᠠᠶᠢᠯᠤᠷᠳᠤᠨ ᠬᠢᠵᠦ᠂ ᠮᠠᠩᠬᠠᠨ

ᠰᠢᠷᠤᠢ ᠪᠠᠨ ᠬᠠᠯᠠᠭᠤᠯᠤᠭᠠᠳ᠂ ᠬᠠᠯᠠᠭᠤᠯᠤᠭᠰᠠᠨ ᠰᠢᠷᠤᠢ ᠲᠡᠭᠡᠷ᠎ᠡ ᠪᠠᠨ ᠬᠡᠤᠬᠡᠳ ᠢᠶᠠᠨ ᠤᠨᠳᠠᠭᠤᠯᠵᠦ᠂ ᠬᠡᠤᠬᠡᠳ ᠨᠢ

ᠬᠠᠯᠠᠭᠤᠨ ᠰᠢᠷᠤᠢ ᠲᠡᠭᠡᠷ᠎ᠡ ᠪᠠᠨ ᠰᠢᠭᠡᠵᠦ ᠪᠠᠭᠠᠭᠰᠠᠨ ᠪᠤᠯ᠂ ᠨᠠᠭᠠᠯᠳᠤᠭᠰᠠᠨ ᠰᠢᠷᠤᠢ ᠶᠢ ᠨᠢ ᠠᠷᠢᠯᠭᠠᠨ ᠬᠠᠶᠠᠵᠦ᠂

ᠦᠭᠡᠷ᠎ᠡ ᠰᠢᠷᠤᠢ ᠨᠡᠮᠡᠨ ᠬᠠᠯᠠᠠᠭᠤᠯᠵᠦ ᠲᠠᠬᠢᠨ ᠬᠡᠷᠡᠭᠯᠡᠨ᠎ᠡ᠃

7. ᠲᠡᠷ᠎ᠡ

     ᠬᠡᠤᠬᠡᠳ ᠤᠨ ᠲᠡᠷ᠎ᠡ ᠬᠢᠬᠦ ᠳᠤ ᠤᠷᠢᠳᠠᠪᠡᠷ ᠪᠦᠰ ᠢᠶᠠᠷ ᠤᠭᠤᠳᠠ ᠤᠶᠤᠵᠦ᠂ ᠲᠡᠷᠡᠬᠦ ᠤᠭᠤᠳᠠᠨ ᠳᠠᠭᠠᠨ

ᠬᠠᠷ᠎ᠠ ᠮᠤᠩᠭᠤᠯ ᠠᠮᠤ᠂ ᠰᠢᠯᠦᠬᠡᠢ ᠪᠤᠶᠤ ᠨᠠᠷᠢᠮᠤ ᠵᠡᠷᠭᠡ ᠶᠢᠨ ᠨᠢᠭᠡ ᠵᠦᠢᠯ ᠢ ᠨᠢ ᠬᠢᠳᠡᠭ ᠵᠠᠩᠰᠢᠯ ᠲᠠᠢ ︵

ᠮᠤᠩᠭᠤᠯᠴᠤᠳ ᠤᠯᠠᠩᠬᠢ ᠳᠠᠭᠠᠨ ᠬᠠᠷ᠎ᠠ ᠮᠤᠩᠭᠤᠯ ᠠᠮᠤ ᠪᠠᠷ ᠬᠢᠳᠡᠭ︶᠃ ᠢᠩᠬᠢᠪᠡᠯ ᠬᠡᠤᠬᠡᠳ ᠤᠨ ᠲᠤᠯᠤᠭᠠᠢ ᠳᠤ

ᠰᠡᠷᠢᠭᠦᠨ ᠲᠤᠬᠢᠳᠠᠢ ᠪᠠᠶᠢᠳᠠᠭ ᠪᠢᠯᠠ᠃ ︵ᠵᠢᠷᠤᠭ ᠢ ᠯᠠᠪᠯᠠ︶

︵ᠲᠡᠪᠤ︶ ᠡᠮᠡᠭᠡᠯ ᠬᠢᠬᠦ

     ᠡᠮᠡᠭᠡᠯ ᠪᠤᠯ ᠮᠤᠳᠤ᠂ ᠰᠤᠷ᠂ ᠲᠡᠮᠦᠷᠯᠢᠭ ᠤᠨ ᠨᠢᠭᠡᠳᠤᠮᠡᠯ ᠤᠷᠠᠯᠠᠯ ᠤᠨ ᠪᠦᠳᠦᠭᠳᠡᠭᠦᠨ ᠪᠤᠯᠬᠤ ᠶᠤᠮ᠃

ᠡᠮᠡᠭᠡᠯ ᠳᠤ ᠬᠠᠩᠬᠠᠢ ᠡᠮᠡᠭᠡᠯ᠂ ᠡᠮᠡᠭᠡᠯ ᠤᠨ ᠬᠡᠷᠡᠭᠰᠡᠯ᠂ ᠡᠮᠡᠭᠡᠯ ᠤᠨ ᠵᠠᠰᠠᠯ ᠵᠡᠷᠭᠡ ᠪᠠᠶᠢᠵᠦ᠂ ᠬᠠᠩᠬᠠᠢ ᠡᠮᠡᠭᠡᠯ ᠢ

ᠬᠤᠰᠤ᠂ ᠤᠳᠠ᠂ ᠬᠠᠶᠢᠯᠠᠰᠤᠨ ᠮᠤᠳᠤ ᠪᠠᠷ ᠬᠢᠳᠡᠭ᠃ ᠡᠮᠡᠭᠡᠯ ᠨᠢ ᠪᠦᠭᠦᠷᠭᠡ ᠶᠢᠨ ᠡᠮᠤᠨ᠎ᠡ ᠬᠤᠶᠢᠨᠠᠬᠢ ᠬᠤᠶᠠᠷ

ᠬᠡᠰᠡᠭ ᠮᠤᠳᠤ᠂ ᠬᠠᠪᠳᠠᠭᠠᠯ ︵ᠬᠠᠪᠳᠠᠭᠠᠰᠤ︶ ᠤᠨ ᠬᠤᠶᠠᠷ ᠮᠤᠳᠤ᠂ ᠡᠮᠡᠭᠡᠯ ᠤᠨ ᠭᠤᠤᠯ ᠤᠨ ᠨᠢᠭᠡ ᠬᠡᠰᠡᠭ

ᠮᠤᠳᠤ ᠪᠠᠷ ᠪᠦᠷᠢᠯᠳᠤᠳᠡᠭ᠃ ᠡᠮᠡᠭᠡᠯ ᠤᠨ ᠡᠮᠤᠨ᠎ᠡ ᠬᠤᠶᠢᠨᠠᠬᠢ ᠪᠦᠭᠦᠷᠭᠡ ᠶᠢ ᠠᠰ ᠰᠢᠷᠭᠡᠭ ᠲᠠᠢ ᠮᠤᠳᠤ ᠪᠠᠷ ᠬᠢᠳᠡᠭ

ᠦᠬᠡᠢ᠂ ᠡᠮᠡᠭᠡᠯ ᠢ ᠠᠰ ᠰᠢᠷᠭᠡᠭ ᠲᠠᠢ ᠮᠤᠳᠤ ᠪᠠᠷ ᠬᠢᠪᠡᠯ᠂ ᠠᠮᠠᠷᠬᠠᠨ ᠬᠠᠭᠠᠷᠠᠵᠦ ᠪᠠᠯᠪᠠᠷᠠᠳᠠᠭ ᠲᠤᠯᠠ ᠰᠠᠯᠠᠭ᠎ᠠ ᠲᠠᠢ

ᠮᠤᠳᠤ ᠶᠢ ᠰᠤᠩᠭᠤᠵᠦ ᠬᠢᠳᠡᠭ ᠶᠤᠮ᠃ ᠡᠮᠡᠭᠡᠯ ᠤᠨ ᠮᠤᠳᠤᠨ ᠮᠠᠲ᠋ᠧᠷᠢᠶᠠᠯ ᠢᠶᠠᠨ ᠤᠶᠢᠯ ︵ᠤᠭᠤᠯᠢ︶ ᠢᠶᠠᠷ

ᠴᠠᠪᠴᠢᠵᠦ ᠶᠡᠭᠡ ᠲᠦᠯᠦᠪ ᠲᠦᠷᠰᠤ ᠶᠢ ᠨᠢ ᠪᠤᠢ ᠪᠤᠯᠭᠠᠭᠠᠳ᠂ ᠶᠡᠭᠡ ᠪᠠᠭ᠎ᠠ ᠬᠠᠷᠤᠭᠤᠯ ᠢᠶᠠᠷ ᠬᠠᠷᠤᠭᠤᠯᠳᠠᠵᠤ

ᠡᠪᠳᠠᠢ ᠰᠠᠶᠢᠬᠠᠨ ᠪᠤᠯᠭᠠᠭᠠᠳ᠂ ᠴᠦᠴᠡ ᠪᠠᠷ ᠰᠤᠷ ᠦᠳᠡᠭᠡᠷᠢ ᠦᠳᠡᠭᠡᠷᠯᠡᠬᠦ ᠨᠦᠬᠡ ᠴᠦᠴᠡᠯᠡᠨ ᠴᠤᠭᠤᠯᠠᠵᠦ᠂

ᠲᠠᠪᠤᠨ ᠬᠡᠰᠡᠭ ᠮᠤᠳᠤ ᠪᠠᠨ ᠵᠠᠢ ᠵᠠᠪᠰᠠᠷ ᠦᠬᠡᠢ ᠵᠤᠬᠢᠴᠠᠯᠳᠤᠭᠤᠯᠵᠦ᠂ ᠴᠠᠪᠠᠤ ᠪᠠᠷ ᠨᠠᠭᠠᠯᠳᠤᠭᠤᠯᠤᠨ ᠪᠠᠬᠢᠯᠡᠭᠡᠳ᠂

ᠦᠳᠡᠭᠡᠷᠢ ᠪᠠᠷ ᠴᠢᠩᠭᠠᠯᠠᠨ ᠦᠳᠡᠭᠡᠷᠢᠯᠡᠳᠡᠭ ᠶᠤᠮ᠃ ᠬᠠᠩᠬᠠᠢ ᠡᠮᠡᠭᠡᠯ ᠢᠶᠠᠨ ᠨᠢᠮᠭᠡᠨ ᠴᠤᠯᠭᠤᠢ ᠠᠷᠠᠰᠤ ᠪᠠᠷ

ᠲᠡᠪᠰᠡ ᠶᠢᠨ ᠲᠤᠤᠷ᠎ᠠ ᠲᠠᠯ᠎ᠠ ᠶᠢ ᠨᠢ ᠨᠠᠷᠢᠯᠢᠭ ᠪᠦᠷᠢᠵᠦ ᠨᠠᠭᠠᠳᠠᠭ᠂ ᠢᠩᠬᠢᠵᠦ ᠬᠢᠪᠡᠯ ᠨᠡᠩ ᠪᠠᠬᠢᠯᠢᠭ᠌ ᠴᠢᠩᠭ᠎ᠠ

ᠪᠤᠯᠳᠠᠭ᠃ ᠡᠮᠡᠭᠡᠯ ᠤᠨ ᠬᠡᠷᠡᠭᠰᠡᠯ ᠨᠢ ᠲᠡᠪᠰᠡ᠂ ᠲᠡᠭᠡᠯᠢ᠂ ᠭᠦᠯᠢᠮ᠂ ᠲᠤᠬᠤᠮ᠂ ᠲᠦᠷᠦᠭᠡ᠂ ᠭᠠᠨᠵᠤᠭ᠎ᠠ᠂ ᠤᠯᠤᠩ

᠂ ᠵᠢᠷᠢᠮ ᠵᠡᠷᠭᠡ ᠪᠠᠷ ᠪᠦᠷᠢᠯᠳᠦᠳᠡᠭ ᠶᠤᠮ᠃

     ᠲᠡᠪᠰᠡ ᠶᠢ ᠪᠤᠯ ᠢᠰᠡᠭᠡᠢ ᠪᠠᠷ ᠬᠢᠵᠦ᠂ ᠭᠠᠳᠠᠭᠤᠷ ᠨᠢ ᠬᠠᠷ᠎ᠠ ᠪᠤᠷᠤ ᠦᠭᠡᠳᠡᠩ᠂ ᠲᠠᠩᠰᠦᠷᠦᠩ ᠢᠶᠠᠷ

ᠭᠠᠳᠠᠷᠯᠠᠵᠦ᠂ ᠬᠤᠶᠠᠷ ᠬᠤᠶᠠᠷ ᠲᠤᠪᠤᠷᠤᠤ ᠪᠠᠷ ᠲᠠᠷᠤᠭᠤᠯᠳᠠᠭ᠃ ᠭᠦᠯᠢᠮ ᠢ ᠪᠤᠯᠢᠭᠠᠷᠢ ᠪᠤᠶᠤ ᠬᠠᠷ᠎ᠠ ᠬᠦ᠋ ᠪᠠᠷ

ᠪᠤᠳᠤᠵᠦ᠂ ᠱᠦᠯᠦᠨ ᠲᠤᠰᠤ ᠲᠦᠷᠬᠢᠭᠰᠡᠨ ᠦᠬᠡᠷ ᠤᠨ ᠠᠷᠠᠰᠤ ᠪᠠᠷ ᠬᠢᠵᠦ᠂ ᠭᠦᠯᠢᠮ ᠢᠶᠠᠨ ᠲᠤᠬᠤᠮ ᠤᠨ ᠲᠡᠭᠡᠷ᠎ᠡ᠂

ᠬᠠᠪᠳᠠᠭᠠᠯ ᠤᠨ ᠲᠤᠤᠷ᠎ᠠ ᠬᠢᠵᠦ ᠤᠷᠤᠭᠤᠯᠤᠨ᠂ ᠶᠡᠷᠤᠩᠬᠡᠢ ᠳᠡᠭᠡᠨ ᠭᠦᠯᠢᠮ ᠢᠶᠠᠨ ᠲᠦᠷᠤᠭᠡ ᠠᠴᠠ ᠲᠤᠷᠤᠭᠰᠢ

ᠵᠢᠭᠠᠬᠠᠨ ᠢᠯᠡᠭᠦᠤ ᠭᠠᠷᠭᠠᠳᠠᠭ ᠪᠢᠯᠠ᠃ ᠲᠤᠬᠤᠮ ᠪᠤᠯ ᠮᠤᠳᠤᠨ ᠡᠮᠡᠭᠡᠯ ᠨᠢ ᠮᠤᠷᠢᠨ ᠨᠢᠷᠤᠭᠤ ᠶᠢ ᠰᠢᠭᠤᠳ ᠲᠠᠷᠤᠵᠦ

ᠬᠤᠯᠭᠤᠬᠤ ᠠᠴᠠ ᠰᠡᠷᠭᠡᠶᠢᠯᠡᠵᠦ ᠬᠢᠭᠰᠡᠨ ᠬᠡᠷᠡᠭᠯᠡᠭᠡᠨ ᠤ ᠡᠳ᠋ ᠪᠤᠯᠬᠤ ᠶᠤᠮ᠂ ᠲᠤᠬᠤᠮ ᠢ ᠤᠯᠠᠩᠬᠢ ᠳᠠᠭᠠᠨ ᠮᠤᠷᠢᠨ

ᠲᠡᠯ ᠪᠤᠶᠤ ᠢᠮᠠᠭᠠᠨ ᠤᠩᠭᠠᠰᠤ ᠪᠠᠷ ᠬᠢᠳᠡᠭ᠃

     ᠲᠦᠷᠤᠭᠡ ᠶᠢ ᠪᠤᠯ ᠲᠡᠮᠤᠷ᠂ ᠬᠦᠷᠡᠯ᠂ ᠭᠠᠤᠯᠢ ᠪᠠᠷ ᠴᠢᠳᠬᠤᠬᠤ ᠪᠤᠶᠤ ᠲᠠᠪᠳᠠᠵᠦ ᠬᠢᠳᠡᠭ᠃ ᠭᠤᠳᠤᠯ ᠤᠨ

ᠤᠯᠠ ᠳᠤ ᠰᠢᠪᠠᠷ ᠰᠢᠷᠤᠢ ᠨᠠᠭᠠᠯᠳᠤᠵᠦ᠂ ᠲᠦᠷᠤᠭᠡᠯᠡᠬᠦ ᠶᠢ ᠬᠠᠷᠰᠢᠯᠠᠬᠤ ᠠᠴᠠ ᠪᠤᠯᠭᠤᠮᠵᠢᠯᠠᠵᠦ᠂ ᠲᠦᠷᠤᠭᠡ ᠶᠢᠨ

ᠲᠤᠤᠷ᠎ᠠ ᠲᠦᠭᠦᠷᠢᠭ ᠬᠠᠪᠳᠠᠭᠠᠯ ᠳᠤ ᠨᠢ ᠵᠤᠭᠤᠰ ᠤᠨ ᠬᠡᠯᠪᠡᠷᠢ ᠲᠠᠢ ᠨᠦᠬᠡ ᠭᠠᠷᠭᠠᠳᠠᠭ᠂ ᠢᠩᠬᠢᠪᠡᠯ ᠲᠤᠤᠷᠠᠬᠢ

ᠨᠦᠬᠡ ᠪᠠᠷ ᠨᠢ ᠭᠤᠳᠤᠯ ᠤᠨ ᠤᠯᠠ ᠶᠢᠨ ᠰᠢᠷᠤᠢ ᠰᠢᠪᠠᠷ ᠤᠨᠠᠵᠦ ᠲᠦᠷᠤᠭᠡ ᠴᠡᠪᠡᠷᠬᠡᠨ ᠪᠠᠶᠢᠳᠠᠭ᠃

     ᠭᠠᠨᠵᠤᠭ᠎ᠠ ᠶᠢ ᠬᠢᠬᠦ ᠳᠤ ᠵᠦᠰᠦᠭᠰᠡᠨ ᠰᠤᠷ ᠢᠶᠠᠨ ᠢᠮᠠᠭᠠᠨ ᠡᠪᠡᠷ ᠤᠨ ᠰᠤᠷ ᠲᠠᠳᠠᠭᠤᠷ ᠤᠨ ᠨᠦᠬᠡ ᠪᠠᠷ

ᠰᠦᠪᠡᠯᠡᠨ ᠠᠪᠤᠭᠠᠳ᠂ ᠬᠦᠷᠤᠰᠤ ᠶᠢ ᠨᠢ ᠭᠠᠳᠠᠭᠰᠢ ᠬᠠᠨᠳᠤᠭᠤᠯᠤᠨ ᠬᠡᠳᠤᠨᠳᠡ ᠰᠢᠪᠬᠠᠷᠤᠨ ᠲᠠᠳᠠᠵᠦ᠂ ᠦ ᠦᠬᠡᠢ

ᠪᠦᠮᠪᠦᠷᠡᠬᠡᠨ ᠪᠤᠯᠭᠠᠵᠦ ᠲᠤᠤᠷ᠎ᠠ ᠬᠡᠰᠡᠭ ᠲᠤᠨᠢ ᠭᠠᠤᠯᠢ ᠪᠤᠶᠤ ᠮᠦᠩᠭᠦ ᠪᠠᠷ ᠪᠦᠯᠡᠵᠡᠭ ᠲᠠᠭᠠᠷᠠᠭᠤᠯᠳᠠᠭ ᠶᠤᠮ᠃

ᠡᠮᠡᠭᠡᠯ ᠳᠤ ᠶᠡᠷᠤ ᠳᠡᠭᠡᠨ ᠬᠤᠷᠢᠨ ᠲᠦᠷᠪᠡ᠂ ᠭᠤᠴᠢᠨ ᠬᠤᠶᠠᠷ ᠭᠠᠨᠵᠤᠭ᠎ᠠ ᠲᠠᠢ ᠪᠠᠶᠢᠳᠠᠭ︔ ᠪᠠᠰᠠ ᠵᠠᠷᠢᠮ ᠨᠢ

ᠨᠠᠶᠢᠮᠠᠨ ᠨᠠᠷᠢᠨ ᠭᠠᠨᠵᠤᠭ᠎ᠠ᠂ ᠬᠤᠷᠢᠨ ᠲᠦᠷᠪᠡᠨ ᠪᠦᠳᠤᠭᠦᠨ ᠭᠠᠨᠵᠤᠭ᠎ᠠ ᠭᠡᠵᠦ ᠬᠤᠪᠢᠶᠠᠳᠠᠭ᠃

     ᠡᠮᠡᠭᠡᠯ ᠳᠤ ᠬᠤᠶᠠᠷ ᠤᠯᠤᠩ᠂ ᠬᠤᠶᠠᠷ ᠵᠢᠷᠢᠮ ᠪᠠᠶᠢᠳᠠᠭ᠃ ᠤᠯᠤᠩ ᠢ ᠬᠠᠷ᠎ᠠ ᠴᠠᠭᠠᠨ ᠮᠤᠷᠢᠨ ᠲᠡᠯ ᠢᠶᠠᠷ

ᠲᠠᠮᠤᠵᠦ᠂ ᠨᠠᠷᠢᠨ ᠲᠡᠭᠡᠰᠤ ᠪᠠᠷ ᠡᠷᠴᠢᠮ ᠤᠨ ᠵᠦᠪ ᠪᠤᠷᠤᠭᠤ ᠪᠠᠷ ᠡᠩᠨᠡᠭᠦᠯᠦᠨ ᠬᠠᠪᠳᠠᠭᠠᠶᠢᠯᠠᠵᠦ ᠤᠶᠤᠨ ᠬᠢᠳᠡᠭ︔

ᠵᠢᠷᠢᠮ ᠢ ᠪᠤᠯ ᠨᠠᠶᠢᠮᠠ᠂ ᠠᠷᠪᠠᠨ ᠨᠠᠷᠢᠨ ᠰᠤᠷ ᠢᠶᠠᠷ ᠨᠦᠬᠡ ᠲᠠᠢ ᠭᠦᠷᠤᠮᠯᠡᠳᠡᠭ᠂ ᠵᠠᠷᠢᠮ ᠨᠢ ᠨᠦᠬᠡ ᠶᠢ ᠨᠢ ᠲᠡᠮᠤᠷ

 ᠢᠶᠠᠷ ᠬᠠᠪᠴᠢᠨ ᠪᠠᠬᠢᠯᠡᠳᠡᠭ ᠴᠦ ᠪᠤᠢ᠃

     ᠲᠡᠭᠡᠯᠢ ᠶᠢ ᠪᠤᠯ ᠨᠤᠭᠤᠭᠠᠨ ᠦᠩᠭᠡ ᠰᠠᠭᠤᠯᠭᠠᠭᠰᠠᠨ ᠨᠢᠮᠭᠡᠨ ᠰᠢᠭ ᠠᠷᠠᠰᠤ ᠪᠠᠷ ᠬᠦᠪᠡᠭᠡᠯᠡᠵᠦ᠂ ᠲᠤᠮᠳᠠ ᠨᠢ

ᠲᠤᠮᠤ ᠲᠠᠷᠤᠴᠠ ᠲᠠᠭᠠᠷᠠᠭᠤᠯᠤᠨ᠂ ᠲᠤᠭᠤᠷᠢᠭᠤᠯᠤᠨ ᠲᠦᠷᠪᠡᠨ ᠲᠤᠪᠤᠷᠤᠤ ᠬᠠᠳᠠᠵᠦ᠂ ᠵᠢᠵᠢᠭ ᠲᠤᠪᠤᠷᠤᠤ

ᠰᠢᠭᠢᠳᠬᠡᠬᠡᠨ ᠬᠦᠪᠡᠭᠡᠯᠡᠨ᠎ᠡ᠃ ᠤᠯᠠᠮ ᠭᠤᠶᠤᠯᠢᠭ ᠪᠤᠯᠭᠠᠬᠤ ᠶᠢᠨ ᠲᠦᠯᠦᠭᠡ ᠵᠠᠷᠢᠮ ᠮᠠᠯᠴᠢᠳ᠂ ᠡᠮᠡᠭᠡᠯ ᠤᠨ ᠬᠤᠶᠠᠷ

ᠪᠦᠭᠦᠷᠭᠡ᠂ ᠬᠠᠪᠳᠠᠭᠠᠯ᠂ ᠬᠠᠪᠳᠠᠭᠠᠯ ᠤᠨ ᠭᠠᠨᠵᠤᠭᠠᠨ ᠨᠦᠬᠡ ᠶᠢᠨ ᠬᠦᠪᠡᠭᠡ ᠶᠢ ᠮᠦᠩᠭᠦ ᠪᠤᠶᠤ ᠴᠠᠭᠠᠨ ᠭᠠᠤᠯᠢ ᠪᠠᠷ

ᠬᠦᠪᠡᠭᠡᠯᠡᠨ ᠬᠢᠳᠡᠭ ᠪᠢᠯᠠ᠃ ︵ᠵᠢᠷᠤᠭ ᠢ ᠯᠠᠪᠯᠠ︶

︵ᠵᠢᠷᠭᠤᠭ᠎ᠠ︶ ᠳ᠋ᠸᠤ᠂ ᠱᠧᠩ ᠬᠢᠬᠦ

     ᠮᠤᠩᠭᠤᠯᠴᠤᠳ᠂ ᠲᠠᠪᠤᠨ ᠬᠤᠰᠢᠭᠤ ᠮᠠᠯ ᠰᠦᠷᠦᠭ ᠲᠤ ᠬᠤᠯᠪᠤᠭᠳᠠᠭᠰᠠᠨ ᠡᠯ᠎ᠡ ᠵᠦᠢᠯ ᠤᠨ ᠡᠳ᠋ᠯᠡᠯ

ᠬᠡᠷᠡᠭᠰᠡᠯ ᠢ ᠤᠷᠠᠨ ᠵᠤᠬᠢᠶᠠᠮᠵᠢ ᠲᠠᠢ ᠰᠢᠨᠵᠢᠯᠡᠬᠦ ᠤᠬᠠᠭᠠᠨᠴᠢ ᠪᠠᠷ ᠬᠢᠵᠦ ᠬᠡᠷᠡᠭᠯᠡᠳᠡᠭ ᠪᠠᠶᠢᠭᠰᠠᠨ ᠪᠦᠭᠡᠳ ᠲᠠᠪᠤᠨ

ᠦᠷ᠎ᠡ ᠶᠢᠨ ᠲᠠᠷᠢᠶ᠎ᠠ᠂ ᠤᠨᠴᠠᠭᠠᠶᠢᠯᠠᠨ ᠮᠤᠩᠭᠤᠯ ᠠᠮᠤ ᠶᠢ ᠤᠷᠳᠤ ᠤᠳᠠᠭᠠᠨ ᠵᠢᠯ ᠨᠠᠮᠤᠭ ᠲᠠᠷᠢᠶ᠎ᠠ᠂ ᠵᠤᠷᠬ᠎ᠠ ᠲᠠᠷᠢᠶ᠎ᠠ

 ᠶᠢᠨ ᠬᠡᠯᠪᠡᠷᠢ ᠪᠠᠷ ᠲᠠᠷᠢᠵᠦ ᠬᠤᠷᠢᠶᠠᠭᠠᠳ᠂ ᠡᠳ᠋ᠯᠡᠵᠦ ᠬᠡᠷᠡᠭᠯᠡᠭᠰᠡᠭᠡᠷ ᠢᠷᠡᠭᠰᠡᠨ ᠶᠤᠮ᠃ ᠤᠳᠠᠭᠠᠨ ᠵᠢᠯ ᠤᠨ

ᠤᠶᠢᠯᠡᠳᠤᠯᠭᠡ ᠬᠡᠷᠡᠭᠯᠡᠬᠡᠨ ᠢᠶᠠᠷ ᠲᠠᠮᠵᠢᠭᠠᠳ ᠮᠤᠩᠭᠤᠯᠴᠤᠳ᠂ ᠠᠮᠤ ᠪᠤᠳᠠᠭ᠎ᠠ ᠶᠢ ᠬᠡᠮᠵᠢᠬᠦ ᠰᠠᠪᠠ ᠪᠤᠯᠬᠤ ᠳ᠋ᠸᠤ

ᠪᠤᠯᠤᠨ ᠱᠧᠩ ᠭᠡᠬᠦ ᠤᠶᠢᠯᠡᠳᠭᠦᠨ ᠢ ᠵᠤᠬᠢᠶᠡᠨ ᠬᠢᠵᠦ ᠪᠢᠯᠠ᠃

     ᠳ᠋ᠸᠤ᠂ ᠱᠧᠩ ᠢ ᠶᠠᠮᠠᠷ ᠮᠤᠳᠤ ᠪᠠᠷ ᠬᠢᠬᠦ ᠭᠡᠰᠡᠨ ᠲᠤᠭᠳᠠᠭᠰᠠᠨ ᠶᠤᠰᠤ ︵ᠪᠠᠷᠢᠮᠵᠢᠶ᠎ᠠ︶ ᠦᠬᠡᠢ᠂ ᠦᠩᠭᠡᠷᠡᠤ

ᠭᠠᠵᠢᠬᠤ ᠦᠬᠡᠢ ᠮᠤᠳᠤ ᠪᠤᠯ ᠪᠤᠯᠴᠢᠬᠠᠨ᠎ᠠ᠃ ᠳ᠋ᠸᠤ ᠶᠢ ᠬᠤᠷᠤᠭᠤ ᠶᠢᠨ ᠴᠢᠨᠡᠭᠡ ᠵᠤᠵᠠᠭᠠᠨ ᠮᠤᠳᠤᠨ ᠬᠠᠪᠲᠠᠰᠤ ᠪᠠᠷ

ᠲᠤᠤᠷ᠎ᠠ ᠲᠠᠯ᠎ᠠ ᠨᠢ ᠪᠠᠭ᠎ᠠ ᠰᠢᠭ᠋᠂ ᠲᠡᠭᠡᠷ᠎ᠡ ᠲᠠᠯ᠎ᠠ ᠨᠢ ᠰᠠᠷᠪᠠᠭ ᠰᠢᠭ᠋ ᠬᠡᠯᠪᠡᠷᠢ ᠲᠠᠢ ᠵᠤᠬᠢᠶᠠᠵᠦ᠂ ᠬᠠᠵᠠᠭᠤ

ᠲᠠᠯ᠎ᠠ ᠳᠤᠨᠢ ᠬᠤᠪᠬᠢᠯ ᠰᠡᠭᠡᠭᠡ ︵ᠠᠮᠠ ᠰᠡᠭᠡᠷ︶ ᠭᠠᠷᠭᠠᠵᠦ᠂ ᠴᠠᠪᠴᠤ ᠲᠦᠷᠬᠢᠵᠦ ᠲᠦᠷᠪᠡᠨ ᠮᠣᠳᠤᠨ

ᠬᠠᠪᠳᠠᠰᠤ ᠪᠠᠨ ᠠᠭᠤᠯᠵᠠᠭᠤᠯᠤᠨ ᠲᠠᠭᠠᠷᠠᠭᠤᠯᠤᠭᠠᠳ᠂ ᠢᠷᠤᠭᠠᠷ ᠢ ᠨᠢ ᠪᠠᠬᠢᠯᠡᠨ ᠬᠢᠵᠦ᠂ ᠲᠦᠷᠪᠡᠯᠵᠢᠨ ᠰᠠᠪᠠ

ᠪᠤᠯᠭᠠᠭᠠᠳ᠂ ᠨᠢᠭᠡ ᠳ᠋ᠸᠤ ᠶᠢᠨ ᠡᠵᠡᠯᠡᠭᠦᠨ ᠨᠢ 50 ᠵᠢᠩ ᠠᠮᠤ ᠪᠤᠳᠠᠭ᠎ᠠ ᠠᠬᠤᠭᠤᠯᠬᠤ ᠪᠠᠭᠳᠠᠭᠠᠮᠵᠢ ᠲᠠᠢ ᠪᠠᠷ

ᠬᠢᠳᠡᠭ ᠶᠤᠰᠤ ᠲᠠᠢ᠃ ᠳ᠋ᠸᠤ ᠶᠢᠨ ᠲᠡᠭᠡᠷ᠎ᠡ ᠲᠠᠯ᠎ᠠ ᠳᠤ ᠨᠢᠭᠡ ᠬᠦᠨᠳᠡᠯᠡᠨ ᠮᠤᠳᠤ ᠵᠤᠬᠢᠶᠠᠵᠦ᠂ ᠳ᠋ᠸᠤ ᠪᠠᠨ ᠲᠡᠭᠦᠵᠢᠯᠡᠬᠦ

 ᠳᠤ ᠲᠦᠭᠦᠮ ᠪᠤᠯᠭᠠᠵᠦ ᠬᠡᠷᠡᠭᠯᠡᠳᠡᠭ︔ ᠱᠧᠩ ᠢ ᠪᠤᠯ ᠪᠠᠰᠠ ᠮᠤᠳᠤᠨ ᠬᠠᠪᠳᠠᠰᠤ ᠪᠠᠷ ᠲᠡᠭᠡᠷ᠎ᠡ ᠲᠠᠯ᠎ᠠ ᠨᠢ ᠪᠠᠷᠤᠭ

25 ᠰᠡᠨᠲ᠋ᠢᠮᠧᠳ᠋ᠷ ᠤᠨ ᠲᠦᠯᠦᠪᠳᠠᠢ᠂ ᠲᠤᠤᠷ᠎ᠠ ᠲᠠᠯ᠎ᠠ ᠨᠢ ᠪᠠᠷᠤᠭ 15 ᠰᠡᠨᠲ᠋ᠢᠮᠧᠳ᠋ᠷ ᠤᠨ ᠲᠦᠯᠦᠪ ᠢᠶᠠᠷ ᠬᠢᠳᠡᠭ᠂

ᠨᠢᠭᠡ ᠱᠧᠩ ᠤᠨ ᠡᠵᠡᠯᠡᠭᠦᠨ ᠢ 5 ᠵᠢᠩ ᠠᠮᠤ ᠪᠤᠳᠠᠭ᠎ᠠ ᠠᠬᠤᠭᠤᠯᠬᠤ ᠪᠠᠭᠳᠠᠭᠠᠮᠵᠢ ᠶᠢᠨ ᠪᠠᠷᠢᠮᠵᠢᠶ᠎ᠠ ᠪᠠᠷ ᠬᠢᠳᠡᠭ

ᠤᠴᠢᠷ ᠲᠠᠢ᠃ ᠨᠢᠭᠡ ᠳ᠋ᠠᠨ ᠠᠮᠤ ᠪᠤᠳᠠᠭ᠎ᠠ ᠪᠤᠯ 500 ᠵᠢᠩ ᠪᠠᠶᠢᠳᠠᠭ ᠶᠤᠮ᠃ ︵ᠵᠢᠷᠤᠭ ᠢ ᠯᠠᠪᠯᠠ︶

ᠬᠤᠶᠠᠷ᠂ ᠮᠤᠩᠭᠤᠯᠴᠤᠳ ᠤᠨ ᠪᠤᠷᠭᠠᠰᠤᠨ ᠭᠦᠷᠤᠮᠡᠯ ᠤᠨ ᠭᠠᠷ ᠤᠷᠠᠯᠠᠯ

     ᠪᠤᠷᠭᠠᠰᠤᠨ ᠵᠦᠢᠯ ᠳᠤ ᠮᠠᠩᠬᠠᠨ ᠤ ᠰᠢᠷ᠎ᠠ ᠪᠤᠷᠭᠠᠰᠤ᠂ ᠭᠤᠤᠯ ᠤᠨ ᠭᠦᠪᠡᠭᠡᠨ ᠤ ᠤᠯᠠᠭᠠᠨ ᠪᠤᠷᠭᠠᠰᠤ ᠪᠤᠶᠤ

ᠪᠤᠷᠤ ᠪᠤᠷᠭᠠᠰᠤ ᠵᠡᠷᠭᠡ ᠪᠠᠭᠳᠠᠵᠦ ᠪᠠᠶᠢᠳᠠᠭ᠃ ᠮᠤᠩᠭᠤᠯᠴᠤᠳ ᠪᠠᠰᠠ ᠤᠳᠠᠨ ᠮᠤᠳᠤᠨ ᠤ ᠪᠤᠷᠭᠠᠰᠤ᠂ ᠤᠳᠠ

ᠮᠤᠳᠤᠨ ᠤ ᠰᠠᠯᠠᠭ᠎ᠠ ᠨᠠᠮᠠᠭ᠎ᠠ ᠶᠢ ᠠᠰᠢᠭᠯᠠᠨ ᠭᠦᠷᠤᠮᠡᠯ ᠤᠨ ᠵᠦᠢᠯ ᠪᠤᠯᠭᠠᠨ ᠬᠡᠷᠡᠭᠯᠡᠳᠡᠭ ᠪᠠᠶᠢᠵᠠᠢ᠃

︵ᠨᠢᠭᠡ︶ ᠠᠷᠤᠭ ᠭᠦᠷᠤᠬᠦ

     ᠠᠷᠤᠭ ᠭᠦᠷᠤᠬᠦ ᠳᠤ᠂ ᠢᠷᠤᠭᠠᠷ ᠠᠴᠠ ᠨᠢ ᠤᠷᠳᠤ ᠲᠦᠷᠪᠡᠯᠵᠢᠨ ᠬᠡᠯᠪᠡᠷᠢ ᠲᠠᠢ ᠭᠦᠷᠤᠵᠦ ᠡᠬᠢᠯᠡᠨ᠂

ᠲᠡᠭᠡᠭᠰᠢ ᠠᠰᠠᠯᠠᠭᠤᠯᠤᠨ ᠨᠢᠭᠡ ᠲᠤᠬᠤᠢ ᠢᠯᠡᠭᠦᠤ ᠬᠤᠮᠢᠨ ᠭᠦᠷᠤᠵᠦ᠂ ᠠᠮᠠᠰᠠᠷ ᠦᠭᠡᠳᠡ ᠪᠤᠯᠬᠤ ᠦᠶ᠎ᠡ ᠳᠤ

ᠰᠠᠷᠪᠠᠶᠢᠯᠭᠠᠨ ᠶᠡᠬᠡᠰᠬᠡᠵᠦ᠂ ᠶᠠᠭ ᠠᠮᠠᠰᠠᠷ ᠬᠦᠷᠬᠦ ᠳᠤ ᠪᠤᠷᠭᠠᠰᠤᠨ ᠨᠠᠮᠠᠭ᠎ᠠ ᠪᠠᠷ ᠢᠶᠠᠨ ᠡᠪᠬᠡᠨ ᠲᠠᠷᠤᠵᠦ ᠤᠷᠢᠶᠠᠨ

ᠲᠤᠭᠳᠠᠭᠠᠵᠦ ᠲᠡᠭᠦᠰᠭᠡᠳᠡᠭ᠃ ᠠᠷᠤᠭ ᠤᠨ ᠬᠡᠯᠪᠡᠷᠢ ᠶᠡᠭᠡ ᠪᠠᠭ᠎ᠠ ᠭᠡᠵᠦ ᠲᠤᠭᠳᠠᠭᠰᠠᠨ ᠪᠠᠷᠢᠮᠵᠢᠶ᠎ᠠ ᠦᠬᠡᠢ᠂

ᠭᠤᠤᠯᠳᠠᠭᠤ ᠵᠠᠷᠤᠬᠤ ᠬᠦᠮᠤᠨ ᠤ ᠲᠤᠷᠠᠰᠢᠯ᠂ ᠪᠡᠶ᠎ᠡ ᠶᠢᠨ ᠪᠠᠶᠢᠳᠠᠯ ᠳᠠᠭᠠᠨ ᠲᠤᠬᠢᠷᠠᠭᠤᠯᠵᠦ ᠬᠢᠭᠰᠡᠨ ᠪᠠᠶᠢᠪᠠᠯ

ᠪᠤᠯᠴᠢᠬᠠᠳᠠᠭ᠃ ᠠᠷᠤᠭ ᠢᠶᠠᠨ ᠭᠦᠷᠤᠵᠦ ᠲᠠᠭᠤᠰᠪᠠᠯ ᠵᠠᠷᠤᠬᠤ ᠳᠤ ᠲᠦᠭᠦᠮ ᠪᠤᠯᠭᠠᠵᠦ᠂ ᠬᠢᠯᠭᠠᠰᠤ ᠪᠤᠶᠤ ᠤᠯᠤᠰᠤᠨ

ᠲᠡᠭᠡᠰᠤ ᠪᠠᠷ ᠬᠤᠶᠠᠷ ᠮᠦᠷᠤᠪᠴᠢ ᠬᠢᠵᠦ ᠮᠦᠷᠤᠨ ᠳᠡᠭᠡᠨ ᠡᠭᠦᠷᠬᠦ ᠳᠤ ᠲᠤᠬᠢᠳᠠᠢ ᠪᠤᠯᠭᠠᠳᠠᠭ ᠪᠢᠯᠠ᠃

︵ᠬᠤᠶᠠᠷ︶ ᠰᠠᠭᠰᠤ ᠭᠦᠷᠤᠬᠦ

     ᠰᠠᠭᠰᠤ ᠶᠢ ᠭᠦᠷᠤᠬᠦ ᠳᠤ ᠬᠡᠯᠪᠡᠷᠢ ᠮᠠᠶ᠋ᠢᠭ ᠨᠢ ᠪᠦᠷ ᠠᠳᠠᠯᠢ ᠦᠬᠡᠢ᠂ ᠫᠢᠯᠭᠠᠷ ᠬᠠᠪᠳᠠᠭᠠᠢ ᠰᠢᠭ᠋ ᠪᠠ

ᠪᠤᠰᠤᠭ᠎ᠠ ᠰᠢᠭ᠋ ᠬᠡᠯᠪᠡᠷᠢ ᠶᠢᠨ ᠪᠦᠷ ᠪᠠᠶᠢᠳᠠᠭ ᠪᠢᠯᠠ᠃ ᠪᠠᠰᠠ ᠬᠠᠯᠢᠰᠤᠳᠠᠢ ᠪᠤᠷᠭᠠᠰᠤ ᠪᠠᠷ ᠰᠢᠭᠤᠳ ᠭᠦᠷᠤᠬᠦ ᠪᠤᠶᠤ

ᠬᠠᠯᠢᠰᠤ ᠶᠢ ᠨᠢ ᠴᠠᠭᠠᠯᠠᠭᠠᠳ ᠭᠦᠷᠤᠳᠡᠭ ᠴᠦ ᠪᠤᠢ᠃ ᠴᠠᠭᠠᠯᠠᠭᠰᠠᠨ ᠪᠤᠷᠭᠠᠰᠤᠨ ᠰᠠᠭᠰᠤᠨ ᠳᠤ ᠬᠤᠷᠤᠳ ᠪᠢᠰᠢᠯᠠᠭ᠂

ᠠᠭᠠᠷᠤᠯ ᠡᠭᠡᠵᠡᠭᠡᠢ ᠬᠢᠵᠦ ᠲᠠᠯᠪᠢᠳᠠᠭ︔ ᠪᠤᠰᠤᠳ ᠰᠠᠭᠰᠤᠨ ᠳᠤ ᠪᠤᠷᠴᠠᠯᠠᠭᠰᠠᠨ ᠮᠢᠬ᠎ᠠ᠂ ᠲᠠᠬᠢᠶᠠᠨ ᠦᠨᠳᠡᠭᠡ

ᠵᠡᠷᠭᠡ ᠵᠤᠬᠢᠬᠤ ᠶᠠᠭᠤᠮ᠎ᠠ ᠬᠡᠤᠮ᠎ᠠ ᠬᠢᠵᠦ ᠲᠠᠯᠪᠢᠳᠠᠭ ᠶᠤᠮ᠃

︵ᠭᠤᠷᠪᠠ︶ ᠵᠤᠤᠯᠢ ᠭᠦᠷᠤᠬᠦ

     ᠵᠤᠤᠯᠢ ᠭᠦᠷᠤᠬᠦ ᠳᠤ ᠮᠦᠨᠬᠦ ᠬᠠᠯᠢᠰᠤᠳᠠᠢ ᠨᠢ ᠭᠦᠷᠤᠬᠦ ᠪᠠ ᠬᠠᠯᠢᠰᠤ ᠶᠢ ᠨᠢ ᠴᠠᠭᠠᠯᠠᠵᠦ ᠭᠦᠷᠤᠬᠦ ᠬᠤᠶᠠᠷ

ᠵᠦᠢᠯ ᠪᠠᠶᠢᠳᠠᠭ᠂ ᠴᠠᠭᠠᠯᠠᠭᠠᠳ ᠭᠦᠷᠦᠭᠰᠡᠨ ᠵᠤᠤᠯᠢ ᠪᠠᠷ ᠵᠦᠭᠡᠯᠡᠨ ᠬᠤᠷᠤᠳ ᠢ ᠠᠪᠴᠦ ᠰᠢᠷ᠎ᠠ ᠤᠰᠤ ᠶᠢ ᠨᠢ

ᠰᠢᠪᠬᠡᠷᠡᠭᠦᠯᠬᠦ︔ ᠴᠢᠨᠠᠭᠰᠠᠨ ᠪᠤᠳᠠᠭ᠎ᠠ ᠱᠦᠭᠦᠬᠦ ᠳᠤ ᠬᠡᠷᠡᠭᠯᠡᠳᠡᠭ ᠪᠠᠶᠢᠭᠰᠠᠨ᠃ ᠪᠤᠰᠤᠳ ᠵᠤᠤᠯᠢ ᠶᠢ ᠵᠤᠬᠢᠬᠤ ᠵᠦᠢᠯ

 ᠳᠤ ᠨᠢ ᠵᠠᠷᠤᠵᠦ ᠬᠡᠷᠡᠭᠯᠡᠳᠡᠭ ᠪᠢᠯᠠ᠃

︵ᠲᠦᠷᠪᠡ︶ ᠪᠠ ᠭᠦᠷᠤᠬᠦ

     ᠪᠤᠷᠭᠠᠰᠤᠨ ᠭᠦᠷᠤᠮᠡᠯ ᠪᠠ ᠶᠢᠨ ᠬᠡᠷᠡᠭᠰᠡᠯ ᠤᠯᠠᠨ ᠵᠦᠢᠯ ᠪᠠᠶᠢᠳᠠᠭ᠃ ᠬᠠᠰᠢᠶ᠎ᠠ ᠬᠤᠷᠢᠶ᠎ᠠ ᠪᠠᠨ ᠪᠢᠳᠡᠭᠦᠯᠬᠦ᠂

ᠮᠠᠯ ᠲᠦᠯ ᠤᠨ ᠬᠠᠰᠢᠶ᠎ᠠ ᠬᠢᠬᠦ᠂ ᠠᠷᠭᠠᠯ ᠬᠤᠮᠤᠤᠯ ᠢ ᠬᠠᠰᠢᠨ ᠲᠤᠭᠳᠠᠭᠠᠬᠤ᠂ ᠬᠤᠷᠢᠶ᠎ᠠ ᠶᠢᠨ ᠲᠤᠮᠳᠠᠬᠢ ᠭᠠᠯ

ᠲᠤᠭᠤᠭᠠᠨ ᠲᠡᠭᠡᠷ᠎ᠡ ᠲᠦᠷᠪᠡᠨ ᠪᠤᠯᠠᠭ᠎ᠠ ᠪᠤᠰᠬᠠᠵᠦ ᠪᠠ ᠪᠠᠨ ᠤᠶᠠᠵᠦ᠂ ᠨᠠᠷᠠ ᠬᠠᠯᠬᠠᠯᠠᠵᠦ ᠰᠡᠭᠦᠳᠡᠷ ᠪᠤᠯᠭᠠᠬᠤ᠂

ᠴᠠᠭᠠᠨ ᠢᠳᠡᠭᠡᠨ ᠢ ᠠᠭᠠᠷ ᠨᠠᠷᠠᠨ ᠳᠤ ᠡᠭᠡᠵᠦ ᠲᠠᠯᠪᠢᠬᠤ ᠡᠳ᠋ᠯᠡᠯ ᠪᠤᠯᠭᠠᠬᠤ ᠵᠡᠷᠭᠡ ᠤᠯᠠᠨ ᠵᠦᠢᠯ ᠤᠨ ᠬᠡᠷᠡᠭᠴᠡᠭᠡ

ᠪᠠᠶᠢᠳᠠᠭ᠃

︵ᠲᠠᠪᠤ︶ ᠶᠠᠩᠽᠢ ᠭᠦᠷᠤᠬᠦ

     ᠶᠠᠩᠽᠢ ᠭᠡᠳᠡᠭ ᠨᠢ ᠦᠬᠡᠷ ᠲᠡᠷᠭᠡᠨ ᠲᠡᠭᠡᠷ᠎ᠡ ᠠᠷᠭᠠᠯ ᠲᠡᠭᠡᠭᠡᠬᠦ ᠳᠤ ᠵᠤᠷᠢᠭᠤᠯᠤᠭᠰᠠᠨ ᠠᠷᠭᠠᠯ ᠢ ᠬᠠᠰᠢᠬᠤ

ᠨᠢᠭᠡᠨ ᠵᠦᠢᠯ ᠤᠨ ᠬᠠᠰᠢᠯᠭ᠎ᠠ ᠶᠢᠨ ᠪᠤᠳᠠᠰ ᠪᠤᠯᠬᠤ ᠶᠤᠮ᠃ ᠶᠠᠩᠽᠢ ᠭᠦᠷᠤᠬᠦ ᠳᠡᠭᠡᠨ ᠦᠬᠡᠷ ᠲᠡᠷᠭᠡ ᠶᠢᠨ ᠢᠶᠠᠨ ᠶᠡᠭᠡ

ᠪᠠᠭ᠎ᠠ ᠶᠢ ᠦᠨᠳᠤᠰᠤᠯᠡᠵᠦ᠂ ᠲᠡᠷᠡᠬᠦ ᠬᠡᠮᠵᠢᠶ᠎ᠡ ᠪᠠᠷ ᠭᠠᠵᠠᠷ ᠲᠡᠭᠡᠷ᠎ᠡ ᠬᠡᠪ ᠢ ᠨᠢ ᠵᠢᠷᠤᠵᠦ᠂ ᠲᠡᠷᠡ ᠬᠡᠪ ᠤᠨ

ᠣᠷᠤᠮ ᠢᠶᠠᠷ ᠪᠤᠷᠭᠠᠰᠤ ᠪᠠᠨ ᠭᠤᠷᠪᠠ ᠪᠠᠷ ᠪᠦᠳᠤᠭᠦᠨ ᠦᠵᠤᠭᠦᠷ ᠢ ᠨᠢ ᠵᠦᠰᠤᠨ᠂ ᠭᠠᠵᠠᠷ ᠲᠤ ᠬᠠᠳᠬᠤᠵᠦ᠂

ᠤᠷᠳᠤᠯᠢᠭ ᠲᠤᠭᠤᠷᠢᠭ ᠪᠤᠯᠭᠠᠭᠠᠳ᠂ ᠲᠡᠷᠡᠬᠦ ᠬᠠᠳᠬᠤᠭᠰᠠᠨ ᠪᠤᠷᠭᠠᠰᠤ ᠪᠠᠨ ᠲᠤᠤᠷ᠎ᠠ ᠠᠴᠠ ᠨᠢ ᠲᠡᠭᠡᠭᠰᠢ ᠬᠦᠨᠳᠡᠯᠡᠨ

 ᠢᠶᠠᠷ ᠰᠤᠯᠢᠪᠴᠢᠯᠠᠨ ᠭᠦᠷᠤᠵᠦ᠂ ᠨᠢᠭᠡ ᠲᠤᠭᠤᠷᠢᠭ ᠭᠦᠷᠤᠪᠡᠯ ᠭᠠᠷ ᠢᠶᠠᠷ ᠢᠶᠠᠨ ᠲᠤᠷᠤᠭᠰᠢ ᠲᠠᠷᠤᠵᠦ ᠨᠢᠭᠳᠠᠷᠠᠭᠤᠯᠵᠦ

᠂ ᠬᠡᠳᠤᠨ ᠲᠤᠭᠤᠷᠢᠭ ᠭᠦᠷᠤᠪᠡᠯ ᠮᠤᠳᠤᠨ ᠬᠠᠪᠲᠠᠰᠤ ᠲᠠᠯᠪᠢᠵᠦ ᠰᠦᠬᠡ ᠪᠤᠶᠤ ᠮᠤᠳᠤᠨ ᠯᠠᠩᠲᠤ ᠪᠠᠷ ᠴᠤᠬᠢᠵᠦ

ᠨᠢᠭᠳᠠᠷᠠᠭᠤᠯᠤᠨ ᠴᠢᠩᠭᠠᠷᠠᠭᠤᠯᠳᠠᠭ᠃ ᠲᠡᠭᠡᠷ᠎ᠡ ᠲᠠᠯ᠎ᠠ ᠶᠢᠨ ᠬᠡᠮᠵᠢᠶᠡᠨ ᠳᠤ ᠬᠦᠷᠦᠭᠰᠡᠨ ᠪᠤᠯ ᠪᠤᠷᠠᠭᠠᠰᠤᠨ ᠨᠠᠷᠢᠨ

ᠨᠠᠮᠠᠭᠠᠨ ᠦᠵᠤᠭᠦᠷ ᠢᠶᠠᠷ ᠲᠠᠷᠤᠭᠤᠯᠤᠨ ᠡᠪᠬᠡᠵᠦ ᠲᠡᠭᠦᠰᠭᠡᠨ᠎ᠡ᠃

︵ᠵᠢᠷᠭᠤᠭ᠎ᠠ︶ ᠠᠳᠠᠭᠠᠷ ᠭᠦᠷᠤᠬᠦ

     ᠦᠬᠡᠷ ᠲᠡᠷᠭᠡᠨ ᠤ ᠠᠷᠠᠯ ᠲᠡᠭᠡᠷ᠎ᠡ ᠲᠡᠪᠢᠰᠬᠦ ᠪᠤᠷᠭᠠᠰᠤᠨ ᠭᠦᠷᠤᠮᠡᠯ ᠢ ᠠᠳᠠᠭᠠᠷ ᠭᠡᠳᠡᠭ᠃ ᠠᠳᠠᠭᠠᠷ ᠢ ᠬᠤᠶᠠᠷ

ᠶᠠᠰᠢᠩ ᠤᠨ ᠲᠤᠮᠳᠠ ᠲᠠᠯᠪᠢᠳᠠᠭ ᠶᠤᠮ᠃ ᠠᠳᠠᠭᠠᠷ ᠢ ᠭᠦᠷᠤᠬᠦ ᠳᠡᠭᠡᠨ ᠲᠡᠷᠭᠡᠨ ᠤ ᠬᠡᠮᠵᠢᠶ᠎ᠡ ᠪᠠᠷ ᠢᠶᠠᠨ ᠬᠡᠮᠵᠢᠨ

ᠠᠪᠴᠦ᠂ ᠲᠡᠷᠡ ᠶᠠᠩᠵᠦ ᠪᠠᠷ ᠭᠠᠵᠠᠷ ᠲᠡᠭᠡᠷ᠎ᠡ ᠪᠤᠷᠭᠠᠰᠤᠨ ᠤ ᠪᠦᠳᠤᠭᠦᠨ ᠦᠵᠤᠭᠦᠷ ᠢ ᠱᠤᠷᠤᠯᠠᠵᠦ ᠬᠠᠳᠬᠤᠭᠠᠳ

ᠬᠦᠨᠳᠡᠯᠡᠨ ᠢᠶᠠᠷ ᠭᠦᠷᠤᠭᠡᠳ᠂ ᠬᠡᠮᠵᠢᠶ᠎ᠡ ᠨᠢ ᠲᠤᠯᠤᠭᠰᠠᠨ ᠪᠤᠯ ᠨᠦᠭᠦᠭᠡ ᠦᠵᠤᠭᠦᠷ ᠢ ᠨᠢ ᠲᠡᠭᠦᠰᠭᠡᠨ᠎ᠡ᠃ ᠢᠩᠬᠢᠵᠦ

ᠠᠳᠠᠭᠠᠷ ᠬᠢᠵᠦ ᠲᠡᠪᠢᠰᠬᠦ ᠨᠢ ᠶᠠᠭᠤᠮ᠎ᠠ ᠬᠡᠤᠮ᠎ᠠ ᠲᠡᠷᠭᠡᠨ ᠠᠴᠠ ᠭᠤᠭᠤᠵᠢᠵᠦ ᠤᠨᠠᠬᠤ ᠦᠬᠡᠢ ᠪᠠᠶᠢᠳᠠᠭ᠂ ᠬᠦᠮᠤᠨ

ᠰᠠᠭᠤᠬᠤ ᠳᠤ ᠡᠪᠯᠢᠭ ᠭᠡᠵᠦ ᠠᠳᠠᠭᠠᠷ ᠲᠡᠭᠡᠷ᠎ᠡ ᠪᠠᠨ ᠢᠰᠡᠭᠡᠢ ᠲᠡᠪᠢᠰᠳᠡᠭ ᠴᠦ ᠪᠤᠢ᠃ ᠬᠡᠷᠪᠡ ᠲᠡᠷᠭᠡᠨ ᠲᠡᠭᠡᠷ᠎ᠡ ᠪᠠᠨ

ᠤᠳᠠ ᠮᠤᠳᠤ᠂ ᠬᠠᠶᠢᠯᠠᠰᠤᠨ ᠮᠤᠳᠤᠨ ᠰᠠᠯᠠᠭ᠎ᠠ ᠶᠢ ᠮᠠᠳᠠᠵᠦ ᠲᠦᠭᠦᠷᠡᠭᠡᠨ ᠬᠡᠯᠪᠡᠷᠢ ᠲᠠᠢ ᠪᠤᠯᠭᠠᠵᠦ᠂ ᠢᠰᠡᠭᠡᠢ ᠪᠠᠷ

ᠪᠦᠷᠢᠵᠦ ᠬᠢᠭᠰᠡᠨ ᠢ ᠬᠠᠮ ᠲᠡᠷᠭᠡ ᠭᠡᠳᠡᠭ᠃

︵ᠲᠤᠯᠤᠭ᠎ᠠ︶ ᠦᠪᠤᠩ ᠭᠡᠷ ᠭᠦᠷᠤᠬᠦ

     ᠦᠩᠭᠡᠷᠡᠭᠰᠡᠨ ᠳᠤ ᠮᠤᠩᠭᠤᠯᠴᠤᠳ᠂ ᠤᠶᠢᠯᠡᠳᠪᠤᠷᠢᠯᠡᠯ ᠠᠮᠢᠳᠤᠷᠠᠯ ᠤᠨ ᠬᠡᠷᠡᠭᠴᠡᠭᠡ ᠪᠠᠨ ᠦᠨᠳᠤᠰᠤᠯᠡᠵᠦ᠂

ᠮᠤᠩᠭᠤᠯ ᠭᠡᠷ ᠠᠴᠠ ᠪᠠᠨ ᠭᠠᠳᠠᠨ᠎ᠠ ᠦᠭᠡᠷ᠎ᠡ ᠪᠠᠰᠠ ᠦᠪᠤᠩ ᠭᠡᠷ ᠬᠦᠷᠤᠵᠦ᠂ ᠬᠦᠮᠤᠨ ᠰᠠᠭᠤᠬᠤ ᠪᠤᠶᠤ ᠶᠠᠭᠤᠮ᠎ᠠ

ᠬᠡᠤᠮ᠎ᠠ ᠪᠠᠨ ᠬᠠᠳᠠᠭᠠᠯᠠᠬᠤ ︵ᠰᠠᠩ ᠤᠨ ᠭᠡᠷ﹀ ᠪᠤᠯᠭᠠᠵᠦ ᠪᠠᠶᠢᠭᠰᠠᠨ ᠶᠤᠮ᠃ ᠦᠪᠤᠩ ᠭᠡᠷ ᠭᠦᠷᠤᠬᠦ ᠳᠤ ᠶᠡᠭᠡ

ᠪᠠᠭ᠎ᠠ ᠶᠢᠨ ᠲᠤᠭᠳᠠᠭᠰᠠᠨ ᠪᠠᠷᠢᠮᠵᠢᠶ᠎ᠠ ᠭᠡᠵᠦ ᠦᠬᠡᠢ᠂ ᠦᠪᠡᠷ ᠤᠨ ᠬᠡᠷᠡᠭᠴᠡᠭᠡ ᠪᠠᠨ ᠦᠵᠡᠵᠦ ᠭᠦᠷᠤᠪᠡᠯ ᠪᠤᠯᠴᠢᠬᠠᠨ᠎ᠠ

᠃ ᠶᠡᠷᠤᠩᠬᠡᠢ ᠳᠡᠭᠡᠨ ᠭᠤᠷᠪᠠ ᠲᠦᠷᠪᠡᠨ ᠮᠧᠳ᠋ᠷ ᠤᠨ ᠲᠦᠯᠦᠪ ᠶᠡᠭᠡ ᠪᠠᠷ ᠲᠦᠭᠦᠷᠢᠭᠯᠡᠨ ᠭᠦᠷᠤᠨ᠎ᠡ ︵ᠵᠠᠷᠢᠮ ᠨᠢ ᠲᠠᠪᠤ

ᠵᠢᠷᠭᠤᠭᠠᠨ ᠮᠧᠳ᠋ᠷ ᠢᠶᠠᠷ ᠭᠦᠷᠤᠳᠡᠭ ᠴᠦ ᠪᠤᠢ︶᠂ ᠭᠦᠷᠤᠬᠦ ᠳᠡᠭᠡᠨ ᠡᠭᠦᠳᠡᠨ ᠬᠡᠰᠡᠭ ᠢ ᠦᠯᠡᠳᠡᠭᠡᠵᠦ᠂ ᠲᠦᠭᠦᠷᠢᠭᠯᠡᠨ

ᠭᠦᠷᠦᠭᠰᠡᠭᠡᠷ ᠪᠠᠶᠢᠭᠠᠳ ᠡᠭᠦᠳᠡᠨ ᠤ ᠲᠡᠭᠡᠷ᠎ᠡ ᠬᠡᠰᠡᠭ ᠬᠦᠷᠬᠦ ᠳᠤ ᠤᠷᠤᠢ ᠶᠢ ᠨᠢ ᠪᠢᠳᠡᠭᠦᠯᠦᠨ ᠭᠦᠷᠤᠵᠦ᠂ ᠭᠤᠤᠯ

ᠤᠷᠤᠢ ᠬᠦᠷᠬᠦ ᠳᠤ ᠵᠢᠭᠠᠬᠠᠨ ᠣᠩᠭᠤᠷᠬᠠᠢ ᠦᠯᠡᠳᠡᠭᠡᠨ ᠲᠠᠯᠪᠢᠳᠠᠭ᠃ ᠲᠡᠷᠡ ᠨᠢ ᠭᠠᠯ ᠬᠢᠬᠦ ᠳᠤ ᠠᠭᠤᠷ ᠤᠳᠤᠭ᠎ᠠ

ᠭᠠᠷᠬᠤ ᠪᠠ ᠬᠡᠢ ᠠᠭᠠᠷ ᠨᠡᠪᠳᠡᠷᠡᠭᠦ ᠪᠠᠷ ᠪᠡᠯᠡᠳᠭᠡᠭᠰᠡᠨ ᠪᠠᠶᠢᠳᠠᠭ᠃ ᠡᠭᠦᠳᠡ ᠶᠢ ᠨᠢ ᠪᠤᠷᠭᠠᠰᠤᠨ ᠡᠭᠦᠳᠡ ᠪᠤᠶᠤ

ᠮᠤᠳᠤᠨ ᠡᠭᠦᠳᠡ ᠬᠢᠵᠦ ᠪᠦᠷ ᠪᠤᠯᠳᠠᠭ ᠪᠢᠯᠠ᠃ ᠦᠪᠤᠩ ᠭᠡᠷ ᠢᠶᠠᠨ ᠲᠤᠯᠠᠭᠠᠨ ᠪᠠᠶᠢᠯᠭᠠᠬᠤ ᠶᠢᠨ ᠲᠦᠯᠦᠭᠡ᠂

ᠪᠤᠷᠭᠠᠰᠤᠨ ᠭᠡᠷ ᠤᠨ ᠭᠠᠳᠠᠭᠤᠷ ᠨᠢ ᠰᠢᠷ᠎ᠠ ᠰᠢᠩᠭᠡᠨ ᠰᠢᠪᠠᠷ ᠢ ᠵᠢᠭᠤᠷᠠᠵᠤ ᠰᠢᠪᠠᠳᠠᠭ ᠶᠤᠮ᠂ ᠦᠬᠡᠷ ᠤᠨ ᠨᠦᠢᠳᠠᠨ

ᠪᠠᠭᠠᠰᠤ ᠪᠠᠷ ᠰᠢᠪᠠᠳᠠᠭ ᠴᠦ ᠪᠤᠢ᠃ ᠦᠪᠤᠩ ᠭᠡᠷ ᠲᠡᠭᠡᠨ ᠲᠡᠮᠤᠷ ᠲᠤᠯᠭ᠎ᠠ ᠪᠤᠶᠤ ᠰᠢᠪᠠᠷ ᠵᠤᠤᠬ᠎ᠠ ᠪᠠᠷᠢᠵᠦ ᠭᠠᠯ

ᠤᠰᠤ ᠬᠢᠳᠡᠭ᠃

︵ᠨᠠᠶᠢᠮᠠ︶ ᠬᠤᠪᠤ ︵ᠬᠤᠪᠤᠭᠤ︶ ᠭᠦᠷᠤᠬᠦ

     ᠬᠤᠳᠳᠤᠭ ᠪᠤᠶᠤ ᠱᠠᠠᠳᠠ ᠠᠴᠠ ᠤᠰᠤ ᠠᠪᠬᠤ ᠶᠢᠨ ᠲᠦᠯᠦᠭᠡ ᠪᠤᠷᠭᠠᠰᠤ ᠶᠢ ᠴᠠᠭᠠᠯᠠᠵᠦ᠂ ᠨᠢᠭᠡ ᠲᠤᠬᠤᠢ

ᠢᠯᠡᠭᠦᠤ ᠲᠦᠭᠦᠷᠢᠭᠬᠡᠨ ᠬᠡᠯᠪᠡᠷᠢ ᠶᠢᠨ ᠬᠤᠪᠤ ︵ᠬᠤᠪᠤᠭᠤ︶ ᠭᠦᠷᠤᠳᠡᠭ᠃ ᠬᠤᠪᠤ ᠶᠢᠨ ᠲᠡᠭᠡᠷᠡᠬᠢ ᠠᠮᠰᠠᠷ ᠢ ᠨᠢ

ᠨᠢᠮᠭᠡᠨ ᠬᠠᠪᠳᠠᠰᠤ ᠮᠤᠳᠤ ᠪᠤᠶᠤ ᠬᠤᠯᠤᠰᠤ ᠪᠠᠷ ᠬᠠᠪᠴᠢᠨ ᠤᠶᠠᠵᠦ᠂ ᠲᠡᠮᠤᠷ ᠰᠡᠨᠵᠢ ᠪᠤᠶᠤ ᠬᠤᠯᠤᠰᠤᠨ ᠰᠡᠨᠵᠢ

ᠲᠠᠭᠠᠷᠠᠭᠤᠯᠤᠨ ᠬᠢᠵᠦ᠂ ᠬᠢᠯᠭᠠᠰᠤᠨ ᠲᠡᠭᠡᠰᠤ ᠪᠠᠷ ᠲᠡᠭᠦᠵᠢᠯᠡᠳᠡᠭ ᠶᠤᠮ᠃

︵ᠶᠢᠰᠤ︶ ᠰᠢᠪᠡᠭᠡ ᠬᠢᠬᠦ

     ᠮᠤᠩᠭᠤᠯᠴᠤᠳ ᠤᠳᠠ ᠮᠤᠳᠤ ︵ᠪᠦᠳᠤᠭᠦᠨ ᠪᠤᠷᠭᠠᠰᠤ︶ ᠶᠢ ᠠᠪᠴᠦ᠂ ᠭᠡᠷ ᠬᠤᠷᠢᠶ᠎ᠠ ᠪᠠᠨ ᠲᠤᠭᠤᠷᠢᠭᠤᠯᠤᠨ

ᠰᠢᠪᠡᠭᠡ ᠲᠠᠷᠤᠳᠠᠭ ᠪᠦᠭᠡᠳ᠂ ᠬᠠᠳᠠᠭᠰᠠᠨ ᠬᠠᠭᠤᠷᠠᠢ ᠠᠷᠭᠠᠯ ᠢᠶᠠᠨ ᠨᠢᠭᠡ ᠪᠤᠶᠤ ᠬᠡᠳᠤᠨ ᠬᠡᠰᠡᠭ ᠪᠤᠯᠭᠠᠨ

ᠰᠢᠪᠡᠭᠡᠯᠡᠳᠡᠭ ᠴᠦ ᠪᠠᠶᠢᠭᠰᠠᠨ ᠶᠤᠮ᠃ ︵ᠵᠢᠷᠤᠭ ᠢ ᠯᠠᠪᠯᠠ︶

ᠭᠤᠷᠪᠠ᠂ ᠮᠤᠩᠭᠤᠯᠴᠤᠳ ᠤᠨ ᠰᠤᠷ ᠡᠳ᠋ᠯᠡᠯ ᠤᠨ ᠭᠠᠷ ᠤᠷᠠᠯᠠᠯ

     ᠮᠤᠩᠭᠤᠯᠴᠤᠳ᠂ ᠮᠠᠯ ᠦᠬᠡᠷ ᠤᠨ ᠠᠷᠠᠰᠤ ᠶᠢ ᠨᠡᠶᠢᠳᠡᠮ ᠳᠤᠨᠢ ᠠᠷᠠᠰᠤ ᠰᠢᠷᠢ ᠭᠡᠵᠦ ᠨᠡᠷᠡᠯᠡᠳᠡᠭ᠃ ᠪᠤᠭ

ᠮᠠᠯ ᠤᠨ ᠠᠷᠠᠰᠤ ᠶᠢ ᠪᠤᠯ ᠠᠷᠠᠰᠤ ᠭᠡᠵᠦ᠂ ᠪᠤᠳᠠ ᠮᠠᠯ ᠤᠨ ᠠᠷᠠᠰᠤ ᠶᠢ ᠪᠤᠯ ᠰᠢᠷᠢ ᠭᠡᠵᠦ ᠬᠡᠯᠡᠳᠡᠭ ᠪᠢᠯᠠ᠃

ᠮᠤᠩᠭᠤᠯᠴᠤᠳ ᠠᠷᠠᠰᠤ ᠰᠢᠷᠢ ᠶᠢ ᠪᠤᠯᠪᠠᠰᠤᠷᠠᠭᠤᠯᠤᠨ ᠡᠳ᠋ᠯᠡᠬᠦ ᠳᠡᠭᠡᠨ᠂ ᠶᠠᠭᠤᠨ ᠤ ᠤᠷᠢᠳ ᠠᠷᠠᠰᠤ ᠰᠢᠷᠢ ᠪᠠᠨ

ᠮᠤᠳᠤᠨ ᠰᠠᠪᠠ ᠪᠤᠶᠤ ᠴᠢᠯᠠᠭᠤᠨ ᠭᠠᠩ ᠳᠤ ᠬᠢᠵᠦ᠂ ᠰᠠᠭᠠᠯᠢ ᠶᠢᠨ ᠠᠷᠢᠬᠢ ᠨᠡᠷᠡᠬᠦ ᠠᠶᠢᠷᠠᠭ᠂ ᠰᠢᠷ᠎ᠠ ᠤᠰᠤ ᠶᠢ

ᠲᠦᠷᠪᠡᠨ ᠲᠤᠭᠤᠭ᠎ᠠ ᠨᠠᠶᠢᠷᠠᠭᠤᠯᠤᠨ ᠬᠢᠵᠦ᠂ ᠵᠤᠬᠢᠬᠤ ᠬᠤᠵᠢᠷ᠂ ᠱᠠᠤ᠂ ᠲᠠᠪᠤᠰᠤ ᠬᠤᠯᠢᠨ ᠠᠷᠠᠰᠤ ᠰᠢᠷᠢ ᠪᠠᠨ

ᠱᠠᠤᠯᠠᠨ᠎ᠡ᠃ ᠱᠠᠤᠯᠡᠭᠰᠡᠨ ᠠᠷᠠᠰᠤ ᠰᠢᠷᠢ ᠪᠠᠨ ᠡᠳᠤᠷ ᠤᠨ ᠬᠤᠶᠠᠷ ᠤᠳᠠᠭ᠎ᠠ ᠮᠤᠳᠤᠨ ᠪᠦᠯᠡᠭᠦᠷ ᠢᠶᠠᠷ ᠬᠦᠳᠡᠯᠭᠡᠭᠡᠨ᠎ᠡ᠃

ᠡᠶᠢᠮᠤᠷᠬᠦ ᠬᠡᠯᠪᠡᠷᠢ ᠪᠠᠷ ᠬᠠᠭᠠᠰ ᠰᠠᠷ᠎ᠠ ᠠᠴᠠ ᠬᠤᠷᠢ ᠬᠤᠨᠤᠭ ᠲᠡᠪᠳᠡᠭᠡᠨ ᠢᠳᠡᠭᠡᠰᠢᠯᠡᠭᠦᠯᠤᠨ᠎ᠡ᠃ ᠵᠠᠷᠢᠮ ᠲᠤᠮᠤ

ᠦᠬᠡᠷ ᠤᠨ ᠠᠷᠠᠰᠤ ᠰᠢᠷᠢ ᠶᠢ ᠪᠤᠯ 40 — 45 ᠡᠳᠤᠷ ᠬᠡᠷᠡᠭᠰᠡᠳᠡᠭ ᠴᠦ ᠪᠤᠢ᠃ ᠢᠩᠬᠢᠵᠦ ᠱᠠᠤᠯᠡᠵᠦ

ᠢᠳᠡᠭᠡᠰᠢᠯᠡᠭᠦᠯᠦᠭᠰᠡᠨ ᠠᠷᠠᠰᠤ ᠰᠢᠷᠢ ᠶᠢᠨ ᠢᠶᠠᠨ ᠬᠡᠷᠡᠭᠰᠡᠯ ᠢ ᠨᠢ ᠦᠨᠳᠤᠰᠤᠯᠡᠵᠦ᠂ 3 ᠬᠤᠷᠤᠭᠤ ᠪᠤᠶᠤ 4 ᠬᠤᠷᠤᠭᠤ

︵5 — 6 ᠰᠡᠨᠲ᠋ᠢᠮᠧᠳ᠋ᠷ︶ ᠬᠢᠷᠢᠳᠠᠢ ᠤᠭᠳᠤᠯᠠᠵᠦ᠂ ᠭᠠᠷ ᠲᠠᠭᠠᠨ ᠪᠡᠭᠡᠯᠢ ︵ᠤᠳᠤ ᠪᠦᠷ ᠰᠦᠸᠧᠯᠢᠶᠤᠤ ᠪᠡᠭᠡᠯᠢ

ᠪᠤᠯᠴᠢᠭᠰᠠᠨ︶ ᠵᠡᠭᠦᠵᠦ᠂ ᠱᠠᠤᠯᠡᠭᠰᠡᠨ ᠪᠤᠳᠤᠩ ︵ᠭᠠᠩ︶ ᠤᠨ ᠰᠢᠷ᠎ᠠ ᠤᠰᠤᠨ ᠠᠴᠠ ᠨᠢ ᠰᠢᠪᠳᠤᠷᠤᠨ ᠠᠪᠴᠦ

ᠲᠡᠮᠤᠷ ᠪᠠᠭᠠᠵᠢ ︵ᠵᠢᠶᠠᠽᠠ︶ ᠲᠡᠭᠡᠷ᠎ᠡ ᠨᠠᠭᠠᠰᠢ ᠴᠠᠭᠠᠰᠢ ᠲᠠᠳᠠᠵᠦ ᠴᠢᠩᠭᠠᠭᠠᠨ᠂ ᠦᠰᠤ ᠶᠢ ᠨᠢ ᠤᠨᠠᠭᠠᠵᠦ

ᠴᠡᠪᠡᠷᠭᠡᠬᠡᠨ ᠪᠤᠯᠭᠠᠨ᠎ᠠ᠃ ᠢᠩᠬᠢᠭᠡᠳ ᠠᠷᠠᠰᠤᠨ ᠤ ᠲᠤᠳᠤᠷ᠎ᠠ ᠲᠠᠯ᠎ᠠ ᠶᠢᠨ ᠬᠢᠨᠢ ᠦᠭᠡᠬᠦ ᠪᠤᠯᠴᠢᠷᠬᠠᠢ ᠶᠢ ᠬᠦᠷᠵᠡ

ᠪᠤᠶᠤ ᠬᠢᠳᠤᠭ᠎ᠠ ᠪᠠᠷ ᠬᠤᠰᠤᠨ ᠠᠷᠢᠯᠭᠠᠵᠦ᠂ ᠠᠷᠠᠰᠤ ᠰᠢᠷᠢ ᠪᠠᠨ ᠡᠭᠡᠷᠡᠭᠦᠯᠦᠭᠰᠡᠨ ᠤ ᠲᠠᠷᠠᠭ᠎ᠠ ᠲᠤᠳᠤᠷ᠎ᠠ

ᠲᠠᠯ᠎ᠠ ᠳᠤᠨᠢ ᠱᠦᠯᠦᠨ ᠲᠤᠰᠤ ᠲᠦᠷᠬᠢᠵᠦ ᠡᠪᠬᠡᠭᠡᠳ ᠰᠦᠬᠡ ︵ᠯᠠᠩᠳᠦᠤ︶ ᠪᠠᠷ ᠵᠠᠨᠴᠢᠵᠦ ᠬᠡᠪᠰᠢᠭᠦᠯᠦᠨ᠎ᠡ᠃

     ᠰᠤᠷ ᠢᠶᠠᠨ ᠴᠤᠯ ᠴᠠᠭᠠᠨ ᠢᠶᠠᠷ ᠨᠢ ᠵᠠᠷᠤᠪᠠᠴᠦ ᠪᠤᠯᠤᠨ᠎ᠠ︔ ᠬᠡᠷᠪᠡ ᠬᠠᠷ᠎ᠠ ᠦᠩᠭᠡᠳᠠᠢ ᠪᠤᠯᠭᠠᠶ᠎ᠠ ᠭᠡᠪᠡᠯ

ᠠᠷᠠᠰᠤᠨ ᠲᠡᠭᠡᠷ᠎ᠡ ᠪᠠᠨ ᠬᠠᠷ᠎ᠠ ᠬᠦ᠋ ᠲᠦᠷᠬᠢᠵᠦ᠂ ᠭᠠᠳᠠᠭᠤᠷ ᠨᠢ ᠱᠦᠯᠦᠨ ᠲᠤᠰᠤ ᠲᠦᠷᠬᠢᠵᠦ ᠵᠦᠭᠡᠯᠡᠷᠡᠭᠦᠯᠦᠨ᠎ᠡ᠂

ᠬᠤᠯᠤᠭᠠᠨ᠎ᠠ ᠬᠡᠮᠯᠢᠬᠦ ᠠᠴᠠ ᠰᠡᠷᠭᠡᠶᠢᠯᠡᠵᠦ᠂ ᠵᠠᠷᠢᠮ ᠬᠦᠮᠤᠰ ᠮᠠᠩᠭᠢᠰᠦ ᠶᠢᠨ ᠲᠤᠰᠤ ᠲᠦᠷᠬᠢᠳᠡᠭ ᠴᠦ ᠪᠤᠢ᠃ᠠᠷᠠᠰᠤᠨ

ᠰᠤᠷ ᠢᠶᠠᠨ ᠭᠤᠷᠪᠠ ᠲᠦᠷᠪᠡᠨ ᠵᠢᠰᠤᠮ ᠢᠶᠠᠷ ᠪᠤᠯᠠᠭ᠎ᠠ ᠮᠤᠳᠤᠨ ᠠᠴᠠ ᠤᠶᠠᠵᠦ᠂ ᠲᠤᠮᠳᠠ ᠪᠠᠨ ᠨᠦᠬᠡ ᠲᠠᠢ ᠮᠤᠳᠤᠨ

ᠨᠦᠬᠡ ᠪᠠᠷ ᠰᠤᠷ ᠢᠶᠠᠨ ᠰᠢᠷᠭᠤᠭᠤᠯᠠᠨ ᠤᠷᠤᠭᠤᠯᠤᠭᠠᠳ᠂ ᠨᠦᠭᠦᠭᠡ ᠲᠠᠯ᠎ᠠ ᠶᠢᠨ ᠰᠤᠯᠠ ᠮᠤᠳᠤᠨ ᠳᠤ

ᠪᠠᠭᠯᠠᠷᠠᠭᠤᠯᠤᠨ ᠤᠶᠠᠵᠦ᠂ ᠰᠤᠯᠠ ᠮᠤᠳᠤ ᠪᠠᠨ ᠬᠦᠮᠤᠨ ᠤ ᠬᠦᠴᠦ ᠪᠠᠷ ᠲᠠᠳᠠᠵᠦ᠂ ᠰᠤᠷ ᠢᠶᠠᠨ ᠪᠤᠯᠪᠠᠰᠤᠷᠠᠭᠤᠯᠤᠨ᠎ᠠ᠃

ᠢᠩᠬᠢᠪᠡᠯ ᠰᠤᠷ ᠨᠢ ᠬᠠᠷᠢᠮᠠᠬᠠᠢ ᠤᠶᠤᠨ ᠬᠠᠳᠠᠨ ᠴᠢᠨᠠᠷᠳᠠᠢ ᠪᠤᠯᠳᠠᠭ᠃ ᠮᠤᠩᠭᠤᠯᠴᠤᠳ ᠪᠤᠯᠪᠠᠰᠤᠷᠠᠭᠤᠯᠤᠭᠰᠠᠨ

ᠰᠤᠷ ᠢᠶᠠᠷ ᠢᠶᠠᠨ ᠮᠤᠷᠢᠨ ᠨᠤᠭᠳᠤ ᠪᠤᠶᠤ ᠬᠠᠵᠠᠭᠠᠷ ᠤᠶᠠᠵᠦ ᠡᠪᠬᠡᠨ ᠭᠦᠷᠤᠮᠯᠡᠵᠦ ᠬᠢᠳᠡᠭ ᠶᠤᠮ᠂ ᠤᠯᠠᠮ ᠭᠤᠶᠤ

ᠰᠠᠶᠢᠬᠠᠨ ᠪᠤᠯᠭᠠᠬᠤ ᠶᠢᠨ ᠲᠦᠯᠦᠭᠡ ᠵᠠᠷᠢᠮ ᠬᠦᠮᠤᠰ ᠨᠤᠭᠳᠤ ᠶᠢᠨ ᠢᠶᠠᠨ ᠲᠡᠭᠡᠷ᠎ᠡ ᠦᠵᠤᠭᠦᠷ ᠲᠤ ᠤᠯᠠᠭᠠᠨ ᠵᠢᠯᠠᠭ᠎ᠠ

ᠬᠢᠵᠦ᠂ ᠬᠠᠵᠠᠭᠠᠷ ᠤᠨ ᠢᠶᠠᠨ ᠮᠠᠩᠨᠠᠶᠢᠪᠴᠢ ᠳᠤ ᠤᠯᠠᠭᠠᠨ ᠵᠢᠯᠠᠭ᠎ᠠ ᠲᠠᠢ ᠰᠤᠷ ᠭᠦᠷᠤᠮᠡᠯ ᠤᠨᠵᠠᠶᠢᠯᠭᠠᠳᠠᠭ ᠪᠢᠯᠠ᠃

︵ᠨᠢᠭᠡ︶ ᠨᠤᠭᠳᠤ ᠬᠢᠬᠦ

      ᠨᠤᠭᠳᠤ ᠶᠢ ᠶᠡᠷᠤᠩᠬᠡᠢ ᠳᠡᠭᠡᠨ ᠦᠬᠡᠷ ᠤᠨ ᠰᠤᠷ ᠢᠶᠠᠷ ᠵᠠᠩᠬᠢᠳᠤᠨ ᠬᠢᠳᠡᠭ ᠶᠤᠮ᠃ ᠡᠮᠨᠢᠭ ᠮᠤᠷᠢᠨ ᠤ

ᠨᠤᠭᠳᠤ ᠶᠢ ᠪᠤᠯ ᠨᠡᠩ ᠪᠡᠬᠡᠯᠢᠭ ᠵᠤᠬᠢᠶᠠᠳᠠᠭ᠃ ᠨᠤᠭᠳᠤ ᠪᠤᠯ ᠭᠤᠤᠯᠳᠠᠭᠤ ᠮᠤᠷᠢ ᠶᠢ ᠬᠦᠳᠤᠯᠡᠬᠦ᠂ ᠮᠤᠷᠢ ᠶᠢ

ᠤᠶᠠᠬᠤ ᠳᠤ ᠬᠡᠷᠡᠭᠯᠡᠳᠡᠭ᠃ ᠡᠩ ᠤᠨ ᠨᠤᠭᠳᠤ ᠨᠢ ᠲᠤᠯᠤᠭᠠᠢ ᠶᠢᠨ ᠬᠡᠰᠡᠭ᠂ ᠰᠠᠭᠠᠯᠳᠤᠷᠭ᠎ᠠ᠂ ᠴᠤᠯᠪᠤᠭᠤᠷ ᠵᠡᠷᠭᠡ

 ᠪᠠᠷ ᠪᠦᠷᠢᠯᠳᠤᠳᠡᠭ᠃ ᠨᠤᠭᠳᠤ ᠳᠤ ᠰᠦᠯᠵᠢᠮᠡᠯ ᠨᠤᠭᠳᠤ᠂ ᠵᠠᠩᠬᠢᠳᠤᠮᠠᠯ ᠨᠤᠭᠳᠤ᠂ ᠡᠷᠬᠢᠭᠦᠯᠭᠡ ᠲᠠᠢ ᠨᠤᠭᠳᠤ᠂

ᠭᠠᠷᠬ᠎ᠠ ᠲᠠᠢ ᠨᠤᠭᠳᠤ ᠭᠡᠵᠦ ᠬᠡᠳᠤᠨ ᠵᠦᠢᠯ ᠤᠨ ᠬᠡᠯᠪᠡᠷᠢ ᠮᠠᠶ᠋ᠢᠭ ᠪᠠᠶᠢᠳᠠᠭ᠃ ᠪᠠᠰᠠ ᠮᠤᠷᠢᠨ ᠤ ᠪᠠᠶᠢᠳᠠᠯ ᠢ

ᠦᠨᠳᠤᠰᠤᠯᠡᠵᠦ ᠤᠨᠠᠭ᠎ᠠ ᠶᠢᠨ ᠨᠤᠭᠳᠤ᠂ ᠲᠠᠭ᠎ᠠ ᠮᠤᠷᠢᠨ ᠤ ᠨᠤᠭᠳᠤ᠂ ᠡᠮᠨᠢᠭ ᠮᠤᠷᠢᠨ ᠤ ᠪᠤᠶᠤ ᠨᠤᠮᠤᠬᠠᠨ ᠮᠤᠷᠢᠨ ᠤ

ᠨᠤᠭᠳᠤ ᠭᠡᠵᠦ ᠬᠡᠳᠤᠨ ᠵᠦᠢᠯ ᠬᠤᠪᠢᠶᠡᠨ ᠭᠦᠷᠤᠵᠦ ᠵᠠᠩᠬᠢᠳᠳᠠᠭ ᠶᠤᠮ᠃ ᠨᠤᠳᠤᠭ ᠤᠨ ᠡᠷᠳᠡᠮᠳᠡᠨ ᠨᠠ᠊᠂ ᠵᠢᠷᠭᠠᠯ

 ᠤᠨ ᠡᠮᠬᠢᠳᠭᠡᠨ ᠲᠡᠮᠳᠡᠭᠯᠡᠭᠰᠡᠨ ᠢᠶᠠᠷ᠄ ︽ᠮᠤᠷᠢᠨ ᠲᠤᠬᠤᠨ ᠲᠡᠭᠡᠷ᠎ᠡ ᠲᠠᠭᠠᠷᠠᠭᠤᠯᠤᠭᠰᠠᠨ ᠬᠡᠰᠡᠭ ᠢ ᠨᠤᠭᠳᠤ ᠶᠢᠨ

ᠲᠤᠯᠤᠭᠠᠢ ᠶᠢᠨ ᠰᠢᠯᠢ ᠭᠡᠵᠦ᠂ ᠨᠠᠷᠢᠨ ᠵᠦᠰᠤᠮᠡᠯ ᠰᠤᠷ ᠢᠶᠠᠷ ᠵᠠᠩᠬᠢᠶ᠎ᠠ ᠵᠠᠩᠬᠢᠳᠴᠦ᠂ ᠨᠠᠷᠢᠨ ᠰᠤᠷ ᠢᠶᠠᠷ ᠰᠠᠴᠤᠭ

ᠭᠠᠷᠭᠠᠨ ᠬᠠᠮᠠᠷ ᠤᠷᠤᠭᠤ ᠨᠢ ᠪᠠᠭᠤᠯᠭᠠᠵᠦ᠂ ᠮᠤᠷᠢᠨ ᠨᠤᠭᠳᠤ ᠶᠢᠨ ᠬᠤᠶᠠᠷ ᠰᠠᠨᠴᠢᠭ ᠢ ᠬᠤᠯᠪᠤᠭᠰᠠᠨ ᠬᠡᠰᠡᠭ ᠢ

ᠨᠤᠭᠳᠤ ᠶᠢᠨ ᠮᠠᠩᠨᠠᠶᠢᠪᠴᠢ ᠭᠡᠵᠦ︔ ᠮᠤᠷᠢᠨ ᠨᠤᠭᠳᠤ ᠶᠢᠨ ᠰᠠᠨᠴᠢᠭ ᠲᠠᠭᠠᠤ ᠪᠠᠭᠤᠯᠭᠠᠨ ᠡᠷᠡᠤᠪᠴᠢ ᠲᠠᠢ

ᠬᠤᠯᠪᠤᠭᠰᠠᠨ ᠬᠡᠰᠡᠭ ᠢ ᠨᠤᠭᠳᠤ ᠶᠢᠨ ᠬᠠᠴᠠᠷ ᠭᠡᠵᠦ᠂ ᠨᠤᠭᠳᠤ ᠶᠢᠨ ᠡᠷᠡᠤᠪᠴᠢ ᠠᠴᠠ ᠬᠤᠯᠪᠤᠭᠰᠠᠨ ᠬᠠᠮᠠᠷ ᠲᠡᠭᠡᠭᠦᠷ

ᠨᠤᠭᠳᠤᠯᠠᠬᠤ ᠬᠡᠰᠡᠭ ᠢ ᠨᠤᠭᠳᠤ ᠶᠢᠨ ᠬᠠᠮᠠᠷ ᠭᠡᠵᠦ᠂ ᠨᠤᠭᠳᠤ ᠶᠢᠨ ᠪᠤᠷᠤᠭᠤ ᠲᠠᠯ᠎ᠠ ᠶᠢᠨ ᠬᠠᠴᠠᠷ ᠲᠤ ᠲᠤᠬᠢᠶᠠᠭᠰᠠᠨ

ᠨᠤᠭᠳᠤ ᠶᠢ ᠶᠡᠬᠡᠰᠭᠡᠵᠦ ᠪᠠᠭᠠᠰᠬᠠᠬᠤ ᠳᠤ ᠬᠡᠷᠡᠭᠯᠡᠬᠦ ᠵᠠᠩᠬᠢᠶᠠᠳᠠᠰᠤ ᠶᠢ ᠨᠤᠭᠳᠤ ᠶᠢᠨ ᠰᠠᠭᠠᠯᠳᠠ ᠬᠡᠮᠡᠨ᠂ᠨᠤᠭᠳᠤ

ᠮᠤᠯᠳᠤᠷᠠᠬᠤ ᠠᠴᠠ ᠬᠢᠴᠢᠶᠡᠵᠦ ᠪᠤᠷᠤᠭᠤ ᠲᠠᠯ᠎ᠠ ᠶᠢᠨ ᠬᠠᠴᠠᠷ ᠠᠴᠠ ᠵᠠᠩᠬᠢᠳᠤᠨ ᠠᠪᠤᠭᠰᠠᠨ ᠰᠤᠷ ᠢ ᠨᠤᠭᠳᠤ ᠶᠢᠨ

ᠰᠠᠭᠠᠯᠳᠤᠷᠭ᠎ᠠ ᠭᠡᠳ ᠨᠤᠭᠳᠤ ᠶᠢᠨ ᠵᠦᠪ ᠲᠠᠯ᠎ᠠ ᠶᠢᠨ ᠬᠠᠴᠠᠷ ᠲᠤ ᠭᠠᠷᠭᠠᠭᠰᠠᠨ ᠰᠠᠭᠠᠯᠳᠤᠷᠭ᠎ᠠ ᠤᠶᠠᠬᠤ ᠪᠤᠶᠤ

ᠪᠢᠳᠡᠭᠦᠤ ᠭᠤᠭᠴᠤᠭ᠎ᠠ ᠶᠢ ᠨᠤᠭᠳᠤ ᠶᠢᠨ ᠰᠠᠭᠠᠯᠳᠤᠷᠭ᠎ᠠ ᠶᠢᠨ ᠭᠤᠭᠴᠤᠭ᠎ᠠ ᠭᠡᠵᠦ᠂ ᠨᠤᠭᠳᠤ ᠶᠢᠨ ᠲᠤᠯᠤᠭᠠᠢ ᠶᠢᠨ

ᠡᠷᠡᠤᠪᠴᠢ ᠠᠴᠠ ᠵᠠᠯᠭᠠᠵᠦ ᠠᠪᠤᠭᠰᠠᠨ ᠮᠤᠷᠢ ᠪᠠᠨ ᠤᠶᠠᠬᠤ ᠪᠠ ᠬᠦᠳᠤᠯᠬᠦ ᠳᠤ ᠵᠤᠷᠢᠭᠤᠯᠤᠭᠰᠠᠨ ᠲᠡᠷᠡᠬᠦ ᠬᠡᠰᠡᠭ ᠰᠤᠷ

ᠪᠤᠶᠤ ᠬᠢᠯᠭᠠᠰᠤᠨ ᠲᠡᠭᠡᠰᠤ ᠶᠢ ᠴᠤᠯᠪᠤᠭᠤᠷ ᠭᠡᠵᠦ ᠨᠡᠷᠠᠶᠢᠳᠤᠳᠡᠭ᠃ ᠨᠤᠭᠳᠤ ᠶᠢᠨ ᠡᠷᠤᠪᠴᠢ ᠳᠤ ᠭᠦᠶᠤᠭᠡ

ᠡᠷᠡᠤᠪᠴᠢ ᠪᠠ ᠪᠢᠳᠡᠭᠦᠤ ᠡᠷᠡᠤᠪᠴᠢ ᠭᠡᠵᠦ ᠬᠤᠶᠠᠷ ᠵᠦᠢᠯ ᠬᠤᠪᠢᠶᠠᠵᠦ᠂ ᠭᠦᠶᠤᠭᠡ ᠡᠷᠡᠤᠪᠴᠢ ᠨᠢ ᠬᠤᠶᠠᠷ ᠭᠠᠷᠭ᠎ᠠ

ᠲᠤᠬᠢᠷᠡᠭᠤᠯᠤᠭᠰᠠᠨ ᠶᠡᠬᠡᠰᠭᠡᠵᠦ ᠪᠠᠭᠠᠰᠬᠠᠵᠦ ᠪᠤᠯᠬᠤ ᠡᠷᠡᠤᠪᠴᠢ ᠪᠠᠶᠢᠵᠦ᠂ ᠪᠢᠳᠡᠭᠦᠤ ᠡᠷᠡᠤᠪᠴᠢ ᠪᠤᠯ ᠶᠡᠬᠡᠰᠭᠡᠵᠦ

ᠪᠠᠭᠠᠰᠬᠠᠵᠦ ᠲᠡᠶᠢᠯᠬᠦ ᠦᠬᠡᠢ ᠪᠠᠶᠢᠳᠠᠭ ᠤᠨᠴᠠᠯᠢᠭ ᠲᠠᠢ︾ ᠭᠡᠵᠦ ᠲᠤᠳᠤᠷᠬᠠᠢ ᠰᠠᠶᠢᠬᠠᠨ ᠦᠭᠦᠯᠡᠨ ᠲᠡᠮᠳᠡᠭᠯᠡᠭᠰᠡᠨ

ᠪᠠᠶᠢᠳᠠᠭ ᠶᠤᠮ᠃

︵ᠬᠤᠶᠠᠷ︶ ᠬᠠᠵᠠᠭᠠᠷ ᠬᠢᠬᠦ

     ᠨᠤᠳᠤᠭ ᠤᠨ ᠡᠷᠳᠡᠮᠳᠡᠨ ᠨᠠ᠊᠂ ᠵᠢᠷᠭᠠᠯ ᠤᠨ ᠪᠢᠴᠢᠭᠰᠡᠨ ᠢᠶᠠᠷ ︽ᠮᠤᠷᠢᠨ ᠬᠠᠵᠠᠭᠠᠷ ᠲᠤ᠂ ᠵᠢᠯᠤᠭᠤ

ᠰᠠᠭᠠᠯᠳᠤᠷᠭ᠎ᠠ ᠶᠢᠨ ᠴᠠᠭᠠᠷᠢᠭ ᠢ ᠮᠦᠩᠭᠦ ᠪᠠᠷ ᠬᠢᠭᠰᠡᠨ ᠢ ᠨᠢ ᠮᠦᠩᠭᠦᠨ ᠬᠠᠵᠠᠭᠠᠷ ᠭᠡᠵᠦ᠂ ᠬᠡᠷᠪᠡ ᠴᠠᠭᠠᠨ ᠭᠠᠤᠯᠢ

 ᠪᠠᠷ ᠬᠢᠭᠰᠡᠨ ᠢ ᠪᠤᠯ ᠭᠠᠤᠯᠢᠨ ᠬᠠᠵᠠᠭᠠᠷ ᠭᠡᠳᠡᠭ᠃ ᠮᠦᠩᠭᠦ ᠭᠠᠤᠯᠢ ᠶᠢᠨ ᠠᠯᠢᠨ ᠢᠶᠠᠷ ᠴᠦ ᠴᠢᠮᠡᠭᠰᠡᠨ ᠦᠬᠡᠢ

ᠬᠠᠵᠠᠭᠠᠷ ᠢ ᠪᠤᠯ ᠰᠤᠷ ᠬᠠᠵᠠᠭᠠᠷ ᠭᠡᠵᠦ ᠨᠡᠷᠡᠶᠢᠳᠤᠳᠡᠭ᠃ ᠬᠠᠵᠠᠭᠠᠷ ᠨᠢ ᠲᠤᠯᠤᠭᠠᠢ᠂ ᠠᠮᠠᠭᠠᠢ᠂ ᠬᠠᠮᠠᠷ᠂

ᠭᠤᠭᠴᠤᠭ᠎ᠠ᠂ ᠰᠠᠭᠠᠯᠳᠤᠷᠭ᠎ᠠ᠂ ᠰᠠᠪᠬ᠎ᠠ᠂ ᠵᠤᠤᠵᠠᠢ ᠵᠡᠷᠭᠡ ᠪᠠᠷ ᠪᠦᠷᠢᠯᠳᠤᠨ᠎ᠡ᠃ ᠬᠠᠵᠠᠭᠠᠷ ᠤᠨ ᠲᠤᠯᠤᠭᠠᠢ ᠶᠢᠨ

ᠬᠠᠮᠤᠭ ᠲᠡᠭᠡᠳᠤ ᠬᠡᠰᠡᠭ ᠢ ᠬᠠᠵᠠᠭᠠᠷ ᠤᠨ ᠰᠢᠯᠢ ᠭᠡᠨ᠎ᠡ︔ ᠬᠤᠯᠪᠤᠭᠰᠠᠨ ᠬᠡᠰᠡᠭ ᠢ ᠬᠠᠵᠠᠭᠠᠷ ᠤᠨ ᠬᠠᠴᠠᠷ ᠭᠡᠨ᠎ᠡ︔

ᠨᠠᠷᠢᠨ ᠰᠤᠷ ᠢᠶᠠᠷ ᠦᠯᠵᠠᠢ ᠵᠠᠩᠬᠢᠶ᠎ᠠ ᠵᠠᠩᠬᠢᠳᠴᠦ᠂ ᠲᠡᠭᠡᠷ᠎ᠡ ᠨᠢ ᠤᠯᠠᠭᠠᠨ ᠰᠠᠴᠤᠭ ᠲᠠᠭᠠᠷᠠᠭᠤᠯᠤᠨ ᠮᠤᠷᠢᠨ ᠤ

ᠴᠢᠬᠢᠨ ᠤ ᠤᠭ᠂ ᠨᠢᠳᠤᠨ ᠤ ᠲᠡᠭᠡᠭᠦᠷ ᠬᠤᠶᠠᠷ ᠬᠠᠴᠠᠷ ᠢ ᠬᠤᠯᠪᠤᠭᠰᠠᠨ ᠬᠡᠰᠡᠭ ᠢ ᠮᠠᠩᠨᠠᠶᠢᠪᠴᠢ ᠭᠡᠨ᠎ᠡ᠃ ᠮᠤᠷᠢᠨ ᠤ

ᠠᠮᠠ ᠳᠤ ᠡᠮᠬᠦᠭᠦᠯᠬᠦ ᠬᠦᠨᠳᠡᠯᠡᠨ ᠬᠤᠯᠪᠤᠭ᠎ᠠ ᠲᠡᠮᠤᠷ ᠢ ᠬᠠᠵᠠᠭᠠᠷ ᠤᠨ ᠵᠤᠤᠵᠠᠢ ᠭᠡᠨ᠎ᠡ︔ ᠵᠤᠤᠵᠠᠢ ᠳᠤ ᠮᠦᠩᠭᠦ᠂

ᠭᠠᠤᠯᠢ᠂ ᠲᠡᠮᠤᠷ ᠵᠤᠤᠵᠠᠢ ᠭᠡᠵᠦ ᠬᠤᠪᠢᠶᠠᠳᠠᠭ᠃ ᠬᠠᠵᠠᠭᠠᠷ ᠤᠨ ᠵᠤᠤᠵᠠᠢ ᠠᠴᠠ ᠵᠢᠯᠤᠭᠤ ᠲᠠᠢ ᠬᠤᠯᠪᠤᠬᠤ

ᠭᠤᠭᠴᠤᠭ᠎ᠠ ᠰᠤᠷ ᠢ ᠬᠠᠵᠠᠭᠠᠷ ᠤᠨ ᠰᠠᠪᠬ᠎ᠠ ᠭᠡᠵᠦ ᠬᠡᠯᠡᠳᠡᠭ᠃ ᠬᠠᠵᠠᠭᠠᠷ ᠤᠨ ᠪᠤᠷᠤᠭᠤ ᠲᠠᠯ᠎ᠠ ᠶᠢᠨ ᠬᠠᠴᠠᠷ ᠠᠴᠠ

ᠵᠠᠯᠭᠠᠵᠦ ᠠᠪᠤᠭᠰᠠᠨ ᠰᠤᠷ ᠢ ᠰᠠᠭᠠᠯᠳᠤᠷᠭ᠎ᠠ ᠭᠡᠳᠡᠭ︔ ᠬᠠᠵᠠᠭᠠᠷ ᠤᠨ ᠵᠦᠪ ᠲᠠᠯ᠎ᠠ ᠳᠤ ᠰᠠᠭᠠᠯᠳᠤᠷᠭ᠎ᠠ ᠶᠢ ᠤᠶᠠᠬᠤ

ᠪᠤᠶᠤ ᠲᠡᠪᠡᠭᠡᠯᠡᠬᠦ ᠳᠤ ᠵᠤᠷᠢᠭᠤᠯᠤᠭᠰᠠᠨ ᠭᠤᠭᠴᠤᠭ᠎ᠠ ᠶᠢ ᠰᠠᠭᠠᠯᠳᠤᠷᠭ᠎ᠠ ᠶᠢᠨ ᠭᠤᠭᠴᠤᠭ᠎ᠠ ᠭᠡᠳᠡᠭ᠃ ᠵᠢᠯᠤᠭᠤ ᠶᠢ

ᠰᠤᠷ ᠪᠤᠶᠤ ᠲᠡᠮᠡᠭᠡᠨ ᠨᠤᠤᠰᠤ᠂ ᠬᠤᠨᠢᠨ ᠨᠤᠤᠰᠤ ᠪᠠᠷ ᠭᠦᠷᠤᠵᠦ ᠬᠢᠨ᠎ᠡ᠂ ᠵᠢᠯᠤᠭᠤ ᠶᠢ ᠮᠢᠨᠳᠠᠰᠤᠨ ᠵᠢᠯᠤᠭᠤ᠂

ᠭᠦᠷᠤᠮᠡᠯ ᠵᠢᠯᠤᠭᠤ᠂ ᠰᠠᠪᠬ᠎ᠠ ᠲᠠᠢ ᠵᠢᠯᠤᠭᠤ ᠭᠡᠵᠦ ᠤᠯᠠᠨ ᠵᠦᠢᠯ ᠢᠶᠠᠷ ᠬᠤᠪᠢᠶᠠᠳᠠᠭ ᠪᠢᠯᠠ︾ ᠭᠡᠵᠦ ᠲᠡᠮᠳᠡᠭᠯᠡᠭᠰᠡᠨ

ᠪᠠᠶᠢᠳᠠᠭ᠃

︵ᠭᠤᠷᠪᠠ︶ ᠭᠦᠯᠢᠮ ᠬᠢᠬᠦ

     ᠭᠦᠯᠢᠮ ᠢ ᠪᠤᠯ ᠤᠯᠠᠩᠬᠢ ᠳᠠᠭᠠᠨ ᠬᠠᠷ᠎ᠠ ᠬᠦ᠋ ᠲᠦᠷᠬᠢᠵᠦ ᠲᠤᠰᠤᠯᠠᠳᠠᠭ ᠵᠠᠩᠰᠢᠯ ᠲᠠᠢ᠃ ᠵᠠᠷᠢᠮ ᠬᠦᠮᠤᠨ

ᠪᠤᠯᠭᠠᠷᠢᠨ ᠠᠷᠠᠰᠤ ᠪᠤᠯᠭᠠᠨ ᠲᠠᠷᠤᠵᠦ ᠪᠤᠯᠪᠠᠰᠤᠷᠠᠭᠤᠯᠤᠭᠠᠳ ᠬᠡᠷᠡᠭᠯᠡᠳᠡᠭ︔ ᠵᠠᠷᠢᠮ ᠨᠢ ᠬᠡᠪᠢᠰ ᠤᠨ ᠭᠦᠯᠢᠮ ᠴᠦ

ᠬᠡᠷᠡᠭᠯᠡᠳᠡᠭ᠃

︵ᠲᠦᠷᠪᠡ︶ ᠴᠢᠳᠤᠷ ᠮᠤᠰᠬᠢᠬᠤ

     ᠴᠢᠳᠤᠷ ᠢ ᠬᠢᠬᠦ ᠳᠤ ᠶᠡᠷᠤᠨᠢ ᠰᠠᠶᠢᠨ ᠰᠤᠷ ᠢ ᠰᠤᠩᠭᠤᠨ ᠮᠤᠰᠬᠢᠵᠦ ᠬᠢᠳᠡᠭ᠃ ᠮᠤᠷᠢᠨ ᠴᠢᠳᠤᠷ ᠢ

ᠭᠦᠷᠤᠮᠯᠡᠬᠦ ᠳᠤ ᠮᠤᠷᠢᠨ ᠤ ᠪᠠᠨ ᠪᠡᠶ᠎ᠡ ᠪᠢᠯᠳᠠᠷ ᠤᠨ ᠪᠦᠳᠤᠭᠦᠨ ᠲᠠᠷᠭᠤᠨ ᠪᠤᠶᠤ ᠨᠠᠷᠢᠯᠢᠭ ᠤᠷᠳᠤᠯᠢᠭ ᠤᠨ ᠬᠡᠮᠵᠢᠶ᠎ᠡ

 ᠶᠢ ᠨᠢ ᠦᠨᠳᠤᠰᠤᠯᠡᠵᠦ᠂ ᠴᠢᠳᠤᠷ ᠤᠨ ᠢᠶᠠᠨ ᠤᠷᠳᠤ ᠤᠬᠤᠷ ᠢ ᠲᠡᠩᠴᠡᠭᠦᠯᠳᠡᠭ᠃ ᠴᠢᠳᠤᠷ ᠬᠢᠬᠦ ᠳᠤ ᠤᠷᠢᠳᠠᠪᠡᠷ

ᠰᠤᠷ ᠢᠶᠠᠨ ᠬᠤᠶᠠᠷ ᠢᠶᠠᠷ ᠭᠦᠷᠤᠵᠦ᠂ ᠲᠠᠬᠢᠨ ᠭᠤᠷᠪᠡ ᠪᠤᠯᠭᠠᠨ ᠲᠠᠷᠤᠭᠤᠯᠤᠨ᠎ᠠ᠃ ᠴᠢᠳᠤᠷ ᠨᠢ ᠬᠠ᠂ ᠠᠯᠠᠭ᠎ᠠ᠂

ᠬᠦᠬᠦ᠂ ᠰᠤᠮᠤ᠂ ᠭᠠᠷᠬ᠎ᠠ᠂ ᠲᠡᠪᠡᠭᠡ ᠨᠦᠭᠦᠳ ᠢ ᠪᠦᠷᠢᠳᠤᠭᠦᠯᠦᠨ ᠬᠢᠳᠡᠭ ᠤᠴᠢᠷ ᠲᠠᠢ᠃ ᠨᠤᠳᠤᠭ ᠤᠨ ᠡᠷᠳᠡᠮᠳᠡᠨ

ᠨᠠ᠊᠂ ᠵᠢᠷᠭᠠᠯ ᠤᠨ ᠨᠠᠶᠢᠷᠠᠭᠤᠯᠤᠨ ᠵᠤᠬᠢᠶᠠᠭᠰᠠᠨ ᠢᠶᠠᠷ ︽ᠡᠮᠤᠨ᠎ᠡ ᠬᠤᠶᠠᠷ ᠬᠦᠯ ᠢ ᠬᠤᠯᠪᠤᠬᠤ ᠬᠡᠰᠡᠭ ᠢ ᠬᠠ ᠭᠡᠵᠦ᠂

ᠰᠢᠬᠢᠷ᠎ᠠ ᠶᠢ ᠤᠷᠢᠶᠠᠬᠤ ᠬᠡᠰᠡᠭ ᠢ ᠠᠯᠠᠭ᠎ᠠ ᠭᠡᠵᠦ᠂ ᠠᠯᠠᠭ᠎ᠠ ᠶᠢᠨ ᠨᠢᠭᠡ ᠦᠵᠤᠭᠦᠷ ᠲᠤᠨᠢ ᠰᠤᠷ ᠢᠶᠠᠷ ᠭᠠᠷᠭᠠᠭᠰᠠᠨ

ᠭᠤᠭᠴᠤᠭ᠎ᠠ ᠶᠢ ᠬᠦᠬᠦ ᠭᠡᠵᠦ᠂ ᠬᠠ ᠭᠤᠶ᠎ᠠ ᠶᠢᠨ ᠬᠤᠭᠤᠷᠤᠨᠳᠤᠬᠢ ᠬᠡᠰᠡᠭ ᠢ ᠰᠤᠮᠤ ᠭᠡᠨ᠎ᠡ᠃ ᠬᠠ ᠰᠤᠮᠤ ᠶᠢᠨ

ᠲᠤᠮᠳᠠ ᠲᠠᠭᠠᠷᠠᠭᠤᠯᠤᠭᠰᠠᠨ ᠡᠷᠬᠢᠭᠦᠯᠭᠡ ᠲᠠᠢ ᠲᠡᠮᠤᠷ ᠢ ᠭᠠᠷᠬ᠎ᠠ ᠭᠡᠵᠦ᠂ ᠠᠯᠠᠭ᠎ᠠ ᠶᠢᠨ ᠨᠦᠭᠦᠭᠡ ᠦᠵᠤᠭᠦᠷ ᠲᠤᠨᠢ

ᠮᠤᠳᠤ᠂ ᠬᠤᠯᠤᠰᠤ᠂ ᠡᠪᠡᠷ ᠢᠶᠠᠷ ᠵᠤᠷᠭᠤᠵᠦ ᠬᠢᠭᠰᠡᠨ ᠢ ᠲᠡᠪᠡᠭᠡ ᠭᠡᠨ᠎ᠡ︾᠂ ︽ᠴᠢᠳᠤᠷ ᠢ ᠰᠢᠭᠦᠳᠡᠷᠢ ᠤᠰᠤᠨ ᠳᠤ

ᠲᠡᠪᠳᠤᠵᠦ ᠰᠤᠯᠠᠷᠠᠬᠤ ᠶᠢ ᠬᠢᠴᠢᠶᠡᠨ᠂ ᠪᠠᠶᠢᠩᠭᠤ ᠦᠷᠤᠮ᠎ᠠ ᠲᠤᠰᠤ ᠲᠦᠷᠬᠢᠵᠦ ᠪᠠᠶᠢᠳᠠᠭ︔ ᠴᠢᠳᠤᠷ ᠢ ᠶᠡᠷᠤ ᠳᠡᠭᠡᠨ

ᠭᠡᠷ ᠤᠨ ᠬᠠᠨ᠎ᠠ ᠳᠤ ᠡᠯᠭᠦᠵᠦ᠂ ᠬᠤᠯᠠ ᠵᠠᠮ ᠶᠠᠪᠤᠪᠠᠯ ᠭᠠᠨᠵᠤᠭᠠᠨ ᠠᠴᠠ ᠪᠠᠨ ᠤᠶᠠᠵᠦ ᠭᠡᠭᠡᠵᠦ ᠤᠷᠬᠢᠬᠤ ᠶᠢ

ᠬᠡᠷᠰᠡᠤᠯᠡᠳᠡᠭ︾ ᠭᠡᠵᠦ ᠨᠠᠷᠢᠨ ᠲᠤᠳᠤ ᠲᠡᠮᠳᠡᠭᠯᠡᠭᠰᠡᠨ ᠪᠠᠶᠢᠳᠠᠭ᠃ ︵ᠵᠢᠷᠤᠭ ᠢ ᠯᠠᠪᠯᠠ︶

︵ᠲᠠᠪᠤ︶ ᠮᠤᠷᠢᠨ ᠲᠠᠰᠢᠭᠤᠷ ᠬᠢᠬᠦ

     ᠮᠣᠷᠢᠨ ᠲᠠᠰᠢᠭᠤᠷ ᠨᠢ ᠰᠤᠷ᠂ ᠮᠤᠳᠤ ᠬᠤᠶᠠᠷ ᠢᠶᠠᠷ ᠪᠦᠷᠢᠯᠳᠤᠳᠡᠭ᠃ ᠮᠤᠷᠢᠨ ᠲᠠᠰᠢᠭᠤᠷ ᠢ ᠶᠡᠷᠤ ᠳᠡᠭᠡᠨ

ᠰᠤᠷ ᠢ ᠨᠠᠷᠢᠨ ᠵᠦᠰᠤᠵᠦ ᠵᠢᠷᠭᠤᠭ᠎ᠠ᠂ ᠨᠠᠶᠢᠮᠠ᠂ ᠠᠷᠪᠠᠨ ᠬᠤᠶᠠᠷ ᠢᠶᠠᠷ ᠭᠦᠷᠤᠳᠡᠭ ᠪᠦᠭᠡᠳ ᠲᠠᠰᠢᠭᠤᠷ ᠤᠨ ᠪᠦᠷᠢᠶ᠎ᠡ

 ᠶᠢ ᠤᠯᠠᠩᠬᠢ ᠳᠠᠭᠠᠨ ᠶᠠᠰᠢᠯ᠂ ᠲᠡᠯᠳᠤ᠂ ᠭᠦᠢᠯᠡᠰᠤ᠂ ᠠᠭᠠᠷᠤ ᠽᠠᠨᠳᠠᠨ ᠮᠤᠳᠤ ᠪᠠᠷ ᠪᠦᠷᠢᠶ᠎ᠡ ᠬᠢᠨ᠎ᠡ᠃ ᠪᠦᠷᠢᠶ᠎ᠡ ᠨᠢ

ᠨᠠᠢᠮᠠᠨ ᠢᠮᠠᠬᠤ ᠶᠢᠨ ᠤᠷᠳᠤ᠂ ᠨᠢᠭᠡ ᠢᠮᠠᠬᠤ ᠶᠢᠨ ᠳ᠋ᠢᠶᠠᠮᠧᠳ᠋ᠷ ᠤᠨ ᠬᠡᠮᠵᠢᠶ᠎ᠡ ᠲᠠᠢ ᠤᠭᠳᠤᠯᠤᠨ ᠪᠦᠮᠪᠤᠷᠡᠬᠡᠨ

ᠪᠤᠯᠭᠠᠭᠠᠳ ᠲᠤᠤᠷ᠎ᠠ ᠦᠵᠤᠭᠦᠷ ᠨᠢ ᠨᠦᠬᠡ ᠴᠤᠭᠤᠯᠠᠵᠦ᠂ ᠰᠤᠷ ᠢᠶᠠᠨ ᠨᠦᠬᠡ ᠪᠠᠷ ᠨᠢ ᠰᠦᠪᠡᠯᠡᠵᠦ ᠲᠤᠭᠳᠠᠭᠠᠨ᠂

ᠭᠦᠷᠤᠮᠡᠯ ᠲᠠᠰᠢᠭᠤᠷ ᠢᠶᠠᠨ ᠪᠦᠷᠢᠶ᠎ᠡ ᠲᠠᠢ ᠴᠢᠩᠭ᠎ᠠ ᠠᠪᠴᠠᠯᠳᠤᠭᠤᠯᠤᠨ ᠤᠶᠠᠵᠦ᠂ ᠪᠦᠷᠢᠶ᠎ᠡ ᠶᠢᠨ ᠲᠡᠭᠡᠷ᠎ᠡ ᠦᠵᠤᠭᠦᠷ

 ᠲᠤ ᠨᠦᠬᠡ ᠴᠤᠭᠤᠯᠠᠨ ᠰᠤᠷ ᠭᠤᠭᠴᠤᠭ᠎ᠠ ᠭᠠᠷᠭᠠᠳᠠᠭ᠂ ᠢᠩᠬᠢᠵᠦ ᠭᠤᠭᠴᠤᠭ᠎ᠠ ᠭᠠᠷᠭᠠᠪᠠᠯ ᠲᠠᠰᠢᠭᠤᠷ ᠢᠶᠠᠨ ᠭᠠᠷ

 ᠤᠨ ᠪᠠᠭᠤᠤ ᠳᠤ ᠭᠤᠭᠴᠤᠭᠠᠯᠠᠵᠦ ᠬᠢᠬᠦ ᠳᠤ ᠲᠦᠬᠦᠮ ᠪᠦᠭᠡᠳ ᠭᠠᠷ ᠢᠶᠠᠷ ᠪᠦᠷᠢᠶ᠎ᠡ ᠶᠢ ᠠᠳᠬᠤᠬᠤ ᠳᠤ ᠴᠦ ᠡᠪᠯᠢᠭ

ᠪᠠᠶᠢᠳᠠᠭ᠃ ᠵᠠᠷᠢᠮ ᠬᠦᠮᠤᠰ ᠰᠤᠷ ᠪᠠᠷᠢᠭᠤᠯ ᠲᠠᠢ ᠲᠠᠰᠢᠭᠤᠷ ᠭᠦᠷᠤᠳᠡᠭ ᠴᠦ ᠪᠤᠢ᠃ ᠮᠤᠷᠢᠨ ᠲᠠᠰᠢᠭᠤᠷ ᠪᠤᠯ ᠡᠷ᠎ᠡ

ᠬᠦᠮᠤᠨ ᠤ ᠰᠠᠶᠢᠨ ᠵᠡᠪᠰᠡᠭ ᠪᠤᠯᠵᠦ ᠪᠠᠶᠢᠳᠠᠭ᠂ ᠲᠠᠰᠢᠭᠤᠷ ᠨᠢ ᠮᠤᠷᠢ ᠶᠢ ᠲᠠᠰᠢᠭᠤᠷᠳᠠᠬᠤ ᠳᠤ ᠬᠡᠷᠡᠭᠯᠡᠬᠦ ᠪᠠᠭᠠᠵᠢ

ᠪᠤᠯᠬᠤ ᠪᠠᠷ ᠪᠠᠷᠠᠬᠤ ᠦᠬᠡᠢ᠂ ᠪᠠᠴᠢᠮ ᠦᠶ᠎ᠡ ᠳᠤ ᠲᠠᠰᠢᠭᠤᠷ ᠤᠨ ᠪᠦᠷᠢᠶ᠎ᠡ ᠪᠠᠷ ᠴᠢᠨ᠋ᠸ᠎ᠠ ᠶᠢᠨ ᠲᠤᠯᠤᠭᠠᠢ ᠶᠢ ᠪᠠᠯᠪᠠ

ᠴᠤᠬᠢᠵᠦ ᠠᠯᠠᠭᠠᠳ᠂ ᠠᠳᠤᠭᠤ ᠮᠠᠯ ᠢᠶᠠᠨ ᠴᠦ ᠬᠠᠮᠠᠭᠠᠯᠠᠳᠠᠭ ᠶᠤᠮ᠃

︵ᠵᠢᠷᠭᠤᠭ᠎ᠠ︶ ᠪᠢᠯᠠᠭᠤ ᠬᠢᠬᠦ

     ᠪᠢᠯᠠᠭᠤ ᠪᠤᠯ ᠮᠤᠩᠭᠤᠯᠴᠤᠳ ᠤᠨ ᠠᠩ ᠠᠪᠠ ᠳᠤ ᠬᠡᠷᠡᠭᠯᠡᠬᠦ‍ ᠨᠢᠭᠡ ᠵᠦᠢᠯ ᠤᠨ ᠪᠠᠭᠠᠵᠢ ᠵᠡᠪᠰᠡᠭ ᠪᠤᠯᠬᠤ

ᠶᠤᠮ᠃ ᠪᠢᠯᠠᠭᠤ ᠳᠤ ᠲᠡᠭᠦᠵᠢᠩ ᠪᠢᠯᠠᠭᠤ᠂ ᠤᠩᠬᠢᠨ ᠪᠢᠯᠠᠭᠤ᠂ ᠬᠠᠶᠠᠮᠠᠯ ︵ᠪᠠᠰᠠ ᠬᠠᠶᠢᠪᠢᠩ ᠪᠢᠯᠠᠭᠤ ᠭᠡᠳᠡᠭ︶

ᠪᠢᠯᠠᠭᠤ ᠵᠡᠷᠭᠡ ᠬᠡᠳᠤᠨ ᠵᠦᠢᠯ ᠪᠠᠶᠢᠳᠠᠭ᠃ ᠪᠢᠯᠠᠭᠤ ᠶᠢᠨ ᠪᠠᠷᠢᠭᠤᠯ ᠢ ᠶᠡᠷᠤ ᠳᠡᠭᠡᠨ ᠶᠠᠰᠢᠯ᠂ ᠲᠡᠯᠳᠤ᠂ ᠬᠠᠶᠢᠯᠠᠰᠤ᠂

ᠭᠦᠢᠯᠡᠰᠤ ᠶᠢᠨ ᠬᠠᠳᠠᠭᠤ ᠮᠤᠳᠤ ᠪᠠᠷ ᠬᠢᠳᠡᠭ᠃ ᠲᠡᠭᠦᠵᠢᠩ ᠪᠤᠯᠤᠨ ᠤᠩᠬᠢᠨ ᠪᠢᠯᠠᠭᠤᠨ ᠤ ᠲᠡᠮᠦᠷᠯᠢᠭ ᠡᠳ᠋ ᠢ ᠭᠠᠤᠯᠢ

᠂ ᠲᠤᠭᠤᠯᠭ᠎ᠠ᠂ ᠲᠡᠮᠤᠷ ᠢᠶᠠᠷ ᠬᠢᠳᠡᠭ ᠶᠤᠮ᠃ ᠪᠢᠯᠠᠭᠤᠨ ᠤ ᠪᠠᠷᠢᠭᠤᠯ ᠤᠨ ᠤᠷᠳᠤ ᠨᠢ ᠶᠡᠷᠤᠩᠬᠡᠢ ᠳᠡᠭᠡᠨ ᠲᠤᠯᠤᠭᠠᠨ

ᠪᠠᠷᠢᠮ ︵ᠠᠳᠬᠤ︶ ᠪᠠᠶᠢᠳᠠᠭ᠃ ᠪᠢᠯᠠᠭᠤ ᠪᠤᠯ ᠮᠤᠳᠤᠨ ᠤᠷᠠᠯᠠᠯ ᠪᠤᠯᠤᠨ ᠲᠡᠮᠦᠷᠯᠢᠭ ᠤᠨ ᠵᠦᠢᠯ ᠤᠨ ᠭᠠᠷ ᠣᠷᠠᠯᠠᠯ

᠂ ᠰᠤᠷ ᠵᠡᠷᠭᠡ ᠶᠢ ᠤᠶᠠᠯᠳᠤᠭᠤᠯᠬᠰᠠᠨ ᠪᠦᠳᠦᠭᠡᠭᠳᠡᠬᠦᠨ ᠪᠣᠯᠬᠤ ᠶᠤᠮ᠃

ᠲᠦᠷᠪᠡ᠂ ᠮᠦᠩᠭᠦ᠂ ᠭᠠᠤᠯᠢ᠂ ᠲᠡᠮᠤᠷ ᠤᠨ ᠲᠠᠷᠬᠠᠨ ᠤ ᠭᠠᠷ ᠤᠷᠠᠯᠠᠯ

     ᠦᠩᠭᠡᠷᠡᠭᠰᠡᠨ ᠳᠤ ᠮᠦᠩᠭᠦᠨ ᠲᠡᠮᠤᠷ ᠤᠨ ᠲᠠᠷᠬᠠᠨᠴᠤᠳ᠂ ᠨᠤᠳᠤᠭ ᠤᠨ ᠤᠳᠤᠮᠰᠢᠯᠳᠤ ᠠᠷᠭ᠎ᠠ ᠪᠠᠷ ᠮᠤᠷᠢᠨ

ᠡᠮᠡᠭᠡᠯ ᠤᠨ ᠪᠦᠭᠦᠷᠭᠡ ᠶᠢ ᠮᠦᠩᠭᠦ ᠪᠠᠷ ᠬᠦᠪᠡᠭᠡᠯᠡᠨ ᠰᠢᠭᠢᠳᠬᠡᠬᠦ᠂ ᠶᠠᠰᠤᠨ ᠰᠡᠶᠢᠯᠤᠮᠡᠯ ᠢᠶᠠᠷ ᠪᠦᠭᠦᠷᠭᠡ ᠶᠢᠨ ᠨᠢᠭᠤᠷ

ᠲᠠᠯ᠎ᠠ ᠳᠤ ᠬᠡ ᠤᠭᠠᠯᠵᠠ ᠤᠷᠠᠯᠠᠨ ᠰᠢᠭᠢᠳᠬᠡᠵᠦ ᠬᠢᠳᠡᠭ ᠪᠠᠶᠢᠭᠰᠠᠨ᠂ ᠤᠷᠠᠨ ᠲᠠᠷᠬᠠᠨᠴᠤᠳ᠂ ᠬᠦᠮᠤᠨ ᠮᠠᠯ ᠤᠨ

ᠡᠪᠡᠳᠴᠢᠨ ᠡᠮᠵᠢᠭ ᠢ ᠵᠠᠰᠠᠬᠤ ᠬᠠᠨᠠᠭᠤᠷ ︵ᠬᠡᠯᠡᠨ ᠤ ᠬᠠᠨᠠᠭᠤᠷ᠂ ᠭᠤᠷᠪᠠᠯᠵᠢᠨ ᠬᠠᠨᠠᠭᠤᠷ︶ ᠢ ᠲᠠᠪᠳᠠᠨ ᠬᠢᠵᠦ᠂

ᠮᠤᠩᠭᠤᠯ ᠡᠮᠨᠡᠯᠭᠡ ᠶᠢᠨ ᠲᠠᠪᠤᠨ ᠵᠠᠰᠠᠯ ᠤᠨ ᠪᠠᠭᠠᠵᠢ ᠬᠡᠷᠡᠭᠰᠡᠯ ᠤᠶᠢᠯᠡᠳᠤᠨ ᠬᠢᠳᠡᠭ ᠪᠠᠶᠢᠭᠰᠠᠨ ᠲᠡᠤᠬᠡ ᠲᠠᠢ︔

ᠮᠤᠩᠭᠤᠯ ᠠᠮᠢᠳᠤᠷᠠᠯ ᠤᠨᠳᠤᠷᠤᠯᠭ᠎ᠠ ᠳᠤ ᠬᠡᠷᠡᠭᠯᠡᠬᠦ ᠮᠦᠩᠭᠦᠨ ᠠᠶᠠᠭ᠎ᠠ᠂ ᠮᠦᠩᠭᠦᠨ ᠲᠠᠪᠤᠷ᠎ᠠ᠂ ᠮᠦᠩᠭᠦᠨ ᠲᠠᠪᠠᠭ᠂

ᠮᠦᠩᠭᠦᠨ ᠬᠤᠨᠳᠠᠭ᠎ᠠ᠂ ᠮᠦᠩᠭᠦᠨ ᠰᠠᠪᠬ᠎ᠠ ᠵᠡᠷᠭᠡ ᠶᠢ ᠤᠷᠠᠯᠠᠨ ᠬᠢᠵᠦ ᠪᠠᠶᠢᠭᠰᠠᠨ ᠪᠦᠭᠡᠳ ᠵᠡᠰ ᠭᠠᠤᠯᠢ ᠪᠠᠷ ᠰᠦᠮ᠎ᠡ

ᠬᠡᠶᠢᠳ ᠤᠨ ᠵᠤᠯᠠ ᠲᠠᠬᠢᠯ᠂ ᠬᠤᠩᠬ᠎ᠠ ᠲᠠᠮᠤᠷᠤ ᠶᠢᠨ ᠵᠦᠢᠯ ᠢ ᠤᠷᠠᠯᠠᠬᠤ᠂ ᠮᠦᠩᠭᠦ᠂ ᠴᠠᠭᠠᠨ ᠭᠠᠤᠯᠢ ᠪᠠᠷ

ᠡᠮᠡᠭᠳᠠᠶᠢᠴᠤᠳ ᠪᠦᠰᠡᠭᠦ᠋ᠢᠴᠤᠳ ᠤᠨ ᠴᠢᠬᠢᠨ ᠤ ᠡᠭᠡᠮᠦᠭ ᠰᠦᠢᠬᠡ ᠶᠢᠨ ᠵᠦᠢᠯ᠂ ᠰᠢᠳᠤᠨ ᠰᠢᠭᠰᠢᠭᠦᠷ᠂ ᠴᠢᠬᠢᠨ ᠤ

ᠤᠭᠴᠤᠯᠠᠭᠤᠷ᠂ ᠬᠡᠳᠡ ᠬᠢᠳᠤᠭ᠎ᠠ ᠶᠢᠨ ᠤᠷᠠᠯᠠᠯ᠂ ᠪᠦᠭᠡᠵᠢ ᠵᠡᠷᠭᠡ ᠶᠢᠨ ᠵᠠᠰᠠᠯ ᠵᠢᠮᠰᠡᠭ ᠤᠨ ᠵᠦᠢᠯ ᠳᠤ ᠤᠷᠠᠯᠠᠵᠦ

ᠪᠠᠶᠢᠳᠠᠭ᠂ ᠪᠠᠰᠠ ᠵᠠᠷᠢᠮ ᠨᠢ ᠵᠤᠳᠤᠭ ᠤᠨ ᠲᠤᠪᠤᠷᠦᠤ᠂ ᠪᠦᠬᠡ ᠶᠢᠨ ᠲᠤᠯᠢ᠂ ᠲᠠᠮᠠᠬᠢᠨ ᠭᠠᠩᠰᠠ ᠶᠢᠨ ᠲᠤᠯᠤᠭᠠᠢ ᠶᠢ

ᠴᠦ ᠤᠯᠠᠨ ᠶᠠᠩᠵᠦ ᠪᠠᠷ ᠤᠷᠠᠯᠠᠨ ᠬᠢᠳᠡᠭ ᠶᠤᠮ᠃

     ᠠᠷᠣ ᠬᠤᠷᠴᠢᠨ ᠬᠤᠰᠢᠭᠤᠨ ᠤ ᠪᠠᠯᠴᠢᠷᠤᠳ ᠨᠤᠳᠤᠭ ᠲᠤ ᠯᠢᠤ ᠳ᠋ᠠᠢ ᠭᠡᠰᠡᠨ ᠨᠡᠷᠡᠳᠠᠢ ᠮᠦᠩᠭᠦᠨ ᠲᠠᠷᠬᠠᠨ

ᠪᠠᠶᠢᠭᠰᠠᠨ ᠶᠤᠮ᠃ ᠲᠡᠷᠡ ᠨᠠᠰᠤᠳᠠᠨ ᠲᠡᠭᠡᠷ᠎ᠡ ᠵᠠᠭᠤᠨ ᠤ ᠲᠠᠪᠢ ᠵᠢᠷᠠᠭᠠᠳ ᠤᠨ ᠳᠤ ᠮᠤᠳᠤᠨ ᠨᠡᠭᠦᠷᠡᠰᠤ ᠲᠡᠭᠦᠵᠦ᠂

ᠮᠤᠳᠤ ᠪᠠᠷ ᠬᠢᠭᠰᠡᠨ ᠬᠦᠭᠦᠷᠭᠡ ᠪᠠᠷ ᠵᠦᠭᠡᠯᠡᠨ ᠭᠠᠯ ᠬᠦᠬᠡᠷᠭᠡᠳᠡᠵᠦ ᠮᠦᠩᠭᠦ᠂ ᠴᠠᠭᠠᠨ ᠭᠠᠤᠯᠢ᠂ ᠵᠠᠰ᠂ ᠭᠠᠤᠯᠢ᠂

ᠲᠡᠮᠤᠷ ᠤᠨ ᠤᠷᠠᠯᠠᠯ ᠬᠢᠵᠦ᠂ ᠬᠤᠭᠤᠷ ᠤᠨ ᠵᠠᠯᠭᠠᠭᠤᠷ᠂ ᠭᠠᠩᠰᠠ ᠶᠢᠨ ᠲᠤᠯᠤᠭᠠᠢ᠂ ᠲᠠᠮᠠᠬᠢᠨ ᠰᠢᠭᠤᠳᠠᠢ ᠶᠢᠨ

ᠡᠯᠭᠦᠭᠦᠷ᠂ ᠮᠤᠳᠤᠨ ᠠᠶᠠᠭᠠᠨ ᠤ ᠭᠠᠳᠠᠭᠤᠷ ᠰᠢᠭᠡᠳᠭᠡᠭᠰᠡᠨ ᠮᠦᠩᠭᠦᠨ ᠤᠷᠠᠯᠠᠯ᠂ ᠲᠦᠷᠪᠡᠨ ᠤᠳᠠᠰᠤᠳᠤ ᠬᠤᠭᠤᠷ

 ᠤᠨ ᠠᠷᠠᠯ ᠲᠡᠭᠡᠷ᠎ᠡ ᠶᠠᠰᠤᠨ ᠰᠢᠭᠢᠳᠭᠡᠷᠢ ᠰᠠᠭᠤᠯᠭᠠᠬᠤ ᠵᠡᠷᠭᠡ ᠭᠠᠷ ᠤᠷᠠᠯᠠᠯ ᠢᠶᠠᠷ ᠢᠶᠠᠨ ᠬᠤᠰᠢᠭᠤᠨ ᠡᠮᠤᠨ᠎ᠡ ᠵᠠᠬ᠎ᠠ

 ᠳᠤ ᠠᠯᠳᠠᠷᠰᠢᠵᠦ᠂ ᠨᠢᠭᠡᠨ ᠦᠶ᠎ᠡ ᠶᠢᠨ ᠤᠷᠠᠨ ᠲᠠᠷᠬᠠᠨ ᠢᠶᠠᠷ ᠠᠯᠳᠠᠷ ᠨᠡᠷ᠎ᠡ ᠪᠠᠨ ᠮᠠᠨᠳᠤᠭᠤᠯᠵᠦ ᠶᠠᠪᠤᠭᠰᠠᠨ ᠶᠤᠮ᠃

ᠪᠠᠯᠴᠢᠷᠤᠳ ᠤᠨ ᠨᠡᠷᠡᠳᠠᠢ ᠬᠤᠭᠤᠷᠴᠢ ᠭᠠᠷᠪᠤᠰᠡᠩᠭᠡ ᠶᠢᠨ ᠦᠯᠢᠭᠡᠷ ᠤᠨ ᠬᠤᠭᠤᠷ ᠢ ᠯᠢᠤ ᠳ᠋ᠠᠢ ᠲᠠᠷᠬᠠᠨ ᠶᠠᠰᠤᠨ

ᠰᠡᠶᠢᠯᠤᠮᠡᠯ᠂ ᠭᠠᠤᠯᠢ ᠮᠦᠩᠭᠦᠨ ᠰᠢᠭᠢᠳᠬᠡᠷᠢ ᠪᠠᠷ ᠤᠷᠠᠯᠠᠨ ᠪᠦᠳᠤᠭᠡᠭᠰᠡᠨ ᠪᠦᠳᠤᠭᠡᠯ ᠪᠤᠯᠬᠤ ᠶᠤᠮ᠃ ᠡᠨᠡᠬᠦ

ᠦᠯᠢᠭᠡᠷ ᠬᠡᠯᠡᠬᠦ ᠦᠨᠳᠤᠰᠤᠳᠡᠨ ᠤ ᠭᠤᠶᠤᠯᠡᠯ ᠬᠤᠭᠤᠷ ᠨᠢ ᠤᠳᠤ ︽ᠠᠷᠤ ᠬᠤᠷᠴᠢᠨ ᠬᠤᠰᠢᠭᠤᠨ ᠤ

ᠦᠨᠳᠤᠰᠤᠳᠡᠨ ᠤ ᠤᠷᠠᠯᠠᠯ ᠤᠨ ᠦᠵᠡᠰᠭᠦᠯᠡᠩ︾ ᠳᠤ ᠲᠡᠤᠬᠡᠨ ᠤᠷᠠᠯᠠᠯ ᠪᠤᠯᠵᠦ ᠲᠡᠯᠭᠡᠭᠳᠡᠵᠦ ᠪᠤᠢ᠃

— — — —

① ᠮᠤᠩᠭᠤᠯᠴᠤᠳ ᠤᠨ ᠮᠤᠳᠤᠨ ᠤᠷᠠᠯᠠᠯ᠂ ᠪᠤᠷᠭᠠᠰᠤᠨ ᠭᠦᠷᠤᠮᠡᠯ᠂ ᠰᠤᠷ ᠡᠳ᠋ᠯᠡᠯ᠂ ᠲᠡᠮᠦᠷᠯᠢᠭ ᠤᠨ ᠤᠷᠠᠯᠠᠯ

ᠵᠡᠷᠭᠡ ᠤᠯᠠᠨ ᠲᠠᠯ᠎ᠠ ᠶᠢᠨ ᠭᠠᠷ ᠤᠷᠠᠯᠠᠯ ᠳᠤ ᠦᠪᠡᠷ ᠦᠪᠡᠷ ᠤᠨ ᠬᠡᠯᠡ ᠬᠡᠯᠡᠯᠭᠡ᠂ ᠨᠡᠷ᠎ᠡ ᠲᠠᠭᠤᠳᠠᠯᠭ᠎ᠠ᠂ ᠵᠠᠩ

ᠵᠠᠩᠰᠢᠯ ᠪᠠᠶᠢᠳᠠᠭ ᠤᠴᠢᠷ ᠠᠴᠠ ᠲᠤᠰ ᠵᠣᠬᠢᠶᠠᠯ ᠳᠤ ᠠᠷᠤ ᠬᠤᠷᠴᠢᠨ ᠤ ᠡᠮᠤᠨ᠎ᠡ ᠵᠠᠬ᠎ᠠ ᠶᠢᠨ ᠬᠡᠯᠡ ᠬᠡᠯᠡᠯᠭᠡ᠂ ᠨᠡᠷ᠎ᠡ

ᠲᠠᠭᠤᠳᠠᠯᠭ᠎ᠠ ᠪᠠᠷ ᠭᠤᠤᠯ ᠪᠤᠯᠭᠠᠪᠠ᠃

② ᠤᠷᠤᠨ ᠨᠤᠳᠤᠭ ᠤᠨ ᠠᠬᠠᠮᠠᠳ ᠲᠤᠮᠤᠭᠠᠳᠠᠳ ᠢ ᠰᠤᠷᠪᠤᠯᠵᠢᠯᠠᠭᠰᠠᠨ ᠪᠠ ᠦᠪᠡᠷ ᠤᠨ ᠪᠠᠭ᠎ᠠ ᠰᠠᠭ᠎ᠠ ᠦᠵᠡᠵᠦ

ᠰᠤᠨᠤᠰᠤᠭᠰᠠᠨ ᠢᠶᠠᠨ ᠦᠨᠳᠤᠰᠤᠯᠡᠨ᠂ ᠡᠮᠬᠢᠳᠭᠡᠵᠦ ᠴᠤᠭᠯᠠᠭᠤᠯᠤᠨ ᠲᠡᠮᠳᠡᠭᠯᠡᠪᠡ᠃

ᠵᠤᠬᠢᠶᠠᠭᠴᠢ᠄ ᠪ᠊ · ᠲᠡᠮᠦᠷᠭᠤᠣᠯᠲᠣ

ᠨᠠᠶᠢᠷᠠᠭᠤᠯᠣᠭᠴᠢ᠄ ᠴ᠊ · ᠰᠠᠷᠠᠭᠤᠯ

 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号