︽ᠪᠣᠭᠳᠠ ᠪᠠᠭᠠᠳᠣᠷ ᠤᠨ ᠪᠡᠶ᠎ᠡ ᠪᠠᠷ ᠲᠠᠶᠢᠯᠠᠭᠰᠠᠨ ᠲᠡᠮᠳᠡᠭᠯᠡᠯ︾ ᠢ ᠦᠨᠳᠣᠰᠣᠯᠡᠪᠡᠯ᠂ ᠣᠷᠢᠳᠣ ᠶᠢᠨ | ᠦᠶ᠎ᠡ ᠳᠤ᠂ ᠮᠣᠩᠭᠤᠯᠴᠣᠳ ᠦᠰᠦᠭ ᠪᠢᠴᠢᠯᠬᠡ ᠲᠠᠢ ᠬᠦᠮᠣᠰ ᠢᠶᠠᠨ ︽ᠪᠠᠭᠰᠢ︾ ᠬᠡᠵᠣ ᠲᠠᠭᠤᠳᠠᠨ᠎ᠠ᠃ ᠦᠰᠦᠭ | ᠪᠢᠴᠢᠭ ᠰᠣᠷᠣᠭᠰᠠᠳ ᠢ ︽ᠱᠠᠪᠢ︾ ᠭᠡᠳᠡᠭ᠃ ᠱᠠᠪᠢ ᠬᠦᠮᠤᠨ ᠪᠠᠭᠰᠢ ᠠᠴᠠ ᠪᠠᠨ ᠰᠣᠷᠬᠤ ᠳᠠᠭᠠᠨ ᠶᠠᠭᠤᠨ ᠤ | ᠡᠮᠣᠨ᠎ᠡ ᠬᠤᠨᠢ ᠠᠷᠢᠬᠢ ᠶᠢᠨ ᠪᠡᠯᠡᠭ ᠪᠠᠷᠢᠭᠠᠳ ᠮᠦᠷᠬᠦᠵᠣ ᠶᠣᠰᠣᠯᠠᠬᠤ ᠪᠦᠬᠡᠳ ᠡᠳᠤᠷ ᠪᠤᠯᠭᠠᠨ ᠪᠠᠭᠰᠢ ᠳᠠᠭᠠᠨ | ᠣᠴᠢᠬᠤ ᠳᠤ ᠪᠠᠰᠠ ᠮᠦᠷᠬᠦᠬᠦ ᠬᠡᠷᠡᠭᠲᠡᠢ᠃ ᠦᠰᠦᠭ ᠪᠢᠴᠢᠭ ᠪᠣᠯᠪᠠᠰᠤᠷᠠᠭᠰᠠᠨ ᠤ ᠬᠤᠶᠢᠨ᠎ᠠ ᠪᠠᠭᠰᠢ ᠶᠢᠨ ᠠᠴᠢ ᠳᠤ | ᠮᠣᠷᠢ᠂ ᠴᠠᠭᠠᠨ ᠬᠤᠪᠴᠠᠰᠣ ᠶᠢᠨ ᠪᠡᠯᠡᠭ ᠦᠭᠬᠦᠨ᠎ᠡ᠃ ᠬᠤᠪᠴᠠᠰᠣ ᠳᠡᠪᠡᠯ ᠢ ᠪᠦᠰ ᠪᠤᠶᠤ ᠲᠣᠷᠭ᠎ᠠ ᠪᠠᠷ ᠴᠦᠮ ᠬᠢᠬᠦ | ᠪᠣᠯᠬᠤᠷ ᠪᠠᠶᠠᠨ ᠦᠬᠡᠶᠢᠬᠦᠣ ᠶᠢᠨ ᠬᠢᠷᠢ ᠪᠠᠷ ᠪᠣᠯᠬᠤ ᠪᠦᠬᠡᠳ ᠲᠤᠭᠳᠠᠭᠰᠠᠨ ᠲᠤᠭ᠎ᠠ ᠬᠡᠵᠣ ᠪᠠᠶᠢᠬᠤ ᠦᠬᠡᠢ᠃ ᠡᠭᠡᠯ | ᠠᠷᠠᠳ ᠦᠰᠦᠭ ᠪᠢᠴᠢᠭ ᠲᠠᠢ ᠶᠣᠮ ᠪᠤᠯ ᠨᠣᠶᠠᠳ ᠢ ᠲᠠᠭᠠᠵᠣ ᠶᠠᠪᠣᠭᠠᠳ ᠡᠭᠡᠯ ᠠᠷᠠᠳ ᠠᠴᠠ ᠲᠡᠭᠡᠬᠦᠷ ᠨᠢᠬᠡ | ᠵᠡᠷᠭᠡ ᠳᠤ ᠬᠦᠷᠬᠦ ᠪᠤᠯᠬᠤᠷ᠂ ᠮᠣᠩᠭᠤᠯᠴᠣᠳ ᠤᠨ ᠲᠤᠮᠳᠠ ᠪᠠᠭᠰᠢ ᠬᠦᠮᠣᠨ ᠶᠡᠬᠡᠯ᠎ᠡ ᠬᠦᠨᠳᠣᠳᠠᠢ ᠶᠣᠮ᠃ | ᠬᠠᠣᠯᠢ ᠵᠢᠷᠣᠮ ᠤᠨ ᠲᠣᠭᠳᠠᠭᠠᠯ ᠢᠶᠠᠷ ᠪᠤᠯ ᠪᠠᠭᠰᠢ ᠬᠦᠮᠣᠨ ᠢ ᠭᠤᠳᠣᠭᠠᠵᠣ ᠲᠤᠷᠤᠮᠵᠢᠯᠠᠭᠰᠠᠳ ᠨᠢ ᠪᠠᠭᠰᠢ | ᠬᠦᠮᠤᠨ ᠳᠤ ᠨᠢᠬᠡ ᠮᠣᠷᠢ ᠪᠠᠷ ᠲᠤᠷᠭᠠᠭᠤᠯᠢ ᠦᠭᠬᠦ ᠶᠤᠰᠤᠳᠠᠢ᠃ ᠣᠷᠢᠳᠣ ᠶᠢᠨ ᠴᠠᠭ ᠲᠤ ᠠᠶᠢᠮᠠᠭ ᠪᠦᠷᠢ ᠳᠤ | ᠬᠡᠳᠣᠭᠡᠨ ᠪᠠᠭᠰᠢ ᠲᠠᠢ ᠪᠠᠶᠢᠭᠰᠠᠨ ᠪᠤᠯ ᠬᠤᠵᠢᠮ ᠨᠢ ᠠᠯᠪᠠ ᠦᠵᠡᠬᠡᠳ ᠪᠤᠷᠬᠠᠨ ᠱᠠᠰᠢᠨ ᠢ ᠰᠢᠳᠤᠬᠦ | ᠪᠤᠯᠤᠭᠰᠠᠨ ᠠᠴᠠ ᠢᠨᠠᠭᠰᠢ ᠪᠠᠭᠰᠢ ᠶᠢᠨ ᠲᠤᠭ᠎ᠠ ᠨᠡᠯᠢᠶᠡᠳ ᠣᠯᠠᠰᠢᠷᠠᠪᠠ᠃ ᠣᠷᠢᠳᠣ ᠳᠤ ᠮᠤᠳᠤᠨ ᠰᠠᠮᠪᠠᠷ᠎ᠠ ᠪᠤᠶᠤ | ᠠᠷᠠᠰᠣᠨ ᠲᠡᠭᠡᠷ᠎ᠡ ᠥᠰᠦᠭ ᠪᠢᠴᠢᠳᠡᠭ᠃ ᠣᠶᠢᠷ᠎ᠠ ᠦᠶ᠎ᠡ ᠳᠤ ᠠᠯᠪᠠ ᠦᠵᠡᠬᠦ ᠪᠣᠯᠣᠭᠰᠠᠨ ᠠᠴᠠ ᠢᠨᠠᠭᠰᠢ ᠣᠳᠠᠭ᠎ᠠ | ᠪᠦᠷᠢ ᠪᠢᠷ ᠴᠠᠭᠠᠰᠤᠨ ᠤ ᠵᠦᠢᠯ ᠢ ᠦᠭᠳᠡᠭ᠂ ᠭᠡᠪᠡᠴᠣ ᠴᠠᠭᠠᠨ ᠡᠷᠬᠦᠳᠡᠯ ᠪᠢᠴᠢᠭ ᠪᠠᠷᠢᠬᠤ ᠳᠤ ᠬᠡᠷᠡᠭᠯᠡᠬᠦ ᠠᠴᠠ ᠪᠢᠰᠢ᠂ | ᠰᠣᠷᠬᠤ ᠠᠷᠠᠳ ᠮᠦᠨᠴᠦ ᠮᠣᠳᠣᠨ ᠰᠠᠮᠪᠠᠷ᠎ᠠ ᠶᠢ ᠬᠡᠷᠡᠭᠯᠡᠨ᠎ᠡ᠃ ᠰᠠᠮᠪᠠᠷ᠎ᠠ ᠶᠢᠨ ᠬᠡᠯᠪᠡᠷᠢ ᠨᠢ ᠲᠣᠩ ᠪᠦᠳᠣᠬᠦᠯᠢᠭ | ᠪᠦᠬᠡᠳ ᠦᠰᠦᠭ ᠪᠢᠴᠢᠬᠦ ᠳᠤ ᠲᠤᠬᠢᠷᠠᠬᠤ ᠦᠬᠡᠢ ᠶᠣᠮ᠃ ᠪᠢᠷ ᠬᠡᠷᠡᠭᠯᠡᠵᠦ ᠴᠢᠳᠠᠬᠤ ᠦᠬᠡᠢ᠂ ᠬᠠᠷᠢᠨ ᠡᠪᠡᠰᠣᠨ | ᠡᠰᠢ ᠪᠠᠷ ᠪᠢᠷ ᠪᠣᠯᠭᠠᠵᠣ ᠬᠡᠷᠡᠭᠯᠡᠨ᠎ᠡ᠃ ᠦᠰᠦᠭ ᠤᠨ ᠬᠡᠯᠪᠡᠷᠢ ᠨᠢ ᠣᠷᠳᠣ ᠪᠦᠬᠡᠳ ᠠᠰᠬᠠᠨ᠂ ᠲᠠᠳᠠᠯᠠᠨ ᠪᠢᠴᠢᠭᠰᠡᠨ | ᠲᠢᠭ ᠲᠠᠢ ᠪᠦᠬᠡᠳ ᠲᠣᠯᠭᠤᠷ ᠤᠨ ᠦᠰᠦᠭ ᠰᠢᠭ ᠰᠢᠨᠵᠢ ᠲᠠᠢ᠂ ᠡᠶᠢᠮᠣ ᠠᠴᠠ ᠮᠡᠳᠡᠬᠦ ᠳᠤ ᠶᠡᠬᠡᠯ᠎ᠡ ᠪᠡᠷᠭᠡ ᠶᠣᠮ᠃ | ᠲᠡᠭᠡᠷᠡᠬᠢ ᠪᠤᠯ ᠮᠢᠩ ᠤᠨ ᠦᠶ᠎ᠡ ᠪᠤᠶᠤ ᠲᠡᠬᠦᠨ ᠤ ᠡᠮᠣᠨᠡᠬᠢ ᠦᠶ᠎ᠡ ᠶᠢᠨ ᠠᠬᠤᠢ ᠪᠠᠶᠢᠳᠠᠯ ᠪᠠᠶᠢᠵᠣ ᠮᠡᠳᠡᠨ᠎ᠡ᠃ | ᠴᠢᠩ ᠤᠨ ᠦᠶ᠎ᠡ᠂ ᠢᠷᠭᠡᠨ ᠣᠯᠣᠰ ᠤᠨ ᠦᠶ᠎ᠡ᠂ ᠬᠡᠷ ᠤᠨ ᠰᠣᠷᠭᠠᠭᠤᠯᠢ ᠪᠣᠢ ᠪᠣᠯᠣᠭᠰᠠᠨ ᠠᠴᠠ ᠨᠠᠰᠢ ᠪᠠᠭᠰᠢ ᠶᠢ | ᠨᠡᠩ ᠬᠦᠨᠳᠣᠯᠡᠬᠦ ᠪᠣᠯᠵᠤ ᠪᠠᠭᠰᠢ ᠬᠦᠮᠣᠨ ᠢ ᠬᠦᠨᠳᠣᠳᠭᠡᠭᠰᠡᠭᠡᠷ ᠢᠷᠡᠵᠡᠢ᠃ ᠬᠠᠨ ᠢᠣᠢ ᠶᠢᠨ ︽ᠪᠠᠭᠰᠢ ᠶᠢᠨ | ᠦᠬᠦᠯᠡᠯ︾ ᠳᠤ ︽ᠪᠠᠭᠰᠢ ᠬᠡᠮᠡᠭᠴᠢ ᠶᠣᠰᠣ ᠶᠢ ᠣᠯᠠᠮᠵᠢᠯᠠᠵᠣ ᠡᠷᠳᠡᠮ ᠢ ᠰᠣᠷᠭᠠᠨ ᠰᠡᠵᠢᠭᠯᠡᠯ ᠢ ᠲᠠᠶᠢᠯᠣᠮᠣᠢ︾ | ᠬᠡᠵᠣ ᠵᠢᠭᠠᠭᠰᠠᠨ ᠪᠦᠬᠡᠳ ︽ᠰᠣᠷᠣᠯᠭ᠎ᠠ ᠶᠢᠨ ᠢᠳᠬᠠᠯ︾ ᠳᠤ ᠪᠠᠭᠰᠢ ᠶᠢᠨ ᠲᠣᠬᠠᠢ ᠦᠬᠦᠯᠡᠮᠵᠢ ᠪᠠᠶᠢᠳᠠᠭ᠃ | ᠴᠢᠩᠬᠢᠰ ᠬᠠᠭᠠᠨ ᠦᠪᠡᠷ ᠢᠶᠠᠨ ᠦᠰᠦᠭ ᠪᠢᠴᠢᠭ ᠮᠡᠳᠡᠬᠦ ᠦᠬᠡᠢ ᠪᠣᠯᠪᠠᠴᠣ ᠶᠧ ᠯᠢᠣᠢ ᠴᠢᠣᠢ ᠼᠠᠢ ᠶᠢ ᠣᠯᠣᠰ ᠤᠨ | ᠪᠠᠭᠰᠢ ᠪᠠᠷᠢᠵᠣ᠂ ᠣᠶᠢᠭᠤᠷ ᠬᠦᠮᠣᠨ ᠢᠶᠠᠷ ᠦᠰᠦᠭ ᠪᠢᠴᠢᠭ ᠵᠣᠬᠢᠶᠠᠯᠭᠠᠨ᠂ ᠰᠢᠬᠢᠬᠤᠳᠤᠭ ᠢ ᠬᠦᠨᠳᠤ ᠪᠠᠷ ᠬᠡᠷᠡᠭᠯᠡᠵᠦ᠂ | ᠬᠤᠪᠢᠯᠠᠢ ᠬᠠᠭᠠᠨ ᠫᠠᠭᠪᠠ ᠯᠠᠮᠠ ᠪᠠᠷ ᠦᠰᠦᠭ ᠪᠢᠴᠢᠭ ᠵᠣᠬᠢᠶᠠᠯᠭᠠᠨ ᠬᠦᠨᠳᠣᠳᠠᠢ ᠪᠠᠷ ᠬᠡᠷᠡᠭᠯᠡᠵᠡᠢ᠃ |