ᠮᠠᠨ ᠤ ᠮᠤᠩᠭᠤᠯᠴᠣᠤᠨ ᠡᠴᠢᠭᠡ ᠡᠬᠡ ᠶᠢᠨ ᠡᠨᠡᠷᠢᠯ ᠬᠠᠶᠢᠷ᠎ᠠ ᠶᠢ ᠥᠨᠢ ᠡᠭᠦᠷᠢᠲᠡ ᠰᠠᠨᠠᠵᠤ᠂ ᠡᠴᠢᠭᠡ | ᠡᠬᠡ ᠪᠠᠨ ᠠᠰᠠᠷᠠᠨ ᠬᠦᠨᠳᠦᠯᠡᠬᠦ ᠶᠢ ᠨᠢᠭᠡ ᠨᠠᠰᠦᠨ ᠤ ᠪᠠᠨ ᠶᠣᠰᠣ ᠵᠢᠷᠤᠮ ᠪᠤᠯᠭᠠᠨ ᠴᠢᠩᠭ᠎ᠠ ᠪᠠᠷᠢᠮᠲᠠᠯᠠᠳᠠᠭ᠃ | ᠡᠴᠢᠭᠡ ᠡᠬᠡ ᠶᠢᠨ ᠢᠶᠠᠨ ᠦᠭᠡ ᠶᠢ ᠬᠢᠴᠢᠶᠡᠩᠭᠦᠢ ᠰᠣᠨᠤᠰᠤᠨ᠂ ᠵᠠᠬᠢᠶ᠎ᠠ ᠵᠢᠭᠠᠪᠤᠷᠢ ᠪᠠᠷ ᠨᠢ ᠶᠠᠪᠤᠬᠤ ᠶᠢ ᠡᠷᠬᠢᠮ ᠶᠣᠰᠣ | ᠪᠣᠯᠭᠠᠳᠠᠭ᠃ ᠡᠴᠢᠭᠡ ᠡᠬᠡ ᠶᠢᠨ ᠥᠭᠡᠳᠡ ᠠᠴᠠ ᠶᠠᠷᠭᠢᠬᠤ᠂ ᠭᠦᠯᠢᠢᠵᠦ ᠬᠠᠷᠠᠬᠤ᠂ ᠴᠢᠷᠠᠢ ᠦᠵᠡᠭᠦᠯᠬᠦ ᠶᠢ ᠡᠷᠡᠰ | ᠴᠡᠭᠡᠷᠯᠡᠵᠦ᠂ ᠡᠴᠢᠭᠡ ᠡᠬᠡ ᠪᠠᠨ ᠠᠭᠤᠷᠯᠠᠭᠤᠯᠵᠤ ᠭᠤᠮᠤᠳᠠᠭᠠᠬᠤ ᠠᠴᠠ ᠮᠠᠰᠢ ᠶᠡᠭᠡ ᠬᠢᠴᠢᠶᠡᠳᠡᠭ᠃ ᠡᠴᠢᠭᠡ | ᠡᠬᠡ ᠪᠠᠨ ᠠᠳᠠ ᠦᠵᠡᠬᠦ ᠶᠢ ᠨᠡᠩᠳᠡ ᠴᠡᠭᠡᠷᠯᠡᠨ᠎ᠡ᠃ ᠬᠦᠮᠦᠨ ᠭᠡᠭᠴᠢ ᠡᠴᠢᠭᠡ ᠶᠢᠨ ᠰᠢᠭᠦᠰᠦ ᠡᠬᠡ ᠶᠢᠨ ᠰᠢᠮ᠎ᠡ ᠪᠠᠷ | ᠪᠦᠳᠦᠭᠰᠡᠨ ᠪᠤᠯᠬᠤᠷ ᠡᠴᠢᠭᠡ ᠡᠬᠡ ᠶᠢ ᠡᠰᠡ ᠬᠦᠨᠳᠦᠯᠡᠨ ᠥᠯᠥ ᠠᠰᠠᠷᠠᠪᠠᠰᠤ ᠠᠳᠤᠭᠤᠰᠤᠨ ᠮᠡᠳᠥ ᠬᠡᠮᠡᠨ ᠣᠯᠠᠨ᠎ᠠ | ᠬᠡᠯᠡᠭᠳᠡᠵᠦ᠂ ᠨᠠᠰᠤᠨ ᠲᠣᠷᠰᠢᠳᠠ ᠰᠠᠶᠢᠨ ᠶᠠᠪᠤᠬᠤ ᠵᠠᠶᠠᠭ᠎ᠠ ᠦᠭᠡᠢ ᠳᠠᠷᠠᠭ᠎ᠠ ᠲᠦᠷᠦᠯ ᠳᠡᠭᠡᠨ ᠠᠷᠪᠠᠨ ᠨᠠᠢᠮᠠᠨ | ᠲᠠᠮᠤ ᠳᠤ ᠤᠨᠠᠨ᠎ᠠ ᠭᠡᠳᠡᠭ᠃ | ᠡᠴᠢᠭᠡ ᠡᠬᠡ ᠶᠢᠨ ᠲᠡᠷᠭᠡᠲᠡ ᠱᠠᠯᠢᠭ ᠵᠠᠪᠬᠠᠢ ᠦᠭᠡ ᠶᠠᠷᠢᠬᠤ᠂ ᠬᠠᠷᠢᠶᠠᠯ ᠵᠦᠭᠡᠯ ᠲᠠᠯᠪᠢᠬᠤ ᠪᠤᠶᠤ ᠠᠷᠢᠬᠢ | ᠤᠣᠭᠤᠬᠤ᠂ ᠲᠠᠮᠠᠬᠢ ᠲᠠᠲᠠᠬᠤ ᠶᠢ ᠴᠡᠭᠡᠷᠯᠡᠨ᠂ ᠡᠴᠢᠭᠡ ᠡᠬᠡ ᠶᠢᠨ ᠵᠦᠪᠰᠢᠶᠡᠷᠡᠯ ᠦᠭᠡᠢ ᠪᠠᠷ ᠠᠷᠢᠬᠢ ᠣᠤᠭᠤᠵᠤ | ᠲᠠᠮᠠᠬᠢ ᠲᠠᠲᠠᠵᠤ ᠪᠣᠯᠳᠠᠭ ᠦᠭᠡᠢ᠃ ᠦᠷ᠎ᠡ ᠬᠡᠦᠬᠡᠳ ᠨᠢ ᠡᠴᠢᠭᠡ ᠡᠬᠡ ᠠᠴᠠ ᠪᠠᠨ ᠡᠷᠲᠡ ᠪᠣᠰᠴᠤ ᠣᠷᠣᠢ ᠤᠨᠲᠠᠨ᠂ | ᠦᠷᠯᠦᠭᠡ ᠭᠠᠯ ᠢ ᠨᠢ ᠨᠣᠴᠤᠭᠠᠵᠤ ᠣᠷᠣᠢ ᠣᠷᠣ ᠳᠡᠪᠢᠰᠭᠡᠷ ᠢ ᠨᠢ ᠵᠠᠰᠠᠵᠤ ᠥᠭᠳᠡᠭ᠃ ᠡᠴᠢᠭᠡ ᠡᠬᠡ ᠠᠴᠠ ᠪᠠᠨ | ᠶᠠᠭᠤ ᠢᠳᠡᠬᠦ ᠶᠢ ᠯᠠᠪᠯᠠᠨ ᠠᠰᠠᠭᠤᠵᠤ ᠠᠯᠢ ᠳᠤᠷ᠎ᠠ ᠲᠠᠢ ᠬᠤᠭᠤᠯᠡ ᠤᠮᠳᠠ ᠶᠢ ᠨᠢ ᠪᠠᠵᠠᠭᠠᠵᠤ ᠥᠭᠳᠡᠭ᠃ | ᠬᠤᠭᠤᠯᠡ ᠴᠠᠢ ᠠᠶᠠᠭᠠᠯᠠᠬᠤ ᠳᠠᠭᠠᠨ ᠡᠴᠢᠭᠡ ᠡᠬᠡ ᠳᠡᠭᠡᠨ ᠳᠡᠭᠡᠵᠢ ᠶᠢ ᠨᠢ ᠠᠶᠠᠭᠠᠯᠠᠵᠤ ᠬᠤᠶᠠᠷ | ᠭᠠᠷ ᠢᠶᠠᠷ ᠢᠶᠠᠨ ᠬᠢᠴᠢᠶᠡᠩᠭᠦ᠋ᠢᠯᠡᠨ ᠪᠠᠷᠢᠳᠠᠭ᠃ ᠤᠴᠢᠷ ᠶᠠᠪᠤᠳᠠᠯ ᠳᠣᠬᠢᠶᠠᠯᠳᠤᠪᠠᠯ ᠠᠪᠤ ᠡᠵᠢ ᠠᠴᠠ ᠪᠠᠨ ᠠᠰᠠᠭᠤᠨ | ᠰᠠᠨᠠᠯ ᠢ ᠨᠢ ᠰᠣᠨᠤᠰᠤᠨ ᠰᠤᠷᠭᠠᠯ ᠢ ᠨᠢ ᠠᠪᠳᠠᠭ᠃ ᠡᠴᠢᠭᠡ ᠡᠬᠡ ᠶᠢᠨ ᠨᠡᠷ᠎ᠡ ᠶᠢ ᠨᠢ ᠬᠡᠯᠡᠬᠦ ᠶᠢ ᠴᠡᠭᠡᠷᠯᠡᠳᠡᠭ᠃ | ᠡᠴᠢᠭᠡ ᠡᠬᠡ ᠳᠤ ᠬᠠᠨᠳᠤᠨ ︽ᠴᠢ︾ ᠭᠡᠵᠦ ᠬᠡᠯᠡᠳᠡᠭ ᠦᠭᠡᠢ᠃ ᠡᠴᠢᠭᠡ ᠶᠢᠨ ᠵᠦᠪᠰᠢᠶᠡᠷᠡᠯ ᠦᠭᠡᠢ ᠪᠣᠯ ᠰᠠᠬᠠᠯ | ᠲᠠᠯᠪᠢᠵᠤ ᠪᠣᠯᠳᠠᠭ ᠦᠭᠡᠢ᠃ ᠡᠴᠢᠭᠡ ᠡᠬᠡ ᠳᠡᠭᠡᠨ ᠶᠣᠰᠤᠷᠬᠠᠭ ᠬᠢᠴᠢᠶᠡᠩᠭᠦᠢ ᠳᠠᠷᠣᠤ ᠨᠣᠮᠤᠬᠠᠨ ᠬᠠᠨᠳᠤᠵᠤ᠂ ᠦᠭᠡ | ᠶᠠᠷᠢᠶ᠎ᠠ ᠤᠶᠢᠯᠡ ᠬᠦᠳᠡᠯᠭᠡᠭᠡᠨ ᠤ ᠠᠯᠢ ᠴᠦ ᠲᠠᠯ᠎ᠠ ᠪᠠᠷ ᠢᠶᠠᠨ ᠴᠦᠮ ᠪᠣᠯᠪᠠᠰᠤᠨ ᠪᠠᠶᠢᠬᠤ ᠶᠢ ᠪᠠᠷᠢᠮᠲᠠᠯᠠᠳᠠᠭ᠃ | ᠡᠴᠢᠭᠡ ᠡᠬᠡ ᠪᠠᠨ ᠠᠰᠠᠷᠠᠬᠤ ᠨᠢ ᠪᠤᠶᠠᠨ ᠢᠶᠠᠨ ᠣᠯᠵᠤ ᠵᠢᠷᠭᠠᠯ ᠡᠳ᠋ᠯᠡᠨᠡᠮ᠃ | |