ᠢᠳᠠᠮᠵᠠᠪ᠂ ᠬᠢᠲᠡᠳ ᠨᠡᠷ᠎ᠠ ᠪᠤᠤ ᠶᠤᠸᠠᠢ ᠱᠸᠡᠭ᠂ 89 ᠨᠠᠰᠤᠲᠠᠢ᠂ ᠴᠠᠭᠠᠨ ᠮᠤᠷᠢᠨ ᠵᠢᠯ ᠲᠠᠢ᠃ ᠨᠢᠭᠡ | ᠨᠠᠰᠦ ᠪᠠᠷ ᠢᠶᠠᠨ ᠭᠤᠤᠨᠢ ᠭᠠᠭᠴᠠᠭᠠᠷ ᠢᠶᠠᠨ ᠶᠠᠪᠤᠵᠠᠢ᠃ ᠤᠳᠦ ᠳᠡᠷᠡ ᠪᠠᠷ ᠬᠤᠷᠴᠢᠨ ᠵᠡᠭᠦᠨ ᠭᠠᠷᠤᠨ ᠳᠤᠮᠳᠠᠳᠦ | ᠬᠤᠰᠢᠭᠤᠨ ᠤ ᠱᠧᠪᠡᠷᠲᠦ ᠪᠠᠯᠭᠠᠰᠤᠨ ᠤ ᠤᠯᠠᠭᠠᠨ ᠭᠠᠴᠠᠭᠠᠨ ᠤ ︵ᠤᠤᠯ ᠤᠨ ᠯᠠᠩᠪᠤ ᠶᠢᠨ ᠳᠤᠪᠤ︶ ᠵᠢᠭᠡ | ᠬᠡᠤᠬᠡᠳ ᠤᠨ ᠢᠶᠠᠨ ᠭᠡᠷ ᠲᠤ ᠠᠮᠢᠳᠤᠷᠡᠵᠦ ᠪᠤᠢ᠃ | ᠤᠤᠯ ᠨᠤᠲᠤᠭ ᠪᠤᠯ ᠪᠤᠤᠺᠠᠨᠭ᠌ ᠠᠴᠠ ᠪᠠᠷᠠᠭᠤᠨᠰᠢ ᠭᠤᠴᠢᠭᠠᠳ ᠭᠠᠵᠠᠷ ᠵᠠᠶᠢᠲᠠᠢ ᠬᠤᠲᠡ ᠶᠢᠨ ᠡᠷᠢᠶᠠᠨ ᠠᠶᠢᠯ᠃ | ᠳᠡᠭᠦᠨ ᠤ ᠳᠠᠨᠢᠯᠴᠠᠭᠤᠯᠬᠤ ᠪᠠᠷ᠂ ᠲᠤᠰ ᠠᠶᠢᠯ ᠢ ᠳᠡᠳᠡᠨ ᠤ ᠳᠡᠭᠡᠳᠦᠰ ᠪᠠᠶᠢᠭᠤᠯᠤᠭᠰᠠᠨ ᠪᠠᠶᠢᠵᠠᠢ᠂ ᠨᠡᠶᠢᠲᠡ 7 | ᠦᠶ᠎ᠠ ᠪᠠᠷ ᠢᠶᠠᠨ ᠨᠤᠲᠤᠭᠰᠢᠨ ᠰᠠᠭᠤᠭᠰᠠᠨ ᠤᠭ ᠰᠠᠭᠤᠭᠠᠯᠢ᠃ ᠳᠡᠭᠦᠨ ᠤ ᠠᠪᠤ ᠨᠢ ᠸᠠᠩᠵᠢᠯ᠂ ᠡᠵᠢ ᠨᠢ | ᠰᠧᠵᠢᠶᠧᠮᠠ ᠭᠡᠳᠡᠭ᠃ ᠡᠪᠦᠭᠡ ᠨᠢ ᠵᠠᠮᠰᠦ ᠮᠠᠶᠢᠷᠡᠨ᠃ ᠡᠯᠤᠨᠴᠠ ᠡᠪᠦᠭᠡ ᠨᠢ ᠨᠤᠮᠲᠦ ᠮᠠᠶᠢᠷᠡᠨ ᠭᠡᠭᠴᠢ ᠳᠠᠷᠬᠠᠨ | ᠸᠠᠩ ᠤᠨ ᠬᠤᠰᠢᠭᠤᠨ ᠴᠡᠷᠢᠭ ᠤᠨ ᠮᠠᠶᠢᠷᠡᠨ ᠶᠠᠪᠤᠵᠠᠢ᠃ ᠵᠠᠮᠰᠦ ᠮᠠᠶᠢᠷᠠᠨ ᠤ ᠳᠠᠷᠠᠭ᠎ᠠ᠂ ᠴᠤᠬᠤᠮ ᠬᠡᠳᠦᠨ ᠬᠦᠮᠤᠨ | ᠮᠠᠶᠢᠷᠡᠨ ᠰᠠᠭᠤᠵᠦ᠂ ᠰᠡᠭᠦᠯᠡᠷ ᠨᠢ ᠭᠠᠳᠠ ᠮᠠᠶᠢᠷᠡᠨ ᠴᠡᠷᠢᠭ ᠤᠨ ᠮᠠᠶᠢᠷᠡᠨ ᠪᠤᠯᠤᠭᠰᠠᠨ ᠲᠤᠬᠠᠢ ᠳᠤᠳᠤᠷᠬᠠᠢ ᠦᠭᠡᠢ᠃ | ᠭᠠᠳᠠ ᠮᠠᠶᠢᠷᠡᠨ ᠬᠢᠭᠡᠳ ᠢᠳᠡᠮᠵᠠᠪ ᠨᠠᠰᠤᠲᠠᠨ ᠤ ᠡᠯᠤᠨᠴᠠ ᠡᠪᠦᠭᠡ ᠨᠢ ᠮᠠᠰᠢ ᠨᠠᠶᠢᠷ ᠵᠢᠷᠤᠮ ᠲᠠᠢ ᠶᠠᠪᠤᠯᠴᠠᠵᠦ | ᠪᠠᠶᠢᠯ᠎ᠠ᠃ ᠭᠠᠳᠠ ᠮᠠᠶᠢᠷᠡᠨ ᠳᠠᠷᠬᠠᠨ ᠸᠠᠩ ᠳᠤ ᠡᠷᠭᠦᠳᠡᠯ ᠤᠨ ᠪᠢᠴᠢᠭ ᠡᠷᠬᠦᠬᠦ ᠪᠠᠷ ᠮᠦᠭᠳᠡᠨ ᠳᠤ ᠤᠴᠢᠬᠰᠠᠨ | ᠬᠦᠮᠤᠨ ᠤ ᠳᠤᠳᠤᠷ᠎ᠠ ᠨᠤᠮᠲᠦ ᠮᠠᠶᠢᠷᠡᠨ ᠪᠠᠶᠢᠯᠴᠠᠵᠠᠢ᠃ ᠨᠡᠩ ᠢᠯᠠᠩᠭᠤᠶ᠎ᠠ᠂ ᠤᠷᠪᠠᠯᠭ᠎ᠠ ᠭᠠᠷᠭᠠᠭᠰᠠᠨ | ᠬᠤᠭᠤᠴᠠᠭᠠᠨ ᠳᠤ ᠭᠠᠳᠠ ᠮᠠᠶᠢᠷᠡᠨ ᠢᠳᠠᠮᠵᠠᠪ ᠤᠨ ᠭᠡᠷ ᠲᠤ ᠬᠡᠳᠦᠨ ᠬᠤᠨᠤᠭ ᠢᠶᠠᠷ ᠪᠡᠶ᠎ᠠ ᠠᠮᠠᠷᠠᠭᠤᠯᠬᠤ ᠪᠠᠷ | ᠪᠠᠭᠤᠵᠦ ᠰᠠᠭᠤᠵᠦ ᠶᠠᠪᠤᠳᠠᠭ ᠪᠠᠶᠢᠵᠠᠢ᠃ ᠳᠡᠷᠡ ᠦᠶ᠎ᠠ ᠳᠤ᠂ ᠢᠳᠡᠮᠵᠠᠪ ᠦᠯᠦᠭᠡᠢ ᠲᠠᠢ ᠬᠡᠤᠬᠡᠳ ᠪᠠᠶᠢᠵᠠᠢ᠃ ᠡᠨᠡ | ᠳᠤᠬᠠᠢ ᠪᠦᠷ ᠭᠡᠷ ᠤᠨ ᠢᠶᠠᠨ ᠦᠲᠡᠯᠦᠭᠡ ᠪᠤᠭᠤᠷᠤᠯᠴᠤᠤᠯ ᠤᠨ ᠶᠠᠷᠢᠶ᠎ᠠ ᠠᠴᠠ ᠰᠠᠮ ᠰᠤᠨᠤᠰᠴᠦ ᠴᠡᠭᠡᠵᠢᠯᠡᠵᠦ | ᠶᠠᠪᠤᠭᠰᠠᠨ ᠪᠠᠶᠢᠵᠠᠢ᠃ | ᠤᠷᠪᠠᠯᠭᠠᠨ ᠤ ᠬᠤᠭᠤᠴᠠᠭᠠᠨ ᠳᠤ᠂ ᠮᠢᠳᠠᠨ ᠬᠠᠲᠤᠨ ᠰᠠᠷ᠎ᠠ ᠲᠠᠢ ᠪᠤᠯᠵᠦ ᠮᠤᠷᠢᠨ ᠨᠢᠷᠤᠭᠤᠨ ᠳᠡᠭᠡᠷ᠎ᠠ | ᠶᠠᠪᠤᠵᠦ ᠰᠠᠭᠤᠬᠤ ᠳᠤ ᠳᠦᠭᠦᠮ ᠦᠭᠡᠢ ᠪᠤᠯᠵᠦ᠂ ᠨᠤᠮᠳᠤ ᠮᠠᠶᠢᠷᠡᠨ ᠤ ᠬᠢᠨ ᠳᠤ 40 ᠬᠤᠨᠤᠭ ᠰᠠᠭᠤᠭᠰᠠᠨ | ᠤᠳᠠᠭ᠎ᠠ ᠲᠠᠢ᠃ ᠡᠨᠡ ᠨᠢ ᠦᠯᠢᠭᠡᠷ ᠲᠠᠢ ᠶᠤᠮ᠃ ᠨᠢᠭᠡ ᠤᠳᠠᠭ᠎ᠠ ᠨᠤᠮᠳᠤ ᠮᠠᠶᠢᠷᠡᠨ ᠪᠤᠤᠺᠠᠨᠭ᠌ ᠤᠷᠤᠵᠦ᠂ | ᠮᠠᠶᠢᠮᠠᠢ ᠶᠢᠨ ᠵᠠᠬ᠎ᠠ ᠪᠠᠷ ᠬᠠᠳᠤᠭᠤᠷ ᠰᠦᠬᠡ ᠰᠠᠨᠳᠤᠤ ᠠᠪᠬᠤ ᠪᠠᠷ ᠶᠠᠪᠤᠵᠦ ᠪᠠᠶᠢᠭᠠᠳ ᠮᠢᠳᠠᠨ ᠬᠠᠲᠤᠨ ᠲᠠᠢ | ᠠᠭᠤᠯᠵᠠᠴᠢᠬᠠᠭᠰᠠᠨ ᠪᠠᠶᠢᠵᠠᠢ᠃ ᠳᠡᠷᠡ ᠨᠢ᠂ ᠮᠢᠳᠠᠨ ᠬᠠᠲᠤᠨ ᠯᠦᠱᠠᠨ ᠭᠡᠬᠦ ᠬᠢᠲᠡᠳ ᠬᠦᠮᠤᠨ ᠤ ᠭᠡᠷ ᠲᠤ ᠪᠡᠶ᠎ᠠ | ᠳᠠᠯᠳᠠᠯᠠᠨ ᠰᠠᠭᠤᠵᠦ ᠪᠠᠶᠢᠵᠠᠢ᠃ ᠯᠦᠱᠠᠨ ᠭᠡᠭᠴᠢ ᠬᠦᠮᠤᠨ ᠪᠤᠯ ᠪᠤᠤᠺᠠᠨᠭ᠌ ᠳᠤ ᠨᠡᠯᠢᠶᠡᠳ ᠪᠠᠶᠢᠷᠢ ᠰᠠᠭᠤᠷᠢ ᠲᠠᠢ | ᠬᠦᠮᠤᠨ ᠰᠢᠤ᠃ ᠮᠠᠨ ᠤ ᠭᠠᠳᠠ ᠮᠠᠶᠢᠷᠡᠨ ᠪᠤᠯ ᠮᠠᠰᠢ ᠴᠢᠳᠠᠯ ᠲᠠᠢ᠂ ᠬᠦᠮᠤᠨ ᠵᠤᠨ ᠲᠠᠢ ᠶᠠᠪᠤᠯᠴᠠᠬᠤ ᠳᠠᠭᠠᠨ | ᠭᠠᠷᠮᠠᠭᠠᠢ᠃ ᠪᠠᠰᠠ ᠤᠴᠢᠷ ᠶᠠᠪᠤᠳᠠᠯ ᠢ ᠰᠢᠢᠳᠪᠤᠷᠢᠯᠡᠬᠦ ᠳᠡᠭᠡᠨ ᠮᠠᠰᠢ ᠪᠤᠯᠭᠤᠮᠵᠢᠲᠠᠢ ᠶᠤᠮ᠃ ᠭᠠᠳᠠ ᠮᠠᠶᠢᠷᠠᠨ | ᠳᠡᠳᠡᠨᠠᠶᠢᠬᠢᠨ ᠳᠤ ᠬᠤᠨᠤᠭᠯᠠᠬᠤ ᠳᠤ ᠰᠢᠳᠡᠷ ᠳᠠᠭᠠᠭᠠᠭᠰᠡᠳ ᠨᠢ ᠬᠤᠶᠠᠷ ᠬᠤᠶᠠᠷ ᠢᠶᠠᠷ ᠮᠠᠨᠠᠭ᠎ᠠ ᠵᠤᠭᠰᠤᠳᠠᠭ ᠰᠢᠤ᠃ | ᠳᠡᠷᠡ ᠤᠷᠤᠢ᠂ ᠨᠤᠮᠳᠤ ᠮᠠᠶᠢᠷᠡᠨ ᠬᠤᠶᠠᠷ ᠮᠤᠷᠢᠲᠡᠨ ᠢ ᠳᠤᠮᠢᠯᠠᠵᠦ᠂ ᠮᠢᠳᠠᠨ ᠬᠠᠲᠤᠨ ᠢ ᠭᠡᠷ ᠲᠡᠭᠡᠨ | ᠳᠤᠰᠴᠦ ᠠᠪᠴᠢᠷᠠᠭᠰᠠᠨ ᠪᠠᠶᠢᠵᠠᠢ᠃ ᠮᠢᠳᠠᠨ ᠬᠠᠲᠤᠨ ᠮᠤᠩᠭᠤᠯ ᠪᠢᠴᠢᠭ ᠲᠡᠭᠡᠨ ᠰᠠᠶᠢᠨ ᠮᠦᠷᠲᠡᠭᠡᠨ ᠤᠬᠠᠭᠠᠨ | ᠰᠡᠷᠭᠦᠯᠡᠩ ᠬᠤᠷᠴᠠ ᠬᠦᠮᠤᠨ᠃ ᠳᠡᠷᠡ ᠪᠠᠷ ᠡᠳᠦᠷᠵᠢᠨ ᠪᠦᠭᠦᠳᠠ ᠳᠤ ᠦᠯᠢᠭᠡᠷ ᠤᠨ ᠳᠡᠪᠳᠡᠷ ᠤᠡᠭᠰᠢᠨ ᠦᠭᠴᠦ᠂ | ᠬᠦᠮᠤᠨ ᠬᠦᠮᠤᠨ ᠤ ᠬᠤᠭᠤᠷᠤᠨᠳᠤᠬᠢ ᠬᠠᠷᠢᠴᠠᠭ᠎ᠠ ᠶᠢ ᠰᠠᠶᠢᠬᠠᠨ ᠴᠦ ᠰᠢᠢᠳᠪᠤᠷᠢᠯᠡᠬᠦ ᠶᠢ ᠬᠢᠴᠢᠶᠠᠵᠦ ᠶᠠᠪᠤᠵᠠᠢ᠃ | ᠭᠡᠪᠡᠴᠦ᠂ ᠮᠠᠭᠤ ᠰᠠᠨᠠᠭ᠎ᠠ ᠲᠠᠢ ᠬᠦᠮᠤᠨ ᠲᠤᠲᠠᠵᠦ ᠪᠤᠯᠤᠨ᠎ᠠ ᠤᠤ ᠳ᠋ᠠ᠃ ᠮᠢᠳᠠᠨ ᠬᠠᠲᠤᠨ ᠢ ᠬᠤᠷᠤᠰᠤᠭᠰᠠᠨ | ᠨᠢᠭᠡᠨ ᠨᠢ ᠳᠡᠭᠦᠨ ᠢ ᠵᠸᠡᠭ ᠵᠢᠶᠠ ᠲᠦᠨ ᠳᠤ ᠰᠠᠭᠤᠭ᠎ᠠ ᠡᠰᠡᠷᠬᠦ ᠡᠲᠡᠭᠡᠳ ᠤᠨ ᠴᠡᠷᠢᠭ ᠲᠤ ᠵᠠᠭᠠᠯᠳᠤᠴᠢᠬᠠᠭᠰᠠᠨ | ᠪᠠᠶᠢᠵᠠᠢ᠃ ᠵᠤᠯ ᠢᠶᠠᠷ᠂ ᠡᠨᠡᠬᠦ ᠮᠠᠭᠤ ᠴᠢᠮᠡᠭᠡ ᠶᠢ ᠪᠠᠰᠠ ᠨᠢᠭᠡᠨ ᠰᠡᠶᠢᠨ ᠰᠡᠳᠬᠢᠯᠲᠠᠨ ᠨᠤᠮᠳᠤ ᠮᠠᠶᠢᠷᠡᠨ ᠳᠤ ᠰᠠᠮ | ᠰᠡᠮᠡᠷᠬᠡᠨ ᠴᠢᠮᠡᠭᠡ ᠳᠠᠮᠵᠢᠭᠤᠯᠤᠭᠰᠠᠨ ᠠᠵᠢ᠃ ᠡᠨᠡ ᠪᠠᠶᠢᠳᠠᠯ ᠳᠤᠤᠷ᠎ᠠ᠂ ᠮᠢᠳᠠᠨ ᠬᠠᠲᠤᠨ ᠢ ᠵᠠᠪᠠᠯ ᠦᠭᠡᠷ᠎ᠠ ᠭᠠᠵᠠᠷ | ᠰᠢᠯᠵᠢᠭᠦᠯᠬᠦ ᠦᠭᠡᠢ ᠪᠤᠯᠬᠤ ᠦᠭᠡᠢ ᠪᠤᠯᠴᠢᠬᠠᠵᠠᠢ᠃ | ᠨᠤᠮᠳᠤ ᠮᠠᠶᠢᠷᠡᠨ ᠤ ᠭᠡᠷ ᠠᠴᠠ 30 ᠭᠠᠵᠠᠷ ᠤᠨ ᠵᠠᠶᠢᠲᠠᠢ ᠸᠧᠨ ᠵᠢᠶᠠ ᠳᠤᠪᠤ ᠶᠢᠨ ᠬᠢᠨ ᠳᠤ᠂ ᠸᠧᠨ ᠶᠢᠩ | ᠬᠠᠢ ᠭᠡᠳᠡᠭ ᠬᠦᠮᠤᠨ ᠲᠠᠢ ᠭᠠᠳᠠ ᠮᠠᠶᠢᠷᠡᠨ ᠶᠡᠭᠡ ᠨᠠᠶᠢᠷ ᠲᠠᠢ ᠶᠠᠪᠤᠯᠴᠠᠳᠠᠭ᠃ ᠨᠤᠮᠳᠤ ᠮᠠᠶᠢᠷᠡᠨ ᠴᠢᠮᠡᠭᠡ | ᠳᠤᠰᠤᠭᠰᠠᠨ ᠰᠦᠨᠢ ᠨᠢ ᠮᠢᠳᠠᠨ ᠬᠠᠲᠤᠨ ᠢ ᠬᠤᠶᠠᠷ ᠮᠤᠷᠢᠲᠡᠨ ᠢᠶᠠᠷ ᠸᠧᠨ ᠶᠢᠩ ᠬᠠᠢ ᠶᠢᠨ ᠳᠤ ᠬᠦᠷᠭᠡᠵᠦ᠂ ᠨᠢᠭᠡ | ᠤᠳᠠᠭᠠᠨ ᠤ ᠠᠶᠤᠯ ᠠᠴᠠ ᠵᠠᠶᠢᠯᠠᠵᠦ ᠴᠢᠳᠠᠭᠰᠠᠨ ᠪᠠᠶᠢᠵᠠᠢ᠃ ᠬᠤᠶᠠᠷ ᠡᠳᠦᠷ ᠤᠨ ᠳᠠᠷᠠᠭ᠎ᠠ᠂ ᠵᠠᠯᠢᠬᠠᠢ ᠶᠢᠨ ᠴᠡᠷᠢᠭ | ᠨᠤᠮᠳᠤ ᠮᠠᠶᠢᠷᠡᠨ ᠤ ᠬᠢᠨ ᠳᠤ ᠨᠡᠩᠵᠢᠯᠲᠡ ᠬᠢᠵᠦ᠂ ᠪᠠᠶᠢᠭᠰᠠᠨ ᠪᠦᠬᠦᠨ ᠢ ᠳᠡᠭᠡᠷᠡᠮᠳᠡᠵᠦ ᠠᠪᠠᠴᠢᠬᠠᠭᠰᠠᠨ ᠪᠠᠶᠢᠵᠠᠢ᠃ | ᠨᠤᠮᠳᠤ ᠮᠠᠶᠢᠷᠡᠨ ᠵᠠᠩ ᠳ᠋ᠠ ᠮᠠᠽᠢ ᠲᠠᠢ ᠰᠠᠶᠢᠨ ᠪᠤᠯᠬᠤᠷ ᠢᠶᠠᠨ ᠳᠡᠭᠦᠨ ᠤ ᠠᠴᠢ ᠪᠠᠷ ᠪᠠᠭ᠎ᠠ ᠪᠤᠰᠦ ᠪᠤᠯᠢᠶᠠᠭᠳᠠᠭᠰᠠᠨ | ᠵᠦᠢᠯ ᠢᠶᠠᠨ ᠡᠷᠬᠢᠭᠦᠯᠵᠦ ᠠᠪᠴᠢᠷᠠᠭᠰᠠᠨ ᠪᠠᠶᠢᠵᠠᠢ᠃ ᠨᠤᠮᠳᠤ ᠮᠠᠶᠢᠷᠡᠨ ᠭᠡᠭᠴᠢ ᠳᠤᠬᠠᠢ ᠶᠢᠨ ᠦᠶ᠎ᠠ ᠳᠡᠭᠡᠨ ᠪᠠᠶᠠᠨ | ᠠᠮᠢᠳᠤᠷᠡᠵᠦ ᠪᠠᠶᠢᠭᠰᠠᠨ ᠠᠶᠢᠯ᠃ ᠡᠷᠦᠬᠡ ᠭᠡᠷ ᠢᠨᠦ ᠳᠡᠭᠡᠳᠦ ᠭᠤᠷᠪᠠᠨ ᠳᠠᠰᠤᠯᠭ᠎ᠠ᠂ ᠵᠡᠭᠦᠨ ᠪᠠᠷᠠᠭᠤᠨ ᠵᠢᠭᠦᠷ ᠤᠨ | ᠲᠤᠰ ᠲᠤᠰ ᠭᠤᠷᠪᠠᠨ ᠳᠠᠰᠤᠯᠭ᠎ᠠ᠂ ᠮᠤᠷᠢᠨ ᠫᠧᠡᠭ᠂ ᠡᠪᠡᠰᠦᠨ ᠭᠡᠷ᠂ ᠮᠠᠯ ᠤᠨ ᠬᠠᠰᠢᠶ᠎ᠠ᠂ ᠪᠤᠳᠠᠭ᠎ᠠ ᠬᠠᠳᠠᠭᠠᠯᠠᠬᠤ | ᠬᠤᠷᠢᠶ᠎ᠠ ᠭᠡᠬᠦᠴᠢᠯᠡᠨ ᠶᠤᠰᠤᠲᠠᠢ ᠪᠠᠶᠠᠨ ᠠᠶᠢᠯ᠃ ᠵᠦᠪᠬᠡᠨ ᠠᠮᠦ ᠪᠤᠳᠠᠭ᠎ᠠ ᠶᠢ ᠵᠢᠯ ᠳᠡᠭᠡᠨ 1000 ᠳ᠋ᠠᠨ ᠠᠪᠳᠠᠭ | ᠰᠢᠤ᠃ | ᠭᠠᠳᠠ ᠮᠠᠶᠢᠷᠡᠨ ᠤᠷᠪᠠᠯᠭᠠᠨ ᠭᠠᠷᠭᠠᠭᠰᠠᠨ ᠬᠡᠳᠦᠨ ᠵᠢᠯ ᠤᠨ ᠬᠤᠭᠤᠴᠠᠭᠠᠨ ᠳᠤ ᠶᠡᠭᠡ ᠦᠢᠯᠡ ᠠᠮᠰᠠᠵᠦ | ᠶᠠᠪᠤᠭᠰᠠᠨ ᠭᠡᠨ᠎ᠠ᠃ ᠵᠠᠷᠢᠮ ᠳᠠᠭᠠᠨ ᠵᠤᠷᠢᠭ ᠮᠤᠬᠤᠷᠢᠵᠦ ᠦᠵᠡᠭᠰᠡᠨ ᠤᠳᠠᠭ᠎ᠠ ᠲᠠᠢ᠃ ᠳᠡᠭᠡᠭᠡᠳ ᠨᠤᠮᠳᠤ ᠮᠠᠶᠢᠷᠡᠨ ᠤ | ᠬᠠᠷᠢᠴᠠᠭ᠎ᠠ᠂ ᠵᠠᠩ ᠳ᠋ᠠ ᠮᠠᠽᠢ ᠪᠠᠷ ᠳᠠᠮᠵᠢᠨ ᠪᠠᠭᠤᠵᠦ ᠦᠭᠬᠦ ᠵᠦᠪᠳᠡᠯᠴᠡᠭᠡ ᠬᠢᠬᠦ ᠭᠡᠰᠡᠨ ᠳᠤ ᠬᠦᠮᠤᠨ ᠤ ᠳᠤᠭ᠎ᠠ | ᠬᠡᠳᠦᠷᠬᠡᠢ ᠤᠯᠠᠨ ᠪᠤᠯᠤᠭᠰᠠᠨ ᠳᠤᠯᠠ ᠪᠡᠶᠡᠯᠡᠭᠳᠡᠵᠦ ᠳᠠᠶᠢᠯᠦᠭᠡ ᠦᠭᠡᠢ᠃ ᠵᠦᠪᠬᠡᠨ ᠵᠤᠷᠢᠭ ᠬᠠᠲᠠᠭᠤᠵᠢᠨ | ᠡᠴᠤᠰ ᠲᠤᠨᠢ ᠳᠤᠯᠲᠠᠯᠠ ᠳᠡᠮᠡᠴᠡᠬᠦ ᠯᠡ ᠬᠡᠷᠡᠭᠳᠡᠢ ᠪᠤᠯᠵᠠᠢ᠃ | ᠢᠳᠠᠮᠵᠠᠪ ᠨᠠᠰᠤᠲᠠᠨ ᠠᠴᠠ ᠭᠠᠳᠠ ᠮᠠᠶᠢᠷᠡᠨ ᠤ ᠪᠡᠶ᠎ᠠ ᠦᠷᠡᠭᠳᠡᠭᠰᠡᠨ ᠲᠤᠬᠠᠢ ᠬᠠᠭᠤᠴᠢᠯᠠᠬᠤ ᠳᠠᠭᠠᠨ᠄ | ᠳᠠᠶᠢᠰᠤᠨ ᠤ ᠰᠤᠮᠤᠨ ᠳᠤ ᠤᠨᠤᠭᠳᠠᠭᠰᠠᠨ ᠪᠢᠰᠢ᠂ ᠬᠠᠷᠢᠨ ᠳᠠᠶᠢᠴᠢᠨ ᠨᠦᠭᠦᠳ ᠨᠢ ᠰᠤᠮᠦ ᠦᠭᠡᠢ ᠪᠤᠯᠵᠦ᠂ | ᠳᠠᠶᠢᠰᠤᠨ ᠤ ᠰᠤᠮᠤᠨ ᠳᠤ ᠤᠯᠠᠭᠠᠨ ᠴᠢᠰᠦ ᠪᠠᠨ ᠤᠷᠤᠰᠬᠠᠬᠤᠢ ᠳᠤᠷ᠂ ︽ᠭᠠᠭᠴᠠ ᠯᠡ ᠮᠢᠨᠦ ᠲᠦᠯᠦᠭᠡ ᠠᠨᠳᠠ | ᠨᠠᠶᠢᠵᠠᠰ ᠴᠢᠰᠦ ᠪᠠᠨ ᠤᠷᠤᠰᠬᠠᠬᠤ ᠶᠤᠰᠤᠨ ᠦᠭᠡᠢ︾ ᠬᠡᠮᠡᠨ ᠬᠠᠨᠴᠤᠢ ᠪᠠᠷ ᠪᠠᠨ ᠳᠤᠯᠤᠭᠠᠢ ᠪᠠᠨ ᠤᠷᠢᠶᠠᠵᠦ | ᠭᠤᠤᠯ ᠳᠤ ᠬᠠᠷᠠᠶᠢᠨ ᠤᠷᠤᠵᠠᠢ ᠭᠡᠨ᠎ᠠ᠃ ᠡᠨᠡ ᠪᠤᠯ ᠭᠠᠳᠠ ᠮᠠᠶᠢᠷᠡᠨ ᠤ ᠨᠠᠰᠦ ᠪᠠᠷᠠᠭᠰᠠᠨ ᠲᠤᠬᠠᠢ ᠪᠠᠰᠠ ᠨᠢᠭᠡᠨ | ᠰᠢᠨ᠎ᠠ ᠬᠤᠪᠢᠯᠪᠤᠷᠢ ᠪᠤᠯᠠᠢ᠃ |