ᠬᠤᠷᠢᠨ ᠣᠨ ᠤ ᠴᠠᠭᠠᠨ᠎ᠠ ᠪᠠᠶᠢᠵᠤ ᠪᠢᠯᠡ᠃ ︽ᠥᠯᠦᠭᠡᠢ ᠨᠤᠲᠤᠭ ᠤᠨ ᠦᠵᠡᠮᠵᠢ ᠶᠢᠨ ᠣᠬᠢ︾ ᠬᠡᠮᠡᠨ | ᠲᠠᠷᠭᠤᠨ ᠨᠠᠭᠤᠷ ᠤᠨ ᠳᠣᠬᠠᠢ ᠡᠩ ᠶᠡᠷᠦᠮᠳᠡᠭ ᠨᠠᠶᠢᠷᠠᠭᠤᠯᠤᠯ ᠪᠢᠴᠢᠵᠦ ᠣᠷᠣᠨ ᠨᠤᠲᠤᠭ ᠤᠨ ᠮᠤᠩᠭᠤᠯ ᠰᠣᠨᠢᠨ | ᠰᠡᠦᠨᠬᠦᠯ ᠳᠡᠭᠡᠨ ᠨᠡᠶᠢᠲᠡᠯᠡᠭᠦᠯᠵᠦ᠂ ᠲᠠᠷᠭᠤᠨ ᠨᠠᠭᠤᠷ ᠢᠶᠠᠨ ᠬᠤᠷᠸ᠎ᠠ ᠳᠡᠯᠡᠬᠡᠢ ᠶᠢᠨ ᠬᠤᠲᠠᠯᠠ ᠣᠯᠠᠨ ᠳᠤ ᠮᠡᠳᠡᠭᠦᠯᠦᠨ | ᠭᠠᠶᠢᠬᠠᠭᠤᠯᠵᠤ ᠬᠤᠪᠢ ᠪᠡᠶ᠎ᠡ ᠪᠠᠷ ᠢᠶᠠᠨ ᠬᠥᠭᠰᠡᠨ ᠪᠠᠶᠠᠰᠴᠤ ᠪᠠᠶᠢᠬᠰᠠᠨ᠃ ᠣᠳᠣᠬᠠᠨ ᠳᠤ ᠲᠠᠷᠭᠤᠨ ᠨᠠᠭᠤᠷ ᠮᠠᠨᠢ | ᠤᠰᠤ ᠪᠠᠨ ᠠᠯᠳᠠᠵᠤ ᠦᠵᠡᠮᠵᠢ ᠪᠠᠨ ᠪᠠᠷᠠᠵᠤ ᠤᠤᠭᠠᠯ ᠨᠡᠷ᠎ᠡ ᠨᠢ ᠴᠤ ᠲᠡᠶᠢᠮᠦ ᠣᠯᠠᠨ ᠶᠠᠷᠢᠬᠳᠠᠬᠤ ᠪᠠᠨ ᠪᠠᠶᠢᠵᠤ | ᠳᠠᠮᠠᠢ ᠠᠷᠪᠢᠨ ᠰᠣᠨᠤᠰᠳᠠᠬᠤ ᠪᠠᠨ ᠪᠣᠯᠢᠵᠠᠢ᠃ ᠨᠡᠬᠡᠷᠡᠨ ᠬᠠᠷᠠᠮᠰᠠᠯ ᠪᠣᠯᠵᠤ ᠰᠠᠨᠠᠬᠳᠠᠨ᠎ᠠ ᠪᠢᠯᠡ᠃ ᠡᠶᠢᠨᠬᠦ ᠲᠠᠷᠭᠤᠨ | ᠨᠠᠭᠤᠷ ᠮᠠᠨᠢ ᠬᠡᠳᠦ᠋ᠢᠪᠡᠷ ᠬᠠᠲᠠᠨ ᠰᠢᠷᠭᠢᠵᠦ ᠪᠠᠷ᠎ᠠ ᠲᠠᠰᠤ ᠪᠣᠯᠤᠬᠰᠠᠨ ᠪᠣᠯᠪᠠᠴᠤ ᠠᠯᠳᠠᠷ ᠨᠡᠷ᠎ᠡ ᠶᠢ ᠨᠢ ᠠᠰᠢᠳᠠ | ᠮᠥᠩᠬᠡᠷᠡᠭᠦᠯᠦᠶᠡ ᠬᠡᠮᠡᠨ ᠪᠣᠳᠤᠵᠤ ᠬᠤᠪᠢ ᠪᠡᠶ᠎ᠡ ᠨᠢᠭᠡᠨ ᠨᠣᠮ ᠢᠶᠠᠨ ︽ᠲᠠᠷᠭᠤᠨ ᠨᠠᠭᠤᠷ︾ ᠬᠡᠮᠡᠨ ᠨᠡᠷᠡᠯᠡᠭᠰᠡᠨ | ᠪᠠᠶᠢᠵᠤ ᠡᠳᠦᠭᠡ ᠡᠨᠡᠬᠦ ︽ᠲᠠᠷᠭᠤᠨ ᠨᠠᠭᠤᠷ ᠤᠨ ᠳᠤᠷᠠᠰᠤᠮᠵᠢ︾ ᠪᠠᠨ ᠳᠥᠭᠦᠮᠬᠡᠨ ᠲᠣᠭᠤᠷᠪᠢᠨ ᠪᠢᠴᠢᠭᠰᠡᠨ ᠮᠢᠨᠢ | ᠡᠨᠡ ᠪᠠᠶᠢᠨᠠᠮ᠃ | ᠲᠠᠷᠭᠤᠨ ᠨᠠᠭᠤᠷ ᠮᠠᠨ ᠤ ᠨᠠᠢᠮᠠᠨ ᠬᠤᠰᠢᠭᠤᠨ ᠤ ᠪᠠᠭᠠᠪᠡᠷᠬᠡ ᠶᠢᠨ ᠡᠮᠦᠨ᠎ᠡ ᠡᠩᠭᠡᠷ ᠲᠤ ᠣᠷᠤᠰᠢᠨ᠂ ᠨᠠᠢᠮᠠᠨ | ᠬᠤᠰᠢᠭᠤᠨ ᠤ ᠲᠥᠪ ᠪᠠᠯᠭᠠᠰᠤ ᠲᠠᠴᠢᠨᠳᠠᠯ᠎ᠠ ᠠᠴᠠ ᠪᠠᠷᠠᠭᠤᠨ ᠬᠤᠶᠢᠳᠤ ᠴᠢᠭᠯᠡᠯ ᠳᠠᠬᠢ 10 ᠭᠠᠵᠠᠷ ᠤᠨ ᠵᠠᠢ ᠲᠠᠢ | ᠪᠠᠶᠢᠷᠢᠰᠢᠵᠤ ᠪᠠᠶᠢᠬᠰᠠᠨ᠃ ᠪᠠᠭᠠᠪᠡᠷᠬᠡ ᠶᠢᠨ ᠰᠠᠭᠤᠭ᠎ᠠ ᠰᠤᠮᠤ ᠶᠢᠨ ᠲᠥᠪ ᠠᠴᠠ ᠲᠠᠴᠢᠨᠳᠠᠯ᠎ᠠ ᠬᠦᠷᠬᠦ ᠵᠠᠰᠠᠮᠠᠯ ᠵᠠᠮ | ᠶᠠᠭ ᠰᠠᠶ᠋ᠢᠬᠠᠨ ᠲᠠᠷᠭᠤᠨ ᠨᠠᠭᠤᠷ ᠤᠨ ᠵᠡᠭᠦᠨ ᠵᠠᠬ᠎ᠠ ᠪᠠᠷ ᠭᠠᠷᠳᠠᠭ ᠪᠠᠶᠢᠵᠠᠢ᠃ ᠲᠣᠬᠠᠢ ᠶᠢᠨ ᠦᠶ᠎ᠡ ᠳᠤ ᠲᠠᠴᠢᠨᠳᠠᠯ᠎ᠠ | ᠬᠦᠷᠬᠦᠶ᠎ᠡ ᠲᠠᠷᠭᠤᠨ ᠨᠠᠭᠤᠷ ᠨᠢ ᠵᠠᠮ ᠤᠨ ᠳᠣᠮᠳᠠᠬᠢ ᠨᠢᠭᠡᠨ ᠣᠨᠴᠠ ᠰᠠᠶᠢᠨ ᠰᠡᠦᠨᠬᠢᠯ ᠢ ᠰᠡᠷᠭᠦᠭᠡᠨ ᠰᠠᠨᠠᠭ᠎ᠠ ᠶᠢ | ᠠᠷᠢᠭᠤᠣᠨᠬᠠᠬᠤ ᠦᠵᠡᠮᠵᠢ ᠶᠢᠨ ᠰᠠᠶᠢᠬᠠᠨ ᠲᠠᠷᠬᠠᠨ ᠣᠷᠣᠨ ᠪᠠᠶᠢᠵᠤ᠂ ᠪᠣᠳᠤᠯ ᠤᠨ ᠪᠣᠷᠳᠠᠭ ᠪᠡᠶ᠎ᠡ ᠶᠢᠨ ᠭᠬᠢᠷ ᠢ | ᠪᠦᠬᠦᠨ ᠢ ᠠᠷᠢᠯᠭᠠᠨ ᠤᠶᠢᠯᠡᠴᠢᠯᠡᠳᠡᠭ ᠪᠠᠶᠢᠬᠰᠠᠨ᠃ | ᠵᠠᠷᠢᠮ ᠪᠢᠴᠢᠭ ᠲᠤ ᠲᠠᠷᠭᠤᠨ ᠨᠠᠭᠤᠷ ᠢ ᠯᠢᠶᠣᠤ ᠤᠯᠤᠰ ᠤᠨ ᠦᠶ᠎ᠡ ᠳᠤ ᠪᠤᠢ ᠪᠣᠯᠵᠠᠢ ᠬᠡᠮᠡᠨ ᠲᠡᠮᠳᠡᠭᠯᠠᠵᠦ | ᠵᠠᠷᠢᠮ ᠮᠡᠳᠡᠭᠡᠯᠡᠯ ᠳᠤ ᠶᠤᠸᠠᠨ ᠤᠯᠤᠰ ᠤᠨ ᠦᠶᠡᠰ ᠲᠤ ᠪᠤᠢ ᠪᠣᠯᠵᠠᠢ ᠭᠡᠵᠦ ᠪᠠᠶᠢᠨ᠎ᠠ᠃ ᠶᠠᠭᠤ ᠪᠣᠯᠤᠬᠰᠠᠨ ᠴᠤ | ᠬᠡᠳᠦᠨ ᠵᠠᠭᠤ ᠮᠢᠩᠭᠠᠭᠠᠳ ᠣᠨ ᠤ ᠲᠡᠦᠬᠡ ᠲᠠᠢ ᠨᠠᠭᠤᠷ ᠪᠣᠯᠤᠨ᠎ᠠ᠃ ᠲᠠᠷᠭᠤᠨ ᠨᠠᠭᠤᠷ ᠲᠤ ᠬᠤᠷᠢ ᠭᠠᠷᠤᠢ | ᠲᠥᠷᠥᠯ ᠤᠨ ᠵᠢᠭᠠᠰᠤ ᠪᠠᠶᠢᠵᠤ᠂ ᠡᠭᠦᠨ ᠳᠤ ᠤᠯᠠᠭᠠᠨ ᠰᠡᠭᠦᠯᠲᠦ ᠮᠥᠷᠭᠦ ᠵᠢᠭᠠᠰᠤ ᠳᠡᠯᠡᠬᠡᠢ ᠲᠠᠶᠠᠭᠠᠷ ᠠᠯᠳᠠᠷᠰᠢᠵᠠᠢ᠃ | ᠲᠠᠷᠭᠤᠨ ᠨᠠᠭᠤᠷ ᠤᠨ ᠤᠯᠠᠭᠠᠨ ᠰᠡᠭᠦᠯᠲᠦ ᠮᠥᠷᠭᠦ ᠵᠢᠭᠠᠰᠤ ᠶᠢᠨ ᠬᠠᠶᠢᠷ ᠨᠢ ᠲᠥᠭᠦᠷᠢᠭ᠂ ᠪᠦᠬᠦ ᠪᠡᠶ᠎ᠡ ᠨᠢ | ᠤᠯᠠᠭᠠᠪᠲᠤᠷ᠂ ᠠᠮᠲᠠ ᠨᠢ ᠰᠢᠨ᠎ᠡ ᠰᠣᠷᠭᠤᠭ ᠪᠠᠶᠢᠳᠠᠭ᠃ 1972 ᠣᠨ ᠳᠤ ᠶᠠᠫᠤᠨ ᠤ ᠲᠡᠷᠢᠭᠦᠨ ᠰᠠᠶᠢᠳ | ᠳᠣᠮᠳᠠᠳᠤ ᠤᠯᠤᠰ ᠲᠤ ᠠᠶᠢᠯᠴᠢᠯᠠᠬᠤ ᠳᠠᠭᠠᠨ᠂ ᠵᠸᠦ ᠡᠸ᠋ᠨ ᠯᠠᠢ ᠶᠡᠷᠦᠩᠬᠡᠢ ᠰᠠᠶᠢᠳ ᠲᠤ᠂ ᠨᠠᠢᠮᠠᠨ ᠬᠤᠰᠢᠭᠤᠨ ᠤ | ᠤᠯᠠᠭᠠᠨ ᠰᠡᠭᠦᠯᠲᠦ ᠮᠥᠷᠭᠦ ᠵᠢᠭᠠᠰᠤ ᠶᠢ ᠢᠳᠡᠵᠦ ᠥᠩᠭᠡᠷᠡᠵᠡᠢ᠂ ᠥᠨᠦᠷ ᠠᠮᠲᠠ ᠶᠢ ᠨᠢ ᠣᠳᠤ ᠪᠣᠯᠲᠠᠯ᠎ᠠ ᠮᠠᠷᠲᠠᠭ᠎ᠠ | ᠦᠭᠡᠢ ᠭᠡᠰᠡᠨ ᠪᠦᠭᠡᠦᠨ ᠵᠸᠦ ᠶᠡᠷᠦᠩᠬᠡᠢ ᠰᠠᠶᠢᠳᠡᠴᠠ ᠲᠣᠰ ᠵᠢᠭᠠᠰᠤ ᠶᠢ ᠠᠮᠲᠠᠯᠠᠭᠤᠯᠬᠤ ᠶᠢ ᠬᠦᠰᠡᠵᠡᠢ ᠭᠡᠨ᠎ᠡ᠃ | ᠡᠭᠦᠪᠡᠷ ᠵᠸᠦ ᠶᠡᠷᠦᠩᠬᠡᠢ ᠰᠠᠶᠢᠳ ᠤᠨ ᠲᠣᠬᠢᠷᠠᠭᠤᠯᠭ᠎ᠠ ᠪᠠᠷ ᠲᠠᠷᠭᠤᠨ ᠨᠠᠭᠤᠷ ᠤᠨ ᠤᠯᠠᠭᠠᠨ ᠰᠡᠭᠦᠯᠲᠦ ᠮᠥᠷᠭᠦ | ᠵᠢᠭᠠᠰᠤ ᠤᠯᠤᠰ ᠤᠨ ᠳᠠᠶᠢᠯᠠᠯᠭᠠᠶᠢᠨ ᠨᠡᠷᠡᠲᠦ ᠢᠳᠡᠭᠡᠨ ᠪᠣᠯᠤᠬᠰᠠᠨ ᠪᠠᠶᠢᠨ᠎ᠠ᠃ 1990 ᠣᠨ ᠳᠤ | ᠰᠣᠯᠤᠩᠭᠤᠰ ᠤᠨ ᠤᠳᠤᠷᠢᠳᠤᠬᠴᠢ ᠶᠢᠨ ᠿᠢ ᠴᠧᠩ ᠳᠣᠮᠳᠠᠳᠤ ᠤᠯᠤᠰ ᠲᠤ ᠠᠶᠢᠯᠴᠢᠯᠠᠭᠠᠳ ᠮᠦᠨ ᠡᠨᠡ ᠬᠦ | ᠤᠯᠠᠭᠠᠨ ᠰᠡᠭᠦᠯᠲᠦ ᠮᠥᠷᠭᠦ ᠵᠢᠭᠠᠰᠤ ᠶᠢ ᠠᠮᠲᠠᠯᠠᠬᠤ ᠬᠦᠰᠡᠯ ᠲᠠᠢ ᠪᠠᠨ ᠶᠠᠷᠢᠵᠠᠢ᠃ ᠡᠭᠦᠨ ᠠᠴᠠ ᠲᠣᠰ | ᠵᠢᠭᠠᠰᠤ ᠨᠢ ᠶᠢᠨ ᠿᠢ ᠴᠧᠩ ᠤᠨ ᠨᠠᠰᠤᠨ ᠪᠠᠶᠠᠷ ᠢ ᠪᠡᠯᠭᠡᠯᠡᠬᠦ ᠢᠳᠡᠭᠡᠨ ᠪᠣᠯᠵᠤ ᠰᠣᠯᠤᠩᠭᠤᠰ ᠲᠤ ᠬᠦᠷᠭᠡᠭᠳᠡᠭᠰᠡᠨ | ᠪᠠᠶᠢᠨ᠎ᠠ᠃ ︽ᠮᠢᠩᠭᠠᠨ ᠣᠨ ᠤ ᠵᠢᠭᠠᠰᠤᠨ ᠦᠷ᠎ᠡ︾ ᠭᠡᠳᠡᠭ᠃ ᠲᠠᠷᠭᠤᠨ ᠨᠠᠭᠤᠷ ᠳᠠᠬᠢᠨ ᠰᠡᠷᠭᠦᠨ ᠪᠤᠢ ᠪᠣᠯᠪᠠᠯ | ᠤᠯᠠᠭᠠᠨ ᠰᠡᠭᠦᠯᠲᠦ ᠮᠥᠷᠭᠦ ᠵᠢᠭᠠᠰᠤ ᠦᠷᠡᠵᠢᠨ ᠲᠥᠯᠵᠢᠬᠦ ᠨᠢ ᠯᠠᠪᠲᠠᠢ ᠪᠠᠶᠢᠭ᠎ᠠ᠃ | ᠨᠠᠢᠮᠠᠨ ᠨᠤᠲᠤᠭ ᠤᠨ ᠨᠡᠷ᠎ᠡ ᠠᠯᠳᠠᠷ ᠡᠬᠢ ᠪᠠᠶᠠᠯᠢᠭ ᠢ ᠨᠠᠷᠠᠳᠣ ᠬᠤᠷᠸ᠎ᠠ ᠳᠤ ᠳᠠᠭᠤᠷᠢᠰᠤᠭᠤᠯᠤᠨ ᠥᠩᠭᠡ | ᠦᠵᠡᠮᠵᠢ ᠪᠠᠨ ᠣᠷᠣᠨ ᠨᠤᠲᠤᠭ ᠲᠠᠭᠠᠨ ᠭᠠᠶᠢᠬᠠᠭᠤᠯᠵᠤ ᠠᠬᠰᠠᠨ ᠲᠠᠷᠭᠤᠨ ᠨᠠᠭᠤᠷ ᠮᠠᠨᠢ ᠣᠯᠠᠨ ᠵᠦᠢᠯ ᠤᠨ ᠤᠴᠢᠷ | ᠰᠢᠯᠲᠠᠭᠠᠨ ᠠᠴᠠ ᠪᠣᠯᠵᠤ ᠨᠢᠭᠡ ᠮᠡᠳᠡᠬᠦ ᠳᠤ ᠨᠡᠶᠢᠲᠡ ᠶᠢᠨ ᠣᠨ ᠲᠣᠭᠠᠯᠠᠯ ᠤᠨ 2001 ᠣᠨ ᠤ 5 ᠰᠠᠷ᠎ᠠ ᠶᠢᠨ | ᠳᠣᠮᠳᠠᠴᠢ ᠪᠠᠷ ᠳᠡᠯᠡᠬᠡᠢ ᠶᠢᠨ ᠪᠥᠮᠪᠦᠷᠴᠡᠭ ᠠᠴᠠ ᠠᠶᠠᠷᠯᠠᠨ ᠣᠣᠨᠴᠠᠢ᠃ ᠡᠶᠢᠨᠬᠦ᠂ ᠨᠠᠢᠮᠠᠨ ᠨᠤᠲᠤᠭ ᠤᠨ ᠬᠦᠮᠦᠰ ᠢ | ᠪᠠᠭᠲᠠᠭᠠᠬᠰᠠᠨ ᠨᠤᠲᠤᠭ ᠤᠰᠤᠨ ᠳᠠᠭᠠᠨ ᠬᠠᠶᠢᠷᠠᠲᠠᠢ ᠲᠡᠷᠡ ᠣᠯᠠᠨ ᠬᠦᠮᠦᠰ ᠤᠨ ᠰᠡᠦᠨᠬᠢᠯ ᠳᠤ ᠬᠠᠷᠠᠮᠰᠠᠯ | ᠬᠠᠷᠠᠩᠭᠤᠰᠤᠯ ᠬᠠᠮᠳᠤ ᠪᠠᠷ ᠪᠠᠭᠤᠬᠰᠠᠨ ᠪᠠᠶᠢᠭ᠎ᠠ᠃ | ᠡᠷᠲᠡᠮᠲᠡᠦᠨ ᠤᠨ ᠦᠵᠡᠬᠦ ᠪᠠᠷ᠂ ᠬᠦᠮᠦᠨ ᠲᠥᠷᠦᠯᠬᠢᠲᠡᠨ ᠤ ᠵᠣᠬᠢᠰ ᠦᠭᠡᠢ ᠠᠵᠤ ᠠᠬᠤᠢ ᠶᠢᠨ ᠠᠵᠢᠯᠯᠠᠭ᠎ᠠ᠂ | ᠣᠨᠴᠠᠭᠠᠶᠢᠯᠠᠨ ᠪᠡᠯᠴᠢᠭᠡᠷ ᠤᠨ ᠳᠠᠭᠠᠭᠠᠴᠠ ᠠᠴᠠ ᠬᠡᠳᠦᠷᠡᠲᠡᠯ᠎ᠡ ᠮᠠᠯᠵᠢᠬᠰᠠᠨ᠂ ᠳᠤᠷ᠎ᠠ ᠪᠠᠷ ᠠᠲᠠᠷ ᠬᠠᠭᠠᠯᠪᠤᠷᠢᠯᠠᠨ | ᠲᠠᠷᠢᠶᠠᠯᠠᠩ ᠤᠨ ᠲᠠᠯᠠᠪᠠᠢ ᠶᠢ ᠥᠷᠭᠡᠵᠢᠭᠦᠯᠦᠭᠰᠡᠨ᠂ ᠲᠠᠷᠭᠤᠨ ᠨᠠᠭᠤᠷ ᠤᠨ ᠤᠰᠤᠨ ᠤ ᠡᠬᠢ ᠪᠠᠶᠠᠯᠢᠭ ᠤᠨ | ᠳᠠᠭᠠᠭᠠᠴᠠ ᠠᠴᠠ ᠬᠡᠳᠦᠷᠡᠲᠡᠯ᠎ᠡ ᠵᠢᠭᠠᠰᠤᠨ ᠤ ᠠᠵᠤ ᠤᠶᠢᠯᠡᠰ ᠢ ᠬᠥᠭᠵᠢᠭᠦᠯᠦᠭᠰᠡᠨ ᠪᠣᠯ ᠲᠠᠷᠭᠤᠨ ᠨᠠᠭᠤᠷ ᠤᠨ | ᠰᠢᠷᠭᠢᠨ ᠬᠠᠲᠠᠬᠰᠠᠨ ᠴᠢᠬᠤᠯᠠ ᠰᠢᠯᠲᠠᠭᠠᠨ ᠪᠣᠯᠬᠤ ᠶᠤᠮ᠃ ᠡᠭᠦᠨ ᠤ ᠬᠠᠮᠳᠤ ᠳᠠᠰᠤᠷᠠᠯᠲᠠ ᠦᠭᠡᠢ ᠬᠡᠴᠡᠭᠦᠳᠡᠭᠰᠡᠨ | ᠠᠭᠤᠷ ᠠᠮᠢᠰᠬᠤᠯ ᠤᠨ ᠨᠥᠭᠦᠴᠡᠯ ᠨᠢ ᠲᠠᠷᠭᠤᠨ ᠨᠠᠭᠤᠷ ᠤᠨ ᠠᠮᠢ ᠠᠬᠤᠢ ᠶᠢᠨ ᠲᠡᠩᠴᠡᠭᠦᠷᠢ ᠶᠢ ᠨᠡᠩ ᠬᠡᠪᠡᠷᠡᠭ | ᠪᠣᠯᠭᠠᠵᠤ ᠲᠠᠷᠭᠤᠨ ᠨᠠᠭᠤᠷ ᠤᠨ ᠰᠢᠷᠭᠢᠬᠦ ᠶᠢ ᠲᠥᠷᠭᠡᠦᠨᠬᠡᠵᠡᠢ ᠭᠡᠵᠦ ᠪᠤᠢ᠃ ᠥᠭᠡᠷ᠎ᠡ ᠪᠠᠷ ᠬᠡᠯᠡᠪᠡᠯ᠂ ᠬᠦᠮᠦᠨ ᠤ | ᠬᠥᠴᠥᠨ ᠪᠣᠯᠣᠨ ᠠᠭᠤᠷ ᠠᠮᠢᠰᠬᠤᠯ ᠤᠨ ᠬᠥᠴᠥᠨ ᠤ ᠬᠠᠮᠳᠤ ᠶᠢᠨ ᠨᠥᠯᠦᠭᠡᠯᠡᠯ ᠨᠢ ᠲᠠᠷᠭᠤᠨ ᠨᠠᠭᠤᠷ ᠤᠨ ᠰᠢᠷᠭᠢᠬᠦ | ᠬᠠᠨᠳᠤᠰᠢ ᠶᠢ ᠪᠤᠢ ᠪᠣᠯᠭᠠᠵᠠᠢ᠃ ᠲᠠᠷᠭᠤᠨ ᠨᠠᠭᠤᠷ ᠤᠨ ᠣᠷᠴᠢᠨ ᠲᠣᠭᠤᠷᠢᠨ ᠤ ᠣᠳᠣᠬᠢ ᠪᠠᠶᠢᠭᠠᠯᠢ ᠠᠮᠢ ᠠᠬᠤᠢ ᠶᠢ | ᠰᠠᠶᠢᠳᠤᠷ ᠬᠠᠮᠠᠭᠠᠯᠠᠬᠤ ᠳᠤ ᠡᠷᠬᠡᠪᠰᠢ ᠬᠦᠮᠦᠨ ᠲᠥᠷᠦᠯᠬᠢᠲᠡᠨ ᠤ ᠵᠣᠬᠢᠰ ᠦᠭᠡᠢ ᠠᠵᠢᠯᠯᠠᠭ᠎ᠠ ᠶᠢ ᠬᠤᠷᠢᠬᠯᠠᠬᠤ ᠪᠠᠷ | ᠭᠤᠤᠯᠳᠠᠯᠭ᠎ᠠ ᠪᠣᠯᠭᠠᠵᠤ᠂ ᠲᠠᠷᠭᠤᠨ ᠨᠠᠭᠤᠷ ᠤᠨ ᠣᠷᠴᠢᠨ ᠤ ᠣᠶᠢᠵᠢᠭᠤᠯᠤᠯᠲᠠ ᠶᠢᠨ ᠪᠦᠳᠦᠭᠡᠨ ᠪᠠᠶᠢᠭᠤᠯᠤᠯᠲᠠ ᠶᠢ | ᠰᠠᠶᠢᠳᠤᠷ ᠬᠢᠪᠡᠯ ᠰᠠᠶ᠋ᠢ ᠲᠠᠷᠭᠤᠨ ᠨᠠᠭᠤᠷ ᠤᠨ ᠪᠠᠶᠢᠭᠠᠯᠢ ᠠᠮᠢ ᠠᠬᠤᠢ ᠶᠢᠨ ᠥᠷᠬᠦᠯᠵᠢᠯᠡᠨ ᠡᠪᠳᠡᠭᠳᠡᠬᠦ ᠶᠢ | ᠬᠤᠷᠢᠬᠯᠠᠵᠤ ᠴᠢᠳᠠᠨ᠎ᠠ ᠭᠡᠵᠦ ᠡᠷᠳᠡᠮᠲᠡᠳ ᠦᠵᠡᠬᠦ ᠶᠢᠨ ᠳᠠᠭᠠᠤ ᠤᠷᠢᠶᠠᠯᠠᠵᠤ ᠪᠠᠶᠢᠨ᠎ᠠ᠃ | ᠲᠠᠷᠭᠤᠨ ᠨᠠᠭᠤᠷ ᠮᠠᠨᠢ ᠳᠠᠬᠢᠨᠲᠠ ᠰᠡᠷᠭᠦᠨ ᠪᠤᠢ ᠪᠣᠯᠤᠭᠠᠰᠠᠢ︕ ᠤᠯᠠᠭᠠᠨ ᠰᠡᠭᠦᠯᠲᠦ ᠮᠥᠷᠭᠦ ᠵᠢᠭᠠᠰᠤ | ᠲᠥᠯᠵᠢᠨ ᠦᠷᠡᠵᠢᠭᠡᠰᠡᠢ︕ | ᠲᠠᠷᠭᠤᠨ ᠨᠠᠭᠤᠷ ᠲᠡᠦᠬᠡᠨ ᠨᠠᠭᠤᠷ ᠳᠡᠷᠭᠡᠲᠡ ᠪᠠᠶᠢᠬᠰᠠᠨ ᠲᠡᠷᠭᠡᠯ ᠨᠠᠭᠤᠷ ᠲᠠ ᠪᠢᠳᠡᠨ ᠤ ᠳᠤᠷᠠᠰᠤᠮᠵᠢ ᠨᠠᠭᠤᠷ | ᠡ᠃ | |