ᠨᠠᠮᠤᠷ ᠤᠨ ᠰᠢᠷᠭᠠᠯ ᠡᠲᠤᠷ ᠤᠳ ᠲᠤ
ᠨᠡᠶᠢᠲᠡᠯᠡᠭᠰᠡᠨ ᠴᠠᠭ᠄
2018-11-07
                    ᠪ᠊᠂ ᠪᠢᠯᠢᠭ                     ︵ᠴᠥᠷᠬᠦᠯᠡᠭᠡ ᠮᠥᠴᠡᠯᠭᠡ ᠲᠠᠪᠤᠨ ᠲᠠᠲᠠᠯᠠᠭ᠎ᠠ︶         ᠨᠠᠮᠤᠷ ᠰᠢᠪᠠᠭᠤᠳ ᠪᠤᠴᠠᠬᠤ ᠲᠠᠭᠤᠨ ᠰᠤᠨᠤᠷᠲᠠᠬᠤ ᠶᠤᠮᠰᠠᠨ ᠡᠭᠡᠰᠢᠭᠲᠦ ᠵᠥᠭᠡᠯᠡᠨ ᠵᠢᠭᠦᠷ ᠢ ᠨᠢ ᠲᠠᠭᠠᠭᠠᠳ ᠡᠯᠢᠭᠡ ᠵᠢᠷᠤᠭᠡ ᠮᠢᠨᠢ ᠮᠡᠲᠡᠷᠡᠭᠡᠳ ᠪᠠᠶᠢᠨᠠᠮ ᠬᠠᠨ ᠲᠠᠯᠡᠭᠡᠢ ᠶᠢᠨ ᠠᠭᠤᠵᠢᠮ ᠳᠤ ᠬᠠᠲᠤᠯᠠᠩ ᠤᠨ ᠤᠯᠤᠰ ᠲᠡᠩᠲᠡ ᠬᠥᠭᠡᠷᠥᠯᠲᠤᠨ᠎ᠠ ᠬᠠᠶᠢᠷ᠎ᠠ᠂ ᠨᠤᠲᠤᠭ ᠮᠠᠨᠢ ᠲᠡᠨᠳᠡ ᠬᠠᠶᠠᠭᠠᠷᠠᠭᠠᠳ ᠪᠠᠶᠢᠨᠠᠮ        ᠨᠠᠮᠤᠷ ᠤᠨ ᠠᠷᠤ ᠠᠴᠠ ᠨᠠᠷᠠ ᠬᠤᠩᠭᠤᠷᠯᠠᠬᠤ ᠪᠠᠷ ᠴᠢᠮ᠎ᠠ ᠳᠤ ᠬᠠᠶᠢᠷᠠᠲᠠᠢ ᠨᠠᠪᠴᠢᠰ ᠰᠢᠷᠠᠯᠠᠬᠤ ᠪᠠᠷ ᠴᠢᠮ᠎ᠠ ᠳᠤ ᠡᠮᠵᠡᠭᠲᠡᠢ ᠡᠪᠡᠰᠤᠨ ᠤ ᠰᠢᠬᠦᠷᠲᠡᠷ ᠲᠡᠭᠡᠷ᠎ᠠ ᠠᠴᠠ ᠡᠲᠤᠷ ᠤᠳ ᠤᠨ ᠭᠤᠨᠢᠭ ᠢ ᠠᠷᠴᠢᠶ᠎ᠠ ᠭᠡᠵᠤ ᠪᠤᠲᠤᠨᠠᠮ ᠡᠭᠦᠯᠡᠰ ᠤᠨ ᠰᠡᠬᠦᠲᠡᠷ ᠲᠤᠤᠷ᠎ᠠ ᠠᠴᠠ ᠡᠵᠢ ᠶᠢᠨ ᠢᠶᠠᠨ ᠵᠢᠷᠤᠭ ᠢ ᠲᠡᠬᠦᠶ᠎ᠠ ᠭᠡᠵᠤ ᠪᠥᠵᠢᠨᠡᠮ        ᠨᠠᠰᠤᠨ ᠤ ᠨᠠᠮᠤᠷ ᠢᠶᠠᠷ ᠠᠯᠲᠠᠨ ᠤᠨᠤᠭ ᠢᠶᠠᠨ ᠤᠯᠵᠤ ᠠᠪᠤᠪᠠ ᠠᠯᠠᠭ ᠲᠡᠯᠡᠭᠡᠢ ᠳᠤ ᠪᠢ ᠬᠤᠪ ᠬᠤᠭᠤᠰᠤᠨ ᠶᠤᠮ ᠰᠢᠭ᠋ ᠠᠰᠠᠭᠤᠯᠲᠠ ᠬᠠᠷᠢᠭᠤᠯᠲᠠ ᠶᠢ ᠨᠢ ᠲᠤᠰᠢᠶᠠᠵᠤ ᠥᠭᠪᠡ ᠠᠯᠲᠠᠭᠤᠯ ᠴᠠᠭ ᠬᠤᠭᠤᠴᠠᠭ᠎ᠠ ᠮᠠᠨᠢ ᠭᠤᠲᠤᠮᠰᠢᠭ ᠭᠡᠮᠡᠷ ᠡ         ᠴᠢᠩᠭᠢᠰ ᠤᠨ ᠥᠭᠡ ᠨᠠᠷᠠ ᠶᠢ ᠥᠪᠡᠷ ᠤᠨ ᠢᠶᠠᠨ ᠪᠤᠯᠭᠠᠨ᠎ᠠ ᠭᠡᠵᠤ ᠥᠷᠤᠭᠡᠯ ᠲᠠᠢ ᠪᠢᠲᠡᠭᠡᠢ ᠥᠷᠢᠰᠤᠯᠲᠤ ᠭᠡᠵᠤ ᠲᠠ ᠮᠠᠨᠢ ᠪᠥᠮᠪᠥᠷᠴᠡᠭ ᠲᠤ ᠵᠢᠭᠠᠵᠤ ᠥᠭᠭᠦᠭᠰᠡᠡ ᠶᠤᠮ ᠨᠠᠮᠠᠶᠢ ᠥᠷᠤᠭᠡᠯ ᠤᠨ ᠬᠢ ᠪᠤᠯᠭᠠᠨ᠎ᠠ ᠭᠡᠵᠤ ᠥᠪᠡᠷ ᠤᠨ ᠬᠢ ᠲᠠᠢ ᠪᠠᠨ ᠪᠢᠲᠡᠭᠡᠢ ᠲᠡᠮᠡᠴᠡᠯᠲᠤ ᠬᠡᠵᠤ ᠲᠠ ᠮᠢᠨᠢ ᠪᠢᠲᠡᠨ ᠳᠤ ᠵᠠᠬᠢᠵᠤ ᠥᠭᠬᠦᠭᠰᠡᠡ ᠶᠤᠮ        ᠭᠡᠷᠡᠯ ᠰᠡᠬᠦᠲᠡᠷ ᠤᠨ ᠡᠷᠢᠯ ᠰᠡᠭᠦᠲᠡᠷ ᠢᠶᠠᠨ ᠪᠢ ᠥᠪᠡᠷ ᠤᠨ ᠮᠢᠨᠢ ᠬᠡᠯᠪᠡᠷᠢ ᠪᠤᠶᠤ ᠭᠡᠮᠡᠨ ᠭᠠᠶᠢᠬᠠᠲᠠᠭ ᠰᠡᠭᠦᠲᠡᠷ ᠮᠠᠨᠢ ᠠᠯᠠᠭ᠎ᠠ ᠪᠤᠯᠲᠠᠭ ᠥᠶᠡᠰ ᠥᠪᠡᠷ ᠢ ᠪᠠᠨ ᠡᠷᠢᠵᠤ ᠤᠯᠬᠤ ᠥᠭᠡᠢ ᠭᠠᠴᠢᠭᠲᠠᠲᠠᠭ ᠭᠡᠷᠡᠯ ᠬᠡᠵᠢᠶᠡᠲᠡ ᠭᠬᠢᠷ ᠥᠭᠡᠢ ᠶᠤᠮ ᠭᠡᠵᠤ ᠰᠠᠨᠠᠨ᠎ᠠ ᠭᠡᠲᠡᠯ᠎ᠡ ᠬᠠᠭᠤᠴᠢᠨ ᠲᠥᠷᠰᠤᠯᠡᠯ ᠵᠠᠷᠢᠮ ᠳ᠋ᠭᠠᠨ ᠪᠠᠷᠠᠭᠠᠨ ᠪᠤᠯᠵᠤ ᠬᠤᠴᠤᠷᠲᠠᠭ ᠨᠢ ᠲᠡᠩᠴᠤ ᠵᠥᠩᠲᠡᠭᠡᠨ ᠪᠢ ᠰᠡᠬᠦᠲᠡᠷ ᠡᠷᠢᠵᠤ ᠰᠠᠵᠢᠯᠠᠲᠠᠭ ᠨᠢ ᠶᠠᠭᠤᠨ ᠳᠤ ᠶᠤᠮ ᠪᠤᠢ
 
ᠢᠷᠡᠯᠲᠡ᠄ ᠲᠦᠩᠯᠢᠶᠤᠤ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号