ᠴᠢᠨᠦ ᠠᠵᠢᠯ ᠤᠨ ᠣᠪᠣᠷ ᠲᠤ ᠢᠷᠡᠭᠡᠳᠦᠢ ᠴᠢᠨᠢ ᠨᠢᠭᠤᠭᠳᠠᠵᠤ ᠪᠤᠢ
ᠨᠡᠶᠢᠲᠡᠯᠡᠭᠰᠡᠨ ᠴᠠᠭ᠄
2018-11-07
     1.ᠡᠮᠦᠨ᠎ᠡ ᠬᠡᠳᠦᠨ ᠡᠳᠦᠷ ᠲᠤ ᠠᠵᠢᠯ ᠲᠥᠷᠥᠯ ᠤᠨ ᠲᠣᠲᠤᠭᠠᠳᠤ ᠶᠢᠨ ᠣᠨ ᠤ ᠬᠤᠷᠠᠯ ᠳᠤ ᠣᠷᠣᠯᠴᠠᠵᠠᠢ᠃ ᠮᠡᠷᠭᠡᠵᠢᠯ ᠨᠢᠭᠡᠲᠡᠳ ᠨᠢᠭᠡ ᠳᠣᠣᠷ᠎ᠠ ᠴᠤᠭᠯᠠᠷᠠᠭᠰᠠᠨ ᠢᠶᠠᠷ ᠥᠪᠡᠷ ᠵᠠᠭᠤᠷ᠎ᠠ ᠪᠠᠨ ᠥᠭᠡᠷ᠎ᠡ ᠶᠠᠭᠤᠮ᠎ᠠ ᠦᠭᠡᠢ ᠠᠵᠢᠯ ᠢᠶᠠᠨ ᠶᠠᠷᠢᠯᠴᠠᠬᠤ ᠨᠢ ᠮᠡᠳᠡᠭᠡᠵᠢ᠃ ᠯᠢ ᠯᠢᠶᠠᠩ ᠪᠣᠯ ᠮᠠᠨ ᠤ ᠬᠢᠨ ᠤ ᠲᠣᠲᠤᠷ᠎ᠠ ᠣᠨᠴᠠ ᠶᠠᠷᠢᠶ᠎ᠠ ᠬᠥᠭᠡᠷᠦᠭᠡ  ᠲᠠᠢ ᠳᠤ ᠣᠷᠣᠳᠠᠭ ᠢᠶᠠᠷ ᠢᠶᠠᠨ ᠠᠯᠢ ᠴᠦ ᠤᠳᠠᠭᠠᠨ ᠤ ᠬᠥᠭᠡᠷᠦᠯᠳᠦᠬᠦ ᠳᠤ ᠴᠦᠮ ᠠᠬᠤᠤ ᠠᠪᠴᠠᠯᠳᠤᠭ᠎ᠠ ᠲᠠᠢ ᠶᠠᠷᠢᠳᠠᠭ ᠯᠠ᠃ ᠭᠡᠪᠡᠴᠦ ᠳᠡᠮᠡᠢ ᠤᠳᠠᠭᠠᠳᠤᠢ ᠪᠠᠷ ᠪᠢ ᠲᠡᠭᠦᠨ ᠤ ︽ᠳᠥᠩᠬᠡᠵᠦ ᠡᠪᠯᠡᠭᠦᠯᠬᠦ︾ ᠬᠤᠶᠠᠷ ᠦᠭᠡ ᠶᠢ ᠠᠮᠠ ᠰᠠᠯᠭᠠᠯ ᠦᠭᠡᠢ ᠶᠠᠷᠢᠳᠠᠭ ᠶᠢ ᠨᠢ ᠮᠡᠳᠡᠪᠡ᠃ ᠯᠢ ᠯᠢᠶᠠᠩ ᠮᠠᠨ ᠳᠤ ᠥᠨᠥ ᠶᠢᠨ ᠠᠯᠪᠠᠨ ᠲᠤᠰᠢᠶᠠᠯ ᠳᠤ ᠪᠠᠨ ᠪᠢ ᠪᠦᠬᠦᠯᠢ ᠵᠢᠷᠭᠤᠭᠠᠨ ᠵᠢᠯ ᠭᠦᠶᠦᠯ᠎ᠡ᠃ ᠡᠳᠦᠢ ᠵᠢᠯ ᠳᠤ ᠮᠢᠨᠤ ᠠᠵᠢᠯ ᠤᠨ ᠣᠶᠢᠯᠠᠭᠠᠭᠳᠠᠬᠤᠨ ᠪᠣᠯ ᠳᠠᠷᠤᠢ ᠳᠥᠩᠬᠡᠵᠦ ᠪᠣᠯᠬᠤ ᠶᠢ ᠨᠢ ᠲᠥᠩᠬᠡᠵᠦ᠂ ᠨᠠᠮ᠎ᠠ ᠶᠢ ᠡᠳᠦᠷᠵᠢᠨ ᠡᠭᠦᠷᠭᠡ ᠪᠠᠨ ᠪᠡᠶᠡᠯᠡᠭᠦᠯᠦᠭᠡᠳ ᠲᠣᠭᠲᠠᠭᠰᠠᠨ ᠴᠠᠭ ᠲᠤ ᠠᠵᠢᠯ ᠠᠴᠠ ᠮᠠᠨᠢ ᠪᠠᠭᠤᠯᠭᠠᠪᠠᠯ ᠯᠠ ᠪᠣᠯᠴᠢᠬᠠᠬᠤ ᠨᠢ ᠲᠡᠷᠡ ᠭᠡᠬᠦ ᠶᠤᠮ᠃ ︽ᠪᠠᠭ᠎ᠠ ᠶᠠᠪᠤᠳᠠᠯ ᠢ ᠲᠥᠩᠬᠡᠵᠦ ᠪᠣᠯᠣᠨ᠎ᠠ᠂ ᠵᠠᠷᠴᠢᠮ ᠤᠨ ᠴᠢᠨᠠᠷᠲᠠᠢ ᠠᠰᠠᠭᠤᠳᠠᠯ ᠳᠤ ᠬᠠᠰᠢᠯᠠ ᠨᠠᠷᠢᠨ ᠨᠢᠮᠪᠠᠢ ᠬᠠᠨᠳᠤᠬᠤ ᠬᠡᠷᠡᠭᠲᠡᠢ ᠰᠢᠦ ᠳ᠋ᠠ︾ ᠭᠡᠵᠦ ᠲᠡᠷᠭᠡᠳᠡᠬᠢ ᠬᠠᠮᠲᠤ ᠠᠵᠢᠯᠯᠠᠭᠴᠢ ᠨᠢ ᠢᠨᠢᠶᠡᠮᠰᠦᠭᠯᠡᠭᠰᠡᠭᠡᠷ ᠬᠡᠯᠡᠪᠡ᠃ ᠯᠢ ᠯᠢᠶᠠᠩ ᠥᠯᠥ ᠲᠣᠭᠤᠮᠰᠠᠷᠯᠠᠨ ᠭᠠᠷ ᠲᠣᠬᠢᠭᠰᠠᠭᠠᠷ᠄ ︽ᠲᠡᠭᠡᠭᠰᠡᠭᠡᠷ ᠴᠢ ᠳᠡᠩᠳᠡᠭᠦᠦ ᠪᠣᠳᠣᠯᠭ᠎ᠠ ᠪᠣᠯᠵᠤ ᠪᠠᠶᠢᠨ᠎ᠠ ᠡ᠂ ᠪᠢ ᠰᠠᠪ ᠰᠠᠶᠢᠬᠠᠨ ᠲᠥᠩᠬᠡᠭᠡᠳ ᠪᠣᠯᠵᠤ ᠯᠠ ᠪᠠᠶᠢᠭ᠎ᠠ ᠪᠢᠰᠢ ᠦᠦ︖︾ ᠭᠡᠪᠡ᠃ ᠶᠠᠷᠢᠭᠰᠠᠭᠠᠷ ᠪᠠᠶᠢᠵᠤ ᠡᠴᠦᠰ ᠲᠤ ᠪᠠᠨ ᠬᠠᠵᠠᠭᠤᠳᠠᠬᠢ ᠠᠵᠢᠯ ᠨᠢᠭᠡᠲᠡᠳ ᠠᠶᠠᠨᠳᠠᠭᠠᠨ ᠳᠤᠤᠭᠠᠷᠬᠤ ᠦᠭᠡᠢ ᠪᠣᠯᠬᠤ ᠶᠢ ᠦᠵᠡᠭᠡᠳ᠂ ᠯᠢ ᠯᠢᠶᠠᠩ ᠠᠷᠭ᠎ᠠ ᠪᠤᠶᠤ ᠤᠷᠮ᠎ᠠ ᠬᠠᠷᠢᠵᠤ ᠳᠤᠭᠤᠢ ᠪᠣᠯᠪᠠ᠃ ᠡᠳᠡᠭᠡᠷ ᠦᠭᠡ ᠶᠢ ᠰᠣᠨᠣᠰᠤᠭᠠᠳ ᠪᠢ ᠲᠡᠰᠭᠡᠯ ᠦᠭᠡᠢ ᠲᠡᠷᠭᠡᠳᠡ ᠰᠠᠭᠤᠭ᠎ᠠ ᠲᠡᠭᠦᠨ ᠢ ᠨᠠᠷᠢᠨ ᠠᠵᠢᠭᠯᠠᠵᠠᠢ᠃ ᠭᠤᠴᠢ ᠭᠠᠷᠦ᠋ᠢᠬᠠᠨ ᠨᠠᠰᠤᠨ ᠳᠤ ᠪᠠᠨ ᠲᠣᠯᠣᠭᠠᠢ ᠶᠢᠨ ᠦᠰᠦ ᠨᠢ ᠲᠣᠭᠠᠲᠠᠶᠢᠬᠠᠨ ᠦᠯᠡᠳᠡᠵᠦ᠂ ᠨᠢᠭᠤᠷ ᠴᠢᠷᠠᠢ ᠳᠤᠨᠢ ᠨᠢᠭᠤᠵᠤ ᠳᠡᠶᠢᠯᠬᠦ ᠦᠭᠡᠢ ᠵᠣᠷᠢᠭ ᠮᠣᠬᠤᠵᠤ ᠵᠦᠳᠡᠷᠡᠭᠰᠡᠨ ᠪᠠᠶᠢᠳᠠᠯ ᠢᠯᠡᠳᠲᠡ ᠪᠠᠶᠢᠯ᠎ᠠ᠃ ᠬᠥᠮᠥᠨ ᠢ ᠵᠢᠰᠦ ᠪᠠᠷ ᠵᠢᠱᠢᠵᠦ ᠪᠣᠯᠬᠤ ᠦᠭᠡᠢ ᠭᠡᠳᠡᠭ᠂ ᠭᠡᠪᠡᠴᠦ ᠡᠳᠡᠭᠡᠷ ᠵᠢᠯ ᠤᠳ ᠲᠤ ᠲᠡᠭᠦᠨ ᠤ ︽ᠳᠥᠩᠭᠡᠬᠦ︾ ᠨᠢ ᠦᠵᠡᠬᠦ ᠳᠤ ᠠᠵᠢᠯ ᠤᠨ ᠬᠢᠨ ᠳᠠᠷᠤᠯᠲᠠ ᠶᠢ ᠬᠥᠩᠭᠡᠯᠡᠭᠰᠡᠨ ᠪᠣᠯᠪᠠᠴᠤ ᠦᠨᠡᠨ ᠳᠡᠭᠡᠷ᠎ᠡ ᠪᠠᠨ ᠲᠡᠷᠡ ᠮᠡᠳᠡᠭᠰᠡᠨ ᠴᠦ ᠦᠭᠡᠢ ᠪᠠᠷ ᠬᠦᠮᠦᠨ ᠤ ᠠᠮᠢᠳᠤᠷᠠᠯ ᠢᠶᠠᠨ ᠱᠦᠭᠦᠭᠳᠡᠯ᠎ᠡ ᠭᠡᠵᠦ ᠲᠥᠰᠥᠭᠡᠯᠡᠵᠦ ᠪᠣᠯᠣᠨ᠎ᠠ᠃ ᠢᠮᠠᠭᠲᠠ ︽ᠳᠥᠩᠭᠡᠬᠦ︾ ᠰᠡᠳᠬᠢᠭᠦᠢ ᠪᠠᠷ ᠠᠵᠢᠯ ᠳᠤ ᠪᠠᠨ ᠬᠠᠨᠳᠤᠭᠰᠠᠳ ᠤᠨ ᠬᠥᠮᠥᠨ ᠤ ᠠᠮᠢᠳᠤᠷᠠᠯ ᠨᠢ ᠴᠦ ᠯᠠᠪᠲᠠᠢ ︽ᠳᠥᠩᠭᠡᠯ︾ ᠤᠨ ᠳᠤᠮᠳᠠ ᠥᠩᠭᠡᠷᠡᠭᠡᠬᠦ ᠪᠠᠶᠢᠯᠭᠦᠢ᠃      2.︽ᠳᠥᠩᠭᠡᠬᠦ︾ ᠠᠪᠤᠭᠠᠢ ᠶᠢᠨ ᠭᠠᠷᠴᠤ ᠢᠷᠡᠭᠰᠡᠨ ᠨᠢ ᠨᠠᠮ᠎ᠠ ᠶᠢ ᠥᠭᠡᠷ᠎ᠡ ᠨᠢᠭᠡᠨ ︽ᠡᠪᠯᠡᠭᠦᠯᠬᠦ︾ ᠠᠪᠠᠭ᠋ᠠᠢ ᠶᠢᠩᠽᠢ ᠶᠢ ᠰᠠᠨᠠᠭᠳᠠᠭᠤᠯᠪᠠ᠃ ᠶᠢᠩᠽᠢ ᠪᠣᠯ ᠮᠢᠨᠤ ᠲᠦᠷᠦᠭᠦᠦ ᠬᠠᠮᠲᠤ ᠠᠵᠢᠯᠯᠠᠭᠴᠢ᠂ ᠺᠣᠮᠫᠠᠨᠢ ᠳᠤ ᠵᠠᠰᠠᠭ ᠵᠠᠬᠢᠷᠭᠠᠨ ᠤ ᠲᠤᠰᠠᠯᠠᠭᠴᠢ ᠶᠢᠨ ᠠᠵᠢᠯ ᠬᠢᠳᠡᠭ ᠲᠡᠷᠡ ᠶᠡᠷᠦ ᠨᠢ ᠶᠡᠷᠦᠳᠡ ᠶᠢᠨ ᠬᠡᠷᠡᠭᠯᠡᠳᠡᠭ ᠤᠨ ᠶᠠᠷᠢᠶ᠎ᠠ ᠲᠠᠢ᠄ ᠡᠪᠯᠡᠭᠦᠯᠵᠦ ᠪᠠᠶᠢᠭᠠᠳ ᠬᠡᠷᠡᠭᠯᠡᠴᠢᠭᠡ ᠡ᠃ ᠶᠢᠩᠽᠢ ᠡᠳᠦᠷ ᠪᠣᠯᠭᠠᠨ ᠴᠠᠭ ᠲᠤ ᠪᠠᠨ ᠠᠵᠢᠯ ᠠᠴᠠ ᠪᠠᠨ ᠪᠠᠭᠤᠳᠠᠭ ᠪᠦᠭᠡᠳ ᠠᠵᠢᠯ ᠳᠤ ᠭᠠᠷᠬᠤ ᠳᠤ ᠪᠠᠨ ᠴᠦ ᠪᠠᠶᠢᠩᠭᠤ ᠬᠤᠵᠢᠭᠳᠠᠳᠠᠭ᠂ ᠲᠡᠭᠡᠭᠡᠳ ᠯᠠ ᠬᠠᠶᠢᠷ᠎ᠠ ᠳᠤᠷᠠᠯᠠᠯ ᠲᠠᠢ ᠪᠣᠯᠣᠭᠠᠳ ᠶᠠᠭᠠᠷᠠᠵᠤ ᠪᠠᠶᠢᠨ᠎ᠠ ᠭᠡᠬᠦ ᠶᠢ ᠶᠠᠭᠠᠬᠢᠨ᠎ᠠ᠃ ᠲᠡᠭᠦᠨ ᠤ ᠠᠯᠪᠠᠨ ᠰᠢᠷᠡᠭᠡ ᠨᠢ ᠬᠡᠵᠢᠶᠡᠳᠡ ᠪᠦᠬᠦ᠋ᠢᠯᠡ ᠠᠯᠪᠠᠨ ᠭᠡᠷ ᠲᠤ ᠬᠠᠮᠤᠭ ᠤᠨ ᠡᠭᠡᠳᠡᠷᠡᠭᠰᠡᠨ ᠨᠢ ᠭᠡᠵᠦ ᠮᠡᠳᠡ᠂ ᠡᠯ᠎ᠡ ᠵᠦᠢᠯ ᠤᠨ ᠪᠢᠴᠢᠭ ᠮᠠᠲ᠋ᠧᠷᠢᠶᠠᠯ ᠤᠳ ᠢ ᠨᠢᠭᠡ ᠳᠣᠣᠷ᠎ᠠ ᠣᠪᠣᠭᠠᠯᠠᠴᠢᠬᠠᠭᠠᠳ ᠡᠷᠢᠨ᠎ᠡ ᠭᠡᠪᠡᠯ ᠴᠠᠭ ᠦᠷᠡᠬᠦ ᠭᠡᠵᠦ ᠳ᠋ᠠ᠂ ᠬᠡᠷᠡᠭ ᠡ᠃ ᠡᠨᠡ ᠲᠠᠯ᠎ᠠ ᠪᠠᠷ ᠪᠢ ᠴᠦ ᠲᠡᠭᠦᠨ ᠳᠤ ᠮᠠᠲ᠋ᠧᠷᠢᠶᠠᠯ ᠤᠳ ᠢᠶᠠᠨ ᠲᠥᠷᠥᠯ ᠬᠤᠪᠢᠶᠡᠨ ᠰᠠᠶᠢᠲᠤᠷ ᠡᠮᠬᠢᠯᠡᠴᠢᠭᠡ ᠭᠡᠵᠦ ᠰᠠᠨᠠᠭᠤᠯᠤᠭᠰᠠᠨ᠂ ᠭᠡᠶ᠎ᠡ ᠲᠡᠷᠡ ᠬᠢ ᠬᠢ ᠭᠡᠵᠦ ᠢᠨᠢᠶᠡᠭᠡᠳ ᠯᠠ ᠥᠩᠭᠡᠷᠡᠭᠡᠳᠡᠭ ᠪᠦᠭᠡᠳ ᠠᠵᠢᠯ ᠠᠴᠠ ᠪᠠᠭᠤᠬᠤ ᠴᠠᠭ ᠲᠤᠯᠪᠠᠯ ᠵᠣᠷᠰᠢᠯ ᠶᠣᠰᠣᠭᠠᠷ ᠨᠢᠭᠤᠷ ᠴᠢᠷᠠᠢ ᠪᠠᠨ ᠳᠠᠬᠢᠨ ᠪᠣᠳᠣᠵᠤ ᠴᠢᠮᠡᠭᠡᠳ ᠦᠨᠳᠦᠷ ᠦᠰᠦᠭᠡᠢ ᠲᠠᠢ ᠱᠠᠬᠠᠢ ᠪᠠᠷ ᠲᠥᠷᠴᠢᠭᠢᠨᠡᠭᠦᠯᠵᠦ ᠭᠠᠳᠠᠭᠰᠢ ᠳᠣᠪᠲᠤᠯᠤᠨ᠎ᠠ ᠪᠢᠯᠡ᠃ ᠶᠡᠷᠦᠳᠡᠭᠡᠨ ︽ᠪᠠᠶᠠᠷᠲᠠᠢ︾ ᠭᠡᠬᠦ ᠦᠭᠡᠨ ᠤ ᠠᠶᠠᠰ ᠲᠠᠰᠤᠷᠠᠭᠠᠲᠤᠢ ᠪᠠᠷ ᠬᠥᠮᠥᠨ ᠤ ᠬᠢᠨ ᠪᠠᠷ᠎ᠠ ᠨᠢ ᠬᠠᠷᠠᠭᠳᠠᠬᠤ ᠪᠠᠨ ᠪᠣᠯᠢᠳᠠᠭ᠃ ᠡᠶᠢᠮᠦ ᠶᠡᠭᠡ ᠵᠢᠳᠬᠦᠭᠰᠡᠨ ᠪᠣᠯᠪᠠᠴᠤ ᠶᠢᠩᠽᠢ ᠶᠢᠨ ᠬᠠᠶᠢᠷ᠎ᠠ ᠳᠤᠷᠠᠯᠠᠯ ᠬᠠᠰᠢᠯᠠ ᠢᠯᠠᠭᠳᠠᠵᠠᠢ᠃ ᠬᠠᠶᠢᠷ᠎ᠠ ᠰᠡᠳᠬᠢᠯ ᠡᠪᠳᠡᠷᠡᠭᠰᠡᠨ ᠠᠴᠠ ᠵᠣᠪᠠᠨᠢᠯ ᠭᠤᠲᠤᠷᠠᠯ ᠳᠤ ᠠᠪᠲᠠᠨ ᠪᠠᠶᠢᠭᠰᠠᠭᠠᠷ ᠲᠡᠭᠦᠨ ᠤ ᠠᠵᠢᠯ ᠤᠯᠠᠮ ᠢᠶᠠᠷ ᠪᠠᠶᠢᠩᠭᠤ ᠠᠯᠳᠠᠭ᠎ᠠ ᠭᠠᠷᠬᠤ ᠪᠣᠯᠵᠠᠢ᠂ ᠨᠢᠭᠡᠨ ᠡᠳᠦᠷ ᠲᠡᠷᠡ ᠬᠡᠷᠡᠭᠯᠡᠭᠴᠢ ᠶᠢᠨ ᠬᠡᠯᠡᠯᠴᠡᠭᠡᠷ ᠤᠨ ᠪᠢᠴᠢᠭ ᠤᠨ ᠤᠭ ᠮᠠᠲ᠋ᠧᠷᠢᠶᠠᠯ ᠢ ᠬᠢᠴᠢᠶᠡᠮᠵᠢ ᠦᠭᠡᠢ ᠠᠴᠠ ᠴᠠᠭᠠᠰᠤ ᠦᠢᠷᠡᠭᠦᠯᠬᠦ ᠮᠠᠰᠢᠨ ᠳᠤ ᠬᠢᠵᠦ ᠣᠷᠣᠭᠤᠯᠵᠠᠢ᠃ ᠶᠢᠩᠽᠢ ᠠᠶᠤᠨ ᠪᠠᠯᠢᠲᠠᠵᠤ᠂ ᠨᠠᠮ᠎ᠠ ᠶᠢ ᠲᠠᠲᠠᠵᠤ ᠵᠣᠷᠢᠭ ᠢᠶᠠᠨ ᠪᠦᠳᠦᠭᠦᠷᠡᠭᠦᠯᠦᠨ᠂ ᠬᠠᠮᠲᠤ ᠪᠠᠷ ᠪᠠᠶᠢᠭᠤᠯᠤᠮᠵᠢ ᠶᠢᠨ ᠵᠠᠬᠢᠷᠤᠯ ᠲᠤ ᠲᠠᠶᠢᠯᠪᠤᠷᠢᠯᠠᠬᠤ ᠪᠠᠷ ᠪᠣᠯᠪᠠ᠃ ᠵᠠᠬᠢᠷᠤᠯ ᠪᠣᠯ ᠠᠵᠢᠯ ᠤᠨ ᠹᠷᠣᠨᠲ ᠤᠨ ᠲᠦᠢᠯ ᠤᠨ ᠰᠢᠯᠢᠳᠡᠭ ᠡᠮᠡᠭᠲᠡᠢ ᠶᠤᠮ᠂ ᠲᠡᠷᠡ ᠤᠴᠢᠷ ᠢ ᠰᠣᠨᠣᠰᠤᠭᠠᠳ ᠪᠠᠷᠢᠨ ᠬᠢᠯᠢᠩᠨᠡᠭᠰᠡᠨ ᠦᠭᠡᠢ᠂ ᠬᠠᠷᠢᠨ ᠰᠠᠨᠠᠭ᠎ᠠ ᠠᠯᠳᠠᠴᠢᠬᠠᠭᠠᠳ᠄ ︽ᠬᠠᠶᠢᠷ᠎ᠠ ᠳᠤᠷᠠᠯᠠᠯ ᠤᠨ ᠦᠷᠡᠭᠳᠡᠯ ᠪᠦᠬᠦᠨ ᠦᠷ᠎ᠡ ᠳ᠋ᠦᠩ ᠲᠠᠢ ᠯᠠ ᠪᠢᠰᠢ ᠶᠤᠮ᠂ ᠭᠡᠲᠡᠯ᠎ᠡ ᠴᠢ ᠦᠨᠡᠨ ᠰᠡᠳᠬᠢᠯ ᠠᠴᠠ ᠪᠠᠨ ᠴᠢᠷᠮᠠᠶᠢᠳᠠᠭ ᠯᠠ ᠶᠤᠮ ᠪᠣᠯ ᠠᠵᠢᠯ ᠬᠠᠷᠢᠨ ᠶᠡᠷᠦ ᠠᠴᠠ ᠴᠢᠮ᠎ᠠ ᠶᠢ ᠭᠤᠮᠣᠳᠠᠭᠠᠳᠠᠭ ᠦᠭᠡᠢ ᠭᠡᠳᠡᠭ ᠢ ᠮᠡᠳᠡᠬᠦ ᠬᠡᠷᠡᠭᠲᠡᠢ ᠰᠢᠦ︾ ᠭᠡᠵᠡᠢ᠃ ︽ᠬᠡᠯᠡᠯᠴᠡᠭᠡᠷ ᠤᠨ ᠪᠢᠴᠢᠭ ᠢ ᠦᠢᠷᠡᠭᠦᠯᠦᠭᠰᠡᠨ︾ ᠬᠡᠷᠡᠭ ᠬᠡᠳᠦᠨ ᠤᠳᠠᠭᠠᠨ ᠤ ᠰᠠᠭᠠᠳ ᠲᠦᠪᠡᠭ ᠢ ᠲᠤᠭᠤᠯᠤᠭᠠᠳ ᠡᠴᠦᠰ ᠲᠤ ᠪᠠᠨ ᠰᠢᠢᠳᠪᠦᠷᠢᠯᠡᠭᠳᠡᠵᠦ᠂ ᠶᠢᠩᠽᠢ ᠳᠡᠮᠡᠢ ᠤᠳᠠᠭᠰᠠᠨ ᠦᠭᠡᠢ ᠪᠤᠰᠤᠳ ᠰᠠᠯᠠᠭᠠᠨ ᠳᠤ ᠠᠵᠢᠯ ᠰᠢᠯᠵᠢᠵᠠᠢ᠃ ᠬᠤᠵᠢᠮ ᠨᠢ ᠲᠡᠷᠡ ᠨᠠᠮ᠎ᠠ ᠳᠤ ᠶᠠᠷᠢᠬᠤ ᠳᠤ ᠪᠠᠨ ᠵᠠᠬᠢᠷᠤᠯ ᠤᠨ ᠲᠡᠷᠡᠬᠦ ᠰᠤᠷᠭᠠᠯ ᠳᠤ ᠮᠠᠰᠢ ᠪᠠᠶᠠᠷᠯᠠᠭᠰᠠᠨ᠂ ᠲᠡᠭᠦᠨ ᠢ ᠪᠢᠰᠢᠭᠦᠢ ᠣᠯᠠᠨ ᠶᠠᠭᠤᠮ᠎ᠠ ᠮᠡᠳᠡᠭᠦᠯᠦᠯ᠎ᠡ ᠭᠡᠬᠦ ᠶᠤᠮ᠃      3. ᠴᠠᠭ ᠤᠨ ᠤᠳᠠᠭᠠᠨ ᠳᠤ ᠡᠳᠦᠷᠵᠢᠨ ᠥᠩᠭᠡᠷᠡᠦ ᠵᠦᠷᠢᠶ᠎ᠡ ᠦᠭᠡᠢ ᠠᠵᠢᠯ ᠶᠠᠪᠤᠳᠠᠯ ᠢ ᠳᠠᠪᠲᠠᠨ ᠳᠠᠪᠲᠠᠨ ᠬᠢᠭᠡᠳ ᠶᠠᠮᠠᠷ ᠴᠦ ᠳᠤᠷ᠎ᠠ ᠰᠣᠨᠢᠷᠬᠠᠯ ᠡᠷᠢᠵᠦ ᠣᠯᠬᠤ ᠦᠭᠡᠢ ᠮᠥᠷᠲᠡᠭᠡᠨ ᠠᠴᠢ ᠬᠠᠷᠢᠭᠤᠯᠲᠠ ᠶᠢ ᠴᠦ ᠣᠯᠵᠤ ᠬᠠᠷᠠᠬᠤ ᠦᠭᠡᠢ᠃ ᠢᠩᠬᠢᠵᠦ ᠬᠠᠲᠠᠭᠤᠵᠢᠯᠲᠠᠢ ᠠᠵᠢᠯᠯᠠᠭᠰᠠᠨ ᠠᠴᠠ ᠰᠢᠯᠤᠭᠤᠬᠠᠨ ᠡᠳᠦᠷ ᠡᠳᠦᠷ ᠢᠶᠠᠷ ᠡᠪᠯᠡᠭᠦᠯᠵᠦ ᠦᠩᠭᠡᠷᠡᠭᠡᠭᠰᠡᠨ ᠨᠢ ᠳᠡᠭᠡᠷ᠎ᠡ᠃ ᠠᠵᠢᠯ ᠢᠶᠠᠨ ᠶᠡᠷᠦ ᠨᠢ ᠡᠪᠯᠡᠭᠦᠯᠦᠨ ᠬᠢᠳᠡᠭ ᠬᠥᠮᠥᠰ᠂ ᠶᠡᠭᠡ ᠲᠥᠯᠥᠪ ᠪᠦᠷ ᠯᠠ ᠡᠶᠢᠮᠦ ᠨᠢᠭᠡᠨ ᠰᠡᠳᠬᠢᠬᠦᠢ ᠪᠠᠶᠢᠬᠤ ᠭᠡᠯᠲᠡᠢ᠃ ᠡᠩ ᠤᠨ ᠠᠵᠢᠯ ᠢᠶᠠᠨ ᠰᠠᠶᠢᠲᠤᠷ ᠬᠢᠵᠦ ᠴᠢᠳᠠᠬᠤ ᠨᠢ ᠳᠠᠷᠤᠢ ᠨᠢᠭᠡᠨ ᠮᠣᠨᠳᠠᠭ ᠠᠪᠢᠶᠠᠰ ᠪᠢᠯᠢᠭ ᠪᠣᠯᠬᠤ ᠶᠢ ᠬᠠᠷᠢᠨ ᠮᠡᠳᠡᠭᠰᠡᠨ ᠦᠭᠡᠢ ᠠᠵᠢ᠃ ᠬᠥᠮᠥᠨ ᠤ ᠬᠤᠭᠤᠷᠤᠨᠳᠤᠬᠢ ᠵᠦᠷᠢᠶ᠎ᠡ ᠶᠢ ᠶᠡᠬᠡᠰᠬᠡᠵᠦ ᠪᠠᠶᠢᠭ᠎ᠠ ᠨᠢ ᠴᠢᠨᠦ ᠬᠢᠭᠰᠡᠨ ᠠᠵᠢᠯ ᠶᠠᠪᠤᠳᠠᠯ ᠠᠴᠠ ᠪᠢᠰᠢ᠂ ᠬᠠᠷᠢᠨ ᠠᠵᠢᠯ ᠶᠠᠪᠤᠳᠠᠯ ᠢ ᠬᠢᠬᠦ ᠶᠢᠨ ᠣᠪᠣᠷ ᠬᠠᠨᠳᠤᠯᠭ᠎ᠠ ᠶᠤᠮ᠃ ᠡᠮᠦᠨᠡᠬᠡᠨ ᠮᠠᠨ ᠤ ᠰᠠᠭᠤᠭ᠎ᠠ ᠬᠡᠰᠡᠭ ᠲᠣᠭᠤᠷᠢᠭ ᠢ ᠳᠠᠭᠠᠭᠠᠴᠢᠯᠠᠵᠤ ᠪᠠᠶᠢᠭᠰᠠᠨ ᠲᠥᠷᠭᠡᠨ ᠬᠦᠷᠭᠡᠯᠲᠡ ᠶᠢᠨ ᠠᠬ᠎ᠠ ᠪᠠᠷᠠᠭ᠎ᠠ ᠬᠦᠷᠭᠡᠬᠦ ᠳᠤ ᠪᠠᠨ ᠨᠠᠮ᠎ᠠ ᠲᠠᠢ ᠲᠥᠪ ᠴᠢᠩᠭ᠎ᠠ ᠪᠠᠷ ᠰᠠᠯᠬᠤ ᠶᠣᠰᠣ ᠬᠢᠵᠡᠢ᠃ ᠬᠡᠯᠡᠬᠦ ᠪᠠᠷ ᠳᠠᠷᠠᠭ᠎ᠠ ᠭᠠᠷᠠᠭ ᠠᠴᠠ ᠡᠬᠢᠯᠡᠨ ᠲᠡᠷᠡ ᠣᠨᠳᠣᠣ ᠨᠢᠭᠡᠨ ᠶᠡᠭᠡ ᠬᠡᠯᠪᠡᠷᠢ ᠶᠢᠨ ᠲᠥᠷᠭᠡᠨ ᠬᠦᠷᠭᠡᠯᠲᠡ ᠶᠢᠨ ᠺᠣᠮᠫᠠᠨᠢ ᠳᠤ ᠬᠦᠷᠴᠦ ᠬᠡᠰᠡᠭ ᠲᠣᠭᠤᠷᠢᠭ ᠤᠨ ᠬᠠᠷᠢᠭᠤᠴᠠᠯᠭᠠᠲᠠᠨ ᠪᠣᠯᠬᠤ ᠶᠤᠮ ᠭᠡᠨ᠎ᠡ᠃ ᠡᠨᠡ ᠴᠢᠮᠡᠭᠡ ᠶᠢ ᠰᠣᠨᠣᠰᠤᠭᠠᠳ ᠪᠢ ᠠᠭᠱᠠᠨ ᠵᠠᠭᠤᠷ᠎ᠠ ᠭᠠᠶᠢᠬᠠᠰᠢᠷᠠᠵᠤ ᠠᠪᠤᠭᠰᠠᠨ ᠪᠣᠯᠪᠠᠴᠤ ᠨᠠᠷᠢᠨ ᠪᠣᠳᠣᠬᠤᠯᠠᠷ ᠨᠡᠭᠡᠷᠡᠨ ᠵᠣᠬᠢᠮᠵᠢᠲᠠᠢ ᠰᠠᠨᠠᠭᠳᠠᠵᠤ ᠪᠢᠯᠡ᠃ ᠬᠡᠳᠦ᠋ᠢᠪᠡᠷ ᠨᠢᠭᠡᠨ ᠶᠡᠷᠦᠮᠳᠡᠭ ᠲᠦᠷᠭᠡᠨ ᠬᠦᠷᠭᠡᠭᠴᠢ ᠶᠢᠨ ᠠᠵᠢᠯ ᠪᠣᠯᠪᠠᠴᠤ ᠲᠡᠷᠡ ᠶᠡᠷᠦ ᠨᠢ ᠬᠠᠰᠢ ᠶᠠᠰᠢ ᠪᠠᠷ ᠡᠪᠯᠡᠭᠦᠯᠳᠡᠭ ᠦᠭᠡᠢ᠃ ᠲᠡᠷᠡ ᠪᠠᠷᠠᠭ᠎ᠠ ᠬᠦᠷᠭᠡᠬᠦ ᠪᠦᠷᠢ ᠳᠤ ᠪᠠᠨ ᠢᠨᠢᠶᠡᠮᠰᠦᠭᠯᠡᠨ ᠪᠠᠷᠠᠭ᠎ᠠ ᠬᠦᠯᠢᠶᠡᠨ ᠠᠪᠤᠭᠴᠢ ᠶᠢᠨ ᠬᠡᠨ ᠪᠣᠯᠬᠤ ᠶᠢ ᠬᠢᠨᠠᠨ ᠬᠠᠷᠭᠤᠭᠤᠯᠵᠤ᠂ ᠬᠡᠷᠡᠭᠯᠡᠭᠴᠢ ᠠᠴᠠ ᠪᠠᠷᠠᠭ᠎ᠠ ᠪᠣᠳᠠᠰ ᠢ ᠬᠢᠨᠠᠨ ᠰᠢᠯᠭᠠᠵᠤ ᠨᠤᠲᠠᠯᠠᠭᠠᠳ ᠪᠤᠷᠤᠭᠤ ᠦᠭᠡᠢ ᠪᠣᠯᠣᠭᠰᠠᠨ ᠬᠤᠶᠢᠨ᠎ᠠ ᠰᠠᠶ᠋ᠢ ᠪᠤᠴᠠᠳᠠᠭ᠃ ᠠᠵᠢᠯ ᠳᠤ ᠪᠠᠨ ᠬᠢᠨᠠᠮᠠᠭᠠᠢ᠂ ᠠᠵᠢᠯ ᠢᠶᠠᠨ ᠳᠡᠭᠡᠳᠦᠯᠡᠳᠡᠭ᠂ ᠬᠥᠮᠥᠨ ᠤ ᠬᠤᠪᠢ ᠳᠤ ᠨᠠᠶᠢᠷᠰᠠᠭ ᠡᠭᠡᠯᠢ ᠲᠠᠢ ᠪᠣᠯᠬᠤᠷ ᠨᠡᠯᠢᠶᠡᠳ ᠣᠯᠠᠨ ᠬᠥᠮᠥᠨ ᠪᠠᠷᠠᠭ᠎ᠠ ᠭᠤᠪᠢᠭᠤᠯᠬᠤ ᠳᠤ ᠪᠠᠨ ᠬᠠᠮᠤᠭ ᠤᠨ ᠲᠦᠷᠦᠭᠦᠨ ᠳᠤ ᠲᠡᠭᠦᠨ ᠢ ᠡᠷᠢᠳᠡᠭ ᠤᠴᠢᠷᠲᠠᠢ᠃ ᠲᠡᠭᠡᠬᠦ ᠪᠠᠷ ᠢᠶᠠᠨ ᠲᠡᠷᠡ ᠬᠡᠰᠡᠭ ᠲᠣᠭᠤᠷᠢᠭ ᠲᠤ ᠬᠠᠮᠤᠭ ᠤᠨ ᠬᠦᠷᠢᠶᠡᠯᠡᠯ ᠲᠠᠢ ᠪᠠᠷᠠᠭ᠎ᠠ ᠬᠦᠷᠭᠡᠭᠴᠢ ᠪᠣᠯᠵᠠᠢ᠃ ᠪᠢ ᠲᠡᠭᠦᠨ ᠠᠴᠠ ᠣᠨᠳᠣᠣ ᠺᠣᠮᠫᠠᠨᠢ ᠴᠢᠮ᠎ᠠ ᠶᠢ ᠦᠨᠳᠦᠷ ᠴᠠᠯᠢᠩ ᠢᠶᠠᠷ ᠤᠷᠢᠯ᠎ᠠ ᠪᠢᠵᠠ ᠭᠡᠵᠦ ᠠᠰᠠᠭᠤᠬᠤ ᠳᠤ᠂ ᠲᠡᠷᠡ ᠪᠢᠰᠢᠭᠦᠷᠬᠡᠭᠰᠡᠨ ᠪᠠᠶᠢᠳᠠᠯ ᠲᠠᠢ ᠲᠣᠯᠣᠭᠠᠢ ᠪᠠᠨ ᠳᠣᠬᠢᠪᠠ᠃ ᠬᠡᠯᠡᠬᠦ ᠪᠠᠷ ᠲᠡᠷᠡ ᠺᠣᠮᠫᠠᠨᠢ ᠨᠡᠭᠡᠷᠡᠨ ᠠᠵᠢᠯ ᠨᠢᠭᠡᠲᠡᠨ ᠤ ᠲᠣᠲᠤᠭᠠᠲᠤ ᠶᠢᠨ ᠦᠨᠡᠯᠡᠯᠲᠡ ᠢ ᠰᠣᠨᠣᠰᠤᠭᠠᠳ ᠲᠡᠭᠦᠨ ᠢ ᠡᠷᠢᠭᠰᠡᠨ ᠪᠠᠶᠢᠵᠠᠢ᠃ ᠲᠠ ᠦᠵᠡ᠂ ᠠᠮᠢᠳᠤᠷᠠᠯ ᠦᠨᠡᠨᠳᠡᠭᠡᠨ ᠠᠰᠤᠷᠤ ᠡᠷᠬᠡ ᠲᠡᠭᠰᠢ ᠪᠢᠯᠢᠦ᠃ ᠴᠢᠨᠦ ᠠᠵᠢᠯ ᠳᠤ ᠪᠠᠨ ᠵᠢᠳᠬᠦᠭᠰᠡᠨ ᠣᠶᠣᠨ ᠴᠢᠳᠠᠯ ᠪᠣᠯᠭᠠᠨ ᠴᠢᠮ᠎ᠠ ᠳᠤ ᠢᠲᠡᠭᠡᠯ ᠬᠦᠨᠳᠦ ᠶᠢ ᠬᠤᠷᠠᠮᠳᠤᠭᠤᠯᠬᠤ ᠪᠠᠷ ᠥᠯᠥ ᠪᠠᠷᠠᠨ ᠦᠨ᠎ᠡ ᠥᠷᠲᠡᠭ ᠢ ᠴᠦ ᠪᠦᠲᠦᠭᠡᠨ ᠥᠭᠳᠡᠭ᠃ ᠡᠳᠡᠭᠡᠷ ᠢ ᠬᠠᠷᠢᠨ ᠨᠢᠭᠡ ᠬᠥᠮᠥᠨ ᠤ ᠢᠷᠡᠭᠡᠳᠦᠢ ᠳᠤ ᠪᠠᠶᠢᠵᠤ ᠪᠣᠯᠬᠤ ᠭᠠᠯᠪᠢᠷ ᠲᠥᠷᠬᠦ ᠭᠡᠵᠦ ᠶᠡᠷᠦᠩᠬᠡᠶᠢᠯᠡᠵᠦ ᠪᠣᠯᠣᠨ᠎ᠠ᠃      4. 8 ᠴᠠᠭ ᠠᠴᠠ ᠭᠠᠳᠠᠨᠠᠬᠢ ᠦᠶ᠎ᠡ ᠨᠢᠭᠡ ᠬᠥᠮᠥᠨ ᠤ ᠠᠮᠵᠢᠯᠲᠠ ᠶᠢ ᠲᠣᠭᠲᠠᠭᠠᠨ᠎ᠠ᠃ ᠲᠦᠷᠦᠭᠦᠨ ᠳᠤ ᠡᠨᠡ ᠦᠭᠡ ᠰᠦᠯᠵᠢᠶᠡᠨ ᠳᠡᠭᠡᠷ᠎ᠡ ᠶᠡᠬᠡᠳᠡ ᠳᠡᠯᠭᠡᠷᠡᠵᠡᠢ᠃ ᠮᠢᠨᠤ ᠦᠵᠡᠬᠦ ᠪᠠᠷ ᠡᠨᠡ ᠦᠭᠡᠨ ᠤ ᠦᠢᠯᠡᠳᠦᠯ ᠢ ᠭᠠᠷᠭᠠᠶ᠎ᠠ ᠭᠡᠪᠡᠯ ᠡᠷᠬᠡᠪᠰᠢ ᠤᠷᠢᠳᠠᠪᠠᠷ 8 ᠴᠠᠭ ᠤᠨ ᠲᠣᠲᠤᠷᠠᠬᠢ ᠠᠵᠢᠯ ᠢᠶᠠᠨ ᠰᠠᠶᠢᠲᠤᠷ ᠬᠢᠭᠲᠦᠨ ᠭᠡᠵᠦ ᠤᠷᠢᠳᠠᠴᠢ ᠨᠥᠬᠦᠴᠡᠯ ᠨᠡᠮᠡᠬᠦ ᠬᠡᠷᠡᠭᠲᠡᠢ ᠪᠠᠶᠢᠨ᠎ᠠ᠃ ᠡᠰᠡ ᠲᠡᠶᠢᠮᠦ ᠪᠣᠯ 8 ᠴᠠᠭ ᠤᠨ ᠲᠣᠲᠣᠷᠠᠬᠢ ᠠᠵᠢᠯ ᠳᠤ ᠪᠠᠨ ᠴᠦ ᠬᠠᠰᠢ ᠶᠠᠰᠢ ᠬᠠᠨᠳᠤᠳᠠᠭ ᠬᠥᠮᠥᠨ᠂ 8 ᠴᠠᠭ ᠤᠨ ᠭᠠᠳᠠᠨ᠎ᠠ ᠶᠠᠮᠠᠷ ᠶᠡᠭᠡ ᠠᠮᠵᠢᠯᠲᠠ ᠪᠠᠨ ᠭᠠᠷᠭᠠᠵᠤ ᠴᠢᠳᠠᠨ᠎ᠠ ᠪᠢᠯᠡ︖ ᠶᠠᠫᠣᠨ ᠤ ᠨᠢᠭᠡᠨ ᠭᠦᠨ ᠤᠬᠠᠭᠠᠨᠳᠠᠨ᠄ ᠬᠥᠮᠥᠨ ᠬᠠᠮᠢᠭ᠎ᠠ ᠠᠴᠠ ᠲᠣᠭᠤᠰᠤᠲᠤ ᠶᠢᠷᠲᠢᠨᠴᠦ ᠠᠴᠠ ᠬᠤᠯᠠᠳᠠᠬᠤ ᠶᠢ ᠬᠡᠷᠡᠭᠰᠡᠬᠦ ᠪᠢᠯᠡ︖ ᠠᠵᠢᠯ ᠤᠨ ᠭᠠᠵᠠᠷ ᠪᠣᠯ ᠣᠶᠣᠨ ᠰᠠᠨᠠᠭ᠎ᠠ ᠪᠠᠨ ᠪᠢᠰᠢᠯᠭᠠᠬᠤ ᠬᠠᠮᠤᠭ ᠤᠨ ᠰᠠᠶᠢᠨ ᠲᠠᠯᠠᠪᠤᠷ ᠮᠥᠨ᠂ ᠠᠵᠢᠯ ᠤᠨ ᠲᠣᠰ ᠪᠡᠶ᠎ᠡ ᠨᠢ ᠳᠠᠷᠤᠢ ᠨᠢᠭᠡ ᠵᠦᠢᠯ ᠤᠨ ᠪᠢᠰᠢᠯᠭᠠᠯ ᠮᠥᠨ ᠭᠡᠵᠡᠢ᠃ ᠬᠡᠯᠡᠵᠦ ᠪᠠᠶᠢᠭ᠎ᠠ ᠨᠢ ᠶᠠᠭ ᠡᠨᠡ ᠶᠣᠰᠣ ᠪᠢᠯᠡ᠃ ᠦᠨᠡᠨ ᠳᠤ ᠪᠠᠨ᠂ ᠶᠠᠮᠠᠷ ᠴᠦ ᠠᠵᠢᠯ ᠭᠡᠳ ᠬᠢᠯᠪᠠᠷᠬᠠᠨ ᠪᠢᠰᠢ ᠶᠤᠮ᠂ ᠨᠡᠩ ᠴᠦ ᠶᠠᠮᠠᠷᠪᠠ ᠠᠵᠢᠯ ᠭᠡᠳ ᠡᠬᠢᠯᠡᠮᠡᠭᠴᠡ ᠪᠠᠨ ᠰᠠᠷᠠᠭᠤᠯ ᠢᠷᠡᠭᠡᠳᠦᠢ ᠣᠯᠭᠤᠨ᠎ᠠ ᠬᠡᠮᠡᠨ ᠠᠮᠠᠯᠠᠬᠤ ᠪᠠᠷ ᠦᠭᠡᠢ᠃ ᠶᠠᠮᠠᠷ ᠴᠦ ᠠᠮᠵᠢᠯᠲᠠ ᠪᠦᠷ ᠴᠢᠨᠦ ᠤᠯᠠ ᠰᠠᠭᠤᠷᠢ ᠲᠠᠢ ᠯᠠᠪᠳᠠᠭᠤᠨ ᠪᠠᠲᠤᠲᠠᠢ ᠪᠠᠷ ᠵᠢᠳᠬᠦᠨ ᠴᠢᠷᠮᠠᠶᠢᠬᠤ ᠶᠢ ᠯᠠ ᠬᠡᠷᠡᠭᠰᠡᠨ᠎ᠡ᠃ ᠬᠥᠮᠥᠨ ᠤ ᠬᠤᠭᠤᠷᠤᠨᠳᠤᠬᠢ ᠵᠦᠷᠢᠶ᠎ᠡ ᠤᠯᠠᠮ ᠢᠶᠠᠷ ᠶᠡᠬᠡᠰᠥᠭᠰᠡᠨ ᠤ ᠰᠢᠯᠲᠠᠭᠠᠨ ᠨᠢ ᠵᠠᠷᠢᠮ ᠬᠥᠮᠥᠨ ᠡᠬᠢᠯᠡᠮᠡᠭᠴᠡ ᠰᠡᠳᠬᠢᠯ ᠲᠠᠯᠪᠢᠨ ᠠᠵᠢᠯ ᠬᠢᠬᠦ ᠶᠢᠨ ᠴᠢᠬᠤᠯᠠ ᠴᠢᠨᠠᠷ ᠢ ᠰᠠᠶᠢᠨ ᠮᠡᠳᠡᠨ᠎ᠡ᠂ ᠵᠠᠷᠢᠮ ᠬᠥᠮᠥᠨ ᠬᠠᠷᠢᠨ ᠶᠡᠷᠦ ᠠᠴᠠ ᠡᠪᠯᠡᠭᠦᠯᠵᠦ ᠳᠥᠩᠭᠡᠬᠦ ᠶᠢ ᠡᠷᠡᠬᠡᠢ ᠮᠡᠷᠭᠡᠨ ᠢᠶᠠᠷ ᠦᠵᠡᠵᠦ᠂ ᠡᠴᠦᠰ ᠲᠤ ᠪᠠᠨ ᠪᠣᠯᠭᠤᠮᠵᠢ ᠠᠯᠳᠠᠭᠠᠳ ᠢᠷᠡᠭᠡᠳᠦᠢ ᠪᠠᠨ ᠬᠠᠷᠠᠯᠠᠭᠤᠯᠵᠤ ᠪᠠᠶᠢᠭ᠎ᠠ ᠲᠡᠳᠦᠢ ᠶᠤᠮ᠃ ᠬᠥᠮᠥᠨ ᠤ ᠠᠮᠢᠳᠤᠷᠠᠯ ᠪᠣᠯ ᠵᠠᠮ ᠬᠠᠷᠭᠤᠢ ᠠᠳᠠᠯᠢ᠂ ᠬᠠᠮᠤᠭ ᠤᠨ ᠲᠦᠲᠡ ᠵᠠᠮ ᠨᠢ ᠶᠡᠷᠦᠳᠡ ᠪᠠᠨ ᠬᠠᠮᠤᠭ ᠤᠨ ᠮᠠᠭᠤ ᠵᠠᠮ ᠮᠥᠨ᠂ ᠡᠨᠡ ᠪᠣᠯ ᠮᠡᠷᠭᠡᠨ ᠦᠭᠡ ᠪᠣᠯᠠᠢ᠃ ᠠᠵᠢᠯ ᠳᠤ ᠪᠠᠨ ᠬᠠᠰᠢ ᠶᠠᠰᠢ ᠬᠠᠨᠳᠤᠬᠤ ᠶᠢ ᠬᠡᠵᠢᠶᠡᠳᠡ ᠪᠢᠲᠡᠭᠡᠢ ᠰᠠᠨᠠᠭᠠᠷᠬ᠎ᠠ᠂ ᠴᠢ ᠠᠵᠢᠯ ᠳᠤ ᠪᠠᠨ ᠶᠠᠮᠠᠷ ᠶᠠᠩᠵᠤ ᠶᠢᠨ ᠣᠪᠣᠷ ᠢᠶᠠᠷ ᠬᠠᠨᠳᠤᠪᠠᠯ ᠶᠠᠮᠠᠷ ᠶᠠᠩᠵᠤ ᠶᠢᠨ ᠬᠥᠮᠥᠨ ᠤ ᠠᠮᠢᠳᠤᠷᠠᠯ ᠢ ᠥᠩᠭᠡᠷᠡᠭᠡᠬᠦ ᠶᠤᠮ᠃                                                                                                                  ᠨᠢᠶᠠᠨ ᠢ ᠶᠢᠨ ᠵᠣᠬᠢᠶᠠᠯ ᠢ ᠴ᠊᠂ ᠬᠠᠰᠪᠠᠭᠠᠳᠤᠷ ᠮᠣᠩᠭᠤᠯᠴᠢᠯᠠᠪᠠ  
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号