ᠮᠢᠵᠢᠳᠰᠠᠩᠪᠤ | ︵ᠬᠤᠯᠪᠣᠭ᠎ᠠ︶ | ᠠᠭᠠᠷᠣ ᠽᠠᠨᠳᠠᠨ ᠬᠤᠭᠤᠷ ᠮᠢᠨᠢ | ᠠᠶᠠᠰ ᠨᠢ ᠲᠠᠭᠠᠷᠠᠭᠠᠳ ᠬᠠᠨᠭ᠍ᠭᠢᠨᠠᠯᠠ | ᠠᠷᠪᠠ ᠶᠢᠰᠦᠳᠦᠭᠡᠷ ᠶᠡᠭᠡ ᠬᠤᠷᠠᠯ ᠢ | ᠠᠯᠳᠠᠷᠰᠢᠭᠤᠯᠣᠨ ᠮᠠᠬᠳᠠᠵᠦ ᠲᠠᠭᠤᠯᠠᠶ᠎ᠠ | ᠤᠭ᠍ᠶᠤᠨ ᠰᠢᠬᠢᠳᠭᠡᠭᠦᠷᠢᠳᠦ ᠬᠤᠭᠤᠷ ᠮᠢᠨᠢ | ᠣᠳᠠᠰᠣ ᠨᠢ ᠲᠠᠭᠠᠷᠠᠭᠠᠳ ᠬᠦᠡᠭᠭᠢᠨᠡᠯᠡ | ᠣᠷᠣᠬᠰᠢᠯᠠᠨ ᠲᠠᠪᠰᠢᠬᠰᠠᠨ ᠴᠠᠬ ᠡᠷᠡᠨ ᠢᠶᠠᠨ | ᠣᠶᠠᠩᠭᠠᠯᠠᠵᠦ ᠮᠠᠬᠳᠠᠨ ᠬᠤᠯᠪᠣᠶ᠎ᠠ | ︽ᠶᠡᠭᠡ ᠬᠤᠷᠠᠯ︾ ᠤᠨ ᠵᠣᠷᠢᠬ ᠰᠠᠨᠠᠭ᠎ᠠ | ᠠᠷᠠᠳ ᠤᠨ ᠰᠡᠳᠭᠢᠯ ᠳᠤ ᠬᠠᠳᠠᠩᠰᠢᠵᠠᠢ | ᠶᠡᠷᠦᠩᠬᠡᠢ ᠱᠦᠵᠢ ᠶᠢᠨ ᠢᠯᠡᠳᠭᠡᠯ | ᠠᠮᠵᠢᠯᠳᠠ ᠳᠤ ᠬᠦᠷᠬᠦ ᠶᠢ ᠣᠷᠢᠶᠠᠯᠠᠵᠠᠢ | ᠰᠢᠨ᠎ᠡ ᠪᠠᠷ ᠰᠣᠩᠭᠤᠬᠳᠠᠬᠰᠠᠨ ᠣᠳᠣᠷᠢᠳᠬᠤ ᠪᠠᠬ | ᠠᠤᠭ᠎ᠠ ᠬᠠᠷᠠᠯᠳᠠ ᠪᠠᠨ ᠲᠣᠬᠳᠠᠭᠠᠵᠠᠢ | ᠴᠢᠨᠡᠭᠡᠯᠢᠭ ᠨᠡᠶᠢᠭᠡᠮ ᠢ ᠪᠠᠶᠢᠭᠤᠯᠬᠤ | ᠠᠵᠢᠯ ᠤᠨ ᠲᠦᠰᠦᠪ ᠢᠶᠠᠨ ᠵᠢᠷᠣᠬᠯᠠᠵᠠᠢ | ᠦᠡᠭᠭᠡᠷᠡᠭᠰᠡᠨ ᠲᠠᠪᠣᠨ ᠵᠢᠯ ᠤᠨ ᠠᠵᠢᠯ ᠢᠶᠠᠨ | ᠦᠨᠡᠯᠡᠵᠦ ᠳ᠋ᠦᠡᠭᠨᠡᠭᠰᠡᠨ ᠶᠡᠭᠡ ᠬᠤᠷᠠᠯ | ᠦᠭᠡᠷᠡᠴᠢᠯᠡᠯᠳᠡ ᠨᠡᠭᠡᠭᠡᠯᠳᠡ ᠶᠢ ᠬᠦᠨᠵᠡᠭᠡᠶᠢᠷᠡᠭᠦᠯᠦᠭᠰᠡᠨ | ᠦᠭᠡᠳᠡᠯᠡᠯ ᠬᠦᠭᠵᠢᠯᠳᠡ ᠶᠢᠨ ᠶᠡᠭᠡ ᠬᠤᠷᠠᠯ | ᠠᠮᠢ ᠠᠬᠤᠢ ᠶᠢᠨ ᠪᠠᠶᠢᠭᠤᠯᠣᠯᠳᠠ ᠶᠢ | ᠬᠦᠨᠳᠦ ᠪᠠᠷ ᠦᠵᠡᠭᠰᠡᠨ ᠶᠡᠭᠡ ᠬᠤᠷᠠᠯ | ᠠᠷᠠᠳ ᠲᠦᠮᠡᠨ ᠤ ᠠᠮᠢᠳᠣᠷᠠᠯ ᠢ | ᠬᠠᠯᠠᠮᠵᠢᠯᠠᠨ ᠲᠡᠮᠵᠢᠭᠰᠡᠨ ᠶᠡᠭᠡ ᠬᠤᠷᠠᠯ | ᠬᠠᠦᠯᠢ ᠪᠠᠷ ᠣᠯᠣᠰ ᠢᠶᠠᠨ ᠵᠠᠰᠠᠬᠤ ᠶᠢ | ᠴᠢᠬᠤᠯᠠᠴᠢᠯᠠᠨ ᠲᠣᠷᠠᠳᠣᠬᠰᠠᠨ ᠶᠡᠭᠡ ᠬᠤᠷᠠᠯ | ᠬᠤᠪᠳᠤᠬ ᠰᠢᠨᠣᠬᠠᠢ ᠱᠠᠮᠰᠢᠬᠰᠠᠳ ᠢ | ᠢᠯᠡᠴᠢᠯᠡᠨ ᠰᠢᠳᠭᠡᠭᠰᠡᠨ ᠶᠡᠭᠡ ᠬᠤᠷᠠᠯ | ᠠᠭᠤᠣ ᠨᠠᠮ ᠤᠨ ᠣᠳᠣᠷᠢᠳᠣᠯᠭ᠎ᠠ ᠪᠠᠷ | ᠠᠵᠢᠯ ᠢᠶᠠᠨ ᠵᠢᠯᠣᠭᠤᠳᠣᠭᠤᠯᠣᠬᠰᠠᠨ ᠶᠡᠭᠡ ᠬᠤᠷᠠᠯ | ᠠᠷᠠᠳ ᠤᠨ ᠠᠮᠢᠳᠣᠷᠠᠯ ᠤᠨ ᠬᠢᠷᠢ ᠲᠦᠪᠰᠢᠨ ᠢ | ᠠᠬᠢᠭᠤᠯᠣᠨ ᠲᠡᠭᠡᠭᠰᠢᠯᠡᠭᠦᠯᠦᠭᠰᠡᠨ ᠶᠡᠭᠡ ᠬᠤᠷᠠᠯ | ᠲᠡᠦᠬᠡᠳᠦ ᠶᠡᠭᠡ ᠠᠮᠵᠢᠯᠳᠠ ᠪᠠᠨ | ᠲᠣᠩᠬᠠᠬᠯᠠᠵᠦ ᠮᠡᠳᠡᠭᠡᠯᠡᠭᠰᠡᠨ ᠶᠡᠭᠡ ᠬᠤᠷᠠᠯ | ᠲᠦᠷᠦ ᠣᠯᠣᠰ ᠤᠨ ᠢᠶᠠᠨ ᠬᠦᠭᠵᠢᠯᠳᠡ ᠶᠢ | ᠲᠦᠷᠭᠡᠳᠭᠡᠵᠦ ᠴᠡᠴᠡᠭᠯᠡᠭᠦᠯᠦᠭᠰᠡᠨ ᠶᠡᠭᠡ ᠬᠤᠷᠠᠯ | ᠦᠨᠳᠦᠰᠦᠨ ᠠᠷᠭ᠎ᠠ ᠪᠣᠳᠣᠯᠭ᠎ᠠ ᠪᠠᠨ | ᠭᠤᠣᠯᠳᠠᠭᠤᠯᠵᠦ ᠲᠣᠬᠳᠠᠭᠠᠬᠰᠠᠨ ᠶᠡᠭᠡ ᠬᠤᠷᠠᠯ | ᠦᠵᠡᠰᠬᠦᠯᠡᠩᠳᠦ ᠰᠠᠶᠢᠬᠠᠨ ᠲᠣᠮᠳᠠᠳᠦ ᠪᠠᠨ | ᠭᠤᠶᠣᠵᠢᠭᠤᠯᠵᠦ ᠮᠠᠨᠳᠣᠭᠤᠯᠬᠤ ᠶᠡᠭᠡ ᠬᠤᠷᠠᠯ | ᠡᠩᠬᠡ ᠲᠠᠶᠢᠪᠤᠡᠭ ᠠᠷᠠᠳᠴᠢᠯᠠᠯ ᠢ | ᠡᠷᠬᠢᠮᠯᠡᠨ ᠰᠠᠨᠠᠭᠠᠴᠢᠯᠠᠬᠰᠠᠨ ᠶᠡᠭᠡ ᠬᠤᠷᠠᠯ | ᠡᠬᠡ ᠣᠯᠣᠰ ᠤᠨ ᠢᠶᠠᠨ ᠨᠢᠭᠡᠳᠦᠯ ᠢ | ᠡᠷᠳᠡᠭᠡᠨ ᠪᠡᠶᠡᠯᠡᠭᠦᠯᠬᠦ ᠶᠡᠭᠡ ᠬᠤᠷᠠᠯ | ᠮᠠᠷᠺᠰ ᠯᠧᠨᠢᠨ ᠤ ᠣᠨᠣᠯ ᠢᠶᠠᠷ | ᠵᠦᠭᠯᠡᠭᠦᠷ ᠪᠣᠯᠭᠠᠬᠰᠠᠨ ᠶᠡᠭᠡ ᠬᠤᠷᠠᠯ | ︽ᠭᠤᠷᠪᠠ ᠶᠢ ᠲᠦᠯᠦᠭᠡᠯᠡᠬᠦ︾ ᠦᠵᠡᠯ ᠰᠠᠨᠠᠭ᠎ᠠ ᠶᠢ | ᠭᠤᠶᠢᠪᠢᠰᠢ ᠦᠭᠡᠢ ᠬᠡᠷᠡᠭᠵᠢᠭᠦᠯᠦᠭᠰᠡᠨ ᠶᠡᠭᠡ ᠬᠤᠷᠠᠯ | ᠰᠢᠨᠵᠢᠯᠡᠬᠦ ᠣᠬᠠᠭᠠᠨ ᠤ ᠬᠦᠭᠵᠢᠯᠳᠡ ᠶᠢᠨ ᠦᠵᠡᠯᠳᠡ ᠶᠢ | ᠴᠢᠬᠤᠯᠠᠴᠢᠯᠠᠨ ᠲᠣᠣᠱᠯᠠᠭᠤᠯᠣᠬᠰᠠᠨ ᠶᠡᠭᠡ ᠬᠤᠷᠠᠯ | ᠲᠣᠮᠳᠠᠳᠦ ᠶᠢᠨ ᠣᠨᠴᠠᠯᠢᠬ ᠲᠠᠢ ᠨᠡᠶᠢᠭᠡᠮ ᠵᠢᠷᠣᠮ ᠤᠨ ᠦᠵᠡᠯ ᠰᠠᠨᠠᠭ᠎ᠠ ᠶᠢ | ᠡᠷᠡᠰ ᠪᠠᠷᠢᠮᠳᠠᠯᠠᠬᠰᠠᠨ ᠶᠡᠭᠡ ᠬᠤᠷᠠᠯ | ᠳ᠋ᠧᠡᠭ ᠰᠢᠶᠣᠣ ᠫᠢᠡᠭ ᠤᠨ ᠣᠨᠣᠯ ᠢᠶᠠᠷ | ᠵᠢᠯᠣᠭᠤᠳᠣᠯᠭ᠎ᠠ ᠪᠣᠯᠭᠠᠬᠰᠠᠨ ᠶᠡᠭᠡ ᠬᠤᠷᠠᠯ | ᠲᠡᠯᠭᠡᠷ ᠪᠠᠶᠠᠨ ᠲᠣᠮᠳᠠᠳᠦ ᠣᠯᠣᠰ ᠢᠶᠠᠨ | ᠲᠡᠭᠵᠢᠷᠡᠭᠦᠯᠦᠨ ᠬᠦᠴᠦᠷᠬᠡᠭᠵᠢᠭᠦᠯᠬᠦ ᠶᠡᠭᠡ ᠬᠤᠷᠠᠯ | ᠢᠯᠠᠯᠳᠠ ᠠᠮᠵᠢᠯᠳᠠ ᠪᠠᠨ ᠳ᠋ᠦᠡᠭᠨᠡᠭᠰᠡᠨ | ᠠᠯᠣᠰ ᠤᠨ ᠬᠠᠷᠠᠯᠳᠠ ᠲᠠᠢ ᠶᠡᠭᠡ ᠬᠤᠷᠠᠯ | ᠶᠠᠳᠠᠭᠤ ᠠᠴᠠ ᠠᠩᠭᠢᠵᠢᠷᠠᠭᠤᠯᠬᠤ ᠲᠦᠯᠦᠪᠯᠡᠭᠡ ᠶᠢ | ᠶᠠᠷᠢᠯᠴᠠᠵᠦ ᠲᠣᠬᠳᠠᠭᠠᠬᠰᠠᠨ ᠶᠡᠭᠡ ᠬᠤᠷᠠᠯ | ᠠᠷᠠᠳ ᠲᠦᠮᠡᠨ ᠳᠤ ᠦᠢᠯᠡᠴᠢᠯᠡᠬᠦ ᠪᠠᠷ | ᠵᠣᠷᠢᠯᠳᠠ ᠪᠠᠨ ᠪᠣᠯᠭᠠᠬᠰᠠᠨ ᠶᠡᠭᠡ ᠬᠤᠷᠠᠯ | ᠠᠷᠢᠭᠤᠨ ᠴᠢᠭᠡᠴᠢ ᠪᠠᠷ ᠵᠠᠰᠠᠬ ᠶᠠᠪᠣᠭᠤᠯᠬᠤ ᠪᠠᠷ | ᠵᠠᠷᠴᠢᠮ ᠪᠣᠯᠭᠠᠬᠰᠠᠨ ᠶᠡᠭᠡ ᠬᠤᠷᠠᠯ | ᠠᠭᠤᠣ ᠲᠣᠮᠳᠠᠳᠦ ᠶᠢᠨ ᠲᠦᠮᠡᠨ ᠤ ᠪᠠᠨ ᠬᠦᠰᠡᠯ ᠢ | ᠲᠣᠰᠬᠠᠬᠰᠠᠨ ᠶᠡᠭᠡ ᠬᠤᠷᠠᠯ | ᠠᠯᠳᠠᠨ ᠲᠡᠯᠡᠬᠡᠢ ᠶᠢᠨ ᠣᠯᠣᠰ ᠣᠷᠣᠨ ᠤ ᠠᠩᠬᠠᠷᠣᠯ ᠢ | ᠲᠠᠳᠠᠬᠰᠠᠨ ᠶᠡᠭᠡ ᠬᠤᠷᠠᠯ | ᠠᠷᠪᠠ ᠶᠢᠰᠦᠳᠦᠭᠡᠷ ᠶᠡᠭᠡ ᠬᠤᠷᠠᠯ ᠢᠶᠠᠷ | ᠠᠯᠢᠪᠠ ᠦᠢᠯᠡᠰ ᠢᠶᠠᠨ ᠵᠢᠯᠣᠭᠤᠳᠣᠭᠤᠯᠣᠶᠠ | ᠠᠭᠤᠣ ᠲᠠᠶᠢᠴᠢᠨ ᠨᠠᠮ ᠢᠶᠠᠨ ᠲᠠᠭᠠᠭᠠᠳ | ᠠᠯᠬᠤᠮ ᠢᠶᠠᠨ ᠨᠢᠭᠡᠳᠭᠡᠵᠦ ᠣᠷᠣᠬᠰᠢᠯᠠᠶᠠ | ᠰᠢᠨ᠎ᠡ ᠴᠠᠬ ᠦᠶ᠎ᠡ ᠳᠤ ᠲᠠᠪᠰᠢᠨ ᠣᠷᠣᠭᠠᠳ | ᠰᠢᠵᠢᠷ ᠲᠡᠦᠬᠡ ᠶᠢ ᠪᠢᠴᠢᠭᠯᠡᠶ᠎ᠡ | ᠰᠢ ᠲᠡᠷᠢᠭᠦᠯᠡᠭᠴᠢ ᠪᠠᠨ ᠪᠢᠰᠢᠷᠡᠨ ᠬᠦᠷᠢᠶᠡᠯᠡᠭᠡᠳ | ᠴᠢᠨᠡᠭᠡᠯᠢᠭ ᠨᠡᠶᠢᠭᠡᠮ ᠢ ᠪᠦᠳᠦᠭᠡᠨ ᠪᠠᠶᠢᠭᠤᠯᠣᠶ᠎ᠠ | | |