ᠬᠤᠷᠴᠢᠨ ᠵᠡᠬᠦᠨ ᠭᠠᠷᠤᠨ ᠬᠤᠶᠢᠲᠤ ᠬᠤᠰᠢᠭᠤᠨ ᠤ ᠬᠠᠯᠢᠭᠤᠲᠤ ᠪᠠᠯᠭᠠᠰᠤᠨ ᠤ ᠬᠠᠯᠢᠭᠤᠲᠤ ᠭᠠᠴᠠᠭᠠᠨ ᠤ | ᠨᠠᠷᠠᠨᠴᠢᠮᠡᠭ ᠪᠤᠯ ᠪᠤᠳᠠᠰ ᠤᠨ ᠪᠤᠰᠤ ᠰᠤᠶᠤᠯ ᠤᠨ ᠦᠪ ᠤᠨ ᠲᠦᠷᠦᠯ ᠵᠦᠢᠯ ᠤᠨ ︽ᠬᠤᠷᠴᠢᠨ ᠬᠤᠪᠴᠠᠰᠦ ᠵᠠᠰᠠᠯ | ᠬᠢᠬᠦ ᠤᠷ᠎ᠠ ᠮᠡᠷᠬᠡᠵᠢᠯ︾ ᠤᠨ ᠬᠤᠳᠠ ᠶᠢᠨ ᠲᠡᠰ ᠤᠨ ᠲᠦᠯᠦᠬᠡᠯᠡᠬᠦ ᠴᠢᠨᠠᠷᠲᠡᠢ ᠤᠯᠠᠮᠵᠢᠯᠠᠭᠴᠢ ᠮᠦᠨ᠃ ᠲᠡᠷᠡ ᠪᠠᠷ | ᠳᠡᠬᠡᠷ᠎ᠡ ᠦᠶ᠎ᠡ ᠶᠢᠨ ᠬᠢᠨ ᠠᠴᠠ ᠪᠠᠨ ᠬᠤᠷᠴᠢᠨ ᠬᠤᠪᠴᠠᠰᠦ ᠵᠠᠰᠠᠯ ᠬᠢᠬᠦ ᠤᠷ᠎ᠠ ᠮᠡᠷᠬᠡᠵᠢᠯ ᠢ ᠤᠯᠠᠮᠵᠢᠯᠠᠨ | ᠵᠠᠯᠭᠠᠮᠵᠢᠯᠠᠵᠦ᠂ ᠦᠪᠡᠷ ᠤᠨ ᠤᠳᠠᠭᠠᠨ ᠵᠢᠯ ᠤᠨ ᠰᠤᠷᠤᠯᠴᠠᠯᠭ᠎ᠠ ᠰᠤᠳᠤᠯᠤᠯᠳᠠ ᠪᠠᠷ ᠢᠶᠠᠨ ᠲᠠᠮᠵᠢᠨ᠂ ᠬᠤᠷᠴᠢᠨ ᠤ | ᠤᠯᠠᠮᠵᠢᠯᠠᠯᠲᠤ ᠬᠤᠪᠴᠠᠰᠦ ᠵᠠᠰᠠᠯ ᠤᠨ ᠦᠪᠡᠷᠮᠢᠴᠡ ᠷᠢᠳᠢ ᠰᠢᠳᠢ ᠶᠢ ᠲᠠᠰᠤᠷᠠᠯᠳᠠ ᠦᠬᠡᠢ ᠤᠯᠠᠮᠵᠢᠯᠠᠨ | ᠪᠠᠳᠠᠷᠠᠭᠤᠯᠤᠭᠰᠠᠨ ᠪᠠᠶᠢᠨ᠎ᠠ᠃ | ᠬᠠᠯᠢᠭᠤᠲᠤ ᠪᠠᠯᠭᠠᠰᠤᠨ ᠤ ᠪᠠᠶᠠᠨ ᠮᠤᠩᠭᠤᠯ ᠬᠤᠪᠴᠠᠰᠦ ᠵᠠᠰᠠᠯ ᠤᠨ ᠳᠡᠯᠬᠡᠬᠦᠷ ᠲᠤ ᠤᠷᠤᠬᠤ ᠳᠤ᠂ | ᠠᠵᠢᠯ ᠤᠨ ᠲᠠᠶᠢᠰᠠᠨ ᠤ ᠠᠷᠤ ᠳᠤ ᠡᠯᠬᠦᠬᠡᠰᠦᠲᠡᠢ ᠬᠤᠷᠴᠢᠨ ᠮᠤᠩᠭᠤᠯᠴᠤᠳ ᠤᠨ ᠬᠤᠪᠴᠠᠰᠦ ᠵᠠᠰᠠᠯ ᠨᠢ | ᠬᠦᠮᠦᠰ ᠤᠨ ᠠᠩᠬᠠᠷᠤᠯ ᠢ ᠤᠨᠴᠠ ᠲᠠᠳᠠᠵᠦ᠂ ᠬᠤᠷᠴᠢᠨ ᠮᠤᠩᠭᠤᠯᠴᠤᠳ ᠤᠨ ᠬᠤᠪᠴᠠᠰᠦ ᠵᠠᠰᠠᠯ ᠤᠨ ᠷᠢᠳᠢ | ᠰᠢᠳᠢ ᠶᠢ ᠭᠠᠶᠢᠬᠠᠭᠤᠯᠵᠦ ᠪᠠᠶᠢᠯ᠎ᠠ᠃ ᠨᠠᠷᠠᠨᠴᠢᠮᠡᠭ᠄ ︽ᠬᠠᠷᠠᠬᠠᠨ ᠪᠠᠭ᠎ᠠ ᠠᠴᠠ ᠪᠠᠨ ᠤᠷᠠᠨ ᠬᠠᠳᠬᠤᠮᠠᠯ ᠵᠡᠷᠬᠡ ᠳᠤ | ᠶᠡᠭᠡ ᠬᠤᠷᠤᠬᠠᠢ ᠲᠠᠢ ᠪᠠᠶᠢᠵᠦ᠂ ᠡᠮᠡᠭᠡ ᠪᠤᠯᠤᠨ ᠡᠵᠢ ᠪᠠᠨ ᠲᠠᠭᠠᠵᠦ ᠦᠨᠳᠦᠰᠦᠲᠡᠨ ᠤ ᠭᠠᠷ ᠤᠷᠠᠯᠠᠯ ᠤᠨ ᠤᠷ᠎ᠡ | ᠮᠡᠷᠬᠡᠵᠢᠯ ᠢ ᠰᠤᠷᠴᠤ᠂ ᠬᠤᠷᠴᠢᠨ ᠬᠤᠪᠴᠠᠰᠦ ᠵᠠᠰᠠᠯ ᠤᠨ ᠷᠢᠳᠢ ᠰᠢᠳᠢ ᠳᠤ ᠲᠠᠳᠠᠭᠳᠠᠵᠦ᠂ ᠤᠯᠠᠮᠵᠢᠯᠠᠯᠲᠤ ᠭᠠᠷ | ᠤᠷᠠᠯᠠᠯ ᠳᠤ ᠬᠦᠨ ᠰᠤᠨᠢᠷᠬᠠᠯ ᠲᠠᠢ ᠪᠤᠯᠤᠭᠰᠠᠨ ᠪᠠᠶᠢᠨ᠎ᠠ︾ ᠭᠡᠵᠦ ᠰᠤᠷᠪᠤᠯᠵᠢᠯᠠᠭᠴᠢ ᠳᠤ ᠶᠠᠷᠢᠵᠤ ᠪᠠᠶᠢᠯ᠎ᠠ᠃ | ᠬᠤᠷᠴᠢᠨ ᠬᠤᠪᠴᠠᠰᠦ ᠵᠠᠰᠠᠯ ᠨᠢ ᠭᠤᠶᠢᠲᠠ ᠰᠠᠶᠢᠬᠠᠨ ᠦᠡᠭᠬᠡ ᠪᠤᠳᠤᠭ ᠲᠠᠢ᠂ ᠲᠦᠪ ᠡᠷᠬᠢᠮ ᠭᠤᠶᠤ ᠬᠡᠬᠡᠨᠴᠢᠷ | ᠪᠠᠶᠢᠵᠦ᠂ ᠭᠠᠵᠠᠷ ᠤᠷᠤᠨ ᠬᠢᠬᠡᠳ ᠦᠨᠳᠦᠰᠦᠲᠡᠨ ᠤ ᠤᠨᠴᠠᠯᠢᠭ ᠢᠶᠠᠷ ᠲᠤᠪᠤᠶᠢᠮ᠎ᠠ ᠪᠠᠶᠢᠵᠦ᠂ ᠨᠡᠯᠢᠶᠡᠳ ᠦᠨᠳᠦᠷ | ᠲᠡᠤᠬᠡ ᠶᠢᠨ ᠦᠷᠳᠡᠭ ᠬᠢᠬᠡᠳ ᠰᠤᠶᠤᠯ ᠤᠨ ᠦᠷᠳᠡᠭ ᠲᠠᠢ ᠪᠠᠶᠢᠳᠠᠭ᠃ 2007 ᠤᠨ ᠳᠤ ᠬᠤᠷᠴᠢᠨ ᠬᠤᠪᠴᠠᠰᠦ | ᠵᠠᠰᠠᠯ ᠨᠢ ᠦᠪᠦᠷ ᠮᠤᠩᠭᠤᠯ ᠤᠨ ᠦᠪᠡᠷᠲᠡᠬᠡᠨ ᠵᠠᠰᠠᠬᠤ ᠤᠷᠤᠨ ᠤ ᠪᠤᠳᠠᠰ ᠤᠨ ᠪᠤᠰᠤ ᠰᠤᠶᠤᠯ ᠤᠨ ᠦᠪ ᠤᠨ | ᠨᠡᠷᠡᠰ ᠲᠤ ᠵᠢᠭᠰᠠᠭᠠᠭᠳᠠᠵᠠᠢ᠃ ᠨᠠᠷᠢᠯᠢᠭ ᠰᠡᠶᠢᠯᠦᠮᠡᠯ ᠬᠠᠳᠬᠤᠮᠠᠯ᠂ ᠲᠠᠪᠠᠭ ᠬᠠᠳᠬᠤᠮᠠᠯ᠂ ᠨᠠᠭᠠᠮᠠᠯ ᠬᠠᠳᠬᠤᠮᠠᠯ | ᠵᠡᠷᠬᠡ ᠪᠤᠯ ᠬᠤᠷᠴᠢᠨ ᠬᠤᠪᠴᠠᠰᠦ ᠵᠠᠰᠠᠯ ᠤᠨ ᠬᠠᠮᠤᠭ ᠴᠢᠬᠤᠯᠠ ᠤᠨᠴᠠᠯᠢᠭ ᠪᠠ ᠤᠷ᠎ᠠ ᠮᠡᠷᠬᠡᠵᠢᠯ ᠪᠠᠶᠢᠵᠦ᠂ | ᠡᠨᠡ ᠨᠢ ᠮᠦᠨ ᠴᠦ ᠪᠤᠰᠤᠳ ᠮᠤᠩᠭᠤᠯ ᠬᠤᠪᠴᠠᠰᠦ ᠵᠠᠰᠠᠯ ᠠᠴᠠ ᠢᠯᠭᠠᠭᠳᠠᠬᠤ ᠴᠢᠬᠤᠯᠠ ᠤᠨᠴᠠᠯᠢᠭ ᠪᠤᠯᠤᠨ᠎ᠠ᠃ | ᠤᠯᠠᠨ ᠵᠢᠯ ᠤᠨ ᠲᠤᠷᠰᠢ᠂ ᠨᠠᠷᠠᠨᠴᠢᠮᠡᠭ ᠬᠤᠷᠴᠢᠨ ᠬᠠᠳᠬᠤᠮᠠᠯ ᠤᠷᠠᠯᠠᠯ ᠢ ᠰᠢᠷᠭᠠᠭᠤ ᠬᠠᠳᠠᠭᠤᠵᠢᠯᠳᠠᠢ ᠰᠤᠷᠤᠯᠴᠠᠵᠦ | ᠂ ᠦᠪᠡᠷᠲᠡᠬᠡᠨ ᠵᠠᠰᠠᠬᠤ ᠤᠷᠤᠨ᠂ ᠬᠤᠳᠠ ᠶᠢᠨ ᠬᠠᠮᠢᠶ᠎ᠠ ᠪᠦᠬᠦᠢ ᠨᠢᠬᠡᠴᠢ ᠶᠢᠨ ᠵᠤᠬᠢᠶᠠᠨ ᠪᠠᠶᠢᠭᠤᠯᠤᠭᠰᠠᠨ | ᠪᠤᠯᠪᠠᠰᠤᠷᠠᠯ ᠤᠨ ᠠᠩᠬᠢ᠂ ᠤᠷᠤᠯᠳᠤᠭᠠᠨ ᠵᠡᠷᠬᠡ ᠳᠤ ᠢᠳᠡᠪᠬᠢᠲᠡᠢ ᠤᠷᠤᠯᠴᠠᠵᠦ᠂ ᠤᠷ᠎ᠠ ᠮᠡᠷᠭᠡᠰᠢᠯ ᠢᠶᠠᠨ | ᠰᠤᠯᠢᠯᠴᠠᠵᠦ᠂ ᠮᠡᠷᠬᠡᠵᠢᠯ ᠴᠢᠳᠠᠪᠤᠷᠢ ᠪᠠᠨ ᠲᠡᠭᠡᠭᠰᠢᠯᠡᠬᠦᠯᠦᠭᠰᠡᠨ ᠪᠠᠶᠢᠨ᠎ᠠ᠃ ᠲᠡᠷᠡ ᠮᠦᠷᠲᠡᠭᠡᠨ ᠲᠠᠰᠤᠷᠠᠯᠳᠠ ᠦᠬᠡᠢ | ᠰᠤᠷᠤᠯᠴᠠᠵᠦ ᠦᠪᠡᠷ ᠢ ᠪᠠᠨ ᠲᠡᠬᠦᠯᠳᠡᠷᠵᠢᠬᠦᠯᠬᠦ ᠶᠠᠪᠤᠴᠠ ᠲᠤᠮᠳᠠ᠂ ᠨᠠᠷᠠᠨᠴᠢᠮᠡᠭ ᠪᠠᠰᠠ ᠤᠷ᠎ᠠ ᠮᠡᠷᠬᠡᠵᠢᠯ ᠢᠶᠠᠨ | ᠤᠯᠠᠮᠵᠢᠯᠠᠨ ᠵᠠᠯᠭᠠᠮᠵᠢᠯᠠᠬᠤ ᠶᠢ ᠬᠦᠨᠳᠦᠳᠬᠡᠨ ᠦᠵᠡᠵᠦ᠂ ᠨᠡᠩ ᠤᠯᠠᠨ ᠭᠠᠷ ᠤᠷᠠᠴᠢᠠ ᠢ ᠬᠦᠮᠦᠵᠢᠬᠦᠯᠵᠡᠢ᠃ ᠬᠤᠨᠭ᠌ | ᠬᠤᠸᠠ᠂ ᠨᠠᠷᠠᠨᠴᠢᠮᠡᠭ ᠢ ᠲᠠᠭᠠᠵᠦ ᠬᠤᠷᠴᠢᠨ ᠬᠤᠪᠴᠠᠰᠦ ᠵᠠᠰᠠᠯ ᠢ ᠰᠤᠷᠤᠭᠠᠳ ᠨᠢᠬᠡᠨᠳᠡ ᠭᠤᠷᠪᠠᠨ ᠵᠢᠯ ᠤᠨ | ᠨᠢᠭᠤᠷ ᠢ ᠦᠵᠡᠵᠦ ᠪᠤᠢ᠂ ᠲᠡᠷᠡ ᠪᠠᠷ ᠨᠢᠬᠡ ᠵᠡᠬᠦᠦ ᠨᠢᠬᠡ ᠤᠳᠠᠰᠦ ᠪᠠᠷ ᠡᠬᠢᠯᠡᠨ ᠰᠤᠷᠤᠯᠴᠠᠭᠠᠳ ᠤᠳᠤ ᠮᠤᠩᠭᠤᠯ | ᠬᠤᠪᠴᠠᠰᠦ ᠵᠠᠰᠠᠯ ᠬᠢᠬᠦ ᠬᠠᠳᠬᠤᠮᠠᠯ ᠤᠨ ᠤᠷ᠎ᠡ ᠮᠡᠷᠭᠡᠵᠢᠯ ᠢ ᠦᠨᠳᠦᠰᠦᠨ ᠳᠤ ᠪᠠᠨ ᠡᠵᠡᠮᠰᠢᠭᠰᠡᠨ ᠪᠠᠶᠢᠨ᠎ᠠ᠃ | — ᠪᠢ ᠠᠩᠬ᠎ᠠ ᠨᠠᠷᠠᠨᠴᠢᠮᠡᠭ ᠪᠠᠭᠰᠢ ᠶᠢᠨ ᠬᠢᠨ ᠳᠤ ᠢᠷᠡᠬᠦ ᠳᠤ ᠡᠰᠬᠡᠵᠦ ᠴᠦ ᠴᠢᠳᠠᠬᠤ ᠦᠬᠡᠢ ᠪᠠᠶᠢᠵᠠᠢ᠂ | ᠤᠳᠤ ᠪᠠᠭᠰᠢ ᠪᠠᠨ ᠲᠠᠭᠠᠵᠦ ᠭᠤᠷᠪᠠᠨ ᠵᠢᠯ ᠰᠤᠷᠤᠯᠴᠠᠭᠠᠳ ᠮᠤᠩᠭᠤᠯ ᠲᠡᠷᠯᠢᠭ ᠬᠢᠬᠦ ᠮᠡᠷᠬᠡᠵᠢᠯ ᠢ | ᠦᠨᠳᠦᠰᠦᠨ ᠳᠤ ᠪᠠᠨ ᠡᠵᠡᠮᠰᠢᠪᠡ᠃ ᠰᠤᠯᠠ ᠰᠡᠯᠡᠬᠦᠦ ᠴᠠᠭ ᠢᠶᠠᠨ ᠠᠰᠢᠭᠯᠠᠨ ᠬᠤᠪᠴᠠᠰᠦ ᠵᠠᠰᠠᠯ ᠦᠢᠯᠡᠳᠦᠬᠡᠳ | ᠠᠮᠢᠳᠤᠷᠠᠯ ᠳᠤ ᠪᠠᠭ᠎ᠠ ᠪᠤᠰᠤ ᠤᠷᠤᠯᠭ᠎ᠠ ᠨᠡᠮᠡᠭᠳᠡᠬᠦᠯᠵᠡᠢ᠃ ᠬᠤᠶᠢᠰᠢᠲᠠ ᠨᠡᠩ ᠶᠡᠭᠡ ᠴᠠᠭ ᠵᠠᠷᠤᠴᠠᠭᠤᠯᠵᠦ ᠰᠢᠮᠳᠠᠨ | ᠰᠤᠷᠤᠯᠴᠠᠬᠤ ᠪᠠᠷ ᠪᠠᠷᠠᠬᠤ ᠦᠬᠡᠢ᠂ ᠲᠡᠷᠬᠡᠳᠡᠬᠢ ᠲᠦᠷᠦᠯ ᠰᠠᠳᠤᠨ ᠨᠠᠶᠢᠵᠠ ᠨᠠᠷ ᠢᠶᠠᠨ ᠲᠠᠭᠠᠭᠤᠯᠤᠨ ᠬᠤᠷᠴᠢᠨ | ᠬᠤᠪᠴᠠᠰᠦ ᠵᠠᠰᠠᠯ ᠬᠢᠬᠦ ᠤᠷ᠎ᠠ ᠮᠡᠷᠬᠡᠵᠢᠯ ᠢ ᠰᠤᠷᠤᠯᠴᠠᠵᠦ᠂ ᠤᠯᠠᠮᠵᠢᠯᠠᠨ ᠪᠠᠳᠠᠷᠠᠭᠤᠯᠤᠶ᠎ᠠ ᠬᠡᠮᠡᠨ ᠪᠤᠳᠤᠵᠦ ᠪᠠᠶᠢᠨ᠎ᠠ | ᠭᠡᠵᠦ ᠬᠤᠨᠭ᠌ ᠬᠤᠸᠠ ᠰᠠᠨᠠᠭᠰᠠᠨ ᠪᠤᠳᠤᠭᠰᠠᠨ ᠢᠶᠠᠨ ᠰᠤᠷᠪᠤᠯᠵᠢᠯᠠᠭᠴᠢ ᠳᠤ ᠶᠠᠷᠢᠵᠤ ᠪᠠᠶᠢᠯ᠎ᠠ᠃ | ᠰᠤᠷᠪᠤᠯᠵᠢᠯᠠᠭ᠎ᠠ ᠶᠢᠨ ᠶᠠᠪᠤᠴᠠ ᠳᠤ᠂ ᠨᠠᠷᠠᠨᠴᠢᠮᠡᠭ ᠤᠨ ᠬᠤᠷᠴᠢᠨ ᠬᠤᠪᠴᠠᠰᠦ ᠵᠠᠰᠠᠯ ᠬᠢᠬᠦ ᠤᠷ᠎ᠠ ᠮᠡᠷᠬᠡᠵᠢᠯ ᠢ | ᠪᠠᠳᠠᠷᠠᠭᠤᠯᠤᠨ ᠤᠯᠠᠮᠵᠢᠯᠠᠬᠤ ᠳᠤ ᠢᠳᠡᠬᠡᠯ ᠲᠡᠬᠦᠯᠳᠡᠷ ᠪᠠᠶᠢᠬᠤ ᠶᠢ ᠪᠦᠷᠢᠮᠦᠰᠦᠨ ᠤᠯᠵᠦ ᠬᠠᠷᠠᠬᠤ ᠶᠤᠮ᠃ | ᠲᠡᠷᠡ ᠪᠠᠷ᠄ ︽ᠬᠠᠳᠬᠤᠮᠠᠯ ᠪᠤᠯ ᠬᠤᠷᠴᠢᠨ ᠬᠤᠪᠴᠠᠰᠦ ᠵᠠᠰᠠᠯ ᠤᠨ ᠴᠢᠬᠤᠯᠠ ᠪᠦᠷᠢᠯᠳᠦᠬᠦᠨ ᠬᠡᠰᠡᠭ ᠪᠠᠶᠢᠵᠦ᠂ | ᠵᠠᠪᠰᠢᠶᠠᠨ ᠲᠠᠢ ᠯᠡ ᠶᠤᠮ ᠪᠤᠯ ᠪᠤᠯᠪᠠᠰᠤᠷᠠᠯ ᠤᠨ ᠠᠩᠬᠢ ᠳᠤ ᠢᠯᠡᠬᠦᠬᠡᠨ ᠨᠡᠷ᠎ᠡ ᠮᠡᠳᠡᠬᠦᠯᠦᠨ ᠤᠷᠤᠯᠴᠠᠵᠤ᠂ | ᠡᠬᠦᠨ ᠢᠶᠠᠷ ᠲᠠᠮᠵᠢᠨ ᠭᠠᠷ ᠤᠷᠠᠯᠠᠯ ᠳᠤ ᠲᠤᠷ᠎ᠠ ᠪᠠᠬ᠎ᠠ ᠲᠠᠢ ᠨᠠᠶᠢᠵᠠ ᠨᠦᠬᠦᠳ ᠲᠠᠢ ᠤᠯᠠᠨ ᠲᠠᠨᠢᠯᠴᠠᠵᠤ᠂ ᠤᠷ᠎ᠠ | ᠮᠡᠷᠭᠡᠵᠢᠯ ᠲᠤᠷᠰᠢᠯᠭ᠎ᠠ ᠪᠠᠨ ᠰᠤᠯᠢᠯᠴᠠᠵᠦ᠂ ᠬᠠᠮᠲᠤ ᠪᠠᠷ ᠲᠠᠪᠰᠢᠵᠦ᠂ ᠤᠯᠠᠮᠵᠢᠯᠠᠯᠲᠤ ᠬᠤᠷᠴᠢᠨ ᠬᠤᠪᠴᠠᠰᠦ | ᠵᠠᠰᠠᠯ ᠤᠨ ᠷᠢᠳᠢ ᠰᠢᠳᠢ ᠶᠢ ᠭᠠᠶᠢᠬᠠᠭᠤᠯᠵᠦ᠂ ᠦᠪᠡᠷᠮᠢᠴᠡ ᠲᠠᠳᠠᠬᠤ ᠬᠦᠴᠦᠨ ᠢ ᠪᠠᠳᠠᠷᠠᠭᠤᠯᠬᠤ ᠳᠤ ᠦᠪᠡᠷ ᠤᠨ | ᠪᠠᠭ᠎ᠠ ᠴᠦ ᠬᠡᠰᠡᠨ ᠬᠤᠪᠢ ᠨᠡᠮᠡᠷᠢ ᠪᠠᠨ ᠦᠵᠡᠬᠦᠯᠦᠶ᠎ᠡ︾ ᠭᠡᠵᠦ ᠶᠠᠷᠢᠵᠤ ᠪᠠᠶᠢᠯ᠎ᠠ᠃ | ᠤᠯᠠᠨ ᠵᠢᠯ ᠤᠨ ᠲᠤᠷᠰᠢ᠂ ᠨᠠᠷᠠᠨᠴᠢᠮᠡᠭ ᠱᠠᠪᠢ ᠡᠯᠰᠡᠬᠦ᠂ ᠰᠦᠯᠵᠢᠶᠡᠨ ᠳᠡᠬᠡᠷ᠎ᠡ ᠬᠢᠴᠢᠶᠡᠯᠯᠡᠬᠦ ᠵᠡᠷᠬᠡ ᠠᠷᠭ᠎ᠠ | ᠬᠡᠯᠪᠡᠷᠢ ᠪᠠᠷ ᠲᠠᠮᠵᠢᠨ ᠬᠤᠷᠴᠢᠨ ᠬᠤᠪᠴᠠᠰᠦ ᠵᠠᠰᠠᠯ ᠬᠢᠬᠦ ᠤᠷ᠎ᠡ ᠮᠡᠷᠬᠡᠵᠢᠯ ᠢ ᠤᠯᠠᠮᠵᠢᠯᠠᠨ ᠪᠠᠳᠠᠷᠠᠭᠤᠯᠬᠤ ᠳᠤ | ᠬᠦᠴᠦᠯᠡᠵᠦ᠂ ᠮᠤᠩᠭᠤᠯ ᠬᠤᠪᠴᠠᠰᠦ ᠵᠠᠰᠠᠯ ᠬᠢᠬᠦ ᠤᠷ᠎ᠠ ᠮᠡᠷᠬᠡᠵᠢᠯ ᠢ ᠨᠡᠩ ᠤᠯᠠᠨ ᠬᠦᠮᠦᠨ ᠳᠤ ᠲᠠᠨᠢᠭᠤᠯᠤᠨ | ᠰᠤᠷᠤᠯᠴᠠᠭᠤᠯᠬᠤ ᠪᠠᠷ ᠴᠢᠷᠮᠠᠶᠢᠵᠦ ᠢᠷᠡᠯ᠎ᠡ᠃ ᠲᠡᠬᠦᠨ ᠤ ᠬᠢᠭᠰᠡᠨ ᠮᠤᠩᠭᠤᠯ ᠬᠤᠪᠴᠠᠰᠤ ᠵᠠᠰᠠᠯ ᠨᠢ ᠦᠪᠡᠷᠮᠢᠴᠡ | ᠭᠤᠶᠤ᠂ ᠬᠡᠯᠪᠡᠷᠢ ᠮᠠᠶ᠋ᠢᠬ ᠨᠢ ᠨᠡᠷᠢᠯᠢᠬ ᠭᠤᠴᠤ ᠤᠴᠢᠷ ᠠᠴᠠ ᠨᠡᠩ ᠤᠯᠠᠨ ᠬᠦᠮᠦᠨ ᠤ ᠲᠠᠭᠠᠰᠢᠶᠠᠯ ᠢ ᠤᠯᠵᠦ᠂ | ᠨᠡᠷ᠎ᠡ ᠠᠯᠳᠠᠷ ᠢ ᠨᠢ ᠰᠤᠨᠤᠰᠤᠭᠠᠳ ᠮᠤᠩᠭᠤᠯ ᠬᠤᠪᠴᠠᠰᠤ ᠵᠠᠰᠠᠯ ᠬᠢᠯᠬᠡᠬᠦ ᠪᠠᠷ ᠢᠷᠡᠬᠦ ᠬᠦᠮᠦᠨ ᠤᠯᠠᠮ ᠢᠶᠠᠷ | ᠤᠯᠠᠰᠢᠷᠠᠭᠰᠠᠨ ᠪᠠᠶᠢᠨ᠎ᠠ᠃ | | |