| | | | | | ᠨᠠᠷᠢᠮᠣ ᠪᠣᠯ ᠬᠤᠷᠴᠢᠨᠴᠣᠳ ᠤᠨ ᠴᠢᠬᠤᠯᠠ ᠲᠠᠷᠢᠮᠠᠯ ᠤᠨ ᠨᠢᠭᠡ ᠲᠦᠷᠦᠯ ᠪᠣᠯᠬᠤᠷ ᠬᠤᠷᠴᠢᠨ | ᠲᠠᠷᠢᠶᠠᠴᠢᠳ ᠠᠴᠠ ᠨᠠᠷᠢᠮᠣ ᠶᠢ ᠲᠠᠪᠣᠨ ᠲᠠᠷᠢᠶᠠᠨ ᠤ ᠲᠣᠳᠣᠷᠠᠬᠢ ᠨᠢᠭᠡ ᠨᠢ ᠭᠡᠵᠦ ᠦᠵᠡᠳᠡᠭ᠃ ᠬᠤᠷᠴᠢᠨᠴᠣᠳ | ᠨᠠᠷᠢᠮᠣ ᠶᠢ ᠮᠣᠩᠭᠤᠯ ᠠᠮᠣ᠂ ᠰᠠᠭᠠᠬ᠂ ᠨᠠᠩᠬᠢ ᠵᠡᠷᠭᠡ ᠶᠢᠨ ᠲᠠᠷᠢᠮᠠᠯ ᠠᠴᠠ ᠰᠡᠭᠦᠯ ᠳᠤ ᠲᠠᠷᠢᠬᠤ ᠪᠣᠯᠣᠬᠰᠠᠨ | ᠪᠣᠯᠪᠠᠴᠦ ᠨᠠᠷᠢᠮᠣ ᠶᠢᠨ ᠣᠯᠠᠨ ᠵᠦᠢᠯ ᠤᠨ ᠬᠡᠷᠡᠭᠴᠡᠭᠡ ᠨᠢ ᠬᠤᠷᠴᠢᠨᠴᠣᠳ ᠤᠨ ᠠᠮᠢᠳᠣᠷᠠᠯ ᠠᠬᠤᠢ ᠶᠢᠨ | ᠲᠡᠭᠡᠭᠰᠢᠯᠡᠯᠳᠡ ᠳᠤ ᠶᠡᠬᠡᠬᠡᠨ ᠬᠤᠪᠢ ᠨᠡᠮᠡᠷᠢ ᠦᠵᠡᠭᠦᠯᠦᠭᠰᠡᠨ ᠪᠢᠯᠡ᠃ | ᠨᠠᠷᠢᠮᠣ ᠶᠢᠨ ᠡᠭᠦᠰᠦᠯ ᠭᠠᠷᠣᠯ ᠵᠢᠴᠢ ᠲᠣᠮᠤᠬ ᠶᠠᠷᠢᠶ᠎ᠠ | ᠨᠠᠷᠢᠮᠣ ᠨᠢ ᠬᠤᠷᠴᠢᠨ ᠨᠣᠳᠤᠬ ᠲᠤ ᠨᠡᠯᠢᠶᠡᠳ ᠬᠤᠵᠢᠭᠤ ᠰᠢᠬ ᠲᠠᠷᠢᠬᠳᠠᠬᠤ ᠪᠣᠯᠣᠬᠰᠠᠨ ᠪᠣᠯᠪᠠᠴᠦ ᠬᠦᠮᠦᠨ | ᠲᠦᠷᠦᠯᠬᠢᠳᠡᠨ ᠨᠠᠷᠢᠮᠣ ᠶᠢ ᠲᠠᠷᠢᠵᠦ ᠬᠡᠷᠡᠭᠯᠡᠭᠰᠡᠨ ᠨᠢ ᠨᠡᠯᠢᠶᠡᠳ ᠡᠷᠳᠡᠨ ᠤ ᠣᠴᠢᠷ ᠪᠣᠯᠣᠨ᠎ᠠ᠃ ᠪᠠᠯᠠᠷ ᠡᠷᠳᠡᠨ ᠤ | ᠬᠦᠮᠦᠰ ᠤᠨ ᠠᠮᠢᠳᠣᠷᠠᠵᠦ ᠪᠠᠶᠢᠬᠰᠠᠨ ᠬᠠᠭᠤᠴᠢᠰ ᠪᠠᠭᠤᠷᠢ ᠶᠢᠨ ᠮᠠᠯᠳᠠᠮᠠᠯ ᠵᠢᠴᠢ ᠡᠷᠳᠡᠮᠳᠡᠳ ᠤᠨ ᠰᠣᠳᠣᠯᠭᠠᠨ ᠢ | ᠦᠨᠳᠦᠰᠦᠯᠡᠪᠡᠯ ᠨᠠᠷᠢᠮᠣ ᠶᠢᠨ ᠡᠭᠦᠰᠦᠯ ᠭᠠᠷᠣᠯ ᠨᠢ ᠲᠣᠮᠳᠠᠳᠦ ᠣᠯᠣᠰ ᠤᠨ ᠡᠷᠳᠡᠨ ᠤ ᠬᠠᠳᠣᠨ ᠭᠤᠣᠯ ᠤᠨ ᠰᠠᠪᠠ | ᠭᠠᠵᠠᠷ ᠪᠣᠯᠬᠤ ᠨᠢ ᠨᠡᠯᠢᠶᠡᠳ ᠪᠠᠳᠣᠳᠠᠢ ᠣᠴᠢᠷ ᠪᠣᠯᠵᠠᠢ᠃ ᠡᠶᠢᠮᠦ ᠠᠴᠠ ᠨᠠᠷᠢᠮᠣ ᠨᠢ ᠪᠡᠯᠡᠷ ᠡᠷᠳᠡᠨ ᠤ ᠦᠶ᠎ᠡ ᠠᠴᠠ | ᠲᠠᠷᠢᠵᠦ ᠬᠡᠷᠡᠭᠯᠡᠵᠦ ᠢᠷᠡᠭᠰᠡᠨ ᠦᠨᠢ ᠣᠳᠠᠭᠠᠨ ᠲᠡᠦᠬᠡ ᠲᠠᠢ ᠲᠠᠷᠢᠮᠠᠯ ᠤᠨ ᠨᠢᠭᠡ ᠲᠦᠷᠦᠯ ᠪᠣᠯᠣᠨ᠎ᠠ᠃ ᠮᠦᠨ ᠴᠦ | ᠲᠣᠮᠳᠠᠳᠦ ᠣᠯᠣᠰ ᠨᠢ ᠨᠠᠷᠢᠮᠣ ᠶᠢᠨ ᠡᠭᠦᠰᠦᠯ ᠤᠨ ᠭᠠᠵᠠᠷ ᠬᠡᠮᠡᠨ ᠲᠡᠯᠡᠬᠡᠢ ᠳ᠋ᠠᠬᠢᠨ ᠳᠤ ᠮᠡᠳᠡᠷᠡᠭᠳᠡᠵᠡᠢ᠃ | ᠡᠷᠳᠡᠮᠳᠡᠳ ᠤᠨ ᠰᠣᠳᠣᠯᠭᠠᠨ ᠠᠴᠠ ᠭᠠᠳᠠᠨ᠎ᠠ ᠲᠣᠮᠳᠠᠳᠦ ᠶᠢᠨ ᠲᠠᠷᠢᠶᠠᠴᠢᠨ ᠠᠷᠠᠳ ᠤᠨ ᠲᠣᠮᠳᠠ ᠪᠠᠰᠠ ᠨᠠᠷᠢᠮᠣ ᠶᠢᠨ | ᠡᠭᠦᠰᠦᠯ ᠭᠠᠷᠣᠯ ᠤᠨ ᠲᠣᠬᠠᠢ ᠦᠯᠢᠭᠡᠷ ᠲᠣᠮᠤᠬ ᠣᠳᠣ ᠳᠤ ᠲᠣᠯᠳᠠᠯ᠎ᠠ ᠣᠯᠠᠮᠵᠢᠯᠠᠬᠳᠠᠬᠰᠠᠭᠠᠷ ᠪᠠᠶᠢᠨ᠎ᠠ᠃ | ᠡᠷᠳᠡ ᠣᠷᠢᠳᠦ ᠶᠢᠨ ᠴᠠᠬ ᠲᠤ ᠬᠦᠮᠦᠨ ᠲᠦᠷᠦᠯᠬᠢᠳᠡᠨ ᠲᠠᠷᠢᠶ᠎ᠠ ᠭᠡᠳᠡᠭ ᠢ ᠮᠡᠳᠡᠬᠦ ᠦᠭᠡᠢ ᠪᠣᠯᠬᠤᠷ | ᠬᠡᠭᠡᠷ᠎ᠡ ᠶᠢᠨ ᠡᠪᠡᠰᠦ ᠨᠣᠭᠤᠭ᠎ᠠ ᠶᠢ ᠲᠡᠭᠦᠵᠦ ᠢᠳᠡᠨ ᠦᠯ ᠵᠠᠯᠭᠠᠵᠦ ᠠᠮᠢ ᠭᠤᠣᠯ ᠲᠠᠢ ᠶᠠᠪᠣᠵᠦ ᠪᠠᠶᠢᠬᠰᠠᠨ ᠶᠣᠮ | ᠭᠡᠨ᠎ᠡ᠃ ᠨᠢᠭᠡ ᠡᠳᠦᠷ ᠬᠡᠳᠦᠨ ᠬᠦᠮᠦᠰ ᠬᠡᠭᠡᠷ᠎ᠡ ᠶᠢᠨ ᠨᠣᠭᠤᠭ᠎ᠠ ᠶᠢ ᠲᠡᠭᠦᠵᠦ ᠠᠪᠣᠭᠠᠳ ᠬᠦᠯᠢᠭᠡᠷ ᠴᠢᠯᠠᠭᠤ ᠶᠢ | ᠲᠣᠭᠤᠷᠢᠨ ᠰᠠᠭᠤᠭᠠᠳ ᠢᠳᠡᠵᠦ ᠪᠠᠶᠢᠳᠠᠯ᠎ᠠ ᠨᠢᠭᠡᠨ ᠪᠢᠯᠵᠣᠣᠬᠠᠢ ᠰᠣᠮᠣ ᠰᠢᠬ ᠨᠢᠰᠦᠨ ᠢᠷᠡᠭᠡᠳ ᠬᠦᠮᠦᠰ ᠤᠨ | ᠲᠣᠭᠤᠷᠢᠵᠦ ᠰᠠᠭᠤᠬᠰᠠᠨ ᠬᠦᠯᠢᠭᠡᠷ ᠴᠢᠯᠠᠭᠤᠨ ᠲᠡᠭᠡᠷ᠎ᠡ ᠪᠠᠭᠤᠬᠰᠠᠨ ᠭᠡᠨ᠎ᠡ᠃ ᠬᠦᠮᠦᠨ ᠵᠣᠨ ᠣᠯᠠᠨ ᠴᠣᠬᠯᠠᠷᠠᠵᠦ | ᠪᠠᠶᠢᠭ᠎ᠠ ᠭᠠᠵᠠᠷ ᠢ ᠴᠦ ᠬᠠᠮᠢᠶᠠᠷᠣᠯ ᠦᠭᠡᠢ ᠪᠠᠷ ᠨᠢᠰᠣᠨ ᠢᠷᠡᠭᠰᠡᠨ ᠡᠨᠡ ᠬᠦ ᠪᠢᠯᠵᠣᠣᠬᠠᠢ ᠨᠢ ᠣᠯᠠᠨ ᠤ ᠠᠩᠬᠠᠷᠣᠯ ᠢ | ᠶᠡᠬᠡᠳᠡ ᠲᠠᠳᠠᠪᠠ᠃ ᠣᠯᠠᠨ ᠤ ᠲᠣᠮᠳᠠ ᠠᠴᠠ ᠨᠢᠭᠡᠨ ᠵᠠᠯᠠᠭᠤ ᠪᠢᠯᠵᠣᠣᠬᠠᠢ ᠶᠢ ᠬᠡᠰᠡᠭ ᠠᠵᠢᠬᠯᠠᠵᠦ ᠪᠠᠶᠢᠬᠰᠠᠨ ᠢᠶᠠᠨ | ᠭᠡᠨᠡᠳᠳᠡ ︽ᠡᠨᠡ ᠪᠢᠯᠵᠣᠣᠬᠠᠢ ᠠᠮᠠᠨ ᠳᠠᠭᠠᠨ ᠶᠠᠭᠤ ᠵᠠᠭᠤᠵᠦ ᠪᠠᠶᠢᠬᠤ ᠪᠣᠢ︖︾ ᠭᠡᠵᠦ ᠭᠠᠶᠢᠬᠠᠰᠢᠷᠠᠨ | ᠠᠰᠠᠭᠤᠬᠤ ᠳᠤ ᠣᠯᠠᠨ ᠤ ᠬᠠᠷᠠᠴᠠ ᠪᠢᠯᠵᠣᠣᠬᠠᠢ ᠶᠢᠨ ᠵᠢᠵᠢᠭ ᠬᠤᠰᠢᠭᠤ ᠦᠭᠡᠳᠡ ᠲᠦᠪᠯᠡᠷᠡᠪᠡ᠃ ᠪᠢᠯᠵᠣᠣᠬᠠᠢ | ᠬᠠᠷᠢᠨ ᠬᠤᠰᠢᠭᠤᠨ ᠳᠠᠭᠠᠨ ᠬᠢᠯᠳᠦᠭᠡᠨᠡᠭᠰᠡᠨ ᠬᠢᠯᠠᠭᠠᠷ ᠰᠢᠷ᠎ᠠ ᠵᠢᠵᠢᠭ ᠮᠦᠬᠦᠯᠢᠭ ᠵᠠᠭᠤᠴᠢᠬᠠᠭᠠᠳ ᠨᠠᠭᠠᠰᠢ ᠴᠠᠭᠠᠰᠢ | ᠲᠡᠪᠳᠡᠷᠢᠨ ᠦᠰᠦᠷᠴᠦ ᠪᠠᠶᠢᠬᠰᠠᠨ ᠪᠠᠶᠢᠵᠠᠢ᠃ ᠬᠦᠮᠦᠰ ᠪᠢᠯᠵᠣᠣᠬᠠᠢ ᠶᠢᠨ ᠠᠮᠠᠨ ᠳᠠᠬᠢ ᠬᠢᠯᠠᠭᠠᠷ ᠰᠢᠷ᠎ᠠ ᠶᠠᠭᠤᠮ᠎ᠠ ᠨᠢ | ᠴᠣᠬᠤᠮ ᠶᠠᠭᠤ ᠪᠣᠯᠬᠤ ᠶᠢ ᠬᠠᠷᠠᠬᠤ ᠭᠡᠵᠦ ᠦᠨᠳᠡᠯᠵᠡᠨ ᠪᠣᠰᠴᠠᠭᠠᠪᠠ᠃ ᠬᠦᠮᠦᠰ ᠤᠨ ᠦᠢᠮᠡᠬᠡᠨ ᠳᠤ ᠰᠣᠴᠢᠬᠰᠠᠨ | ᠪᠢᠯᠵᠣᠣᠬᠠᠢ ᠨᠢᠰᠣᠨ ᠶᠠᠪᠣᠬᠤ ᠳᠠᠭᠠᠨ ᠠᠮᠠᠨ ᠳᠠᠭᠠᠨ ᠵᠠᠭᠤᠬᠰᠠ ᠰᠢᠷ᠎ᠠ ᠮᠦᠬᠦᠯᠢᠭ ᠢᠶᠠᠨ ᠭᠠᠵᠠᠷ ᠠᠯᠳᠠᠴᠢᠬᠠᠬᠰᠠᠨ | ᠪᠠᠶᠢᠵᠠᠢ᠃ ᠰᠢᠷ᠎ᠠ ᠮᠦᠬᠦᠯᠢᠭ ᠪᠦᠮᠪᠦᠷᠢᠭᠰᠡᠭᠡᠷ ᠬᠦᠯᠢᠭᠡᠷ ᠴᠢᠯᠠᠭᠤ ᠶᠢᠨ ᠵᠠᠪᠰᠠᠷ ᠣᠨᠠᠪᠠ᠃ ᠬᠦᠮᠦᠰ ᠰᠢᠷ᠎ᠠ | ᠮᠦᠬᠦᠯᠢᠭ ᠢ ᠠᠪᠬᠤ ᠭᠡᠵᠦ ᠬᠦᠯᠢᠭᠡᠷ ᠴᠢᠯᠠᠭᠤ ᠶᠢ ᠰᠢᠯᠵᠢᠭᠦᠯᠵᠦ ᠪᠠᠶᠢᠳᠠᠯ᠎ᠠ ᠴᠢᠯᠠᠭᠤᠨ ᠤ ᠵᠠᠪᠰᠠᠷ ᠠᠴᠠ ᠨᠢᠭᠡᠨ | ᠰᠢᠷᠭᠤᠯᠵᠢ ᠰᠢᠷ᠎ᠠ ᠮᠦᠬᠦᠯᠢᠭ ᠢ ᠵᠠᠭᠤᠬᠰᠠᠭᠠᠷ ᠭᠠᠷᠴᠦ ᠢᠷᠡᠭᠡᠳ ᠨᠦᠬᠡᠨ ᠳᠡᠭᠡᠨ ᠣᠷᠣᠬᠤ ᠨᠢ ᠬᠠᠷᠠᠬᠳᠠᠪᠠ᠃ | ᠬᠦᠮᠦᠰ ᠰᠢᠷ᠎ᠠ ᠮᠦᠬᠦᠯᠢᠭ ᠢ ᠠᠪᠬᠤ ᠶᠢᠨ ᠲᠦᠯᠦᠭᠡ ᠰᠢᠷᠭᠤᠯᠵᠢ ᠶᠢᠨ ᠡᠭᠦᠷ ᠢ ᠮᠠᠯᠳᠠᠨ ᠡᠪᠳᠡᠯᠡᠭᠰᠡᠨ ᠪᠣᠯᠪᠠᠴᠦ | ᠰᠢᠷ᠎ᠠ ᠮᠦᠬᠦᠯᠢᠭ ᠣᠯᠳᠠᠬᠰᠠᠨ ᠦᠭᠡᠢ ᠪᠣᠯᠬᠤᠷ ᠣᠷᠮ᠎ᠠ ᠮᠠᠭᠤᠳᠠᠢ ᠬᠠᠷᠢᠵᠠᠭᠠᠪᠠ᠃ ᠲᠠᠷᠠᠭ᠎ᠠ ᠵᠢᠯ ᠨᠢ | ᠰᠢᠷᠭᠤᠯᠵᠢ ᠶᠢᠨ ᠡᠭᠦᠷ ᠤᠨ ᠬᠠᠵᠠᠭᠤ ᠠᠴᠠ ᠨᠢᠭᠡᠨ ᠴᠡᠯᠭᠡᠷᠡᠭᠰᠡᠨ ᠬᠦᠬᠡ ᠣᠷᠭᠤᠮᠠᠯ ᠣᠷᠭᠤᠭᠠᠳ ᠪᠠᠶᠢᠬᠤ ᠶᠢ | ᠬᠦᠮᠦᠰ ᠣᠯᠵᠦ ᠬᠠᠷᠠᠭᠠᠳ ᠶᠡᠬᠡᠳᠡ ᠭᠠᠶᠢᠬᠠᠵᠦ ᠬᠠᠵᠠᠭᠤ ᠶᠢᠨ ᠬᠢᠨᠢ ᠡᠪᠡᠰᠦ ᠪᠣᠵᠠᠷ ᠢ ᠨᠢ ᠦᠭᠳᠡᠭᠡᠨ ᠴᠡᠪᠡᠷᠯᠡᠵᠦ | ᠦᠭᠭᠦᠭᠰᠡᠨ ᠶᠣᠮ ᠭᠡᠨ᠎ᠡ᠃ ᠨᠠᠮᠣᠷ ᠪᠣᠯᠬᠤ ᠳᠤ ᠡᠨᠡ ᠬᠦ ᠣᠷᠭᠤᠮᠠᠯ ᠨᠢ ᠪᠡᠶ᠎ᠡ ᠪᠠᠨ ᠲᠠᠭᠠᠭᠠᠬᠤ ᠦᠭᠡᠢ ᠪᠣᠯᠳᠠᠯ᠎ᠠ | ᠲᠣᠯᠣᠭᠠᠶᠢᠯᠠᠵᠦ᠂ ᠲᠣᠯᠣᠭᠠᠢ ᠲᠡᠭᠡᠷ᠎ᠡ ᠨᠢ ᠮᠠᠰᠢ ᠣᠯᠠᠨ ᠬᠢᠯᠠᠭᠠᠷ ᠰᠢᠷ᠎ᠠ ᠮᠦᠬᠦᠯᠢᠭ ᠪᠠᠭᠰᠢᠷᠠᠨ ᠰᠠᠭᠤᠬᠰᠠᠨ ᠨᠢ | ᠬᠠᠷᠠᠬᠳᠠᠵᠠᠢ᠃ ᠬᠦᠮᠦᠰ ᠡᠨᠡ ᠬᠦ ᠬᠢᠯᠠᠭᠠᠷ ᠰᠢᠷ᠎ᠠ ᠮᠦᠬᠦᠯᠢᠭ ᠤᠳ ᠢ ᠨᠢ ᠮᠦᠯᠢᠵᠦ ᠠᠪᠣᠭᠠᠳ ᠬᠢᠮᠠᠭᠠᠳᠠᠨ | ᠬᠠᠳᠠᠭᠠᠯᠠᠬᠰᠠᠭᠠᠷ ᠪᠠᠶᠢᠵᠦ ᠲᠠᠷᠠᠭ᠎ᠠ ᠬᠠᠪᠣᠷ ᠨᠢ ᠪᠣᠯᠬᠤ ᠦᠶᠡᠰ ᠡᠳᠡᠭᠡᠷ ᠮᠦᠬᠦᠯᠢᠭ ᠤᠳ ᠢᠶᠠᠨ ᠰᠢᠮᠡᠯᠢᠭ ᠭᠠᠵᠠᠷ ᠢ | ᠰᠣᠩᠭᠤᠨ ᠪᠠᠶᠢᠵᠦ ᠪᠦᠬᠦᠨ ᠢ ᠲᠠᠷᠢᠬᠰᠠᠨ ᠶᠣᠮ ᠭᠡᠨ᠎ᠡ᠃ ᠡᠨᠡ ᠮᠡᠳᠦ ᠪᠠᠷ ᠬᠤᠶᠠᠷᠬᠠᠨ ᠵᠢᠯ ᠦᠡᠭᠭᠡᠷᠡᠬᠦ ᠶᠢᠨ | ᠬᠢᠷᠢ ᠳᠤ ᠬᠢᠯᠠᠭᠠᠷ ᠰᠢᠷ᠎ᠠ ᠮᠦᠬᠦᠯᠢᠭ ᠤᠨ ᠲᠠᠷᠢᠶ᠎ᠠ ᠪᠣᠢ ᠪᠣᠯᠵᠦ᠂ ᠮᠦᠬᠦᠯᠢᠭ ᠢ ᠨᠢ ᠭᠠᠳᠠᠷ ᠲᠣᠬᠳᠣᠢ ᠠᠴᠠ ᠨᠢ | ᠰᠠᠯᠭᠠᠨ ᠠᠪᠣᠪᠠᠯ ᠬᠦᠨᠡᠰᠦ ᠪᠣᠯᠭᠠᠨ ᠬᠡᠷᠡᠭᠯᠡᠵᠦ ᠪᠣᠯᠬᠤ ᠶᠢ ᠬᠦᠮᠦᠰ ᠮᠡᠳᠡᠭᠡᠳ ︽ᠨᠠᠷᠢᠮᠣ︾ ᠭᠡᠵᠦ ᠨᠡᠷᠡᠯᠡᠭᠰᠡᠨ ᠶᠣᠮ | ᠭᠡᠨ᠎ᠡ᠃ | ᠠᠷᠠᠳ ᠤᠨ ᠲᠣᠮᠳᠠ ᠣᠯᠠᠮᠵᠢᠯᠠᠬᠳᠠᠬᠰᠠᠨ ᠡᠨᠡ ᠬᠦ ᠦᠯᠢᠭᠡᠷ ᠨᠢ ᠨᠠᠷᠢᠮᠣ ᠶᠢᠨ ᠪᠣᠢ ᠪᠣᠯᠣᠬᠰᠠᠨ ᠲᠣᠬᠠᠢ | ᠪᠠᠳᠣᠳᠠᠢ ᠡᠰᠡᠬᠦ ᠨᠢ ᠲᠣᠳᠣᠷᠬᠠᠢ ᠪᠢᠰᠢ ᠪᠣᠯᠪᠠᠴᠦ ᠨᠠᠷᠢᠮᠣ ᠭᠡᠳᠡᠭ ᠲᠠᠷᠢᠮᠠᠯ ᠢ ᠬᠡᠷᠭᠢᠵᠦ ᠲᠠᠷᠢᠬᠤ ᠪᠣᠯᠣᠬᠰᠠᠨ ᠲᠣᠬᠠᠢ | ᠬᠦᠮᠦᠰ ᠲᠤ ᠲᠦᠭᠦᠮ ᠣᠶᠢᠢᠯᠠᠭᠠᠯᠳᠠ ᠦᠭᠴᠦ ᠴᠢᠳᠠᠬᠤ ᠨᠢ ᠯᠠᠪᠳᠠᠢ᠃ ᠶᠠᠭᠤ ᠴᠤ ᠭᠡᠰᠡᠨ ᠨᠠᠷᠢᠮᠣ ᠶᠢᠨ ᠪᠣᠢ | ᠪᠣᠯᠣᠬᠰᠠᠨ ᠭᠠᠵᠠᠷ ᠢ ᠲᠡᠯᠡᠬᠡᠢ ᠶᠢᠨ ᠣᠯᠠᠨ ᠡᠷᠳᠡᠮᠳᠡᠨ ᠠᠴᠠ ᠲᠣᠮᠳᠠᠳᠦ ᠣᠯᠣᠰ ᠤᠨ ᠣᠮᠠᠷᠠᠳᠦ ᠣᠷᠣᠨ ᠭᠡᠵᠦ | ᠨᠢᠭᠡᠳᠦᠯᠳᠡᠢ ᠦᠵᠡᠳᠡᠭ ᠪᠦᠭᠡᠳ ᠲᠡᠦᠬᠡ ᠰᠣᠳᠣᠷ ᠲᠤ ᠴᠦ ᠮᠣᠩᠭᠤᠯᠴᠣᠳ ᠠᠯᠢ ᠡᠷᠳᠡ ᠠᠴᠠ ᠠᠪᠣᠭᠠᠳ ᠨᠠᠷᠢᠮᠣ | ᠲᠠᠷᠢᠵᠦ ᠪᠠᠶᠢᠬᠰᠠᠨ ᠲᠡᠮᠳᠡᠭᠯᠡᠯ ᠪᠠᠶᠢᠳᠠᠬ᠃ ᠦᠷᠡᠳᠣᠬᠳᠠᠬᠤ ᠭᠡᠷᠡᠯᠴᠡᠴᠡᠭ ᠤᠨ ᠵᠣᠬᠢᠶᠠᠬᠰᠠᠨ ︽ᠮᠣᠩᠭᠤᠯ ᠤᠨ | ᠲᠠᠷᠢᠶᠠᠯᠠᠩ ᠠᠵᠣ ᠠᠬᠤᠢ ᠬᠢᠭᠡᠳ ᠲᠡᠭᠦᠨ ᠤ ᠬᠤᠪᠢᠷᠠᠯᠳᠠ︾ ᠭᠡᠬᠦ ᠨᠣᠮ ᠳᠤ ᠲᠡᠮᠳᠡᠭᠯᠡᠭᠰᠡᠨ ᠢᠶᠠᠷ᠂ ︽ᠣᠳᠬᠠᠴᠢ | ᠲᠦᠰᠢᠮᠡᠯ ᠵᠧᠦ ᠶᠢᠨ ᠭᠤᠸᠠᠩ ᠤᠨ ᠲᠡᠭᠦᠪᠦᠷᠢ︾ ᠳᠤ᠄ ︽ᠲᠡᠷᠡ ᠭᠠᠵᠠᠷ ᠢ ᠮᠣᠩᠭᠤᠯ ᠢᠶᠠᠷ ᠵᠠᠯᠢ ᠬᠠᠷᠠᠨᠠᠪᠤ ᠭᠡᠳᠡᠭ᠂ | ᠬᠤᠶᠠᠷ ᠭᠤᠣᠯ ᠤᠨ ᠵᠠᠪᠰᠠᠷ ᠢᠶᠠᠷ ᠰᠢᠪᠠᠷ ᠪᠠᠶᠢᠰᠢᠩ ᠬᠤᠸᠠ ᠲᠣᠪᠤ ᠵᠢᠭᠳᠡᠷᠡᠵᠦ ᠬᠠᠷᠠᠬᠳᠠᠮᠣᠢ᠂ ᠵᠠᠭᠤ ᠢᠯᠡᠭᠦᠦ | ᠭᠠᠵᠠᠷ ᠴᠡᠯᠡᠶᠢᠭᠰᠡᠨ ᠠᠭᠤᠳᠠᠮ ᠬᠦᠨᠳᠡᠢ ᠳᠤᠷ ᠬᠠᠶᠠᠭ᠎ᠠ ᠬᠠᠶᠠᠭ᠎ᠠ ᠪᠠᠨ ᠨᠠᠭᠠᠯᠳᠣᠬᠰᠠᠨ ᠭᠤᠷᠪᠠᠨ ᠵᠠᠭᠤ ᠢᠯᠡᠭᠦᠦ | ᠡᠷᠦᠬᠡ ᠰᠠᠭᠤᠮᠣᠢ᠂ ᠣᠯᠠᠨ ᠠᠶᠢᠮᠠᠬ ᠤᠨ ᠢᠷᠭᠡᠳ ᠬᠢᠳᠠᠳ ᠬᠦᠮᠦᠨ ᠯᠦᠭᠡ ᠬᠤᠯᠢᠯᠳᠣᠨ ᠨᠣᠳᠣᠬᠯᠠᠬᠰᠠᠨ ᠠᠨᠣ | ᠦᠨᠡᠬᠡᠷ ᠬᠤᠳᠠ ᠵᠡᠭᠡᠯᠢ ᠮᠡᠳᠦ ᠰᠠᠨᠠᠬᠳᠠᠮᠣᠢ ᠁ ᠲᠡᠳᠡ ᠪᠠᠰᠠ ᠦᠬᠡᠷ ᠲᠡᠵᠢᠭᠡᠵᠦ᠂ ᠨᠠᠷᠢᠮᠣ ᠲᠠᠷᠢᠬᠤ | ᠲᠠᠳᠬᠠᠯ ᠲᠠᠢ ᠪᠦᠭᠡᠳ ᠬᠦᠮᠦᠨ ᠤ ᠴᠢᠷᠠᠢ ᠶᠢ ᠬᠠᠷᠠᠨ ᠠᠮᠢ ᠵᠢᠭᠤᠬᠤ ᠦᠭᠡᠢ ᠪᠦᠯᠦᠭᠡ︾ ᠭᠡᠵᠦ ᠲᠡᠮᠳᠡᠭᠯᠡᠵᠦ ᠪᠣᠢ᠃ | ᠡᠭᠦᠨ ᠠᠴᠠ ᠪᠢᠳᠡ ᠨᠠᠷᠢᠮᠣ ᠨᠢ ᠮᠣᠩᠭᠤᠯ ᠣᠷᠣᠨ ᠳᠤ ᠠᠯᠢ ᠡᠷᠳᠡ ᠠᠴᠠ ᠲᠡᠷᠢᠬᠳᠠᠵᠦ ᠪᠠᠶᠢᠬᠰᠠᠨ ᠮᠦᠷᠳᠡᠭᠡᠨ | ᠮᠣᠩᠭᠤᠯᠴᠣᠳ ᠤᠨ ᠪᠣᠳᠠᠭᠠᠨ ᠰᠢᠷᠡᠭᠡᠨ ᠳᠠᠬᠢ ᠴᠢᠬᠤᠯᠠ ᠬᠦᠨᠡᠰᠦᠨ ᠤ ᠨᠢᠭᠡ ᠲᠦᠷᠦᠯ ᠪᠠᠶᠢᠬᠰᠠᠨ ᠭᠡᠳᠡᠭ ᠢ ᠴᠤ | ᠮᠡᠳᠡᠵᠦ ᠪᠣᠯᠣᠨ᠎ᠠ᠃ ᠭᠡᠪᠡᠴᠦ ᠬᠤᠷᠴᠢᠨ ᠨᠣᠳᠤᠬ ᠲᠤ ᠨᠠᠷᠢᠮᠣ ᠲᠠᠷᠢᠵᠦ ᠢᠷᠡᠭᠰᠡᠨ ᠨᠢ ᠨᠡᠯᠢᠶᠡᠳ ᠬᠤᠵᠢᠭᠤ | ᠰᠢᠬ ᠤᠨ ᠣᠴᠢᠷ ᠶᠣᠮ᠃ ᠡᠷᠳᠡᠮᠳᠡᠳ ᠠᠴᠠ᠄ ︽ᠬᠤᠷᠴᠢᠨ ᠨᠣᠳᠤᠬ ᠲᠤ ᠣᠣᠯ ᠳᠠᠭᠠᠨ ᠮᠣᠩᠭᠤᠯ ᠠᠮᠣ᠂ ᠰᠠᠭᠠᠬ | ᠂ ᠨᠠᠩᠬᠢ ᠵᠡᠷᠭᠡ ᠶᠢ ᠪᠦᠳᠦᠭᠦᠯᠢᠭ ᠠᠷᠭ᠎ᠠ ᠪᠠᠷ ᠪᠠᠭ᠎ᠠ ᠰᠠᠭ᠎ᠠ ᠲᠠᠷᠢᠶᠠᠯᠠᠵᠦ ᠪᠠᠶᠢᠬᠰᠠᠨ ᠪᠣᠯᠪᠠᠴᠦ ᠵᠢᠩᠭᠢᠨᠢ ᠪᠠᠷ | ᠲᠠᠷᠢᠶᠠᠯᠠᠵᠦ᠂ ᠡᠬᠢᠯᠡᠭᠡᠳ ᠠᠷᠠᠢ ᠭᠤᠷᠪᠠᠨ ᠵᠠᠭᠤᠨ ᠵᠢᠯ ᠴᠦ ᠪᠣᠯᠤᠭ᠎ᠠ ᠦᠭᠡᠢ ᠶᠣᠮ︾ ᠭᠡᠵᠦ ᠰᠠᠨᠠᠯ ᠨᠢᠭᠡᠳᠡᠢ | ᠦᠵᠡᠵᠦ ᠪᠠᠶᠢᠨ᠎ᠠ᠃ ᠡᠭᠦᠨ ᠠᠴᠠ ᠨᠠᠷᠢᠮᠣ ᠨᠢ ᠬᠤᠷᠴᠢᠨ ᠨᠣᠳᠤᠬ ᠲᠤ ᠵᠢᠩᠭᠢᠨᠢ ᠪᠠᠷ ᠲᠠᠷᠢᠬᠳᠠᠵᠦ ᠡᠬᠢᠯᠡᠭᠡᠳ | ᠲᠡᠶᠢᠮᠦ ᠣᠷᠳᠦ ᠬᠤᠭᠤᠴᠠᠭ᠎ᠠ ᠪᠣᠯᠤᠭ᠎ᠠ ᠦᠭᠡᠢ ᠭᠡᠳᠡᠭ ᠨᠢ ᠲᠣᠳᠣᠷᠬᠠᠢ᠃ ᠬᠦᠷᠢᠶ᠎ᠡ ᠬᠤᠰᠢᠭᠤᠨ ᠤ ᠮᠠᠩᠬᠠᠨ | ᠰᠣᠮᠣᠨ ᠤ ᠲᠠᠷᠢᠶᠠᠴᠢᠨ ᠲᠣᠯᠭᠠᠭᠤᠷᠢ ᠶᠢᠨ ᠬᠠᠭᠤᠴᠢᠯᠠᠬᠰᠠᠨ ᠢᠶᠠᠷ ︽ᠮᠣᠩᠭᠤᠯᠴᠣᠳ ᠨᠠᠷᠢᠮᠣ ᠶᠢ ᠬᠡᠵᠢᠶ᠎ᠡ ᠠᠴᠠ | ᠡᠬᠢᠯᠡᠵᠦ ᠲᠠᠷᠢᠵᠦ ᠪᠠᠶᠢᠬᠰᠠᠨ ᠭᠡᠳᠡᠭ ᠢ ᠨᠢ ᠲᠣᠳᠤᠷᠬᠠᠢ ᠮᠡᠳᠡᠬᠦ ᠦᠭᠡᠢ᠃ ᠭᠡᠪᠡᠴᠦ ᠮᠠᠨ ᠤ ᠨᠣᠳᠤᠬ ᠲᠤ ᠨᠠᠷᠢᠮᠣ ᠶᠢ | ᠲᠠᠷᠢᠵᠦ ᠡᠬᠢᠯᠡᠭᠡᠳ ᠵᠠᠭᠤᠨ ᠵᠢᠯ ᠤᠨ ᠣᠷᠴᠢᠮ ᠯᠡ ᠪᠣᠯᠵᠦ ᠪᠠᠶᠢᠨ᠎ᠠ ᠭᠡᠵᠦ ᠨᠠᠰᠣᠳᠠᠶᠢᠴᠣᠳ ᠬᠡᠯᠡᠯᠴᠡᠳᠡᠭ᠃ | ᠠᠩᠬ᠎ᠠ ᠡᠬᠢᠨ ᠳᠡᠭᠡᠨ ᠬᠠᠷᠠᠴᠢᠨ ᠮᠣᠩᠭᠤᠯᠵᠢᠨ ᠠᠴᠠ ᠨᠡᠭᠦᠳᠡᠯᠯᠡᠵᠦ ᠢᠷᠡᠭᠰᠡᠨ ᠨᠢᠭᠡ ᠪᠦᠯᠦᠭ ᠮᠣᠩᠭᠤᠯᠴᠣᠳ ᠠᠴᠠ | ᠭᠡᠷ ᠤᠨ ᠢᠶᠠᠨ ᠣᠶᠢᠷᠠᠯᠴᠠᠭ᠎ᠠ ᠪᠠᠶᠢᠭ᠎ᠠ ᠦᠡᠭᠭᠡ ᠰᠢᠮᠡᠯᠢᠭ ᠭᠠᠵᠠᠷ ᠢ ᠬᠦᠷᠵᠡ ᠪᠠᠷ ᠣᠷᠪᠠᠭᠤᠯᠣᠭᠠᠳ ᠨᠣᠭᠤᠭ᠎ᠠ ᠴᠠᠭ᠎ᠠ | ᠲᠠᠷᠢᠵᠦ ᠪᠠᠶᠢᠬᠰᠠᠨ ᠢᠶᠠᠨ ᠬᠤᠵᠢᠮᠳᠡᠵᠦ ᠢᠷᠡᠭᠡᠳ ᠡᠨᠡ ᠬᠦ ᠭᠠᠵᠠᠷ ᠢᠶᠠᠨ ᠦᠷᠭᠡᠳᠭᠡᠵᠦ ᠨᠠᠷᠢᠮᠣ ᠲᠠᠷᠢᠬᠤ ᠪᠣᠯᠣᠬᠰᠠᠨ | ᠶᠣᠮ ᠭᠡᠨ᠎ᠡ᠃ ᠨᠠᠷᠢᠮᠣ ᠭᠡᠳᠡᠭ ᠲᠠᠷᠢᠶ᠎ᠠ ᠨᠢ ᠣᠨᠠᠯᠳᠠ ᠪᠠᠷ ᠨᠡᠯᠢᠶᠡᠳ ᠵᠦᠭᠡᠷ ᠰᠢᠭ ᠲᠠᠷᠢᠶ᠎ᠠ ᠪᠣᠯᠬᠤᠷ | ᠴᠢᠯᠦᠭᠡᠯᠡᠭᠳᠡᠭᠰᠡᠨ ᠤ ᠲᠠᠷᠠᠭ᠎ᠠ ᠣᠯᠠᠩᠬᠢ ᠬᠦᠮᠦᠨ ᠨᠠᠷᠢᠮᠣ ᠲᠠᠷᠢᠬᠤ ᠪᠣᠯᠣᠬᠰᠠᠨ ᠭᠡᠵᠦ ᠬᠡᠯᠡᠯᠴᠡᠳᠡᠭ︾ ᠭᠡᠵᠡᠢ᠃ | ᠨᠠᠷᠢᠮᠣ ᠶᠢ ᠲᠠᠷᠢᠵᠦ ᠠᠷᠠᠴᠢᠯᠠᠬᠤ ᠠᠷᠭ᠎ᠠ | ᠨᠠᠷᠢᠮᠣ ᠪᠣᠯ ᠦᠶᠡᠳᠦ ᠣᠷᠭᠤᠮᠠᠯ ᠤᠨ ᠢᠵᠡᠭᠤᠷᠳᠦ ᠨᠢᠭᠡ ᠨᠠᠰᠣᠳᠣ ᠡᠪᠡᠰᠦᠯᠢᠭ ᠣᠷᠭᠤᠮᠠᠯ ᠶᠣᠮ᠃ | ᠨᠠᠷᠢᠮᠣ ᠨᠢ ᠰᠢᠮ᠎ᠡ ᠲᠡᠵᠢᠭᠡᠯ ᠢᠶᠠᠷ ᠡᠯᠪᠡᠭ ᠴᠠᠬ ᠠᠭᠤᠷ ᠲᠠᠢ ᠲᠣᠬᠢᠷᠠᠯᠴᠠᠬᠤ ᠴᠢᠳᠠᠪᠣᠷᠢ ᠪᠠᠷ ᠴᠢᠩᠭ᠎ᠠ᠂ ᠭᠠᠨᠭ᠌ | ᠬᠠᠭᠤᠷᠠᠢ᠂ ᠲᠠᠴᠢᠷ ᠨᠢᠮᠭᠡᠨ ᠬᠦᠷᠦᠰᠦ᠂ ᠬᠦᠢᠳᠡᠨ ᠳᠤ ᠲᠡᠰᠪᠦᠷᠢᠳᠡᠢ ᠨᠢᠭᠡ ᠵᠦᠢᠯ ᠤᠨ ᠠᠮᠣ ᠪᠣᠳᠠᠭᠠᠨ ᠤ ᠲᠠᠷᠢᠮᠠᠯ | ᠶᠣᠮ᠃ ᠨᠠᠷᠢᠮᠣ ᠶᠢᠨ ᠲᠠᠷᠢᠵᠦ ᠠᠷᠠᠴᠢᠯᠠᠬᠤ ᠠᠷᠭ᠎ᠠ ᠪᠠᠷᠢᠯ ᠨᠢ ᠰᠠᠭᠠᠬ᠂ ᠨᠠᠩᠬᠢ᠂ ᠮᠣᠩᠭᠤᠯ ᠠᠮᠣ ᠶᠢ ᠪᠣᠳᠣᠪᠠᠯ | ᠨᠡᠯᠢᠶᠡᠳ ᠨᠠᠷᠢᠨ ᠪᠣᠳᠣᠯᠢᠶᠠᠨᠲᠠᠢ ᠪᠠᠶᠢᠳᠠᠬ᠃ ᠨᠠᠷᠢᠮᠣ ᠲᠠᠷᠢᠬᠤ ᠲᠣᠬᠠᠢ ᠲᠣᠯᠭᠠᠭᠤᠷᠢ ᠠᠴᠠ ︽ᠨᠠᠷᠢᠮᠣ ᠶᠢ | ᠬᠤᠷᠴᠢᠨ ᠳᠤ ᠡᠷᠳᠡ ᠶᠢᠨ ᠲᠠᠷᠢᠶ᠎ᠠ ᠳᠤ ᠪᠠᠭᠳᠠᠭᠠᠳᠠᠬ᠃ ᠡᠷᠳᠡ ᠶᠢᠨ ᠲᠠᠷᠢᠶ᠎ᠠ ᠭᠡᠳᠡᠭ ᠨᠢ ᠡᠷᠳᠡ ᠰᠢᠭ ᠲᠠᠷᠢᠬᠤ | ᠲᠠᠷᠢᠶ᠎ᠠ ᠶᠢ ᠵᠢᠭᠠᠵᠦ ᠪᠠᠶᠢᠨ᠎ᠠ᠃ ᠨᠠᠷᠢᠮᠣ ᠶᠢᠨ ᠦᠷ᠎ᠡ ᠶᠢᠨ ᠣᠨᠴᠠᠯᠢᠬ ᠵᠢᠴᠢ ᠪᠣᠯᠪᠠᠰᠣᠷᠠᠬᠤ ᠬᠤᠭᠤᠴᠠᠭ᠎ᠠ ᠶᠢ ᠨᠢ | ᠦᠨᠳᠦᠰᠦᠯᠡᠵᠦ ᠭᠤᠷᠪᠠᠨ ᠲᠦᠷᠦᠯ ᠬᠤᠪᠢᠶᠠᠳᠠᠬ᠃ ᠡᠷᠳᠡ ᠪᠣᠯᠪᠠᠰᠣᠷᠠᠬᠤ ᠨᠠᠷᠢᠮᠣ ᠨᠢ 60 — 80 ᠡᠳᠦᠷ ᠲᠤ | ᠪᠣᠯᠪᠠᠰᠣᠷᠠᠵᠦ᠂ ᠬᠡᠪ ᠤᠨ ᠪᠣᠯᠪᠠᠰᠣᠷᠠᠬᠤ ᠨᠠᠷᠢᠮᠣ ᠨᠢ 90 — 110 ᠬᠤᠨᠤᠬ ᠲᠤ ᠪᠣᠯᠪᠠᠰᠣᠷᠠᠵᠦ᠂ ᠣᠷᠣᠢ ᠶᠢᠨ | ᠨᠠᠷᠢᠮᠣ ᠨᠢ ᠪᠣᠯᠪᠠᠰᠣᠷᠠᠳᠠᠯᠠ 110 ᠬᠤᠨᠤᠬ ᠠᠴᠠ ᠢᠯᠡᠭᠦᠦ ᠬᠤᠭᠤᠴᠠᠭ᠎ᠠ ᠬᠡᠷᠡᠭᠰᠡᠳᠡᠭ ᠶᠣᠮ᠃ ᠨᠠᠷᠢᠮᠣ ᠨᠢ | ᠠᠭᠠᠷ ᠤᠨ ᠲᠣᠯᠠᠭᠠᠨ ᠤ ᠬᠡᠮᠵᠢᠶ᠎ᠡ 7 ᠭᠷᠡᠳᠦ᠋ᠰ ᠲᠤ ᠰᠣᠶᠣᠭᠠᠯᠠᠵᠦ᠂ 18 —25 ᠭᠷᠠᠳᠦ᠋ᠰ ᠤᠨ ᠦᠶᠡᠰ ᠬᠠᠮᠤᠬ | ᠬᠤᠷᠳᠣᠨ ᠰᠣᠶᠣᠭᠠᠯᠠᠵᠦ ᠣᠷᠭᠤᠳᠠᠬ ᠪᠣᠯᠬᠤᠷ ᠠᠭᠠᠷ ᠤᠨ ᠲᠣᠯᠠᠭᠠᠨ ᠤ ᠬᠡᠮᠵᠢᠶ᠎ᠡ 10 ᠭᠷᠠᠳᠦ᠋ᠰ ᠠᠴᠠ ᠲᠡᠭᠡᠭᠰᠢ | ᠪᠠᠶᠢᠬᠤ ᠦᠶᠡᠰ ᠲᠠᠷᠢᠪᠠᠯ ᠬᠠᠮᠤᠬ ᠤᠨ ᠲᠣᠬᠢᠷᠠᠮᠵᠢᠳᠠᠢ ᠪᠠᠶᠢᠳᠠᠬ᠃ ᠬᠤᠷᠴᠢᠨ ᠨᠣᠳᠤᠬ ᠲᠤ ᠨᠠᠷᠢᠮᠣ ᠶᠢ 4 | ᠰᠠᠷ᠎ᠠ ᠠᠴᠠ ᠰᠡᠭᠦᠯᠴᠢ 6 ᠰᠠᠷ᠎ᠡ ᠶᠢᠨ ᠡᠬᠢ ᠪᠣᠯᠳᠠᠯᠠᠬᠢ ᠬᠤᠭᠤᠴᠠᠭᠠᠨ ᠳᠤ ᠲᠠᠷᠢᠳᠠᠬ ᠶᠣᠮ︾ ᠭᠡᠵᠡᠢ᠃ ᠨᠠᠷᠢᠮᠣ ᠶᠢ | ᠬᠤᠷᠢᠶᠠᠬᠤ ᠳᠤ ᠭᠤᠣᠯᠳᠠᠭᠤ ᠭᠠᠵᠠᠷ ᠭᠠᠷᠭᠠᠬᠤ᠂ ᠲᠠᠷᠢᠬᠤ᠂ ᠠᠷᠴᠢᠬᠤ᠂ ᠲᠠᠩᠨᠠᠬᠤ᠂ ᠮᠠᠨᠠᠭᠤᠯ ᠪᠤᠰᠬᠠᠬᠤ᠂ | ᠬᠠᠳᠣᠬᠤ᠂ ᠬᠤᠷᠢᠶᠠᠬᠤ ᠵᠡᠷᠭᠡ ᠶᠢᠨ ᠠᠯᠬᠤᠮ ᠢ ᠦᠡᠭᠭᠡᠷᠡᠭᠡᠳᠡᠭ ᠶᠣᠮ᠃ | ᠭᠠᠵᠠᠷ ᠭᠠᠷᠭᠠᠬᠤ᠃ ᠭᠠᠵᠠᠷ ᠭᠠᠷᠭᠠᠬᠤ ᠭᠡᠳᠡᠭ ᠨᠢ ᠲᠠᠷᠢᠶᠠᠴᠢᠳ ᠠᠴᠠ ᠨᠠᠷᠢᠮᠣ ᠲᠠᠷᠢᠬᠤ ᠳᠤ ᠲᠣᠬᠢᠷᠠᠬᠤ | ᠭᠠᠵᠠᠷ ᠢᠶᠠᠨ ᠰᠣᠩᠭᠤᠵᠦ ᠲᠣᠬᠳᠠᠭᠠᠬᠰᠠᠨ ᠤ ᠲᠠᠷᠠᠭ᠎ᠠ ᠠᠨᠵᠢᠰᠣ ᠬᠦᠳᠡᠯᠭᠡᠵᠦ ᠭᠠᠵᠠᠷ ᠢᠶᠠᠨ ᠣᠷᠪᠠᠭᠤᠯᠬᠤ | ᠵᠦᠭᠡᠯᠡᠷᠡᠭᠦᠯᠬᠦ ᠶᠢ ᠬᠡᠯᠡᠵᠦ ᠪᠠᠶᠢᠨ᠎ᠠ᠃ ᠬᠤᠷᠴᠢᠨ ᠳᠤ ᠣᠣᠯ ᠳᠠᠭᠠᠨ ᠶᠠᠮᠠᠷ ᠴᠦ ᠲᠠᠷᠢᠶ᠎ᠠ ᠲᠠᠷᠢᠵᠦ ᠦᠡᠭᠭᠡᠷᠡᠭᠰᠡᠨ | ᠦᠭᠡᠢ ᠭᠠᠵᠠᠷ ᠢ ᠰᠢᠨ᠎ᠡ ᠪᠠᠷ ᠡᠪᠳᠡᠵᠦ ᠲᠠᠷᠢᠶ᠎ᠠ ᠭᠠᠷᠭᠠᠬᠤ ᠶᠢ ᠪᠠᠰᠠ ᠭᠠᠵᠠᠷ ᠭᠠᠷᠭᠠᠬᠤ ᠭᠡᠵᠦ ᠬᠡᠯᠡᠳᠡᠭ᠃ ᠭᠠᠵᠠᠷ | ᠭᠠᠷᠭᠠᠬᠤ ᠳᠤ ᠶᠡᠷᠦ ᠳᠡᠭᠡᠨ ᠬᠤᠶᠠᠷ ᠣᠳᠠᠭ᠎ᠠ ᠠᠨᠵᠢᠰᠣ ᠬᠦᠳᠡᠯᠭᠡᠳᠡᠭ᠃ ᠲᠦᠷᠦᠭᠦᠦ ᠣᠳᠠᠭ᠎ᠠ ᠨᠢ ᠬᠦᠷᠦᠰᠦ | ᠵᠣᠵᠠᠭᠠᠨ ᠪᠣᠶᠣ ᠡᠪᠡᠰᠦ ᠢᠬᠴᠤ ᠰᠠᠬᠤᠯᠢᠬ ᠭᠠᠵᠠᠷ ᠢ ᠠᠨᠵᠢᠰᠦ ᠪᠠᠷ ᠬᠦᠷᠪᠡᠭᠦᠯᠵᠦ ᠡᠪᠡᠰᠦ ᠶᠢ ᠨᠢ ᠬᠦᠷᠦᠰᠣᠨ | ᠲᠣᠣᠷ᠎ᠠ ᠨᠢ ᠲᠠᠷᠣᠵᠦ ᠲᠠᠯᠪᠢᠨ᠎ᠠ᠃ ᠬᠦᠷᠦᠰᠦᠨ ᠳᠤ ᠪᠣᠯᠠᠬᠳᠠᠬᠰᠠᠨ ᠡᠪᠡᠰᠦ ᠨᠢ ᠠᠮᠠᠷᠬᠠᠨ ᠦᠦᠵᠦ ᠢᠯᠵᠢᠷᠡᠭᠡᠳ | ᠲᠠᠷᠢᠶᠠᠨ ᠳᠤ ᠪᠣᠷᠳᠣᠭᠤᠷ ᠪᠣᠯᠬᠤ ᠮᠦᠷᠳᠡᠭᠡᠨ ᠲᠠᠷᠢᠬᠰᠠᠨ ᠲᠠᠷᠢᠶ᠎ᠠ ᠳᠤ ᠪᠣᠵᠠᠷ ᠡᠪᠡᠰᠦ ᠴᠦᠬᠡᠨ ᠣᠷᠭᠤᠳᠠᠬ ᠶᠣᠮ | ᠭᠡᠨ᠎ᠡ᠃ ᠲᠦᠷᠦᠭᠦᠦ ᠣᠳᠠᠭ᠎ᠠ ᠠᠨᠵᠢᠰᠣ ᠬᠦᠳᠡᠯᠭᠡᠭᠡᠳ ᠬᠡᠰᠡᠭ ᠬᠤᠭᠤᠴᠠᠭ᠎ᠠ ᠦᠡᠭᠭᠡᠷᠡᠭᠰᠡᠨ ᠤ ᠲᠠᠷᠠᠭ᠎ᠠ | ᠬᠤᠶᠠᠳᠣᠭᠠᠷ ᠣᠳᠠᠭ᠎ᠠ ᠠᠨᠵᠢᠰᠣ ᠬᠦᠳᠡᠯᠭᠡᠳᠡᠭ᠃ ᠡᠭᠦᠨ ᠢᠶᠠᠨ ᠬᠤᠷᠴᠢᠨᠴᠣᠳ ︽ᠭᠠᠵᠠᠷ ᠲᠠᠬᠢᠬᠤ︾ ᠭᠡᠵᠦ | ᠬᠡᠯᠡᠳᠡᠭ᠃ ᠭᠠᠵᠠᠷ ᠲᠠᠬᠢᠬᠤ ᠭᠡᠳᠡᠭ ᠨᠢ ᠲᠠᠬᠢᠭᠠᠳ ᠪᠠᠰᠠ ᠨᠢᠭᠡ ᠣᠳᠠᠭ᠎ᠠ ᠠᠨᠵᠢᠰᠣ ᠬᠦᠳᠡᠯᠭᠡᠯᠡ ᠭᠡᠳᠡᠭ | ᠣᠳᠬ᠎ᠠ ᠲᠠᠢ ᠦᠭᠡ ᠶᠣᠮ᠃ ᠬᠤᠶᠠᠳᠣᠭᠠᠷ ᠣᠳᠠᠭ᠎ᠠ ᠠᠨᠵᠢᠰᠣ ᠬᠦᠳᠡᠯᠭᠡᠬᠦ ᠨᠢ ᠬᠠᠳᠠᠭᠤ ᠬᠦᠷᠦᠰᠣ ᠲᠠᠢ ᠭᠠᠵᠠᠷ ᠢ | ᠵᠦᠭᠡᠯᠡᠷᠡᠭᠦᠯᠵᠦ ᠪᠣᠯᠪᠠᠰᠣᠷᠠᠭᠤᠯᠬᠤ ᠳᠤ ᠠᠰᠢᠬᠳᠠᠢ᠃ | ᠲᠠᠷᠢᠬᠤ᠃ ᠨᠠᠷᠢᠮᠣ ᠶᠢᠨ ᠲᠠᠷᠢᠶᠠᠨ ᠤ ᠵᠢᠷᠤᠬ᠎ᠠ ᠶᠢᠨ ᠬᠤᠭᠤᠷᠣᠨᠳᠣᠬᠢ ᠵᠠᠢ ᠶᠢ ᠡᠩ ᠤᠨ ᠪᠠᠶᠢᠳᠠᠯ ᠳᠤ | ᠦᠷᠭᠡᠨ ᠰᠢᠭ ᠪᠠᠶᠢᠯᠭᠠᠳᠠᠬ ᠶᠣᠮ᠃ ᠠᠨᠵᠢᠰᠣ ᠬᠦᠯᠭᠡ ᠵᠢᠷᠤᠬ᠎ᠠ ᠭᠠᠷᠭᠠᠵᠦ ᠡᠬᠢᠯᠡᠭᠰᠡᠨ ᠤ ᠲᠠᠷᠠᠭ᠎ᠠ | ᠬᠤᠶᠢᠨ᠎ᠠ ᠠᠴᠠ ᠨᠢ ᠨᠢᠭᠡ ᠬᠦᠮᠦᠨ ᠦᠷ᠎ᠡ ᠬᠠᠶᠠᠳᠠᠬ᠃ ᠨᠠᠷᠢᠮᠣ ᠶᠢᠨ ᠦᠷ᠎ᠡ ᠶᠢ ᠬᠠᠶᠠᠬᠤ ᠳᠤ ᠲᠣᠬᠰᠢᠭᠤᠷ ᠬᠤᠯᠣ | ᠬᠡᠷᠡᠭᠰᠡᠳᠡᠭ ᠶᠣᠮ᠃ ᠲᠣᠬᠰᠢᠭᠤᠷ ᠬᠤᠯᠣ ᠪᠠᠷ ᠦᠷ᠎ᠡ ᠬᠠᠶᠠᠬᠤ ᠳᠤ ᠲᠣᠬᠰᠢᠬᠤ ᠮᠡᠷᠭᠡᠵᠢᠯ ᠨᠢ ᠲᠦᠢᠯ ᠤᠨ ᠴᠢᠬᠤᠯᠠ | ᠪᠠᠶᠢᠳᠠᠬ᠃ ᠦᠷ᠎ᠡ ᠬᠠᠶᠠᠬᠴᠢ ᠵᠠᠪᠠᠯ ᠵᠢᠷᠤᠬ᠎ᠠ ᠶᠢ ᠲᠠᠭᠠᠵᠦ ᠠᠯᠬᠤᠬᠤ ᠶᠢᠨ ᠲᠠᠭᠠᠣ ᠮᠦᠷᠦᠪᠴᠢᠯᠡᠵᠦ ᠪᠠᠶᠢᠭ᠎ᠠ | ᠲᠣᠬᠰᠢᠭᠤᠷ ᠬᠤᠯᠣ ᠪᠠᠨ ᠲᠣᠬᠰᠢᠭᠤᠷ ᠮᠣᠳᠣ ᠪᠠᠷ ᠵᠢᠭᠳᠡ ᠠᠶᠢᠵᠠᠮ ᠲᠠᠢ ᠪᠠᠷ ᠲᠣᠬᠰᠢᠵᠦ ᠦᠷ᠎ᠡ ᠶᠢ ᠨᠢ ᠵᠢᠭᠳᠡ | ᠲᠡᠩ ᠲᠠᠢ ᠬᠠᠶᠠᠬᠤ ᠬᠡᠷᠡᠭᠳᠡᠢ᠃ ᠬᠡᠷᠪᠡ ᠬᠡᠳᠦᠷᠬᠡᠢ ᠣᠳᠠᠭᠠᠨ ᠲᠣᠬᠰᠢᠪᠠᠯ ᠦᠷ᠎ᠡ ᠰᠡᠶᠢᠷᠡᠭ ᠲᠣᠰᠴᠦ ᠨᠠᠷᠢᠮᠣ ᠶᠢᠨ | ᠦᠵᠦᠭ ᠰᠢᠩᠭᠡᠨ ᠪᠣᠯᠵᠦ᠂ ᠬᠡᠳᠦᠷᠬᠡᠢ ᠬᠤᠷᠳᠣᠨ ᠲᠣᠬᠰᠢᠪᠠᠯ ᠦᠷ᠎ᠡ ᠨᠢ ᠬᠤᠷᠳᠣᠨ ᠢᠶᠠᠷ ᠰᠠᠳᠠᠷᠠᠨ ᠲᠣᠰᠣᠭᠠᠳ | ᠨᠠᠷᠢᠮᠣ ᠶᠢᠨ ᠦᠵᠦᠭ ᠵᠣᠵᠠᠭᠠᠨ ᠪᠣᠯᠬᠤ ᠠᠶᠣᠯᠳᠠᠢ ᠶᠣᠮ᠃ ᠨᠠᠷᠢᠮᠣ ᠶᠢᠨ ᠦᠵᠦᠭ ᠤᠨ ᠵᠣᠵᠠᠭᠠᠨ ᠰᠢᠩᠭᠡᠨ ᠨᠢ | ᠨᠠᠷᠢᠮᠣ ᠶᠢᠨ ᠲᠠᠷᠢᠶ᠎ᠠ ᠶᠢᠨ ᠣᠨᠠᠯᠳᠠ ᠶᠢ ᠰᠢᠭᠤᠳ ᠨᠦᠯᠦᠭᠡᠯᠡᠳᠡᠭ ᠪᠣᠯᠬᠤᠷ ᠦᠷ᠎ᠡ ᠬᠠᠶᠠᠬᠴᠢ ᠠᠴᠠ ᠲᠣᠰ | ᠡᠳᠦᠷ ᠤᠨ ᠢᠶᠠᠨ ᠰᠠᠯᠬᠢ ᠵᠢᠪᠠᠷ ᠤᠨ ᠬᠦᠴᠦᠳᠡᠢ ᠰᠣᠯᠠᠬᠠᠨ ᠪᠠᠶᠢᠬᠤ ᠡᠰᠡᠬᠦ ᠶᠢ ᠴᠦ ᠠᠩᠬᠠᠷᠬᠤ ᠴᠢᠬᠤᠯᠠᠲᠠᠢ ᠪᠠᠶᠢᠳᠠᠬ | ᠃ ᠦᠷ᠎ᠡ ᠬᠠᠶᠠᠬᠴᠢ ᠠᠴᠠ ᠪᠠᠰᠠ ᠴᠢᠷᠦᠭᠦᠯ ᠲᠠᠳᠠᠵᠦ ᠬᠠᠶᠠᠬᠰᠠᠨ ᠦᠷ᠎ᠡ ᠪᠠᠨ ᠰᠢᠷᠣᠢ ᠪᠠᠷ ᠲᠠᠷᠣᠵᠦ ᠲᠠᠯᠪᠢᠨ᠎ᠠ᠃ | ᠣᠯᠠᠩᠬᠢ ᠲᠠᠷᠢᠶᠠᠴᠢᠨ ᠠᠴᠠ ᠪᠠᠰᠠ ᠴᠢᠷᠦᠭᠦᠯ ᠢᠶᠠᠷ ᠦᠷ᠎ᠡ ᠪᠠᠨ ᠲᠠᠷᠣᠵᠦ ᠪᠠᠷᠠᠬᠰᠠᠨ ᠤ ᠲᠠᠷᠠᠭ᠎ᠠ ᠡᠯᠵᠢᠭᠡ ᠪᠠᠨ | ᠪᠣᠯᠣ ᠳᠤ ᠬᠦᠯᠦᠵᠦ ᠵᠢᠷᠤᠬ᠎ᠠ ᠲᠠᠷᠠᠭᠠᠯᠠᠨ ᠶᠠᠪᠣᠭᠤᠯᠳᠠᠬ ᠶᠣᠮ᠃ | ᠠᠷᠴᠢᠬᠤ᠃ ᠲᠠᠷᠢᠶᠠᠨ ᠴᠢᠬᠢ ᠣᠷᠭᠤᠭᠠᠳ ᠲᠠᠯᠠᠩ ᠲᠠᠪᠠᠭ᠋ᠣ ᠦᠶᠡᠰ ᠠᠷᠴᠢᠬᠤ ᠬᠡᠷᠡᠭᠳᠡᠢ ᠪᠣᠯᠳᠠᠬ᠃ | ᠣᠯᠠᠩᠬᠢ ᠲᠠᠷᠢᠶᠠᠴᠢᠨ ᠠᠴᠠ ᠨᠠᠷᠢᠮᠣ ᠶᠢ ᠬᠤᠶᠠᠷ ᠣᠳᠠᠭ᠎ᠠ ᠠᠷᠴᠢᠳᠠᠬ ᠶᠣᠮ᠃ ᠠᠵᠢᠯ ᠳᠠᠭᠠᠨ ᠰᠠᠶᠢᠨ ᠲᠠᠷᠢᠶᠠᠴᠢᠳ | ᠪᠠᠰᠠ ᠭᠤᠷᠪᠠ ᠣᠳᠠᠭ᠎ᠠ ᠠᠷᠴᠢᠳᠠᠬ ᠴᠦ ᠪᠣᠢ᠃ ᠠᠷᠴᠢᠬᠤ ᠨᠢ ᠪᠣᠵᠠᠷ ᠡᠪᠡᠰᠦ ᠶᠢ ᠠᠯᠠᠬᠤ᠂ ᠬᠦᠷᠦᠰᠦ ᠰᠢᠷᠣᠢ ᠶᠢ | ᠵᠦᠭᠡᠯᠡᠷᠡᠭᠦᠯᠬᠦ᠂ ᠲᠠᠷᠢᠶᠠᠨ ᠴᠢᠬᠢ ᠶᠢ ᠵᠣᠬᠢᠴᠠᠭᠤᠯᠬᠤ ᠵᠡᠷᠭᠡ ᠮᠠᠰᠢ ᠴᠢᠬᠤᠯᠠ ᠦᠢᠯᠡᠳᠦᠯ ᠲᠠᠢ ᠶᠣᠮ᠃ ᠨᠠᠷᠢᠮᠣ ᠶᠢ | ᠲᠦᠷᠦᠭᠦᠣ ᠣᠳᠠᠭ᠎ᠠ ᠠᠷᠴᠢᠬᠤ ᠳᠤ ᠪᠣᠵᠠᠷ ᠡᠪᠡᠰᠦ ᠶᠢ ᠨᠢ ᠠᠯᠠᠵᠦ ᠠᠷᠢᠯᠭᠠᠬᠤ ᠶᠢᠨ ᠬᠠᠮᠳᠦ ᠵᠢᠷᠤᠬ᠎ᠠ ᠶᠢᠨ ᠬᠤᠶᠠᠷ | ᠲᠠᠯ᠎ᠠ ᠶᠢᠨ ᠲᠠᠯᠠᠩ ᠤᠨ ᠰᠢᠷᠣᠢ ᠶᠢ ᠠᠷᠴᠢᠭᠤᠷ ᠢᠶᠠᠷ ᠵᠢᠷᠤᠬ᠎ᠠ ᠣᠷᠣᠭᠤ ᠲᠡᠭᠰᠢᠯᠡᠨ ᠲᠠᠳᠠᠵᠦ ᠬᠠᠳᠠᠭᠤ | ᠬᠦᠷᠦᠰᠦ ᠶᠢ ᠨᠢ ᠴᠣᠬᠢᠵᠦ ᠪᠠᠯᠪᠠᠯᠣᠨᠠ᠃ ᠬᠤᠶᠠᠳᠣᠭᠠᠷ ᠣᠳᠠᠭ᠎ᠠ ᠠᠷᠴᠢᠬᠤ ᠳᠤ ᠪᠣᠵᠠᠷ ᠡᠪᠡᠰᠦ ᠶᠢ ᠨᠢ | ᠠᠷᠴᠢᠭᠤᠷ ᠢᠶᠠᠷ ᠠᠯᠠᠬᠤ ᠶᠢᠨ ᠬᠠᠮᠳᠦ ᠵᠣᠵᠠᠭᠠᠨ ᠣᠷᠭᠤᠬᠰᠠᠨ ᠴᠢᠬᠢ ᠶᠢ ᠦᠭᠳᠡᠭᠡᠨ ᠰᠢᠩᠭᠡᠯᠡᠵᠦ ᠲᠣᠬᠢᠷᠠᠭᠤᠯᠣᠨ | ᠲᠣᠬᠳᠠᠭᠠᠨ᠎ᠠ᠃ ᠵᠠᠷᠢᠮ ᠭᠠᠵᠠᠷ ᠭᠤᠷᠪᠠᠳᠣᠭᠠᠷ ᠣᠳᠠᠭ᠎ᠠ ᠠᠷᠴᠢᠳᠠᠬ ᠪᠣᠯᠪᠠᠴᠦ ᠣᠯᠠᠩᠬᠢ ᠭᠠᠵᠠᠷ ᠭᠤᠷᠪᠠᠨ ᠵᠢᠵᠢᠭ | ᠬᠤᠰᠢᠭᠤ ᠲᠠᠢ ᠠᠨᠵᠢᠰᠣ ᠬᠦᠳᠡᠯᠭᠡᠵᠦ ᠲᠠᠷᠢᠶᠠᠨ ᠴᠢᠬᠢᠨ ᠳᠤ ᠲᠠᠯᠠᠩ ᠤᠨ ᠰᠢᠷᠣᠢ ᠶᠢ ᠪᠠᠭᠤᠯᠭᠠᠳᠠᠬ ᠶᠣᠮ᠃ | ᠲᠠᠩᠨᠠᠬᠤ᠃ ᠲᠠᠷᠢᠶ᠎ᠠ ᠣᠷᠭᠤᠭᠠᠳ ᠵᠣᠬᠢᠬᠤ ᠬᠡᠮᠵᠢᠶᠡᠨ ᠳᠤ ᠬᠦᠷᠪᠡᠯ ᠬᠦᠷᠣᠰᠦᠨ ᠤ ᠰᠢᠮ᠎ᠡ | ᠲᠣᠳᠠᠬᠳᠠᠳᠠᠬ ᠠᠴᠠ ᠴᠢᠬᠢᠨ ᠳᠤᠨᠢ ᠬᠦᠢᠴᠡᠳ ᠬᠦᠷᠦᠰᠦ ᠬᠦᠷᠭᠡᠬᠦ ᠴᠢᠬᠤᠯᠠᠲᠠᠢ ᠪᠠᠶᠢᠳᠠᠬ᠃ ᠨᠠᠷᠢᠮᠣ ᠨᠢ ᠲᠣᠬᠤᠢ | ᠵᠠᠪᠳᠣᠭᠤ ᠣᠷᠭᠤᠬᠤ ᠬᠢᠷᠢ ᠪᠠᠷ ᠲᠠᠩᠨᠠᠵᠦ ᠡᠬᠢᠯᠡᠳᠡᠭ ᠶᠣᠮ᠃ ᠨᠠᠷᠢᠮᠣ ᠲᠠᠩᠨᠠᠬᠤ ᠳᠤ ᠲᠠᠷᠢᠶᠠᠴᠢᠳ ᠠᠴᠠ | ᠲᠠᠩᠨᠠᠭᠤᠷ ᠤᠨ ᠠᠨᠵᠢᠰᠣ ᠭᠡᠵᠦ ᠲᠣᠰᠬᠠᠢ ᠪᠡᠯᠡᠳᠭᠡᠳᠡᠭ᠃ ᠲᠠᠩᠨᠠᠭᠤᠷ ᠤᠨ ᠠᠨᠵᠢᠰᠣ ᠨᠢ ᠵᠢᠷᠤᠬ᠎ᠠ ᠶᠢᠨ | ᠬᠤᠭᠤᠷᠤᠨᠳᠣᠬᠢ ᠲᠠᠯᠠᠩ ᠢ ᠬᠠᠭᠠᠯᠪᠣᠷᠢᠯᠠᠵᠦ ᠰᠢᠷᠣᠢ ᠶᠢ ᠨᠢ ᠭᠠᠳᠠᠬᠰᠢ ᠢᠷᠠᠭᠠᠳ ᠲᠠᠷᠢᠶᠠᠨ ᠴᠢᠬᠢᠨ ᠳᠤ ᠬᠦᠷᠭᠡᠳᠡᠭ | ᠶᠣᠮ᠃ ᠣᠳᠣᠬᠠᠨ ᠳᠤ ᠵᠠᠷᠢᠮ ᠲᠠᠷᠢᠶᠠᠴᠢᠳ ᠠᠴᠠ ᠲᠠᠷᠢᠶᠠᠨ ᠴᠢᠬᠢᠨ ᠳᠡᠭᠡᠨ ᠬᠢᠮᠢ ᠶᠢᠨ ᠪᠣᠷᠳᠣᠭᠤᠷ ᠬᠦᠷᠭᠡᠭᠰᠡᠨ ᠤ | ᠲᠠᠷᠠᠭ᠎ᠠ ᠲᠠᠩᠨᠠᠭᠤᠷ ᠤᠨ ᠠᠨᠵᠢᠰᠣ ᠬᠦᠳᠡᠯᠭᠡᠵᠦ ᠬᠢᠮᠢ ᠶᠢᠨ ᠪᠣᠷᠳᠣᠭᠤᠷ ᠢᠶᠠᠨ ᠬᠦᠷᠦᠰᠦ ᠪᠠᠷ ᠲᠠᠷᠣᠵᠦ ᠲᠠᠯᠪᠢᠬᠤ | ᠪᠣᠯᠵᠠᠢ᠃ | ᠮᠠᠨᠠᠭᠤᠯ ᠪᠣᠰᠬᠠᠬᠤ᠃ ᠨᠠᠮᠣᠷ ᠨᠠᠷᠢᠮᠣ ᠶᠢᠨ ᠲᠠᠷᠢᠶ᠎ᠡ ᠦᠷᠡᠯᠡᠵᠦ ᠡᠬᠢᠯᠡᠭᠰᠡᠨ ᠤ ᠲᠠᠷᠠᠭ᠎ᠠ ᠪᠢᠯᠵᠣᠣᠬᠠᠢ | ᠪᠣᠯᠵᠣᠮᠣᠷ ᠣᠯᠠᠨ ᠴᠣᠬᠯᠠᠷᠠᠵᠦ ᠨᠠᠷᠢᠮᠣ ᠶᠢᠨ ᠪᠣᠳᠠᠭ᠎ᠠ ᠶᠢ ᠨᠢ ᠢᠳᠡᠵᠦ ᠰᠦᠢᠳᠭᠡᠳᠡᠭ ᠶᠣᠮ᠃ ᠡᠨᠡ ᠦᠶᠡᠰ ᠮᠣᠳᠣ | ᠪᠣᠶᠣ ᠡᠪᠡᠰᠦ ᠪᠠᠷ ᠮᠠᠨᠠᠭᠤᠯ ᠪᠣᠰᠬᠠᠵᠦ ᠲᠡᠭᠡᠷ᠎ᠡ ᠨᠢ ᠮᠠᠯᠠᠭᠠᠢ ᠬᠤᠪᠴᠠᠰᠤ ᠡᠮᠦᠰᠭᠡᠭᠡᠳ ᠪᠢᠯᠵᠣᠣᠬᠠᠢ ᠶᠢ ᠦᠷᠭᠦᠭᠡᠨ | ᠠᠶᠣᠯᠭᠠᠳᠠᠬ᠃ | ᠬᠠᠳᠣᠬᠤ᠃ ᠨᠠᠮᠣᠷ ᠴᠠᠬ ᠪᠣᠯᠣᠭᠠᠳ ᠨᠠᠷᠢᠮᠣ ᠭᠦᠢᠴᠡᠳ ᠪᠣᠯᠪᠠᠰᠣᠷᠠᠬᠰᠠᠨ ᠤ ᠲᠠᠷᠠᠭ᠎ᠠ ᠬᠠᠳᠣᠬᠤ ᠠᠵᠢᠯ | ᠡᠬᠢᠯᠡᠳᠡᠭ᠃ ᠨᠠᠷᠢᠮᠣ ᠶᠢ ᠵᠢᠷᠤᠬᠠᠯᠠᠨ ᠬᠠᠳᠣᠬᠤ ᠪᠣᠯᠣᠨ ᠬᠦᠵᠦᠭᠦᠳᠡᠨ ᠬᠠᠳᠣᠬᠤ ᠭᠡᠳᠡᠭ ᠬᠤᠶᠠᠷ ᠵᠦᠢᠯ ᠤᠨ | ᠬᠠᠳᠣᠬᠤ ᠠᠷᠭ᠎ᠠ ᠪᠠᠶᠢᠳᠠᠬ᠃ ᠬᠤᠷᠴᠢᠨᠴᠣᠳ ᠨᠠᠷᠢᠮᠣ ᠶᠢ ᠭᠤᠬᠢᠭᠠᠷ ᠬᠠᠳᠣᠭᠤᠷ ᠢᠶᠠᠷ ᠬᠠᠳᠣᠳᠠᠬ ᠶᠣᠮ᠃ | ᠬᠦᠵᠦᠭᠦᠳᠡᠵᠦ ᠬᠠᠳᠣᠬᠤ ᠭᠡᠳᠡᠭ ᠨᠢ ᠨᠠᠷᠢᠮᠣ ᠶᠢᠨ ᠲᠣᠯᠣᠭᠠᠢ ᠪᠣᠯᠣᠨ ᠰᠦᠷᠡᠯ ᠤᠨ ᠠᠭᠤᠯᠵᠠᠷ ᠢᠶᠠᠷ ᠬᠠᠳᠣᠨ ᠠᠪᠴᠦ | ᠲᠣᠯᠣᠭᠠᠢ ᠶᠢ ᠨᠢ ᠬᠤᠷᠢᠶᠠᠨ ᠠᠪᠬᠤ ᠠᠷᠭ᠎ᠠ ᠪᠣᠯᠣᠨ᠎ᠠ᠃ ᠡᠨᠡ ᠬᠦ ᠠᠷᠭ᠎ᠠ ᠪᠠᠷ ᠬᠠᠳᠣᠵᠦ ᠠᠪᠣᠬᠰᠠᠨ ᠨᠠᠷᠢᠮᠣ ᠶᠢᠨ | ᠪᠣᠳᠠᠭ᠎ᠠ ᠶᠢ ᠨᠢ ᠣᠨᠠᠭᠠᠵᠦ ᠠᠪᠬᠤ ᠳᠤ ᠰᠦᠷᠡᠯ ᠲᠠᠢ ᠨᠠᠷᠢᠮᠣ ᠶᠢ ᠣᠨᠠᠭᠠᠬᠤ ᠠᠴᠠ ᠬᠢᠯᠪᠠᠷᠬᠠᠨ ᠰᠢᠬ ᠪᠠᠶᠢᠳᠠᠬ᠃ | ᠬᠤᠷᠴᠢᠨᠴᠣᠳ ᠤᠨ ᠲᠣᠮᠳᠠ ᠨᠠᠷᠢᠮᠣ ᠶᠢ ᠬᠦᠵᠦᠭᠦᠳᠡᠵᠦ ᠬᠠᠳᠣᠭᠠᠳ ᠡᠯᠵᠢᠭᠡ ᠪᠠᠷ ᠠᠶᠠᠯᠠᠵᠦ ᠪᠠᠶᠢᠭ᠎ᠠ ᠬᠦᠮᠦᠨ ᠲᠠᠢ | ᠵᠣᠭᠤᠬ ᠬᠡᠯᠡᠯᠴᠡᠭᠡᠳ ᠱᠠᠩ ᠤᠨ ᠦᠵᠦᠭᠦᠷ ᠭᠠᠷᠴᠢᠬᠠᠬᠤ ᠲᠣᠬᠠᠢ ᠶᠠᠷᠢᠶ᠎ᠠ ᠬᠡᠯᠡᠯᠴᠡᠭᠡ ᠴᠦ ᠪᠠᠶᠢᠳᠠᠬ᠃ ᠵᠢᠷᠤᠬᠠᠯᠠᠵᠦ | ᠬᠠᠳᠣᠬᠤ ᠭᠡᠳᠡᠭ ᠨᠢ ᠨᠢᠭᠡ ᠬᠦᠮᠦᠨ ᠨᠠᠷᠢᠮᠣ ᠶᠢᠨ ᠲᠠᠷᠢᠶ᠎ᠠ ᠶᠢᠨ ᠲᠣᠮᠳᠠᠭᠤᠷ ᠭᠤᠣᠯ ᠴᠣᠭᠤᠯᠵᠦ ᠬᠠᠳᠣᠵᠦ | ᠣᠷᠣᠭᠠᠳ ᠬᠤᠶᠠᠷ ᠬᠦᠮᠦᠨ ᠬᠤᠶᠠᠷ ᠬᠠᠵᠠᠭᠤ ᠪᠠᠷ ᠨᠢ ᠲᠠᠷᠠᠭᠠᠯᠠᠨ ᠬᠠᠳᠣᠬᠤ ᠠᠷᠭ᠎ᠠ ᠪᠣᠯᠣᠨ᠎ᠠ᠃ ᠨᠠᠷᠢᠮᠣ ᠶᠢ | ᠰᠦᠷᠡᠯ ᠲᠠᠢ ᠨᠢ ᠬᠠᠳᠣᠬᠤ ᠨᠢ ᠬᠦᠵᠦᠭᠦᠳᠡᠵᠦ ᠬᠠᠳᠣᠬᠤ ᠶᠢ ᠪᠣᠳᠣᠪᠠᠯ ᠢᠯᠡᠭᠦᠦ ᠪᠦᠬᠦ᠋ᠢᠵᠦ ᠭᠠᠷ ᠤᠨ ᠬᠦᠴᠦ | ᠢᠯᠡᠭᠦᠦ ᠬᠡᠷᠡᠭᠰᠡᠳᠡᠭ ᠠᠴᠠ ᠶᠠᠳᠠᠷᠠᠬᠤ ᠨᠢ ᠢᠯᠡᠭᠦᠦ ᠰᠢᠭ ᠮᠦᠷᠳᠡᠭᠡᠨ ᠪᠣᠳᠠᠭ᠎ᠠ ᠶᠢ ᠨᠢ ᠣᠨᠠᠭᠠᠬᠤ ᠳᠤ ᠴᠦ ᠶᠠᠷᠰᠢᠬ | ᠰᠢᠬ ᠪᠠᠶᠢᠳᠠᠬ᠃ ᠭᠡᠪᠡᠴᠦ ᠨᠠᠷᠢᠮᠣ ᠶᠢ ᠡᠰᠢ ᠰᠦᠷᠡᠯ ᠲᠠᠢ ᠨᠢ ᠬᠤᠷᠢᠶᠠᠵᠦ ᠠᠪᠳᠠᠬ ᠨᠢ ᠡᠰᠢ ᠰᠦᠷᠡᠯ ᠢ ᠨᠢ ᠴᠦ | ᠠᠮᠢᠳᠣᠷᠠᠯ ᠤᠨ ᠬᠡᠷᠡᠭᠯᠡᠭᠡᠨ ᠳᠤ ᠣᠷᠣᠭᠤᠯᠵᠦ ᠪᠣᠯᠳᠠᠬ᠃ | ᠦᠳᠦᠷᠮᠡᠯᠡᠬᠦ᠃ ᠬᠠᠳᠣᠬᠰᠠᠨ ᠨᠠᠷᠢᠮᠣ ᠶᠢ ᠦᠳᠦᠷᠮᠡᠯᠡᠬᠦ ᠳᠤ ᠲᠡᠭᠡᠭᠡᠬᠦ ᠪᠠ ᠦᠳᠦᠷᠮᠡᠯᠡᠬᠦ ᠭᠡᠬᠦ ᠬᠤᠶᠠᠷ | ᠠᠯᠬᠤᠮ ᠢᠶᠠᠷ ᠶᠠᠪᠣᠬᠳᠠᠳᠠᠬ ᠶᠣᠮ᠃ ᠬᠠᠳᠣᠬᠰᠠᠨ ᠨᠠᠷᠢᠮᠣ ᠭᠦᠢᠴᠡᠳ ᠬᠠᠳᠠᠬᠰᠠᠨ ᠤ ᠲᠠᠷᠠᠭ᠎ᠠ ᠪᠣᠭᠤᠵᠢᠯᠠᠭᠠᠳ | ᠲᠡᠷᠭᠡᠨ ᠲᠡᠭᠡᠷ᠎ᠡ ᠲᠣᠯᠣᠭᠠᠢ ᠶᠢ ᠨᠢ ᠲᠣᠳᠣᠬᠰᠢ ᠬᠠᠨᠳᠣᠭᠤᠯᠵᠦ ᠲᠡᠭᠡᠭᠡᠨ᠎ᠡ᠃ ᠲᠡᠷᠭᠡ ᠶᠢᠨ ᠬᠤᠶᠠᠷ ᠬᠠᠵᠠᠭᠤ ᠪᠠᠷ | ᠨᠠᠷᠢᠮᠣ ᠶᠢᠨ ᠡᠰᠢ ᠶᠢ ᠭᠠᠳᠠᠬᠰᠢ ᠬᠠᠨᠳᠣᠭᠤᠯᠵᠦ ᠲᠣᠯᠣᠭᠠᠢ ᠶᠢ ᠨᠢ ᠲᠣᠳᠣᠬᠰᠢ ᠬᠠᠨᠳᠣᠭᠤᠯᠵᠦ ᠨᠢᠭᠡ ᠮᠦᠷ | ᠲᠡᠭᠰᠢᠯᠡᠵᠦ ᠪᠠᠷᠠᠭᠰᠠᠨ ᠤ ᠲᠠᠷᠠᠭ᠎ᠠ ᠬᠤᠶᠠᠷ ᠲᠠᠯ᠎ᠠ ᠶᠢᠨ ᠨᠠᠷᠢᠮᠣ ᠶᠢᠨ ᠠᠭᠤᠯᠵᠠᠷ ᠢ ᠪᠠᠰᠠ ᠨᠢᠭᠡ ᠮᠦᠷ ᠨᠠᠷᠢᠮᠤ ᠶᠢᠨ | ᠪᠤᠭᠤᠵᠢ ᠪᠠᠷ ᠲᠠᠷᠣᠵᠦ ᠲᠠᠯᠪᠢᠨ᠎ᠡ᠃ ᠡᠭᠦᠨ ᠢᠶᠠᠨ ᠭᠤᠣᠯ ᠲᠠᠷᠣᠬᠤ ᠭᠡᠵᠦ ᠬᠡᠯᠡᠳᠡᠭ᠃ ᠡᠨᠡ ᠮᠡᠳᠦ ᠪᠠᠷ ᠬᠡᠳᠦᠨ | ᠮᠦᠷ ᠲᠡᠭᠡᠭᠡᠭᠰᠡᠨ ᠤ ᠲᠠᠷᠠᠭ᠎ᠠ ᠲᠡᠷᠭᠡ ᠲᠦᠭᠦᠷᠳᠡᠭ ᠶᠣᠮ᠃ ᠬᠠᠰᠢᠷ ᠲᠠᠷᠢᠶᠠᠴᠢᠳ ᠤᠨ ᠬᠠᠭᠤᠴᠢᠯᠠᠬᠰᠠᠨ ᠢᠶᠠᠷ ᠪᠣᠯ | ᠲᠦᠷᠪᠡ ᠬᠦᠯᠦᠭᠰᠡᠨ ᠬᠠᠰᠠᠬ ᠲᠡᠷᠭᠡ ᠨᠢ 70 ᠠᠴᠠ 110 ᠪᠣᠭᠤᠵᠢ ᠣᠷᠴᠢᠮ ᠨᠠᠷᠢᠮᠣ ᠲᠡᠭᠡᠭᠡᠵᠦ ᠲᠡᠶᠢᠯᠳᠡᠭ ᠶᠣᠮ | ᠭᠡᠨ᠎ᠡ᠃ ᠣᠳᠣᠬᠠᠨ ᠳᠤ ᠮᠠᠰᠢᠨ ᠮᠧᠬᠠᠨᠢᠬ ᠬᠡᠷᠡᠭᠯᠡᠭᠰᠡᠨ ᠠᠴᠠ ᠡᠭᠦᠨ ᠠᠴᠠ ᠴᠦ ᠬᠤᠯᠠ ᠢᠯᠡᠭᠦᠦ ᠲᠡᠭᠡᠭᠡᠵᠦ ᠲᠡᠶᠢᠯᠬᠦ | ᠪᠣᠯᠵᠠᠢ᠃ ᠲᠡᠭᠡᠭᠡᠭᠰᠡᠨ ᠨᠠᠷᠢᠮᠣ ᠪᠠᠨ ᠦᠳᠦᠷᠮ᠎ᠡ ᠳᠤ ᠬᠤᠷᠢᠶᠠᠬᠤ ᠳᠠᠭᠠᠨ ᠲᠣᠯᠣᠭᠠᠢ ᠶᠢ ᠨᠢ ᠲᠣᠳᠣᠬᠰᠢ | ᠬᠠᠨᠳᠣᠭᠤᠯᠵᠦ ᠬᠤᠷᠢᠶᠠᠭᠠᠳ ᠣᠷᠣᠢ ᠶᠢ ᠨᠢ ᠨᠠᠷᠢᠮᠤ ᠶᠢᠨ ᠪᠤᠭᠤᠵᠢ ᠪᠠᠷ ᠲᠠᠷᠣᠵᠦ ᠲᠠᠯᠪᠢᠨ᠎ᠡ᠃ ᠢᠡᠭᠭᠢᠵᠦ | ᠬᠤᠷᠢᠶᠠᠪᠠᠯ ᠰᠢᠪᠠᠭᠤ ᠪᠣᠯᠵᠣᠮᠣᠷ ᠪᠣᠳᠠᠭ᠎ᠠ ᠶᠢ ᠨᠢ ᠰᠦᠢᠳᠭᠡᠬᠦ ᠨᠢ ᠪᠠᠭ᠎ᠠ ᠭᠡᠳᠡᠭ᠃ | ᠨᠠᠷᠢᠮᠣ ᠶᠢ ᠦᠳᠦᠷᠮᠡᠨ ᠳᠤ ᠠᠪᠬᠤ | ᠨᠠᠷᠢᠮᠣ ᠶᠢ ᠦᠳᠦᠷᠮ᠎ᠡ ᠳᠤ ᠲᠡᠭᠡᠭᠡᠵᠦ ᠣᠷᠣᠭᠤᠯᠤᠭᠠᠳ ᠨᠠᠮᠣᠷ ᠤᠨ ᠬᠤᠷᠢᠶᠠᠯᠳᠠ ᠶᠢᠨ ᠠᠵᠢᠯ ᠨᠡᠯᠢᠶᠡᠳ | ᠵᠦᠭᠰᠢᠷᠡᠨ᠂ ᠲᠡᠭᠡᠭᠡᠵᠦ ᠣᠷᠣᠭᠤᠯᠣᠬᠰᠠᠨ ᠲᠠᠷᠢᠶ᠎ᠠ ᠬᠠᠳᠠᠵᠦ ᠬᠠᠭᠤᠷᠠᠢ ᠪᠣᠯᠣᠬᠰᠠᠨ ᠤ ᠲᠠᠷᠠᠭ᠎ᠠ ᠦᠳᠦᠷᠮ᠎ᠡ ᠠᠪᠬᠤ | ᠠᠵᠢᠯ ᠡᠬᠢᠯᠡᠳᠡᠭ᠃ ᠨᠠᠷᠢᠮᠣ ᠶᠢ ᠠᠪᠬᠤ ᠳᠤ ᠪᠣᠳᠠᠭ᠎ᠠ ᠰᠠᠯᠭᠠᠬᠤ᠂ ᠯᠠᠢ ᠰᠠᠶᠢᠵᠠᠳᠠᠬᠤ᠂ ᠡᠰᠢ ᠰᠦᠷᠡᠯ ᠢ ᠨᠢ | ᠡᠳ᠋ᠰᠢᠭᠦᠯᠬᠦ ᠭᠡᠬᠦ ᠭᠤᠷᠪᠠᠨ ᠠᠯᠬᠤᠮ ᠢᠶᠠᠷ ᠶᠠᠪᠣᠬᠳᠠᠳᠠᠬ ᠶᠣᠮ᠃ | ᠪᠣᠳᠠᠭ᠎ᠠ ᠰᠠᠯᠭᠠᠬᠤ᠃ ᠬᠦᠵᠦᠭᠦᠳᠡᠵᠦ ᠬᠠᠳᠣᠬᠰᠠᠨ ᠨᠠᠷᠢᠮᠣ ᠶᠢ ᠪᠣᠯ ᠵᠢᠭᠳᠡᠬᠡᠨ ᠲᠡᠪᠢᠰᠴᠦ ᠲᠠᠯᠪᠢᠭᠠᠳ | ᠪᠣᠯᠣ ᠪᠠᠷ ᠪᠣᠯᠣᠳᠠᠵᠦ ᠣᠨᠠᠭᠠᠳᠠᠬ ᠶᠣᠮ᠃ ᠰᠦᠷᠡᠯ ᠲᠠᠢ ᠨᠢ ᠬᠠᠳᠣᠬᠰᠠᠨ ᠨᠠᠷᠢᠮᠣ ᠶᠢ ᠲᠣᠯᠣᠭᠠᠢ ᠶᠢ ᠨᠢ ᠲᠣᠳᠣᠬᠰᠢ | ᠬᠠᠨᠳᠣᠭᠤᠯᠣᠨ ᠵᠢᠭᠳᠡᠬᠡᠨ ᠲᠠᠪᠢᠰᠴᠦ ᠲᠠᠯᠪᠢᠭᠠᠳ ᠲᠣᠯᠣᠭᠠᠢ ᠨᠡᠶᠢᠯᠡᠭᠰᠡᠨ ᠬᠡᠰᠡᠭ ᠢᠶᠠᠷ ᠨᠢ ᠪᠣᠯᠣ ᠭᠦᠶᠦᠯᠭᠡᠵᠦ ᠡᠰᠢ | ᠰᠦᠷᠡᠯ ᠠᠴᠠ ᠨᠢ ᠰᠠᠯᠭᠠᠨ ᠣᠨᠠᠭᠠᠵᠦ ᠠᠪᠳᠠᠬ᠃ ᠵᠠᠷᠢᠮ ᠲᠠᠷᠢᠶᠠᠴᠢᠳ ᠪᠠᠰᠠ ᠦᠭᠡᠷ ᠪᠣᠶᠣ ᠮᠣᠷᠢ ᠶᠢ ᠬᠤᠯᠪᠣᠨ | ᠬᠦᠳᠦᠯᠦᠭᠡᠳ ᠭᠢᠰᠭᠢᠭᠦᠯᠵᠦ ᠠᠪᠳᠠᠬ ᠴᠦ ᠪᠣᠢ᠃ ᠬᠡᠷᠪᠡ ᠲᠡᠪᠢᠰᠦᠭᠰᠡᠨ ᠲᠠᠷᠢᠶᠠᠨ ᠤ ᠬᠡᠪᠴᠢᠶ᠎ᠡ ᠨᠢ ᠪᠠᠭ᠎ᠠ ᠪᠣᠯ | ᠬᠤᠶᠠᠷ ᠪᠣᠶᠣ ᠭᠤᠷᠪᠠᠨ ᠦᠬᠡᠷ ᠮᠣᠷᠢ ᠪᠠᠷ ᠭᠢᠰᠭᠢᠭᠦᠯᠵᠦ ᠠᠷᠪᠢᠨ ᠪᠣᠯ ᠨᠡᠩ ᠣᠯᠠᠨ ᠦᠬᠡᠷ ᠮᠣᠷᠢ ᠬᠡᠷᠡᠭᠰᠡᠳᠡᠭ ᠶᠣᠮ | ᠃ ᠨᠠᠷᠢᠮᠣ ᠶᠢ ᠡᠰᠢ ᠰᠦᠷᠡᠯ ᠠᠴᠠ ᠨᠢ ᠰᠠᠯᠭᠠᠵᠦ ᠪᠠᠷᠠᠬᠰᠠᠨ ᠤ ᠲᠠᠷᠠᠭ᠎ᠠ ᠵᠢᠪᠡᠷ ᠰᠠᠯᠬᠢᠨ ᠨᠢ ᠲᠣᠬᠢᠷᠠᠮᠵᠢᠳᠠᠢ ᠡᠳᠦᠷ ᠢ | ᠰᠣᠩᠭᠤᠵᠦ ᠮᠣᠳᠣᠨ ᠬᠦᠷᠵᠡ ᠪᠠᠷ ᠬᠠᠶᠠᠵᠦ ᠪᠣᠳᠠᠭ᠎ᠠ ᠶᠢ ᠨᠢ ᠢᠯᠭᠠᠷᠠᠭᠤᠯᠵᠦ ᠠᠪᠳᠠᠬ᠃ ᠡᠭᠦᠨ ᠢ ᠪᠣᠳᠠᠭ᠎ᠠ | ᠬᠡᠶᠢᠰᠭᠡᠬᠦ ᠭᠡᠨ᠎ᠡ᠃ ᠡᠭᠦᠨ ᠤ ᠲᠣᠬᠠᠢ ᠲᠣᠯᠭᠠᠭᠤᠷᠢ ᠠᠴᠠ᠄ ︽ᠡᠰᠢ ᠰᠦᠷᠡᠯ ᠠᠴᠠ ᠨᠢ ᠰᠠᠯᠭᠠᠬᠰᠠᠨ ᠨᠠᠷᠢᠮᠣ ᠪᠠᠨ | ᠦᠳᠦᠷᠮ᠎ᠡ ᠶᠢᠨ ᠲᠣᠯᠢ ᠳᠤ ᠣᠪᠣᠭᠠᠯᠠᠵᠦ ᠲᠠᠯᠪᠢᠭᠠᠳ ᠲᠡᠮ ᠲᠠᠢ ᠰᠢᠭ ᠬᠦᠮᠦᠰ ᠨᠢ ᠮᠣᠳᠣᠨ ᠬᠦᠷᠵᠡ ᠪᠠᠷ ᠵᠢᠪᠠᠷ | ᠦᠭᠡᠳᠡ ᠪᠣᠳᠠᠭ᠎ᠠ ᠪᠠᠨ ᠬᠠᠶᠠᠨ᠎ᠠ᠃ ᠪᠣᠳᠠᠭ᠎ᠠ ᠣᠷᠣᠬᠰᠠᠨ ᠢᠶᠠᠷ ᠰᠠᠶᠢᠨ ᠨᠠᠷᠢᠮᠣ ᠨᠢ ᠵᠢᠪᠠᠷ ᠤᠨ ᠲᠡᠭᠡᠷ᠎ᠡ ᠲᠠᠯ᠎ᠠ ᠳᠤ | ᠲᠣᠰᠴᠦ᠂ ᠭᠡᠶᠢᠳᠡᠮ ᠴᠣᠣᠬᠠᠯ ᠪᠣᠶᠣ ᠬᠤᠬ ᠯᠠᠢ ᠨᠢ ᠵᠢᠪᠠᠷ ᠤᠨ ᠲᠣᠣᠷ᠎ᠠ ᠲᠠᠯ᠎ᠠ ᠳᠤ ᠪᠠᠭᠤᠳᠠᠬ᠃ᠡᠨᠡ ᠦᠶ᠎ᠡ ᠳᠤ | ᠵᠢᠪᠠᠷ ᠤᠨ ᠲᠣᠣᠷ᠎ᠠ ᠲᠠᠯ᠎ᠠ ᠳᠤ ᠵᠣᠬᠰᠣᠵᠦ ᠪᠠᠶᠢᠭ᠎ᠠ ᠬᠦᠮᠦᠨ ᠠᠴᠠ ᠲᠣᠯᠣᠭᠠᠢ ᠪᠠᠨ ᠠᠯᠴᠢᠭᠤᠷ ᠢᠶᠠᠷ ᠣᠷᠢᠶᠠᠵᠦ᠂ | ᠨᠠᠬᠢᠯᠵᠠᠭᠤᠷ ᠪᠣᠷᠭᠠᠰᠣᠨ ᠱᠦᠬᠦᠷ ᠢᠶᠠᠷ ᠪᠣᠳᠠᠭ᠎ᠠ ᠲᠠᠢ ᠬᠤᠯᠢᠯᠳᠣᠬᠰᠠᠨ ᠬᠤᠬ ᠯᠠᠢ ᠶᠢ ᠬᠦᠡᠭᠭᠡᠬᠡᠨ ᠰᠢᠭᠰᠢᠵᠦ | ᠱᠦᠭᠦᠷᠳᠡᠨ᠎ᠡ᠃ ᠡᠭᠦᠨ ᠢᠶᠠᠨ ᠨᠠᠷᠢᠮᠣ ᠮᠦᠶᠡᠳᠡᠬᠦ ᠭᠡᠵᠦ ᠶᠠᠷᠢᠳᠠᠬ᠃ ᠬᠡᠷᠪᠡ ᠰᠠᠯᠬᠢ ᠪᠠ ᠬᠠᠶᠠᠬᠤ ᠬᠦᠮᠦᠨ ᠤ | ᠭᠠᠷ ᠤᠨ ᠡᠪ ᠲᠠᠭᠠᠷᠠᠬᠰᠠᠨ ᠪᠠᠶᠢᠪᠠᠯ ᠭᠠᠭᠴᠠᠬᠠᠨ ᠣᠳᠠᠭ᠎ᠠ ᠳᠤ ᠪᠣᠳᠠᠭ᠎ᠠ ᠪᠠ ᠯᠠᠢ ᠨᠢ ᠢᠯᠭᠠᠷᠠᠴᠢᠬᠠᠳᠠᠬ ᠶᠣᠮ︾ | ᠭᠡᠵᠡᠢ᠃ ᠨᠠᠷᠢᠮᠣ ᠶᠢᠨ ᠮᠦᠬᠦᠯᠢᠭ ᠨᠢ ᠵᠢᠵᠢᠭᠬᠡᠨ ᠪᠣᠯᠬᠤᠷ ᠮᠣᠩᠭᠤᠯ ᠠᠮᠣ ᠶᠢ ᠬᠠᠶᠠᠬᠤ ᠲᠠᠢ ᠬᠠᠷᠢᠴᠠᠭᠤᠯᠪᠠᠯ ᠨᠡᠩ | ᠶᠡᠭᠡ ᠲᠡᠮ ᠬᠡᠷᠡᠭᠰᠡᠳᠡᠭ ᠶᠣᠮ᠃ ᠡᠶᠢᠮᠦ ᠠᠴᠠ ᠲᠠᠷᠢᠶᠠᠴᠢᠳ ᠨᠠᠷᠢᠮᠣ ᠶᠢ ᠬᠤᠶᠠᠷ ᠠᠴᠠ ᠭᠤᠷᠪᠠ ᠣᠳᠠᠭ᠎ᠠ ᠨᠢᠮᠪᠠᠢ | ᠬᠠᠶᠠᠵᠦ ᠪᠠᠶᠢᠭᠠᠳ ᠰᠠᠶ᠋ᠢ ᠭᠦᠢᠴᠡᠳ ᠰᠠᠯᠭᠠᠵᠦ ᠠᠪᠣᠭᠠᠳ ᠬᠦᠮᠦᠷᠭᠡᠯᠡᠵᠦ ᠲᠠᠯᠪᠢᠳᠠᠬ ᠶᠣᠮ᠃ | ᠯᠠᠢ ᠰᠠᠶᠢᠵᠠᠳᠠᠬᠤ᠃ ᠨᠠᠷᠢᠮᠣ ᠶᠢᠨ ᠬᠡᠶᠢᠳᠡᠮ᠂ ᠴᠣᠣᠬᠠᠯ ᠪᠣᠶᠣ ᠬᠡᠮᠬᠡᠷᠡᠭᠰᠡᠨ ᠨᠠᠪᠴᠢ ᠵᠡᠷᠭᠡ ᠶᠢ | ᠬᠤᠷᠢᠶᠠᠩᠭᠤᠶᠢᠯᠠᠭᠠᠳ ᠬᠤᠷᠴᠢᠨ ᠳᠤ ᠨᠠᠷᠢᠮᠣ ᠶᠢᠨ ᠯᠠᠢ ᠭᠡᠳᠡᠭ᠃ ᠯᠠᠢ ᠶᠢ ᠮᠣᠳᠣᠨ ᠬᠦᠷᠵᠡ ᠪᠣᠶᠣ ᠱᠦᠬᠦᠷ ᠢᠶᠠᠷ | ᠦᠳᠦᠷᠮ᠎ᠡ ᠶᠢᠨ ᠲᠣᠯᠢ ᠲᠡᠭᠡᠷ᠎ᠡ ᠪᠠᠨ ᠣᠪᠣᠭᠠᠯᠠᠵᠦ ᠲᠠᠯᠪᠢᠬᠰᠠᠨ ᠤ ᠲᠠᠷᠠᠭ᠎ᠠ ᠰᠠᠶᠢᠵᠠ ᠪᠠᠷ ᠰᠢᠷᠣᠢ ᠶᠢ ᠨᠢ | ᠰᠠᠶᠢᠵᠠᠳᠠᠵᠦ ᠭᠠᠷᠭᠠᠭᠠᠳ ᠣᠭᠤᠳᠠᠨ ᠳᠤ ᠬᠢᠵᠦ ᠬᠠᠳᠠᠭᠠᠯᠠᠵᠦ ᠲᠠᠯᠪᠢᠨ᠎ᠠ᠃ ᠡᠭᠦᠨ ᠢᠶᠠᠨ ᠯᠠᠢ ᠬᠤᠷᠢᠶᠠᠬᠤ ᠭᠡᠳᠡᠭ᠃ | ᠬᠤᠷᠢᠶᠠᠬᠰᠠᠨ ᠯᠠᠢ ᠪᠠᠨ ᠬᠠᠯᠠᠭᠤᠨ ᠣᠰᠣᠨ ᠳᠤ ᠲᠡᠪᠳᠦᠭᠡᠭᠡᠳ ᠭᠠᠭ᠋ᠠᠢ ᠲᠠᠬᠢᠶ᠎ᠠ ᠪᠣᠷᠳᠣᠬᠤ ᠳᠤ ᠬᠡᠷᠡᠭᠯᠡᠳᠡᠭ | ᠶᠣᠮ᠃ | ᠨᠠᠷᠢᠮᠣ ᠶᠢᠨ ᠡᠰᠢ ᠰᠦᠷᠡᠯ ᠢ ᠡᠳ᠋ᠰᠢᠭᠦᠯᠬᠦ᠃ ᠨᠠᠷᠢᠮᠣ ᠶᠢᠨ ᠡᠰᠢ ᠰᠦᠷᠡᠯ ᠨᠢ ᠰᠢᠮ᠎ᠡ ᠲᠡᠵᠢᠭᠡᠯ ᠰᠠᠶᠢᠳᠠᠢ | ᠪᠣᠯᠬᠤᠷ ᠦᠬᠡᠷ ᠬᠤᠨᠢ ᠪᠣᠷᠳᠣᠬᠤ ᠳᠤ ᠴᠢᠬᠤᠯᠠ ᠪᠣᠷᠳᠤᠭ᠎ᠠ ᠪᠣᠯᠳᠠᠬ ᠶᠣᠮ᠃ ᠭᠡᠪᠡᠴᠦ ᠨᠠᠷᠢᠮᠣ ᠶᠢᠨ ᠡᠰᠢ ᠨᠢ | ᠬᠠᠳᠠᠭᠤ ᠮᠦᠷᠳᠡᠭᠡᠨ ᠱᠦᠷᠦᠭᠦᠨ ᠪᠣᠯᠬᠤᠷ ᠬᠤᠨᠢ ᠮᠠᠯ ᠳᠤ ᠪᠦᠬᠦᠯᠢ ᠪᠠᠷ ᠨᠢ ᠬᠠᠶᠠᠵᠦ ᠢᠳᠡᠭᠦᠯᠪᠡᠯ ᠭᠡᠭᠡᠵᠦ | ᠣᠷᠬᠢᠬᠳᠠᠬᠤ ᠨᠢ ᠢᠯᠡᠭᠦᠦ ᠮᠦᠷᠳᠡᠭᠡᠨ ᠦᠬᠡᠷ ᠤᠨ ᠬᠡᠯᠡ ᠶᠢ ᠵᠣᠯᠭᠠᠭᠠᠵᠦ ᠠᠪᠬᠤ ᠠᠶᠣᠯᠳᠠᠢ ᠭᠡᠳᠡᠭ᠃ ᠡᠨᠡ ᠬᠦ | ᠪᠠᠶᠢᠳᠠᠯ ᠳᠤ ᠲᠣᠬᠢᠷᠠᠭᠤᠯᠣᠨ ᠬᠤᠷᠴᠢᠨ ᠲᠠᠷᠢᠶᠠᠴᠢᠳ ᠠᠴᠠ ᠨᠠᠷᠢᠮᠣ ᠶᠢᠨ ᠰᠦᠷᠡᠯ ᠢ ᠬᠡᠷᠴᠢᠭᠡᠳ ᠡᠷᠳᠡᠨᠢ ᠰᠢᠰᠢ ᠶᠢᠨ | ᠡᠰᠢ ᠰᠦᠷᠡᠯ ᠵᠡᠷᠭᠡ ᠶᠢᠨ ᠪᠣᠰᠣᠳ ᠡᠪᠡᠰᠦ ᠪᠣᠷᠳᠤᠭ᠎ᠠ ᠲᠠᠢ ᠬᠤᠯᠢᠵᠦ ᠪᠠᠶᠢᠭᠠᠳ ᠦᠬᠡᠷ ᠮᠠᠯ ᠢᠶᠠᠨ ᠪᠣᠷᠳᠣᠳᠠᠬ | ᠶᠣᠮ᠃ ᠣᠤᠯ ᠳᠠᠭᠠᠨ ᠬᠤᠷᠴᠢᠨ ᠤ ᠵᠠᠷᠢᠮ ᠭᠠᠵᠠᠷ ᠪᠠᠰᠠ ᠨᠠᠷᠢᠮᠣ ᠶᠢᠨ ᠡᠰᠢ ᠰᠦᠷᠡᠯ ᠢᠶᠠᠷ ᠭᠡᠷ ᠤᠨ ᠣᠷᠣᠢ ᠪᠠᠨ | ᠡᠯᠪᠡᠵᠦ ᠪᠠᠶᠢᠬᠰᠠᠨ ᠭᠡᠨ᠎ᠡ᠃ | ᠪᠣᠳᠠᠭ᠎ᠠ ᠪᠠ ᠯᠠᠢ᠂ ᠡᠰᠢ ᠰᠦᠷᠡᠯ ᠵᠡᠷᠭᠡ ᠶᠢ ᠭᠦᠢᠴᠡᠳ ᠬᠤᠷᠢᠶᠠᠵᠦ ᠪᠠᠷᠠᠬᠰᠠᠨ ᠤ ᠲᠠᠷᠠᠭ᠎ᠠ ᠰᠠᠶ᠋ᠢ ᠨᠠᠷᠢᠮᠣ ᠶᠢ | ᠦᠳᠦᠷᠮᠡᠨ ᠳᠤ ᠠᠪᠬᠤ ᠠᠵᠢᠯ ᠲᠠᠭᠤᠰᠳᠠᠬ᠃ | ᠨᠠᠷᠢᠮᠣ ᠪᠠᠷ ᠬᠤᠭᠤᠯᠠ ᠪᠣᠳᠠᠭ᠎ᠠ ᠪᠣᠯᠪᠠᠰᠣᠷᠠᠭᠤᠯᠬᠤ | ᠬᠤᠷᠴᠢᠨ ᠳᠤ ᠨᠠᠷᠢᠮᠣ ᠶᠢ ᠴᠠᠶᠢᠯᠭᠠᠬᠰᠠᠨ ᠤ ᠲᠠᠷᠠᠭ᠎ᠠ ᠴᠣᠯᠭᠤᠢ ᠪᠠᠷ ᠴᠢᠨᠠᠭᠠᠳ ᠱᠦᠭᠦᠵᠦ ᠢᠳᠡᠳᠡᠭ᠃ | ᠪᠠᠰᠠ ᠰᠢᠩᠭᠡᠨ ᠪᠣᠳᠠᠭ᠎ᠠ ᠴᠢᠨᠠᠵᠦ ᠢᠳᠡᠳᠡᠭ᠃ ᠵᠠᠷᠢᠮ ᠭᠠᠵᠠᠷ ᠲᠤ ᠪᠠᠰᠠ ᠨᠠᠷᠢᠮᠣ ᠶᠢ ᠰᠢᠷ᠎ᠠ ᠲᠣᠰᠣᠨ ᠳᠤ | ᠬᠠᠭᠤᠷᠣᠭᠠᠳ ᠪᠣᠳᠠᠭ᠎ᠠ ᠲᠠᠢ ᠴᠠᠢ ᠴᠢᠨᠠᠵᠦ ᠣᠣᠭᠤᠳᠠᠬ ᠪᠣᠶᠣ ᠰᠢᠷ᠎ᠠ ᠲᠣᠰᠣ᠂ ᠦᠷᠦᠮ᠎ᠡ ᠲᠠᠢ ᠠᠮᠣᠰᠣ ᠬᠢᠵᠦ | ᠢᠳᠡᠳᠡᠭ᠃ ᠪᠠᠰᠠ ᠲᠠᠯᠬᠠᠳᠠᠭᠠᠳ ᠪᠣᠣᠪᠤ ᠬᠠᠭᠠᠷᠢᠬᠤ ᠪᠣᠶᠣ ᠮᠣᠩᠭᠤᠯ ᠠᠮᠣ ᠰᠢᠬ ᠬᠠᠭᠤᠷᠴᠦ᠂ ᠬᠠᠭᠤᠷᠣᠬᠰᠠᠨ | ᠠᠮᠣ ᠪᠣᠯᠭᠠᠨ ᠢᠳᠡᠵᠦ ᠪᠠᠶᠢᠳᠠᠬ᠃ ᠡᠳᠡᠭᠡᠷ ᠬᠤᠭᠤᠯᠠ ᠣᠮᠳᠠ ᠶᠢ ᠪᠡᠯᠡᠳᠭᠡᠬᠦ ᠠᠴᠠ ᠡᠮᠦᠨ᠎ᠡ ᠡᠩ ᠲᠡᠷᠢᠭᠦᠨ ᠳᠤ | ᠨᠠᠷᠢᠮᠣ ᠶᠢ ᠲᠡᠭᠡᠷᠮᠡᠳᠡᠵᠦ ᠴᠠᠶᠢᠯᠭᠠᠬᠤ ᠪᠣᠶᠣ ᠲᠠᠯᠬᠠᠳᠠᠬᠤ ᠠᠵᠢᠯ ᠶᠠᠪᠣᠬᠳᠠᠳᠠᠬ᠃ | ᠨᠠᠷᠢᠮᠣ ᠴᠠᠶᠢᠯᠭᠠᠬᠤ᠃ ᠲᠡᠭᠡᠷᠮᠡᠳᠡᠭᠡᠳ ᠴᠠᠭᠠᠨ ᠪᠣᠳᠠᠭ᠎ᠠ ᠪᠣᠯᠭᠠᠬᠤ ᠶᠠᠪᠣᠴᠠ ᠶᠢ ᠨᠠᠷᠢᠮᠣ ᠴᠠᠶᠢᠯᠭᠠᠬᠤ ᠭᠡᠳᠡᠭ᠃ | ᠨᠠᠷᠢᠮᠣ ᠴᠠᠶᠢᠯᠭᠠᠬᠤ ᠨᠢ ᠮᠣᠩᠭᠤᠯ ᠠᠮᠣ ᠴᠠᠶᠢᠯᠭᠠᠬᠤ ᠠᠴᠠ ᠬᠢᠯᠪᠠᠷᠬᠠᠨ ᠰᠢᠬ ᠪᠠᠶᠢᠳᠠᠬ᠃ ᠶᠠᠭᠤᠨ ᠤ ᠣᠷᠢᠳ | ᠨᠠᠷᠢᠮᠣ ᠪᠠᠨ ᠴᠢᠬᠢᠭ ᠦᠭᠡᠢ ᠪᠣᠯᠳᠠᠯ᠎ᠠ ᠭᠦᠢᠴᠡᠳ ᠬᠠᠳᠠᠭᠠᠬᠰᠠᠨ ᠤ ᠲᠠᠷᠠᠭ᠎ᠠ ᠲᠡᠭᠡᠷᠮᠡᠳᠡᠵᠦ ᠪᠣᠯᠳᠠᠬ᠃ ᠲᠡᠭᠡᠷᠮᠡᠳᠡᠬᠦ | ᠶᠠᠪᠣᠴᠠ ᠨᠢ ᠣᠯᠠᠩᠬᠢ ᠳᠠᠭᠠᠨ ᠬᠤᠶᠠᠷ ᠶᠠᠪᠣᠴᠠ ᠶᠢ ᠦᠡᠭᠭᠡᠷᠡᠭᠡᠳᠡᠭ᠃ ᠡᠩ ᠲᠡᠷᠢᠭᠦᠨ ᠳᠤ ᠠᠯᠠᠬᠰᠢᠭᠤᠯᠬᠤ ᠶᠠᠪᠣᠴᠠ | ᠪᠣᠯᠣᠨ᠎ᠠ᠃ ᠡᠨᠡ ᠬᠦ ᠶᠠᠪᠣᠴᠠ ᠳᠤ ᠨᠠᠷᠢᠮᠣ ᠶᠢᠨ ᠭᠠᠳᠠᠷ ᠲᠣᠬᠳᠣᠢ ᠨᠢ ᠪᠣᠳᠠᠭᠠᠨ ᠠᠴᠠ ᠪᠠᠨ ᠬᠤᠪᠬᠤᠷᠠᠨ ᠣᠨᠠᠨ᠎ᠠ᠃ | ᠬᠤᠶᠠᠳᠣᠭᠠᠷ ᠶᠠᠪᠣᠴᠠ ᠨᠢ ᠴᠠᠶᠢᠯᠭᠠᠬᠤ ᠶᠠᠪᠣᠴᠠ ᠪᠣᠯᠣᠨ᠎ᠠ᠃ ᠡᠨᠡ ᠬᠦ ᠶᠠᠪᠣᠴᠠ ᠳᠤ ᠨᠠᠷᠢᠮᠣ ᠶᠢᠨ ᠪᠣᠳᠠᠭᠠᠨ ᠤ | ᠭᠠᠳᠠᠭᠤᠷᠬᠢ ᠨᠢᠮᠬᠡᠨ ᠬᠠᠯᠢᠰᠣ ᠨᠢ ᠬᠤᠪᠬᠤᠷᠠᠨ ᠭᠠᠷᠣᠨ᠎ᠠ᠃ ᠴᠠᠶᠢᠯᠭᠠᠬᠰᠠᠨ ᠨᠠᠷᠢᠮᠣ ᠶᠢᠨ ᠭᠠᠳᠠᠷ ᠲᠣᠬᠳᠣᠢ ᠪᠣᠶᠣ | ᠬᠡᠮᠬᠡᠷᠡᠭᠰᠡᠨ ᠢ ᠨᠢ ᠨᠠᠷᠢᠮᠣ ᠶᠢᠨ ᠠᠭᠠᠬ ᠭᠡᠳᠡᠭ᠃ ᠨᠠᠷᠢᠮᠣ ᠶᠢᠨ ᠠᠭᠠᠬ ᠢ ᠪᠣᠴᠠᠯᠣᠬᠰᠠᠨ ᠣᠰᠣᠨ ᠳᠤ ᠲᠡᠪᠳᠦᠭᠡᠭᠡᠳ | ᠭᠠᠭ᠋ᠠᠢ ᠲᠠᠬᠢᠶ᠎ᠠ ᠪᠣᠷᠳᠣᠬᠤ ᠳᠤ ᠬᠡᠷᠡᠭᠯᠡᠳᠡᠭ ᠶᠣᠮ᠃ ᠴᠠᠶᠢᠯᠭᠠᠬᠰᠠᠨ ᠨᠠᠷᠢᠮᠣ ᠶᠢᠨ ᠴᠠᠭᠠᠨ ᠢ ᠰᠢᠭᠤᠳ ᠠᠬᠰᠢᠭᠠᠵᠦ | ᠢᠳᠡᠬᠦ ᠪᠣᠶᠣ ᠲᠣᠳᠣᠷᠭ᠎ᠠ ᠪᠣᠳᠠᠭ᠎ᠠ ᠲᠠᠢ ᠬᠤᠯᠢᠵᠦ ᠢᠳᠡᠪᠡᠯ ᠰᠢᠮ᠎ᠡ ᠲᠡᠵᠢᠭᠡᠯ ᠰᠠᠶᠢᠳᠠᠢ ᠪᠠᠶᠢᠳᠠᠬ᠃ ᠨᠠᠷᠢᠮᠣ ᠶᠢᠨ | ᠴᠠᠭᠠᠨ ᠢᠶᠠᠷ ᠵᠤᠳᠠᠩ ᠴᠢᠨᠠᠭᠠᠳ ᠬᠠᠪᠣᠷ ᠤᠨ ᠣᠯᠠᠷᠢᠯ ᠤᠨ ᠲᠠᠷᠳᠠᠬᠰᠠᠨ ᠦᠬᠡᠷ ᠮᠠᠯ ᠳᠤ ᠢᠳᠡᠭᠦᠯᠪᠡᠯ ᠮᠠᠯ ᠤᠨ | ᠲᠠᠷᠭᠤ ᠬᠦᠴᠦ ᠬᠤᠷᠳᠣᠨ ᠨᠡᠮᠡᠭᠳᠡᠳᠡᠭ ᠶᠣᠮ᠃ | ᠨᠠᠷᠢᠮᠣ ᠲᠠᠯᠬᠠᠳᠠᠬᠤ᠃ ᠨᠠᠷᠢᠮᠣ ᠶᠢᠨ ᠴᠠᠭᠠᠨ ᠢᠶᠠᠨ ᠦᠷᠭᠦᠯᠵᠢᠯᠡᠨ ᠭᠤᠯᠢᠷ ᠪᠣᠯᠳᠠᠯ᠎ᠠ ᠲᠠᠯᠬᠠᠳᠠᠨ ᠬᠡᠮᠬᠡᠯᠡᠬᠦ | ᠶᠠᠪᠣᠴᠠ ᠶᠢ ᠨᠠᠷᠢᠮᠣ ᠲᠠᠯᠬᠠᠳᠠᠬᠤ ᠭᠡᠨ᠎ᠡ᠃ ᠲᠠᠯᠬᠠᠳᠠᠬᠰᠠᠨ ᠨᠠᠷᠢᠮᠣ ᠶᠢᠨ ᠴᠠᠭᠠᠨ ᠢᠶᠠᠷ ᠨᠠᠷᠢᠮᠣ ᠶᠢᠨ ᠪᠣᠣᠪᠤ ᠬᠢᠵᠦ | ᠵᠢᠩᠨᠡᠬᠦ ᠪᠣᠶᠣ ᠬᠠᠭᠠᠷᠢᠵᠦ ᠢᠳᠡᠳᠡᠭ᠃ ᠨᠠᠷᠢᠮᠣ ᠶᠢᠨ ᠪᠣᠣᠪᠤ ᠨᠢ ᠰᠢᠮ᠎ᠡ ᠲᠡᠵᠢᠭᠡᠯ ᠢᠶᠠᠷ ᠰᠠᠶᠢᠨ ᠮᠦᠷᠳᠡᠭᠡᠨ ᠶᠡᠭᠡ | ᠦᠯ ᠲᠠᠢ ᠪᠠᠶᠢᠳᠠᠬ ᠶᠣᠮ᠃ | ᠨᠠᠷᠢᠮᠣ ᠶᠢᠨ ᠬᠠᠭᠤᠷᠣᠬᠰᠠᠨ ᠠᠮᠣ᠃ ᠨᠠᠷᠢᠮᠣ ᠶᠢ ᠬᠦᠭᠡᠭᠡᠯᠭᠡᠭᠡᠳ ᠬᠠᠭᠤᠷᠠᠢ ᠪᠣᠳᠠᠭ᠎ᠠ ᠪᠣᠯᠭᠠᠵᠦ ᠪᠣᠯᠳᠠᠬ᠃ | ᠭᠡᠬᠦ ᠳᠡᠭᠡᠨ ᠬᠦᠭᠡᠭᠡᠯᠭᠡᠬᠦ ᠶᠠᠪᠣᠴᠠ ᠨᠢ ᠮᠣᠩᠭᠤᠯ ᠠᠮᠣ ᠶᠢ ᠪᠣᠳᠣᠪᠠᠯ ᠬᠤᠷᠳᠣᠨ ᠮᠦᠷᠳᠡᠭᠡᠨ ᠬᠦᠭᠡᠭᠡᠯᠭᠡᠬᠦ | ᠬᠤᠭᠤᠴᠠᠭ᠎ᠠ ᠨᠢ ᠣᠬᠤᠷ ᠪᠠᠶᠢᠳᠠᠬ᠃ ᠬᠦᠭᠡᠭᠡᠯᠭᠡᠭᠰᠡᠨ ᠨᠠᠷᠢᠮᠣ ᠪᠠᠨ ᠬᠠᠯᠠᠭᠠᠬᠰᠠᠨ ᠰᠢᠷᠣᠢ ᠳᠤ ᠬᠠᠭᠤᠷᠣᠬᠰᠠᠨ ᠤ | ᠲᠠᠷᠠᠭ᠎ᠠ ᠲᠠᠬᠢᠨ ᠲᠡᠭᠡᠷᠮᠡᠳᠡᠭᠡᠳ ᠨᠠᠷᠢᠮᠣ ᠶᠢᠨ ᠬᠠᠭᠤᠷᠠᠢ ᠪᠣᠳᠠᠭ᠎ᠠ ᠪᠣᠯᠭᠠᠳᠠᠬ᠃ ᠨᠠᠷᠢᠮᠣ ᠪᠠᠷ ᠬᠠᠭᠤᠷᠣᠬᠰᠠᠨ | ᠬᠠᠭᠤᠷᠠᠢ ᠪᠣᠳᠠᠭ᠎ᠠ ᠨᠢ ᠮᠦᠬᠦᠯᠢᠭ ᠢᠶᠠᠷ ᠵᠢᠵᠢᠭ᠂ ᠲᠡᠪᠳᠦᠭᠰᠡᠨ ᠤ ᠲᠠᠷᠠᠭ᠎ᠠ ᠠᠬᠰᠠᠶᠢᠬᠤ ᠨᠢ ᠶᠡᠭᠡ ᠪᠣᠯᠬᠤᠷ ᠦᠯ | ᠶᠡᠬᠡᠳᠡᠢ ᠮᠦᠷᠳᠡᠭᠡᠨ ᠬᠡᠳᠦᠷᠬᠡᠢ ᠢᠳᠡᠪᠡᠯ ᠬᠤᠳᠣᠭᠤᠳᠣ ᠡᠪᠡᠳᠬᠦ ᠠᠶᠣᠯᠳᠠᠢ ᠭᠡᠳᠡᠭ᠃ ᠨᠠᠷᠢᠮᠣ ᠪᠣᠳᠠᠭ᠎ᠠ ᠨᠢ ᠰᠢᠮ᠎ᠡ | ᠲᠡᠵᠢᠭᠡᠯ ᠰᠠᠶᠢᠨ᠂ ᠰᠢᠬᠢᠷ ᠪᠠᠭ᠎ᠠ ᠪᠣᠯᠬᠤᠷ ᠰᠢᠬᠢᠷ ᠰᠢᠵᠢᠩ ᠡᠪᠡᠳᠴᠢᠨ ᠲᠠᠢ ᠬᠦᠮᠣᠨ ᠢᠯᠡᠭᠦᠬᠡᠨ ᠢᠳᠡᠪᠡᠯ ᠬᠦᠴᠦ | ᠲᠠᠮᠢᠷ ᠰᠡᠯᠪᠢᠵᠦ ᠬᠤᠳᠣᠭᠤᠳᠦ ᠭᠡᠳᠡᠰᠦ ᠶᠢ ᠨᠢ ᠰᠠᠶᠢᠵᠢᠷᠠᠭᠤᠯᠬᠤ ᠳᠤ ᠶᠡᠭᠡ ᠲᠣᠰᠠᠳᠠᠢ᠃ | ᠡᠭᠦᠨ ᠠᠴᠠ ᠭᠠᠳᠠᠨ᠎ᠠ ᠵᠠᠷᠢᠮ ᠭᠠᠵᠠᠷ ᠲᠤ ᠨᠠᠷᠢᠮᠣ ᠶᠢ ᠠᠷᠢᠬᠢ ᠨᠡᠷᠡᠬᠦ ᠮᠡᠳᠦ ᠪᠠᠷ ᠠᠰᠢᠬᠯᠠᠵᠦ ᠬᠡᠷᠡᠭᠯᠡᠵᠦ | ᠪᠠᠶᠢᠨ᠎ᠠ᠃ | ᠨᠠᠷᠢᠮᠣ ᠶᠢ ᠬᠤᠷᠴᠢᠨ ᠨᠣᠳᠤᠬ ᠲᠤ ᠨᠡᠯᠢᠶᠡᠳ ᠣᠷᠣᠢ ᠰᠢᠬ ᠲᠠᠷᠢᠵᠦ ᠬᠡᠷᠡᠭᠯᠡᠭᠰᠡᠨ ᠪᠣᠯᠪᠠᠴᠦ ᠨᠠᠷᠢᠮᠣ ᠶᠢᠨ | ᠪᠣᠳᠠᠭ᠎ᠠ ᠠᠴᠠ ᠡᠰᠢ ᠰᠦᠷᠡᠯ ᠳᠤᠨᠢ ᠬᠦᠷᠳᠡᠯ᠎ᠡ ᠠᠮᠢᠳᠣᠷᠠᠯ ᠤᠨ ᠦᠷᠭᠡᠨ ᠬᠡᠷᠡᠭᠴᠡᠭᠡᠨ ᠳᠤ ᠣᠷᠣᠵᠦ᠂ ᠠᠷᠠᠳ | ᠲᠦᠮᠡᠨ ᠤ ᠠᠵᠤ ᠠᠮᠢᠳᠣᠷᠠᠯ ᠤᠨ ᠲᠡᠭᠡᠭᠰᠢᠯᠡᠯᠳᠡ ᠳᠤ ᠶᠡᠬᠡᠬᠡᠨ ᠠᠰᠢᠬ ᠲᠣᠰᠠ ᠬᠦᠷᠳᠡᠭᠡᠭᠰᠡᠭᠡᠷ ᠪᠠᠶᠢᠨ᠎ᠠ᠃ | ᠨᠠᠩᠬᠢ | ᠨᠠᠩᠭᠢ ᠶᠢ ᠬᠤᠷᠴᠢᠨ ᠠᠴᠠ ᠪᠣᠰᠣᠳ ᠭᠠᠵᠠᠷ ᠪᠠᠰᠠ ᠰᠢᠯᠦᠭᠡᠢ ᠭᠡᠵᠦ ᠨᠡᠷᠡᠯᠡᠳᠡᠭ᠃ ᠨᠠᠩᠬᠢ ᠨᠢ ᠮᠣᠩᠭᠤᠯ | ᠣᠷᠣᠨ ᠳᠤ ᠨᠡᠯᠢᠶᠡᠳ ᠡᠷᠳᠡ ᠲᠠᠷᠢᠬᠳᠠᠵᠦ ᠡᠬᠢᠯᠡᠭᠰᠡᠨ ᠣᠷᠭᠤᠮᠠᠯ ᠪᠣᠯᠣᠨ᠎ᠠ᠃ 1221 ᠣᠨ ᠳᠤ ᠡᠮᠦᠨᠡᠳᠦ ᠰᠦᠡᠭ | ᠣᠯᠣᠰ ᠤᠨ ᠡᠯᠴᠢ ᠵᠣᠣ ᠾᠧᠡᠭ ᠤᠨ ᠮᠣᠩᠭᠤᠯ ᠭᠠᠵᠠᠷ ᠠᠴᠠ ᠪᠣᠴᠠᠭᠠᠳ ᠪᠢᠴᠢᠭᠰᠡᠨ ︽ᠮᠣᠩᠭᠤᠯ— ᠲᠠᠲ᠋ᠠᠷ ᠤᠨ | ᠲᠣᠬᠠᠢ ᠪᠦᠷᠢᠨ ᠲᠡᠮᠳᠡᠭᠯᠡᠯ︾ ᠳᠤ᠄ ︽ᠲᠡᠳᠡᠨ ᠤ ᠣᠯᠣᠰ ᠲᠤ ᠨᠠᠩᠬᠢ ᠮᠣᠩᠭᠤᠯ ᠠᠮᠣ ᠭᠠᠷᠳᠠᠬ ᠪᠣᠯᠬᠤᠷ ᠲᠡᠳᠡ | ᠪᠠᠰᠠ ᠡᠭᠦᠨ ᠢᠶᠠᠷ ᠪᠣᠳᠠᠭ᠎ᠠ ᠪᠣᠴᠠᠯᠭᠠᠨ ᠰᠢᠩᠭᠡᠯᠡᠨ ᠢᠳᠡᠳᠡᠭ ᠶᠣᠮ︾ ᠭᠡᠵᠦ ᠲᠡᠮᠳᠡᠭᠯᠡᠭᠰᠡᠨ ᠭᠡᠳᠡᠭ᠃ ᠮᠢᠩ | ᠣᠯᠣᠰ ᠤᠨ ᠸᠠᠨ ᠯᠢ ᠬᠠᠭᠠᠨ ᠤ ᠦᠶ᠎ᠡ ᠳᠤ ᠲᠦᠮᠡᠳ ᠣᠷᠣᠨ ᠣᠳᠣ ᠶᠢᠨ ᠬᠦᠬᠡᠬᠤᠳᠠ ᠣᠷᠣᠨ ᠢᠶᠠᠷ ᠡᠯᠴᠢᠯᠡᠵᠦ | ᠢᠷᠡᠭᠰᠡᠨ ᠫᠸᠢᠲ᠋ᠠᠯᠢᠨ ᠢᠶᠠᠷ ᠲᠣᠬᠠᠢ ᠶᠢᠨ ᠦᠶ᠎ᠡ ᠶᠢᠨ ᠬᠦᠬᠡᠬᠤᠳᠠ ᠣᠷᠣᠨ ᠤ ᠲᠠᠷᠢᠶᠠᠯᠠᠩ ᠤᠨ ᠪᠠᠶᠢᠳᠠᠯ ᠢ | ᠪᠢᠴᠢᠬᠦ ᠳᠡᠭᠡᠨ᠄ ︽ᠮᠣᠩᠭᠤᠯ ᠨᠢ ᠡᠯᠳᠡᠪ ᠠᠮᠣ ᠪᠣᠳᠠᠭ᠎ᠠ ᠶᠢᠨ ᠭᠠᠷᠣᠯᠳᠠ ᠲᠠᠢ᠃ ᠵᠢᠱᠢᠶᠡᠯᠡᠪᠡᠯ ᠮᠣᠩᠭᠤᠯ ᠠᠮᠣ᠂ | ᠰᠢᠯᠦᠭᠡᠢ᠂ ᠪᠣᠭᠤᠳᠠᠢ᠂ ᠬᠠᠪᠣᠷ ᠲᠠᠷᠢᠬᠤ ᠬᠠᠷ᠎ᠠ ᠪᠣᠭᠤᠳᠠᠢ᠂ ᠠᠷᠪᠠᠢ ᠨᠣᠬᠠᠢ ᠶᠢᠨ ᠬᠤᠰᠢᠭᠤ ᠵᠡᠷᠭᠡ ᠪᠠᠶᠢᠵᠦ ᠪᠠᠰᠠ | ᠨᠡᠷ᠎ᠡ ᠶᠢ ᠨᠢ ᠦᠯᠦ ᠮᠡᠳᠡᠬᠦ ᠮᠠᠰᠢ ᠣᠯᠠᠨ ᠲᠠᠷᠢᠮᠠᠯ ᠲᠠᠢ ᠪᠠᠶᠢᠬᠰᠠᠨ ᠁︾ ᠭᠡᠵᠡᠢ᠃ ᠲᠡᠭᠦᠨ ᠤ ᠶᠠᠷᠢᠬᠰᠠᠨ | ᠰᠢᠯᠦᠭᠡᠢ ᠭᠡᠳᠡᠭ ᠨᠢ ᠲᠠᠷᠣᠢ ᠨᠠᠩᠬᠢ ᠶᠢ ᠵᠢᠭᠠᠵᠦ ᠪᠠᠶᠢᠭ᠎ᠠ ᠶᠣᠮ᠃ ᠡᠭᠦᠨ ᠠᠴᠠ ᠪᠢᠳᠡ ᠨᠠᠩᠬᠢ ᠶᠢ ᠮᠣᠩᠭᠤᠯ | ᠣᠷᠣᠨ ᠳᠤ ᠨᠡᠯᠢᠶᠡᠳ ᠡᠷᠳᠡ ᠠᠴᠠ ᠲᠠᠷᠢᠵᠦ ᠬᠡᠷᠡᠭᠯᠡᠵᠦ ᠪᠠᠶᠢᠯ᠎ᠠ ᠭᠡᠳᠡᠭ ᠢ ᠲᠣᠳᠣᠷᠬᠠᠢ ᠮᠡᠳᠡᠵᠦ ᠪᠣᠯᠣᠨ᠎ᠠ᠃ | ᠨᠠᠩᠬᠢ ᠶᠢᠨ ᠢᠵᠡᠭᠤᠷ ᠣᠷᠭᠤᠴᠠ ᠨᠢ ᠮᠣᠩᠭᠤᠯ ᠠᠮᠣ ᠲᠠᠢ ᠲᠦᠰᠦᠭᠡᠳᠡᠢ ᠮᠦᠷᠳᠡᠭᠡᠨ ᠲᠠᠷᠢᠵᠦ᠂ | ᠠᠷᠠᠴᠢᠯᠡᠵᠦ᠂ ᠬᠤᠷᠢᠶᠠᠬᠤ ᠶᠠᠪᠣᠴᠠ ᠨᠢ ᠴᠦ ᠮᠣᠩᠭᠤᠯ ᠠᠮᠣ ᠲᠠᠢ ᠨᠡᠯᠢᠶᠡᠳ ᠣᠶᠢᠷᠠᠯᠴᠠᠭ᠎ᠠ ᠪᠠᠶᠢᠳᠠᠬ᠃ | ᠬᠤᠷᠴᠢᠨ ᠳᠤ ᠨᠠᠩᠭᠢ ᠶᠢ ᠭᠤᠤᠯᠳᠠᠭᠤ ᠭᠤᠯᠢᠷ ᠲᠠᠯᠬᠠᠳᠠᠨ ᠪᠣᠣᠪᠤ ᠪᠣᠭᠤᠷᠰᠤᠬ ᠬᠢᠵᠦ ᠢᠳᠡᠳᠡᠭ᠃ ᠵᠠᠷᠢᠮ | ᠭᠠᠵᠠᠷ ᠲᠤ ᠪᠠᠰᠠ ᠠᠬᠰᠢᠭᠠᠭᠠᠳ ᠨᠠᠩᠭᠢ ᠪᠣᠳᠠᠭ᠎ᠠ ᠪᠣᠯᠭᠠᠨ ᠢᠳᠡᠳᠡᠭ ᠴᠦ ᠪᠣᠢ᠃ ᠬᠤᠷᠴᠢᠨ ᠳᠤ ᠨᠠᠩᠬᠢ ᠶᠢᠨ | ᠪᠣᠣᠪᠤ ᠶᠢ ᠴᠠᠭᠠᠨ ᠰᠢᠬᠢᠷ᠂ ᠭᠠᠭ᠋ᠠᠢ ᠶᠢᠨ ᠲᠣᠰᠣ ᠲᠠᠢ ᠵᠢᠭᠤᠷᠠᠵᠦ ᠢᠳᠡᠳᠡᠭ᠃ ᠪᠠᠰᠠ ᠰᠢᠷ᠎ᠠ ᠲᠣᠰᠣ ᠪᠠ ᠴᠠᠭᠠᠨ | ᠰᠢᠬᠢᠷ ᠲᠠᠢ ᠵᠢᠭᠤᠷᠠᠵᠦ ᠢᠳᠡᠳᠡᠭ᠃ ᠨᠠᠩᠬᠢ ᠶᠢᠨ ᠪᠣᠣᠪᠤ ᠨᠢ ᠦᠯ ᠰᠠᠶᠢᠳᠠᠢ ᠪᠣᠯᠬᠤᠷ ᠦᠷᠯᠦᠭᠡ ᠪᠣᠶᠣ ᠦᠳᠡ ᠳᠤ | ᠢᠳᠡᠪᠡᠯ ᠡᠳᠦᠷ ᠤᠨ ᠠᠵᠢᠯ ᠳᠤ ᠲᠡᠮᠡᠢ ᠦᠯᠦᠰᠴᠦ ᠣᠮᠳᠠᠭᠠᠰᠬᠤ ᠦᠭᠡᠢ ᠪᠠᠶᠢᠳᠠᠬ ᠶᠣᠮ᠃ ᠬᠤᠷᠴᠢᠨᠴᠣᠳ ᠪᠠᠰᠠ | ᠨᠠᠩᠬᠢ ᠶᠢᠨ ᠲᠣᠮᠳᠠ ᠠᠯᠠᠬ ᠪᠣᠷᠴᠠᠬ ᠬᠠᠪᠴᠢᠭᠤᠯᠵᠦ ᠪᠣᠣᠪᠤ ᠪᠣᠯᠭᠠᠨ ᠢᠳᠡᠬᠦ ᠪᠣᠶᠣ ᠲᠣᠰᠣᠨ ᠳᠤ ᠪᠣᠴᠠᠯᠭᠠᠨ | ᠬᠠᠭᠠᠷᠢᠵᠦ ᠢᠳᠡᠳᠡᠭ ᠶᠣᠮ᠃ ᠵᠠᠷᠢᠮ ᠭᠠᠵᠠᠷ ᠪᠠᠰᠠ ᠨᠠᠩᠬᠢ ᠶᠢᠨ ᠪᠣᠣᠪᠤ ᠶᠢ ᠪᠡᠯᠭᠡ ᠲᠠᠢ ᠢᠳᠡᠭᠡᠨ ᠢᠶᠠᠷ ᠦᠵᠡᠵᠦ | ᠦᠳᠦᠷᠮ᠎ᠡ ᠲᠠᠬᠢᠬᠤ ᠪᠣᠶᠣ ᠣᠪᠣᠭ᠎ᠠ ᠱᠠᠩᠰᠢ ᠲᠠᠬᠢᠬᠤ ᠳᠤ ᠬᠡᠷᠡᠭᠯᠡᠬᠦ ᠪᠠᠷ ᠦᠯᠦ ᠪᠠᠷᠠᠨ ᠬᠠᠭᠤᠴᠢᠨ ᠳᠤ ᠪᠠᠰᠠ | ᠬᠠᠷᠢ ᠳᠤ ᠦᠭᠭᠦᠭᠰᠡᠨ ᠬᠡᠦᠬᠡᠨ ᠢᠶᠠᠨ ᠨᠠᠩᠬᠢ ᠶᠢᠨ ᠪᠣᠣᠪᠤ ᠪᠠᠷ ᠡᠷᠭᠢᠳᠡᠭ ᠴᠦ ᠦᠵᠡᠭᠳᠡᠯ ᠪᠠᠶᠢᠵᠠᠢ᠃ | | | | | | |