ᠮᠤᠩᠭᠤᠯ ᠤᠯᠤᠰ ᠤᠨ ᠡᠷᠳᠡᠮᠳᠡᠨ ᠲ᠊ · ᠭᠠᠯᠰᠠᠩ ᠭᠤᠸᠠᠢ ᠬᠡᠤᠬᠡᠤᠨ ᠨᠠᠰᠤᠨ ᠤ ᠢᠯᠭᠠᠪᠤᠷᠢ ᠪᠠᠷ | ᠨᠢᠷᠤᠭᠤᠪᠴᠢᠯᠠᠵᠤ᠂ ᠬᠥᠮᠤᠨ ᠤ ᠲᠥᠷᠤᠬᠦ ᠠᠴᠠ ᠨᠠᠰᠤ ᠨᠥᠭᠴᠢᠬᠦ ᠬᠥᠷᠳᠡᠯᠡᠬᠢ ᠠᠮᠢᠳᠤᠷᠠᠯ ᠤᠨ ᠪᠥᠬᠦᠢ ᠯᠡ | ᠥᠶ᠎ᠡ ᠶᠢ ᠪᠠᠭᠳᠠᠭᠠᠭᠰᠠᠨ ᠨᠠᠰᠤᠨ ᠤ ᠢᠯᠭᠠᠪᠤᠷᠢ᠂ ᠵᠠᠭᠠᠭ ᠢ ᠬᠤᠷᠢᠨ ᠲᠠᠪᠤᠨ ᠥᠶ᠎ᠡ ᠪᠤᠯᠭᠠᠨ ᠬᠤᠪᠢᠶᠠᠵᠤ᠂ ᠥᠶ᠎ᠡ | ᠪᠥᠬᠦᠨ ᠳᠤ ᠤᠤᠭᠠᠯ ᠮᠤᠩᠭᠤᠯ ᠨᠡᠷ᠎ᠠ ᠬᠠᠶᠢᠷᠠᠯᠠᠵᠤ᠂ ᠲᠤᠰ ᠲᠤᠰ ᠤᠨ ᠬᠢᠨᠢ ᠤᠨᠴᠠᠯᠢᠭ ᠢ ᠲᠤᠳᠤᠷᠠᠭᠤᠯᠤᠭᠰᠠᠨ | ᠪᠠᠶᠢᠨ᠎ᠠ᠃ | 1.ᠥᠷ᠎ᠡ ᠪᠤᠶᠠᠨ ᠤ ᠨᠠᠰᠤ᠃ ᠡᠴᠢᠬᠡ ᠶᠢᠨ ᠰᠢᠮ᠎ᠠ ᠲᠤᠰᠤᠯ᠂ ᠡᠬᠡ ᠶᠢᠨ ᠠᠷᠢᠭᠤᠨ ᠬᠡᠪᠡᠯᠢ ᠳᠤ ᠪᠥᠷᠢᠯᠳᠤᠭᠦ | ᠥᠶ᠎ᠡ᠃ | 2.ᠤᠭᠤᠳᠤᠨ᠎ᠠ ᠰᠡᠬᠦᠯᠯᠡᠬᠦ ᠨᠠᠰᠤ᠃ ᠬᠥᠮᠤᠨ ᠲᠥᠷᠰᠤ ᠤᠯᠬᠤ ᠥᠶ᠎ᠡ ᠶᠢ ᠤᠭᠤᠳᠤᠨ᠎ᠠ ᠰᠡᠬᠦᠯᠯᠡᠬᠦ ᠨᠠᠰᠤ | ᠬᠡᠨ᠎ᠡ᠃ | 3.ᠮᠢᠨᠵᠢ ᠪᠤᠯᠠᠭᠠᠨ ᠨᠠᠰᠤ᠃ ᠡᠬᠡ ᠶᠢᠨ ᠤᠰᠤᠨ ᠬᠡᠪᠡᠯᠢ ᠳᠤ ᠮᠢᠨᠵᠢ ᠰᠢᠭ ᠰᠠᠯᠢᠨ᠂ ᠡᠳᠤᠷ ᠠᠴᠠ | ᠡᠳᠤᠷ ᠲᠤ᠂ ᠭᠱᠠᠨ ᠠᠴᠠ ᠬᠤᠷᠤᠮ ᠳᠤ᠂ ᠬᠤᠷᠤᠮ ᠠᠴᠠ ᠴᠠᠭ ᠲᠤ᠂ ᠴᠠᠭ ᠠᠴᠠ ᠡᠳᠤᠷ ᠲᠤ ᠰᠠᠯᠢᠨ ᠨᠠᠭᠠᠳᠬᠤ | ᠤᠰᠤᠨ ᠤ ᠠᠮᠢᠳᠠᠨ ᠰᠢᠬ ᠨᠠᠰᠤ ᠶᠢ ᠮᠢᠨᠵᠢ ᠪᠤᠯᠠᠭᠠᠨ ᠨᠠᠰᠤ ᠬᠡᠨ᠎ᠡ᠃ | 4.ᠡᠬᠡ ᠶᠢᠨ ᠨᠠᠰᠤ᠃ ᠤᠯᠤᠭᠰᠠᠨ ᠭᠱᠠᠨ ᠠᠴᠠ ᠲᠦᠷᠦᠭᠰᠡᠨ ᠬᠤᠷᠤᠮ ᠬᠥᠷᠳᠡᠯᠡᠬᠢ ᠬᠤᠭᠤᠴᠠᠭ᠎ᠠ ᠶᠢ | ᠡᠬᠡ ᠶᠢᠨ ᠨᠠᠰᠤ ᠬᠡᠨ᠎ᠡ᠃ | 5.ᠮᠡᠨᠳᠤᠯᠡᠬᠦ ᠨᠠᠰᠤ᠃ ᠤᠳᠤᠮ ᠤᠨ ᠤᠯᠠᠭᠠᠴᠢ᠂ ᠡᠴᠢᠬᠡ ᠶᠢᠨ ᠢᠶᠠᠨ ᠬᠡᠷ ᠲᠤ ᠢᠷᠡᠭᠦ ᠬᠤᠪᠤᠷ ᠵᠠᠶᠠᠭ᠎ᠠ | ᠢᠷᠤᠬᠡᠯᠳᠤ ᠥᠶ᠎ᠡ ᠶᠢ ᠮᠡᠨᠳᠤᠯᠡᠬᠦ ᠨᠠᠰᠤ ᠬᠡᠨ᠎ᠡ᠃ | 6.ᠥᠯᠤᠬᠡᠢ ᠲᠠᠢ ᠨᠠᠰᠤ᠃ ᠮᠠᠨᠴᠤᠢ ᠳᠤ ᠮᠠᠷᠢᠶᠠᠯᠠᠬᠤ ᠥᠶ᠎ᠡ ᠶᠢ ᠥᠯᠤᠬᠡᠢ ᠲᠠᠢ ᠨᠠᠰᠤ ᠬᠡᠨ᠎ᠡ᠃ ᠪᠠᠰᠠ | ᠨᠢᠷᠠᠢ ᠨᠠᠰᠤ ᠬᠡᠨ᠎ᠡ᠃ | 7.ᠤᠬᠢᠯᠠᠮᠠᠬᠠᠢ ᠨᠠᠰᠤ᠃ ᠤᠬᠢᠯᠠᠬᠤ ᠨᠢ ᠡᠪᠡᠳᠴᠢᠨ ᠪᠤᠰᠤ᠂ ︽ᠤᠬᠢᠯᠠᠭᠰᠠᠭᠠᠷ ᠤᠬᠢᠯᠠᠭᠰᠠᠭᠠᠷ ᠬᠥᠮᠤᠨ | ᠪᠤᠯᠳᠠᠭ᠂ ᠮᠠᠶᠢᠯᠠᠭᠰᠠᠭᠠᠷ ᠮᠠᠶᠢᠯᠠᠭᠰᠠᠭᠠᠷ ᠮᠠᠯ ᠪᠤᠯᠳᠠᠭ︾᠃ ᠬᠤᠪᠢ ᠤᠶᠢᠷ᠎ᠠ ᠶᠢᠨ ᠬᠢᠨ ᠲᠠᠢ ᠪᠠᠨ ᠬᠠᠰᠬᠢᠷᠤᠨ ︽ | ᠶᠠᠷᠢᠳᠠᠭ︾ ᠥᠶ᠎ᠡ ᠶᠢ ᠬᠡᠯᠡᠨ᠎ᠡ᠃ | 8.ᠮᠥᠯᠬᠦᠬᠡ ᠨᠠᠰᠤ᠃ ᠠᠪᠤ ᠶᠢᠨ ᠬᠡᠷ ᠤᠨ ᠬᠤᠶᠢᠮᠤᠷ ᠢ ᠡᠪᠤᠳᠦᠭ ᠲᠤᠬᠤᠢ ᠪᠠᠷ ᠢᠶᠠᠨ ᠲᠤᠭᠤᠯᠬᠤ᠂ ᠡᠯᠢᠬᠡ | ᠡᠯᠡᠬᠡᠬᠦ ᠬᠤᠭᠤᠴᠠᠭ᠎ᠠ ᠶᠢ ᠮᠥᠯᠬᠦᠬᠡ ᠨᠠᠰᠤ ᠬᠡᠨ᠎ᠠ᠃ | 9.ᠬᠥᠯ ᠳᠤ ᠤᠷᠤᠬᠤ ᠨᠠᠰᠤ᠃ ᠲᠡᠭᠰᠢ ᠭᠠᠵᠠᠷ ᠲᠤ ᠲᠡᠩᠴᠡᠨ᠂ ᠲᠡᠨᠳᠡᠷ ᠲᠤᠨᠳᠠᠷ ᠠᠯᠬᠤᠵᠤ ᠡᠬᠢᠯᠡᠬᠦ | ᠥᠶ᠎ᠡ ᠶᠢ ᠬᠥᠯ ᠳᠤ ᠤᠷᠤᠬᠤ ᠨᠠᠰᠤ ᠬᠡᠨ᠎ᠡ᠃ | 10.ᠤᠶᠠᠯᠭ᠎ᠠ ᠪᠠᠳᠤ ᠨᠠᠰᠤ᠃ ᠬᠥᠯ ᠳᠤ ᠤᠷᠤᠵᠤ ᠡᠬᠢᠯᠡᠭᠰᠡᠨ ᠳᠡᠭᠡᠨ ᠬᠥᠬᠡᠷᠦᠭᠰᠡᠨ ᠬᠡᠤᠬᠡᠤᠨ᠂ ᠠᠪᠤ | ᠡᠵᠢ ᠶᠢᠨ ᠢᠶᠠᠨ ᠡᠵᠡᠬᠦᠢ ᠳᠤ ᠠᠶᠤᠯ ᠥᠷᠳᠤᠯᠬᠡᠰᠤ ᠳᠤ ᠤᠷᠤᠬᠤ ᠠᠴᠠ ᠰᠡᠷᠬᠡᠶᠢᠯᠡᠵᠤ᠂ ᠪᠠᠷᠠᠭᠤᠨ ᠬᠤᠶᠢᠳᠤ | ᠬᠠᠨᠠᠨ ᠠᠴᠠ ᠡᠷ᠎ᠠ ᠰᠤᠷ ᠢᠶᠠᠷ ᠪᠠᠳᠤᠳᠠᠢ ᠤᠶᠠᠵᠤ ᠰᠤᠷᠭᠠᠳᠠᠭ ᠨᠠᠰᠤ ᠶᠢ ᠬᠡᠯᠡᠨ᠎ᠡ᠃ ︽ᠤᠶᠠᠭᠰᠠᠨ ᠬᠡᠤᠬᠡᠤᠨ | ᠤᠷᠳᠤ ᠨᠠᠰᠤᠯᠠᠳᠠᠭ︾ ᠬᠡᠰᠡᠨ ᠠᠮᠠᠨ ᠬᠡᠯᠡᠴᠡ ᠪᠤᠢ᠃ | 11.ᠬᠤᠷᠭᠠᠴᠢᠨ ᠨᠠᠰᠤ᠃ ᠬᠤᠷᠠᠭ᠎ᠠ ᠲᠠᠢ ᠲᠤᠭᠯᠠᠬᠤ᠂ ᠬᠥᠬᠡᠨᠡ ᠬᠤᠷᠠᠭ᠎ᠠ ᠢᠰᠢᠬᠡ ᠲᠠᠯᠪᠢᠬᠤ᠂ ᠬᠡᠷ ᠤᠨ | ᠤᠶᠢᠷ᠎ᠠ ᠵᠠᠭᠤᠷ᠎ᠠ ᠭᠠᠵᠠᠷ ᠲᠤ ᠬᠤᠷᠠᠭ᠎ᠠ ᠲᠠᠭᠤᠵᠤ ᠠᠪᠴᠢᠷᠠᠬᠤ ᠵᠡᠷᠬᠡ ᠪᠠᠷ ᠠᠪᠤ ᠡᠵᠢ ᠳᠡᠭᠡᠨ ᠭᠠᠷ ᠬᠥᠯ ᠪᠤᠯᠬᠤ | ᠥᠶ᠎ᠡ ᠶᠢ ᠬᠤᠷᠭᠠᠴᠢᠨ ᠨᠡᠰᠤ ᠬᠡᠨ᠎ᠡ᠃ ᠮᠤᠩᠭᠤᠯᠴᠤᠤᠨ 4 — 5 ᠨᠠᠰᠤᠨ ᠤ ᠵᠢᠭᠠᠯ ᠲᠠᠢ ᠪᠤᠯᠪᠠᠯ ︽ᠲᠠᠨ ᠤ ᠬᠢ | ᠭᠠᠶᠢᠭᠤᠢ ᠰᠠᠶᠢᠨ ᠬᠤᠷᠠᠭᠠᠴᠢᠨ ᠲᠠᠢ ᠪᠤᠯᠵᠠᠢ︾ ᠬᠡᠵᠤ ᠬᠡᠯᠡᠳᠡᠭ᠃ | 12.ᠲᠤᠭᠤᠯᠴᠢᠨ ᠨᠠᠰᠤ᠃ ᠵᠠᠯᠠᠨ ᠠᠴᠠ ᠲᠤᠭᠤᠯ ᠲᠠᠯᠪᠢᠬᠤ᠂ ᠤᠶᠢᠷ᠎ᠠ ᠵᠠᠭᠤᠷ᠎ᠠ ᠡᠷᠬᠢᠬᠦᠯᠬᠦ ᠪᠤᠯᠤᠭᠰᠠᠨ | ᠥᠶ᠎ᠡ ᠶᠢ ᠲᠤᠭᠤᠯᠴᠢᠨ ᠨᠠᠰᠤ ᠬᠡᠨ᠎ᠡ᠃ ᠡᠨᠡ ᠨᠢ 5 — 6 ᠨᠠᠰᠤ ᠬᠡᠰᠡᠨ ᠥᠬᠡ᠃ | 13.ᠪᠤᠳᠤᠭᠤᠴᠢᠨ ᠨᠠᠰᠤ᠃ ᠲᠡᠮᠡᠭᠡ ᠪᠤᠯ ᠤᠷᠳᠤ ᠬᠥᠯ ᠤᠨ ᠠᠮᠢᠳᠠᠨ᠃ ᠲᠤᠤᠱᠢ ᠵᠠᠮ ᠳᠤ ᠨᠢᠬᠡ ᠥᠷᠳᠡᠭᠡ | ︵2 ᠺᠢᠯᠤᠮᠧᠲᠷ︶ ᠵᠠᠮ ᠲᠤᠭᠤᠯᠤᠨ᠎ᠠ᠃ ᠪᠤᠳᠤᠭᠤ ᠪᠠᠰᠠ ᠤᠳᠤᠮ ᠢᠶᠠᠨ ᠲᠠᠭᠤᠷᠢᠶᠠᠬᠤ ᠨᠢ ᠢᠯᠡᠷᠬᠡᠢ᠃ ᠬᠡᠷ ᠠᠴᠠ | 2 — 4 ᠺᠢᠯᠤᠮᠧᠲᠷ ᠠᠯᠤᠰᠯᠠᠬᠤ ᠨᠢ ᠶᠡᠷᠤᠳᠡ ᠶᠢᠨ ᠥᠵᠡᠭᠳᠡᠯ᠃ ᠡᠶᠢᠮᠤ ᠲᠤᠬᠢᠶᠠᠯᠳᠤᠯ ᠳᠤ ᠪᠤᠳᠤᠭᠤ ᠪᠤᠴᠠᠭᠠᠬᠤ | ᠂ ᠢᠡᠭᠭᠡ ᠤᠶᠢᠷᠠᠳᠤᠭᠤᠯᠬᠤ ᠪᠤᠯᠤᠭᠰᠠᠨ ᠬᠡᠤᠬᠡᠤᠨ ᠢ ᠪᠤᠳᠤᠭᠤᠴᠢᠨ ᠨᠠᠰᠤᠨ ᠳᠤ ᠬᠥᠷᠴᠠᠢ ᠬᠡᠳᠡᠭ᠃ ᠪᠤᠳᠤᠭᠤᠴᠢᠨ | ᠨᠠᠰᠤ ᠬᠡᠪᠡᠯ 6 — 8 ᠨᠠᠰᠤ ᠬᠡᠰᠡᠨ ᠥᠬᠡ᠃ | 14.ᠬᠤᠨᠢᠴᠢᠨ ᠨᠠᠰᠤ᠃ ᠵᠢᠯ ᠤᠨ ᠠᠯᠢ ᠴᠤ ᠤᠯᠠᠷᠢᠯ ᠳᠤ ᠰᠦᠷᠦᠭ ᠬᠠᠷᠢᠭᠤᠯᠬᠤ᠂ ᠲᠥᠯ ᠠᠪᠬᠤ᠂ | ᠪᠡᠯᠴᠢᠬᠡᠷ ᠰᠢᠯᠢᠭᠦ ᠴᠡᠬᠡᠯ ᠳᠤ ᠬᠥᠷᠬᠦ ᠥᠶ᠎ᠡ ᠶᠢ ᠬᠤᠨᠢᠴᠢᠨ ᠨᠠᠰᠤ ᠬᠡᠨ᠎ᠡ᠃ | 15.ᠥᠬᠡᠯᠡᠢ ᠨᠠᠰᠤ᠃ ᠬᠡᠤᠬᠡᠤᠨ ᠨᠠᠰᠤᠨ ᠤ ᠲᠠᠪᠠᠭᠠᠨ ᠲᠡᠬᠡᠷ᠎ᠡ ᠭᠠᠷᠴᠤ᠂ ᠬᠥᠮᠤᠨ ᠶᠤᠰᠤᠨ ᠤ ᠤᠪᠤᠭ᠎ᠠ | ᠲᠤᠭᠤᠷᠢᠨ ᠤᠷᠴᠢᠯᠠᠩ ᠳᠤ ᠭᠤᠷᠢᠯᠠᠬᠤ ᠨᠠᠰᠤ ᠪᠤᠯ ᠥᠬᠡᠯᠡᠢ ︵ᠥᠰᠬᠡᠯ︶ ᠨᠠᠰᠤ ᠮᠥᠨ᠃ ᠥᠬᠡᠯᠡᠢ ᠨᠠᠰᠤ ᠪᠤᠯ | ᠤᠷᠢ ᠵᠠᠯᠠᠭᠤ ᠨᠠᠰᠤᠨ ᠤ ᠰᠠᠭᠤᠷᠢ᠃ 12 — 16 ᠨᠠᠰᠤ ᠪᠤᠯ ᠥᠬᠡᠯᠡᠢ ᠨᠠᠰᠤ ᠮᠥᠨ᠃ | 16.ᠠᠳᠤᠭᠤᠴᠢᠨ ᠨᠠᠰᠤ᠃ ᠥᠷᠯᠤᠬᠡ ᠶᠢᠨ ᠨᠠᠷᠠᠨ ᠠᠴᠠ ᠡᠮᠤᠨ᠎ᠡ ᠠᠳᠤᠭᠤ ᠬᠤᠷᠢᠶᠠᠬᠤ᠂ ᠡᠪᠤᠯ ᠤᠨ | ᠰᠥᠨᠢ ᠠᠳᠤᠭᠤ ᠮᠠᠨᠠᠬᠤ ᠴᠡᠬᠡᠯ ᠳᠤ ᠬᠥᠷᠬᠦ ᠥᠶ᠎ᠡ ᠪᠤᠯ ᠠᠳᠤᠭᠤᠴᠢᠨ ᠨᠠᠰᠤ᠃ ᠡᠨᠡ ᠨᠢ ᠲᠤᠮᠳᠠᠴᠢ ᠪᠠᠷ 17 | ᠨᠠᠰᠤᠨ ᠠᠴᠠ ᠬᠤᠶᠢᠰᠢᠬᠢ ᠨᠠᠰᠤ ᠶᠤᠮ᠃ | 17.ᠡᠷᠢᠯᠴᠢᠨ ᠨᠠᠰᠤ᠃ ᠰᠤᠮᠤ ᠰᠤᠩᠭᠠᠵᠤ᠂ ᠠᠶᠢᠮᠠᠭ ᠠᠯᠭᠠᠰᠠᠵᠤ ᠠᠯᠳᠠᠭᠤᠯ ᠮᠠᠯ ᠬᠠᠶᠢᠬᠤ᠂ ᠠᠵᠢᠭᠴᠢ | ᠰᠠᠶᠢᠨ ᠤ ᠬᠥᠴᠤ ᠪᠠᠷ ᠤᠯᠬᠤ ᠨᠠᠰᠤ ᠶᠢ ᠡᠷᠢᠯᠴᠢᠨ ᠨᠠᠰᠤ ᠬᠡᠨ᠎ᠡ᠃ ᠡᠷᠢᠯᠴᠢᠨ ᠨᠠᠰᠤ ᠪᠠᠷ ᠨᠢ ᠬᠡᠤᠬᠡᠤᠨ ᠢ ᠮᠠᠯ | ᠤᠯᠬᠤ᠂ ᠡᠷᠳᠡᠮ ᠤᠯᠬᠤ ᠶᠢᠨ ᠠᠯᠢ ᠨᠢ ᠪᠤᠯᠬᠤ ᠶᠢ ᠰᠢᠨᠵᠢᠳᠡᠭ ᠡᠷᠳᠡᠨ ᠤ ᠶᠤᠰᠤᠨ ᠪᠤᠢ᠃ ᠡᠨᠡ ᠪᠤᠯ ᠡᠷ᠎ᠠ | ᠬᠥᠮᠤᠨ ᠳᠤ ᠶᠠᠰᠤᠨ ᠴᠢᠮᠤᠬᠡ᠂ ᠡᠮᠡᠭᠳᠡᠢ ᠬᠥᠮᠤᠨ ᠳᠤ ᠴᠢᠰᠤᠨ ᠴᠡᠨᠡᠭ ᠪᠥᠷᠢᠳᠭᠦ 18 ᠠᠴᠠ ᠬᠤᠶᠢᠰᠢᠬᠢ ᠨᠠᠰᠤ | ᠪᠤᠯᠤᠨ᠎ᠠ᠃ | 18.ᠤᠷᠢ ᠵᠠᠯᠠᠭᠤ ᠨᠠᠰᠤ᠃ ᠪᠡᠶ᠎ᠡ᠂ ᠤᠶᠤᠨ᠂ ᠥᠡᠭᠭᠡ ᠵᠢᠰᠤ᠂ ᠴᠤᠭ ᠵᠢᠪᠬᠤᠭ᠎ᠠ᠂ ᠡᠷᠴᠢᠮ ᠠᠪᠬᠠᠯᠵᠢ᠂ | ᠬᠥᠷᠳᠤ ᠵᠠᠭᠰᠠᠬᠤ ᠡᠨᠡ ᠰᠠᠶᠢᠬᠠᠨ ᠥᠶ᠎ᠡ ᠶᠢ ᠵᠠᠯᠠᠭᠤ ᠨᠠᠰᠤ ᠬᠡᠨ᠎ᠡ᠃ ᠮᠤᠩᠭᠤᠯ ᠤᠯᠠᠮᠵᠢᠯᠠᠯᠳᠤ ᠶᠤᠰᠤᠨ ᠳᠤ | ᠵᠢᠪᠬᠤᠯᠠᠩ ᠥᠵᠡᠮᠵᠢ ᠵᠠᠭᠰᠠᠬᠤ᠂ ᠵᠢᠷᠭᠠᠯ ᠴᠡᠩᠭᠡᠯ ᠲᠡᠭᠰᠢᠷᠡᠬᠦ 25 — 35 ᠨᠠᠰᠤ ᠶᠢ ᠵᠠᠯᠠᠭᠤ ᠨᠠᠰᠤ ᠬᠡᠨ᠎ᠡ᠃ | 19.ᠢᠳᠡᠷ ᠨᠠᠰᠤ᠃ ᠵᠠᠯᠠᠭᠤ ᠨᠠᠰᠤᠨ ᠤ ᠤᠷᠬᠢᠯ ᠥᠶ᠎ᠡ᠃ ᠢᠳᠡᠷ ᠨᠠᠰᠤ ᠪᠤᠯ 35 — 45 ᠨᠠᠰᠤ | ᠮᠥᠨ᠃ | 20.ᠬᠢᠵᠢᠶᠡᠯᠢ ᠨᠠᠰᠤ᠃ ᠤᠯᠠᠷᠢᠯ ᠤᠨ ᠪᠤᠯ ᠨᠠᠮᠤᠷ᠂ ᠨᠠᠷᠠᠨ ᠤ ᠪᠤᠯ ᠥᠳᠡ ᠲᠤᠮᠳᠠ ᠠᠴᠠ ᠬᠠᠵᠠᠶᠢᠭᠰᠠᠨ | ᠥᠶ᠎ᠡ ᠲᠠᠢ ᠵᠦᠢᠷᠯᠠᠮᠠ ᠨᠠᠰᠤ ᠶᠢ ᠬᠢᠵᠢᠶᠡᠯᠢ ᠨᠠᠰᠤ ᠬᠡᠨ᠎ᠡ᠃ ᠡᠨᠡ ᠨᠢ ᠲᠠᠪᠢ᠂ ᠲᠡᠬᠦᠨ ᠠᠴᠠ ᠮᠤᠯᠳᠤᠷᠠᠵᠤ ᠪᠤᠢ | ᠨᠠᠰᠤ ᠬᠡᠬᠦ ᠤᠳᠬ᠎ᠠ ᠲᠠᠢ᠃ | 21.ᠥᠨᠳᠤᠷ ᠨᠠᠰᠤ᠃ ᠠᠷᠢᠭ ᠪᠤᠶᠠᠨ ᠢᠶᠠᠨ ᠡᠳ᠋ᠯᠡᠵᠤ᠂ ᠠᠴᠢ ᠭᠤᠴᠢ ᠳᠠᠭᠠᠨ ᠬᠥᠨᠳᠤᠯᠡᠭᠳᠡᠨ ᠪᠤᠢ | ᠨᠠᠰᠤ ᠶᠢ ᠥᠨᠳᠤᠷ ᠨᠠᠰᠤᠳᠠᠨ ᠬᠡᠳᠡᠭ᠃ ᠡᠨᠡ ᠪᠤᠯ 60 ᠠᠴᠠ ᠲᠡᠬᠡᠭᠰᠢ ᠨᠠᠰᠤ ᠪᠤᠯᠤᠨ᠎ᠠ᠃ | 22.ᠶᠡᠭᠡ ᠨᠠᠰᠤ᠃ ᠨᠠᠶᠠ ᠠᠴᠠ ᠲᠡᠬᠡᠭᠰᠢ ᠵᠢᠯ ᠨᠠᠭᠠᠳᠤᠮ ᠥᠵᠡᠵᠤ ᠶᠠᠪᠤᠭ᠎ᠠ ᠪᠤᠶᠠᠨᠳᠠᠢ | ᠪᠤᠭᠤᠷᠤᠯ ᠤᠳ ᠢᠶᠠᠨ ᠶᠡᠭᠡ ᠨᠠᠰᠤᠳᠠᠨ ᠬᠡᠳᠡᠭ᠃ | 23.ᠲᠤᠷᠠᠬᠷᠤᠤ ᠨᠠᠰᠤ᠃ 80 ᠠᠴᠠ ᠲᠡᠬᠡᠭᠰᠢ ᠨᠠᠰᠤᠳᠠᠢ᠂ ᠪᠡᠶ᠎ᠡ ᠨᠢ ᠡᠳᠤᠷ ᠠᠴᠠ ᠡᠳᠤᠷ ᠲᠤᠷᠦ᠋ᠢᠳᠠᠨ ᠪᠤᠢ | ᠬᠥᠭᠰᠢᠤᠨ ᠢ ᠨᠠᠰᠤᠨ ᠲᠤᠷᠠᠭᠷᠤᠤ ᠪᠤᠯᠵᠠᠢ ᠬᠡᠮᠡᠨ᠎ᠡ᠃ | 24.ᠮᠦᠢᠬᠤ ᠨᠠᠰᠤ᠃ ᠶᠡᠷᠡ᠂ ᠵᠠᠭᠤ᠂ ᠲᠡᠬᠦᠨ ᠠᠴᠠ ᠲᠡᠬᠡᠭᠰᠢ ᠨᠠᠰᠤᠯᠠᠵᠤ ᠤᠢ ᠲᠤᠨᠢ ᠨᠢ ᠰᠤᠯᠠᠳᠠᠭᠠᠤᠨ | ᠬᠥᠯ ᠳᠤ ᠤᠷᠤᠵᠤ ᠪᠤᠢ ᠬᠡᠤᠬᠡᠤᠨ᠂ ᠬᠡᠯᠡ ᠳᠤ ᠤᠷᠤᠵᠤ ᠪᠤᠢ ᠵᠢᠭᠠᠯ ᠰᠢᠬ ᠰᠠᠪᠠᠭ᠎ᠠ ᠥᠬᠡᠶᠢᠳᠡᠨ᠂ | ᠥᠯᠤᠬᠡᠶᠢᠳᠡᠬᠦᠯᠬᠦ ᠠᠴᠠ ᠨᠠᠭᠠᠭᠤᠷ ᠠᠰᠠᠷᠠᠭᠤᠯᠬᠤ ᠥᠶ᠎ᠡ ᠶᠢ ᠮᠦᠢᠬᠤ ᠨᠠᠰᠤ ᠬᠡᠨ᠎ᠡ᠃ ᠪᠠᠰᠠ ᠵᠥᠨᠤᠭᠦ ᠨᠠᠰᠤ ᠴᠤ | ᠬᠡᠳᠡᠭ᠃ | 25. ᠨᠡᠷᠡᠳᠤ ᠠᠴᠠ ᠪᠤᠴᠠᠬᠤ ᠨᠠᠰᠤ᠃ ᠤᠷᠴᠢᠯᠠᠩ ᠤᠨ ᠮᠥᠡᠭᠭᠡ ᠵᠠᠮ ᠠᠴᠠ ᠬᠡᠨ ᠴᠤ ᠪᠤᠯᠳᠠᠵᠤ ᠥᠯᠤ | ᠴᠢᠳᠠᠨ᠎ᠠ᠃ ᠲᠠᠶᠢᠨ ᠬᠦ ᠪᠠᠭᠤᠵᠤ ᠥᠳᠡᠯᠬᠦ ᠠᠴᠠ ᠡᠬᠡᠬᠦ ᠵᠢᠯ ᠢ ᠨᠡᠷᠡᠳᠤ ᠠᠴᠠ ᠪᠤᠴᠠᠬᠤ ᠨᠠᠰᠤ ᠬᠡᠨ᠎ᠡ᠃ | ᠰᠤᠨᠢᠷᠬᠠᠯᠳᠠᠢ ᠪᠠᠶᠢᠭ᠎ᠠ ᠪᠢᠵᠠ᠃ ᠬᠥᠮᠤᠨ ᠬᠡᠭᠴᠢ ︽ᠨᠠᠰᠤ ᠪᠠᠷ ᠢᠶᠠᠨ ᠰᠤᠷᠴᠤ᠂ ᠨᠠᠮᠤᠷ ᠢᠶᠠᠷ ᠬᠥᠷᠤᠩᠭᠡᠰᠢᠨᠡ︾ | ᠬᠡᠳᠡᠭ᠃ ᠬᠥᠮᠤᠨ ᠤ ᠨᠢᠬᠡ ᠨᠠᠰᠤᠨ ᠳᠤ ᠰᠤᠶᠤᠯ ᠰᠤᠷᠭᠠᠯ᠂ ᠲᠥᠷᠢᠮ ᠶᠤᠰᠤ ᠬᠥᠨᠡ ᠬᠠᠳᠠᠭᠠᠯᠠᠭᠰᠠᠨ ᠨᠢ ᠶᠠᠭᠤᠳᠠᠢ | ᠭᠠᠶᠢᠬᠠᠮᠰᠢᠭ ᠠᠵᠢ᠃ | | |