ᠬᠤᠷᠴᠢᠨ ᠲᠠᠷᠢᠶᠠᠴᠢᠳ ᠤᠨ ᠨᠣᠳᠤᠬ ᠣᠰᠣᠨ ᠤ ᠨᠠᠪᠳᠠᠬ ᠰᠠᠪᠳᠠᠬ | ᠬᠤᠷᠴᠢᠨ ᠲᠠᠷᠢᠶᠠᠴᠢᠳ ᠠᠴᠠ ᠠᠮᠢᠳᠣᠷᠠᠯ ᠠᠬᠤᠢ ᠶᠢᠨ ᠲᠡᠭᠡᠭᠰᠢᠯᠡᠵᠦ ᠣᠷᠣᠭᠤᠳᠠᠬᠤ ᠨᠢ ᠨᠣᠳᠤᠬ ᠣᠰᠣᠨ ᠤ | ᠨᠠᠪᠳᠠᠬ ᠰᠠᠪᠳᠠᠬ ᠲᠠᠢ ᠰᠢᠭᠤᠳ ᠬᠤᠯᠪᠣᠭ᠎ᠠ ᠲᠠᠢ ᠭᠡᠵᠦ ᠦᠵᠡᠳᠡᠭ ᠠᠴᠠ ᠨᠣᠳᠤᠬ ᠰᠢᠯᠵᠢᠬᠦ ᠪᠣᠶᠣ ᠰᠢᠨ᠎ᠡ ᠭᠡᠷ | ᠪᠠᠷᠢᠬᠤ ᠳᠠᠭᠠᠨ ᠯᠠᠮᠠ ᠪᠣᠶᠣ ᠪᠦᠬᠡ᠂ ᠲᠦᠯᠭᠡᠴᠢ ᠵᠠᠯᠠᠵᠦ ᠨᠣᠳᠤᠬ ᠣᠰᠣᠨ ᠤ ᠪᠠᠨ ᠨᠠᠪᠳᠠᠬ ᠰᠠᠪᠳᠠᠬ ᠢᠶᠠᠨ | ᠰᠢᠨᠵᠢᠭᠦᠯᠵᠦ ᠠᠶᠢᠯᠠᠳᠣᠭᠤᠯᠳᠠᠬ᠃ ᠵᠢᠷᠣᠬᠠᠢ ᠶᠢᠨ ᠣᠬᠠᠭᠠᠨ ᠳᠤ᠂ ᠨᠣᠳᠤᠬ ᠣᠰᠣ ᠪᠠᠭᠤᠬᠤ᠂ ᠣᠡᠭᠭᠤᠨ ᠬᠡᠭᠦᠷ | ᠲᠠᠯᠪᠢᠬᠤ᠂ ᠭᠡᠷ ᠣᠷᠣᠨ ᠪᠠᠶᠢᠭᠤᠯᠬᠤ ᠶᠢ ᠰᠢᠨᠵᠢᠬᠦ ᠳᠤ ᠶᠡᠷᠦ ᠠᠴᠠ ᠮᠣᠳᠣ᠂ ᠭᠠᠯ᠂ ᠰᠢᠷᠣᠢ᠂ ᠲᠡᠮᠦᠷ᠂ ᠣᠰᠣ | ᠲᠠᠪᠣᠨ ᠮᠠᠬᠠᠪᠣᠳ ᠠᠷᠭ᠎ᠠ ᠪᠢᠯᠢᠭ ᠬᠢᠭᠡᠳ ᠣᠬᠳᠠᠷᠭᠤᠢ᠂ ᠣᠰᠣ᠂ ᠠᠭᠤᠯᠠ᠂ ᠮᠣᠳᠣ᠂ ᠬᠡᠢ᠂ ᠭᠠᠯ᠂ ᠰᠢᠷᠣᠢ᠂ | ᠲᠡᠮᠦᠷ ᠵᠡᠷᠭᠡ ᠨᠠᠢᠮᠠᠨ ᠣᠷᠣᠨ ᠲᠠᠢ ᠣᠶᠠᠯᠳᠣᠭᠤᠯᠣᠨ ᠰᠢᠨᠵᠢᠳᠡᠭ ᠶᠣᠮ᠃ ᠶᠡᠷᠦ ᠳᠡᠭᠡᠨ ᠨᠣᠳᠤᠬ ᠣᠰᠣ | ᠪᠠᠭᠤᠬᠤ ᠳᠤ ᠠᠷᠣ ᠲᠦᠰᠢᠯᠭᠡ ᠶᠢᠨ ᠠᠭᠤᠯᠠ ᠪᠣᠶᠣ ᠮᠠᠩᠬ᠎ᠠ ᠨᠢ ᠦᠨᠳᠦᠷ ᠰᠦᠷᠯᠢᠭ᠂ ᠣᠢ ᠰᠢᠭᠤᠢ ᠨᠢ ᠰᠣᠷᠭᠤᠬ | ᠰᠠᠬᠤᠯᠢᠬ᠂ ᠵᠡᠭᠦᠨ ᠲᠠᠯ᠎ᠠ ᠪᠠᠷ ᠢᠶᠠᠨ ᠠᠭᠤᠯᠠ ᠨᠢ ᠶᠡᠭᠡ ᠴᠢᠯᠠᠭᠤ ᠲᠠᠢ ᠪᠦᠭᠡᠳ ᠵᠦᠯᠭᠡ ᠲᠠᠢ ᠠᠷᠣ | ᠲᠦᠰᠢᠯᠭᠡ ᠠᠴᠠ ᠪᠠᠨ ᠪᠣᠭᠤᠨᠢ ᠰᠢᠬ ᠪᠣᠯ ᠰᠠᠶᠢᠨ ᠭᠡᠳᠡᠭ᠃ ᠡᠮᠦᠨ᠎ᠡ ᠵᠦᠭ ᠲᠤ ᠬᠦᠰᠢᠭᠡ ᠲᠠᠳᠠᠬᠰᠠᠨ ᠰᠢᠬ | ᠦᠨᠳᠦᠷ ᠠᠭᠤᠯᠠ ᠪᠣᠶᠣ ᠡᠷᠳᠡᠨᠢ ᠴᠣᠬᠴᠠᠯᠠᠬᠰᠠᠨ ᠠᠳᠠᠯᠢ ᠲᠣᠪᠤ ᠣᠪᠣᠭ᠎ᠠ ᠲᠠᠢ᠂ ᠪᠠᠷᠠᠭᠤᠨ ᠲᠠᠯ᠎ᠠ ᠳᠠᠭᠠᠨ ᠠᠷᠰᠯᠠᠨ | ᠬᠡᠪᠳᠡᠭᠰᠡᠨ ᠰᠢᠭ ᠣᠯᠠᠭᠠᠨ ᠦᠡᠭᠭᠡᠳᠡᠢ ᠭᠤᠷᠪᠠᠯᠵᠢᠨ ᠡᠰᠡᠬᠦᠯ᠎ᠡ ᠨᠠᠭᠤᠷ ᠪᠦᠷᠢᠳᠦ ᠭᠤᠣᠯ ᠭᠤᠷᠤᠬ᠎ᠠ ᠪᠠᠶᠢᠪᠠᠯ ᠮᠠᠰᠢ | ᠰᠠᠶᠢᠨ ᠭᠡᠳᠡᠭ᠃ ᠡᠶᠢᠮᠦ ᠭᠠᠵᠠᠷ ᠰᠠᠭᠤᠪᠠᠯ ᠪᠠᠭᠠᠳᠣᠷ ᠴᠢᠳᠠᠯᠳᠠᠨ ᠭᠠᠷᠴᠦ᠂ ᠬᠦᠪᠡᠭᠦᠳ᠂ ᠬᠡᠦᠬᠡᠨᠴᠦᠳ ᠭᠤᠶᠣ | ᠭᠡᠭᠡᠨᠴᠢᠷ ᠲᠦᠷᠦᠵᠦ ᠣᠷᠳᠣ ᠨᠠᠰᠣᠯᠠᠨ ᠣᠳᠠᠭᠠᠨ ᠵᠢᠷᠭᠠᠵᠦ᠂ ᠡᠳ᠋ ᠮᠠᠯ ᠠᠷᠪᠢᠳᠣᠨ ᠦᠷ᠎ᠡ ᠠᠴᠢ ᠲᠡᠯᠭᠡᠷᠡᠨ᠎ᠡ | ᠭᠡᠳᠡᠭ᠃ ᠨᠠᠰᠣᠳᠠᠶᠢᠴᠣᠳ ᠤᠨ ᠬᠠᠭᠤᠴᠢᠯᠠᠬᠤ ᠪᠠᠷ᠂ ᠣᠣᠯ ᠤᠨ ᠴᠣᠬᠤᠷ ᠬᠠᠯᠬ᠎ᠠ ᠶᠢᠨ ᠬᠤᠰᠢᠭᠤᠨ ᠤ ᠵᠠᠰᠠᠬ | ᠰᠠᠭᠤᠬᠰᠠᠨ ᠭᠠᠵᠠᠷ ᠨᠣᠶᠠᠨ ᠬᠤᠷᠢᠶ᠎ᠠ ᠶᠢ ᠪᠠᠶᠢᠭᠤᠯᠬᠤ ᠳᠤ ᠬᠠᠯᠬ᠎ᠠ ᠸᠠᠩ ᠠᠴᠠ ᠣᠯᠠᠨ ᠰᠢᠨᠵᠢᠭᠡᠴᠢ ᠶᠢ ᠵᠠᠯᠠᠵᠦ | ᠨᠣᠳᠤᠬ ᠣᠰᠣᠨ ᠤ ᠪᠠᠨ ᠨᠠᠪᠳᠠᠬ ᠰᠠᠪᠳᠠᠬ ᠢ ᠦᠵᠡᠭᠦᠯᠦᠭᠰᠡᠨ ᠭᠡᠨ᠎ᠡ᠃ ᠲᠦᠷᠦᠭᠦᠦ ᠣᠳᠠᠭ᠎ᠠ ᠨᠢ ᠬᠡᠳᠦᠨ | ᠬᠤᠰᠢᠭᠤ ᠳᠤ ᠠᠯᠳᠠᠷ ᠮᠠᠨᠳᠣᠬᠰᠠᠨ ᠨᠢᠭᠡᠨ ᠨᠡᠷᠡᠳᠦ ᠭᠡᠭᠡᠨ ᠢ ᠵᠠᠯᠠᠵᠦ ᠨᠣᠳᠤᠬ ᠰᠢᠨᠵᠢᠭᠦᠯᠦᠭᠰᠡᠨ ᠳᠤ ᠭᠡᠭᠡᠨ ᠠᠴᠠ | ᠬᠤᠷᠳᠣᠨ ᠮᠣᠷᠢ ᠣᠨᠣᠵᠦ ᠬᠠᠯᠬ᠎ᠠ ᠶᠢᠨ ᠬᠤᠰᠢᠭᠤᠨ ᠤ ᠨᠣᠳᠤᠬ ᠢᠶᠠᠷ ᠬᠡᠳᠦᠨ ᠡᠳᠦᠷ ᠲᠣᠭᠤᠷᠢᠵᠦ ᠰᠢᠨᠵᠢᠭᠡᠳ | ᠨᠢᠭᠡᠨ ᠨᠠᠪᠳᠠᠬ ᠰᠠᠪᠳᠠᠬ ᠰᠠᠶᠢᠨ ᠭᠠᠵᠠᠷ ᠢ ᠦᠵᠡᠵᠦ ᠲᠣᠭᠤᠭᠠᠳ ᠭᠠᠣᠯᠢᠨ ᠵᠣᠭᠤᠰ ᠣᠷᠬᠢᠭᠠᠳ ᠪᠣᠴᠠᠵᠦ | ᠢᠷᠡᠭᠰᠡᠨ ᠢᠶᠠᠨ ᠸᠠᠩ ᠨᠣᠶᠠᠨ ᠳᠤ ᠮᠡᠳᠡᠭᠦᠯᠦᠭᠰᠡᠨ ᠭᠡᠨ᠎ᠡ᠃ ᠬᠤᠶᠠᠳᠣᠭᠠᠷ ᠣᠳᠠᠭ᠎ᠠ ᠨᠢ ᠬᠠᠯᠬ᠎ᠠ ᠸᠠᠩ ᠠᠴᠠ ᠨᠢᠭᠡᠨ | ᠠᠯᠳᠠᠷᠳᠦ ᠪᠦᠭᠡ ᠶᠢ ᠵᠠᠯᠠᠵᠦ ᠸᠠᠩ ᠤᠨ ᠣᠷᠳᠣᠨ ᠪᠠᠶᠢᠭᠤᠯᠬᠤ ᠨᠠᠪᠳᠠᠬ ᠰᠠᠪᠳᠠᠬ ᠢᠶᠠᠨ ᠰᠢᠨᠵᠢᠭᠦᠯᠪᠡ᠃ ᠪᠦᠭᠡ | ᠮᠦᠨ ᠯᠡ ᠬᠤᠷᠳᠣᠨ ᠮᠣᠷᠢ ᠣᠨᠣᠵᠦ ᠴᠣᠬᠤᠷ ᠬᠠᠯᠬ᠎ᠠ ᠶᠢᠨ ᠬᠤᠰᠢᠭᠤᠨ ᠤ ᠨᠣᠳᠤᠬ ᠢᠶᠠᠷ ᠬᠡᠳᠦᠨ ᠡᠳᠦᠷ | ᠲᠣᠭᠤᠷᠢᠵᠦ ᠰᠢᠨᠵᠢᠭᠡᠳ ᠨᠢᠭᠡᠨ ᠰᠠᠶᠢᠨ ᠭᠠᠵᠠᠷ ᠢ ᠦᠵᠡᠵᠦ ᠲᠣᠭᠤᠭᠠᠳ ᠵᠡᠭᠦᠦ ᠬᠠᠳᠬᠤᠭᠠᠳ ᠪᠣᠴᠠᠵᠦ ᠢᠷᠡᠭᠰᠡᠨ | ᠭᠡᠨ᠎ᠡ᠃ ᠬᠡᠳᠦᠨ ᠡᠳᠦᠷ ᠤᠨ ᠬᠢᠨᠢ ᠲᠠᠷᠠᠭ᠎ᠠ ᠸᠠᠩ ᠨᠣᠶᠠᠨ ᠠᠴᠠ ᠦᠪᠡᠷ ᠤᠨ ᠪᠡᠶ᠎ᠡ ᠪᠠᠷ ᠢᠶᠠᠨ ᠬᠦᠳᠡᠯᠵᠦ ᠠᠯᠪᠠᠳᠦ | ᠰᠠᠶᠢᠳ ᠢᠶᠠᠨ ᠲᠠᠭᠠᠭᠤᠯᠵᠦ ᠯᠠᠮᠠ ᠪᠣᠯᠣᠨ ᠪᠦᠭᠡ ᠶᠢᠨ ᠲᠡᠮᠳᠡᠭ ᠲᠠᠯᠪᠢᠬᠰᠠᠨ ᠭᠠᠵᠠᠷ ᠢ ᠨᠢ ᠬᠠᠶᠢᠵᠦ ᠣᠴᠢᠭᠠᠳ | ᠦᠵᠡᠬᠦ ᠳᠤ ᠭᠠᠦᠯᠢᠨ ᠵᠣᠭᠤᠰ ᠤᠨ ᠲᠦᠷᠪᠡᠯᠵᠢᠨ ᠨᠦᠬᠡᠨ ᠳᠤ ᠨᠢᠭᠡᠨ ᠵᠡᠭᠦᠦ ᠶᠢ ᠬᠠᠳᠬᠤᠭᠠᠳ ᠪᠠᠶᠢᠬᠰᠠᠨ ᠢ ᠨᠢ | ᠣᠯᠵᠦ ᠦᠵᠡᠭᠰᠡᠨ ᠭᠡᠨ᠎ᠡ᠃ ᠬᠠᠯᠬ᠎ᠠ ᠸᠠᠩ ᠠᠴᠠ ᠯᠠᠮᠠ ᠪᠣᠯᠣᠨ ᠪᠦᠭᠡ ᠶᠢᠨ ᠡᠷᠳᠡᠮ ᠴᠢᠳᠠᠪᠣᠷᠢ ᠶᠢ ᠶᠡᠬᠡᠳᠡ | ᠪᠢᠰᠢᠷᠡᠵᠦ ᠰᠦᠵᠢᠭ ᠲᠦᠷᠦᠵᠦ ᠲᠡᠳᠡ ᠬᠤᠶᠠᠭᠤᠯᠠ ᠶᠢᠨ ᠦᠵᠡᠵᠦ ᠲᠣᠭᠤᠬᠰᠠᠨ ᠭᠠᠵᠠᠷ ᠴᠣᠬᠤᠷ ᠬᠠᠯᠬ᠎ᠠ ᠶᠢᠨ | ᠬᠤᠰᠢᠭᠤᠨ ᠤ ᠲᠦᠪ ᠪᠣᠯᠬᠤ ᠨᠣᠶᠠᠨ ᠬᠤᠷᠢᠶ᠎ᠠ ᠶᠢ ᠪᠠᠶᠢᠭᠤᠯᠣᠬᠰᠠᠨ ᠭᠡᠳᠡᠭ᠃ | ᠬᠤᠷᠴᠢᠨ ᠤ ᠵᠠᠷᠢᠮ ᠭᠠᠵᠠᠷ ᠢᠶᠠᠷ ᠪᠠᠰᠠ ᠲᠠᠦᠯᠠᠢ ᠭᠤᠷᠭᠤᠣᠯ ᠬᠤᠶᠠᠭᠤᠯᠠ ᠣᠷᠣ ᠪᠣᠯᠢᠶᠠᠯᠳᠣᠵᠦ ᠬᠡᠷᠡᠯᠳᠦᠵᠦ | ᠲᠡᠮᠡᠴᠡᠯᠳᠦᠵᠦ ᠪᠠᠶᠢᠬᠤ ᠭᠠᠵᠠᠷ ᠤᠨ ᠨᠠᠪᠳᠠᠬ ᠰᠠᠪᠳᠠᠬ ᠨᠢ ᠰᠠᠶᠢᠨ ᠭᠡᠵᠦ ᠶᠠᠷᠢᠯᠴᠠᠳᠠᠬ᠃ ᠣᠣᠯ ᠤᠨ ᠪᠢᠡᠭᠳᠦ ᠶᠢᠨ | ᠬᠤᠰᠢᠭᠤᠨ ᠤ ᠨᠢᠭᠡᠨ ᠮᠠᠯᠴᠢᠨ ᠠᠴᠠ ᠲᠠᠦᠯᠠᠢ ᠭᠤᠷᠭᠤᠣᠯ ᠬᠤᠶᠠᠭᠤᠯᠠ ᠡᠭᠦᠷ ᠪᠠᠷᠢᠬᠤ ᠭᠠᠵᠠᠷ ᠪᠣᠯᠢᠶᠠᠯᠳᠣᠵᠦ | ᠬᠡᠷᠡᠯᠳᠣᠵᠦ ᠪᠠᠶᠢᠬᠰᠠᠨ ᠭᠠᠵᠠᠷ ᠢ ᠣᠯᠵᠦ ᠬᠠᠷᠠᠭᠠᠳ ᠶᠡᠬᠡᠳᠡ ᠭᠠᠶᠢᠬᠠᠵᠦ ᠨᠣᠳᠤᠬ ᠰᠢᠯᠵᠢᠵᠦ ᠰᠠᠭᠤᠬᠰᠠᠨ ᠠᠴᠠ | ᠭᠡᠷ ᠪᠠᠷᠢᠬᠤ ᠲᠡᠷᠡ ᠡᠳᠦᠷ ᠲᠡᠭᠡᠨ ᠭᠠᠨᠭ᠌ ᠲᠠᠢ ᠮᠦᠡᠭᠬᠦ ᠣᠯᠵᠦ ᠶᠡᠬᠡᠳᠡ ᠪᠠᠶᠠᠵᠢᠬᠰᠠᠨ ᠭᠡᠳᠡᠭ᠃ ᠭᠡᠪᠡᠴᠦ | ᠡᠶᠢᠮᠦᠷᠬᠦᠦ ᠦᠵᠡᠭᠳᠡᠯ ᠨᠢ ᠬᠦᠮᠦᠨ ᠪᠦᠬᠦᠨ ᠳᠤ ᠬᠠᠷᠭᠤᠬᠤ ᠪᠢᠰᠢ ᠵᠠᠪᠠᠯ ᠡᠨᠡ ᠨᠣᠳᠤᠬ ᠲᠤ ᠰᠠᠭᠤᠬᠤ ᠬᠤᠪᠢ | ᠪᠣᠶᠠᠨᠳᠠᠢ ᠬᠦᠮᠦᠨ ᠳᠤ ᠰᠠᠶ᠋ᠢ ᠬᠠᠷᠭᠤᠨ᠎ᠠ ᠭᠡᠳᠡᠭ᠃ ᠪᠠᠰᠠ ᠯᠣᠣᠰ ᠡᠵᠡᠯᠡᠭᠰᠡᠨ ᠭᠠᠵᠠᠷ ᠤᠨ ᠲᠣᠯᠣᠭᠠᠢ ᠶᠢᠨ | ᠭᠤᠣᠯ ᠳᠤᠨᠢ ᠰᠢᠨ᠎ᠡ ᠭᠡᠷ ᠪᠠᠷᠢᠵᠦ ᠰᠠᠭᠤᠪᠠᠯ ᠲᠦᠷᠦᠭᠦᠦ ᠪᠠᠶᠠᠨ ᠪᠣᠯᠵᠦ ᠬᠤᠶᠠᠷ ᠯᠣᠣᠰ ᠬᠠᠷᠭᠤᠬᠰᠠᠨ ᠭᠠᠵᠠᠷ | ᠰᠠᠭᠤᠪᠠᠯ ᠠᠮᠢᠳᠣᠷᠠᠯ ᠨᠢ ᠦᠭᠡᠳᠡ ᠰᠢᠭ ᠪᠣᠯᠪᠠᠴᠦ ᠬᠡᠯᠡ ᠠᠮᠠ ᠶᠢᠨ ᠵᠢᠭᠤᠷᠠᠭᠠᠨ ᠲᠠᠰᠣᠷᠠᠬᠤ ᠦᠭᠡᠢ ᠭᠡᠳᠡᠭ᠃ | ᠶᠡᠭᠡ ᠵᠠᠮ ᠭᠡᠷ ᠡᠰᠡᠷᠬᠦ ᠰᠣᠮᠣᠳᠠᠵᠦ ᠢᠷᠡᠬᠦ᠂ ᠣᠯᠠᠨ ᠵᠠᠮ ᠤᠨ ᠪᠠᠯᠴᠢᠷ ᠲᠡᠭᠡᠷ᠎ᠡ᠂ ᠰᠦᠮ᠎ᠡ ᠰᠣᠪᠣᠷᠭ᠎ᠠ ᠪᠠᠷᠢᠬᠰᠠᠨ | ᠭᠠᠵᠠᠷ᠂ ᠣᠯᠠᠨ ᠬᠦᠮᠦᠨ ᠤ ᠴᠢᠭᠤᠯᠭᠠᠨ ᠪᠣᠯᠣᠬᠰᠠᠨ ᠭᠠᠵᠠᠷ᠂ ᠡᠪᠡᠰᠦ ᠮᠣᠳᠣ ᠣᠷᠭᠤᠳᠠᠬ ᠦᠭᠡᠢ ᠭᠠᠵᠠᠷ᠂ | ᠲᠠᠶᠢᠨ ᠤ ᠲᠠᠯᠠᠪᠠᠢ ᠪᠠᠶᠢᠬᠰᠠᠨ ᠭᠠᠵᠠᠷ᠂ ᠴᠡᠷᠢᠭ ᠪᠠᠭᠤᠬᠰᠠᠨ ᠭᠠᠵᠠᠷ᠂ ᠣᠰᠣ ᠦᠶᠡᠷᠯᠡᠭᠰᠡᠨ ᠭᠠᠵᠠᠷ᠂ ᠠᠭᠤᠯᠠ | ᠨᠢᠷᠣᠭᠤ ᠬᠠᠨᠳᠣᠬᠰᠠᠨ ᠭᠠᠵᠠᠷ᠂ ᠬᠤᠳᠠᠨ ᠡᠭᠦᠳᠡᠨ ᠠᠮᠠᠰᠠᠷ᠂ ᠬᠠᠳᠠ ᠪᠠᠶᠢᠬᠰᠠᠨ ᠭᠠᠵᠠᠷ᠂ ᠪᠣᠷᠣᠭᠤ ᠲᠡᠶᠢᠰᠢ | ᠬᠠᠨᠳᠣᠬᠰᠠᠨ ᠣᠰᠣᠨ ᠵᠠᠮ ᠤᠨ ᠬᠤᠶᠢᠬ ᠵᠡᠷᠭᠡ ᠭᠠᠵᠠᠷ ᠨᠣᠳᠤᠬ ᠪᠠᠭᠤᠴᠠ ᠪᠠᠭᠤᠬᠤ ᠨᠢ ᠶᠡᠭᠡ ᠮᠠᠭᠤ ᠭᠡᠳᠡᠭ᠃ | ᠶᠠᠮᠠᠷᠪᠠ ᠭᠠᠵᠠᠷ ᠨᠣᠳᠤᠬ ᠰᠢᠯᠵᠢᠵᠦ ᠰᠠᠭᠤᠬᠰᠠᠨ ᠴᠦ ᠨᠣᠳᠤᠬ ᠣᠰᠣᠨ ᠤ ᠨᠠᠪᠳᠠᠬ ᠰᠠᠪᠳᠠᠬ ᠢ ᠵᠠᠪᠠᠯ ᠪᠠᠶᠠᠰᠬᠠᠬᠤ | ᠶᠣᠰᠣᠳᠠᠢ ᠭᠡᠵᠦ ᠬᠤᠷᠴᠢᠨᠴᠣᠳ ᠦᠵᠡᠳᠡᠭ᠃ ᠬᠤᠷᠴᠢᠨᠴᠣᠳ ᠤᠨ ᠰᠢᠨ᠎ᠡ ᠭᠡᠷ ᠪᠠᠷᠢᠬᠤ ᠲᠣᠬᠠᠢ ᠭᠠᠳᠠᠰᠣ ᠠᠴᠠ᠄ | ︽ᠨᠣᠳᠤᠬ ᠰᠠᠭᠤᠬᠤ ᠭᠠᠵᠠᠷ ᠤᠨ ᠨᠠᠪᠳᠠᠬ ᠢ ᠲᠣᠯᠬᠢᠨ ᠪᠠ ᠵᠦᠭᠡᠯᠡᠨ ᠭᠡᠵᠦ ᠬᠤᠪᠢᠶᠠᠳᠠᠬ ᠶᠣᠮ᠃ ᠬᠡᠷᠪᠡ ᠲᠣᠯᠬᠢᠨ | ᠨᠠᠪᠳᠠᠬ ᠰᠠᠪᠳᠠᠬ ᠲᠠᠢ ᠭᠠᠵᠠᠷ ᠰᠠᠭᠤᠬᠤ ᠴᠢᠬᠤᠯᠠᠲᠠᠢ ᠪᠣᠯ ᠭᠡᠷ ᠪᠠᠷᠢᠬᠤ ᠭᠡᠵᠦ ᠪᠠᠶᠢᠭ᠎ᠠ ᠭᠠᠵᠠᠷ ᠲᠡᠭᠡᠷ᠎ᠡ ᠪᠠᠨ | ᠵᠣᠬᠰᠣᠵᠦ ᠲᠦᠷᠪᠡᠨ ᠵᠦᠭ ᠨᠠᠶᠢᠮᠠᠨ ᠵᠣᠪᠬᠢᠰ ᠪᠠ ᠲᠡᠭᠡᠭᠰᠢ ᠲᠣᠷᠣᠬᠰᠢ ᠴᠦᠮ ᠰᠠᠷᠬᠤᠳ ᠠᠷᠢᠬᠢ ᠰᠦᠷᠴᠢᠵᠦ | ᠨᠠᠪᠳᠠᠬ ᠰᠠᠪᠳᠠᠬ ᠲᠤ ᠭᠡᠷ ᠪᠠᠷᠢᠵᠦ ᠰᠠᠭᠤᠬᠤ ᠭᠡᠵᠦ ᠪᠠᠶᠢᠭ᠎ᠠ ᠪᠠᠨ ᠰᠢᠪᠰᠢᠨ ᠲᠠᠭᠠᠳᠬᠠᠵᠦ ᠨᠣᠳᠤᠬ ᠰᠠᠭᠤᠬᠤ | ᠭᠠᠵᠠᠷ ᠢ ᠵᠠᠶᠢᠴᠢᠯᠠᠨ ᠦᠭᠬᠦ ᠶᠢ ᠬᠦᠰᠡᠨ ᠭᠤᠶᠣᠬᠰᠠᠨ ᠤ ᠲᠠᠷᠠᠭ᠎ᠠ ᠬᠠᠷ᠎ᠠ ᠮᠣᠷᠢ ᠪᠣᠶᠣ ᠬᠠᠷ᠎ᠠ ᠦᠬᠡᠷ ᠬᠦᠯᠦᠭᠰᠡᠨ | ᠠᠨᠵᠢᠰᠣ ᠪᠠᠷ ᠭᠡᠷ ᠤᠨ ᠡᠵᠡᠨ ᠤ ᠬᠢᠨᠢ ᠲᠣᠰ ᠵᠢᠯ ᠳᠤ ᠰᠠᠭᠤᠬᠰᠠᠨ ᠨᠠᠢᠮᠠᠨ ᠣᠷᠣᠨ ᠤ ᠬᠢᠨᠢ ᠬᠡᠶᠢᠮᠣᠷᠢ ᠶᠢᠨ | ᠵᠦᠭ ᠲᠤ ᠡᠬᠢᠯᠡᠨ ᠠᠨᠵᠢᠰᠣ ᠬᠦᠳᠡᠯᠭᠡᠨ ᠭᠡᠷ ᠪᠠᠷᠢᠬᠤ ᠬᠡᠪᠴᠢᠶ᠎ᠡ ᠪᠠᠷ ᠰᠣᠯᠪᠢᠴᠠᠭᠤᠯᠣᠨ ᠬᠠᠭᠠᠯᠪᠣᠷᠢᠯᠠᠵᠦ ᠲᠣᠮ | ᠲᠠᠷᠣᠯᠭ᠎ᠠ ᠬᠢᠬᠦ ᠶᠢᠨ ᠬᠠᠮᠳᠦ ᠰᠣᠯᠪᠢᠴᠠᠭᠤᠯᠣᠨ ᠬᠠᠭᠠᠯᠪᠣᠷᠢᠯᠠᠬᠰᠠᠨ ᠭᠠᠵᠠᠷ ᠤᠨ ᠢᠶᠠᠨ ᠲᠣᠨᠣᠯᠵᠢᠨ ᠠᠭᠤᠯᠵᠠᠷ ᠲᠤ | ᠨᠢᠭᠡ ᠲᠣᠬᠤᠢ ᠬᠠᠭᠠᠰ ᠨᠦᠬᠡ ᠮᠠᠯᠳᠠᠵᠦ ᠲᠣᠳᠣᠷ᠎ᠠ ᠨᠢ ᠠᠷᠢᠬᠢ᠂ ᠴᠠᠭᠠᠨ ᠢᠳᠡᠭᠡᠨ ᠲᠡᠷᠢᠭᠦᠳᠡᠨ ᠢ ᠪᠣᠯᠠᠵᠦ ᠭᠠᠵᠠᠷ | ᠡᠳᠦᠭᠡᠨ ᠰᠠᠬᠢᠭᠤᠰᠣ ᠪᠠᠨ ᠪᠠᠶᠠᠰᠬᠠᠳᠠᠬ᠃ ᠢᠡᠭᠭᠢᠵᠦ ᠬᠢᠵᠦ ᠲᠠᠭᠤᠰᠬᠠᠭᠠᠳ ᠰᠠᠶ᠋ᠢ ᠭᠡᠷ ᠤᠨ ᠰᠠᠭᠤᠷᠢ ᠵᠠᠰᠠᠬᠤ | ᠠᠵᠢᠯ ᠢᠶᠠᠨ ᠡᠬᠢᠯᠡᠭᠦᠯᠳᠡᠭ︾ ᠭᠡᠵᠡᠢ᠃ | ᠰᠢᠨ᠎ᠡ ᠭᠡᠷ ᠪᠣᠰᠬᠠᠬᠤ ᠶᠢᠨ ᠪᠠᠰᠠ ᠨᠢᠭᠡ ᠴᠢᠬᠤᠯᠠ ᠡᠳᠦᠷ ᠪᠣᠯ ᠭᠡᠷ ᠪᠣᠰᠬᠠᠬᠤ ᠡᠳᠦᠷ ᠪᠣᠯᠣᠨ᠎ᠠ᠃ | ᠲᠡᠷᠡ ᠨᠢ ᠭᠡᠷ ᠤᠨ ᠲᠠᠮ ᠨᠢᠷᠣᠭᠤ ᠪᠠ ᠭᠡᠷ ᠤᠨ ᠨᠢᠷᠣᠭᠤ ᠭᠠᠷᠭᠠᠬᠤ ᠡᠳᠦᠷ ᠢ ᠬᠡᠯᠡᠵᠦ ᠪᠠᠶᠢᠨ᠎ᠠ᠃ ᠲᠣᠰ ᠡᠳᠦᠷ ᠨᠢ | ᠭᠡᠷ ᠤᠨ ᠮᠣᠳᠣ ᠵᠠᠰᠠᠬᠰᠠᠨ ᠮᠣᠳᠣᠴᠢᠨ ᠪᠠ ᠬᠠᠪᠰᠣᠷᠬᠤ ᠪᠠᠷ ᠢᠷᠡᠭᠰᠡᠨ ᠬᠦᠮᠦᠰ ᠭᠡᠷ ᠤᠨ ᠮᠣᠳᠣ ᠪᠠᠨ ᠲᠡᠭᠡᠭᠰᠢ | ᠭᠠᠷᠭᠠᠵᠦ᠂ ᠬᠠᠮᠤᠬ ᠰᠡᠭᠦᠯ ᠳᠤ ᠪᠦᠬᠦ ᠭᠡᠷ ᠤᠨ ᠢᠶᠠᠨ ᠬᠠᠮᠤᠬ ᠤᠨ ᠲᠣᠮᠳᠠᠬᠢ ᠭᠤᠣᠯ ᠨᠢᠷᠣᠭᠤ ᠶᠢ ᠭᠠᠷᠭᠠᠬᠤ | ᠶᠠᠪᠣᠳᠠᠯ ᠪᠣᠯᠣᠨ᠎ᠠ᠃ ᠭᠤᠣᠯ ᠨᠢᠷᠣᠭᠤ ᠶᠢᠨ ᠭᠤᠣᠯ ᠲᠣᠮᠳᠠ ᠬᠡᠰᠡᠭ ᠤᠨ ᠡᠯᠢᠭᠡᠨ ᠳᠤ ᠣᠯᠠᠭᠠᠨ ᠪᠦᠰ ᠤᠨ ᠲᠡᠭᠡᠷ᠎ᠡ | ᠨᠠᠢᠮᠠᠨ ᠣᠷᠣᠨ ᠢ ᠵᠢᠷᠣᠵᠦ᠂ ᠲᠦᠪᠡᠳ ᠮᠣᠩᠭᠤᠯ ᠢᠶᠠᠷ ᠨᠡᠷ᠎ᠡ ᠶᠢ ᠨᠢ ᠪᠢᠴᠢᠭᠰᠡᠨ ᠵᠢᠷᠤᠬ ᠲᠠᠢ ᠪᠦᠰ ᠢ ᠭᠠᠦᠯᠢᠨ | ᠵᠣᠭᠤᠰ ᠢᠶᠠᠷ ᠬᠠᠳᠠᠵᠦ᠂ ᠲᠡᠭᠦᠨ ᠠᠴᠠ ᠲᠣᠷᠣᠬᠰᠢ ᠵᠢᠵᠢᠭ ᠣᠯᠠᠭᠠᠨ ᠪᠦᠰ ᠣᠭᠤᠳᠠᠨ ᠳᠤ ᠲᠠᠪᠣᠨ ᠲᠠᠷᠢᠶᠠᠨ ᠤ | ᠦᠷ᠎ᠡ ᠬᠢᠵᠦ ᠠᠮᠠᠰᠠᠷ ᠢ ᠨᠢ ᠣᠯᠠᠭᠠᠨ ᠦᠡᠭᠭᠡ ᠲᠠᠢ ᠬᠤᠶᠠᠷ ᠰᠠᠪᠬ᠎ᠠ ᠪᠠᠷ ᠲᠣᠨᠣᠯᠵᠢᠯᠠᠭᠤᠯᠣᠨ ᠬᠠᠳᠬᠤᠨ | ᠲᠣᠷᠭᠤᠵᠦ᠂ ᠡᠨᠡ ᠬᠦ ᠨᠠᠢᠮᠠᠨ ᠣᠷᠣᠨ ᠤ ᠵᠢᠷᠤᠬ ᠤᠨ ᠭᠤᠣᠯ ᠲᠣᠮᠳᠠ ᠠᠴᠠ ᠨᠢ ᠲᠣᠷᠣᠬᠰᠢ ᠦᠡᠭᠭᠡ ᠪᠦᠷᠢ ᠶᠢᠨ | ᠰᠠᠴᠤᠬ ᠣᠶᠠᠵᠦ ᠲᠡᠭᠦᠵᠢᠯᠡᠨ ᠲᠠᠯᠪᠢᠳᠠᠬ᠃ ᠡᠨᠡ ᠨᠢ ᠨᠠᠶᠢᠮᠠᠨ ᠵᠦᠭ ᠤᠨ ᠡᠵᠡᠳ ᠰᠠᠬᠢᠭᠤᠰᠣ᠂ ᠨᠠᠪᠳᠠᠬ | ᠰᠠᠪᠳᠠᠬ ᠢ ᠪᠠᠶᠠᠰᠬᠠᠵᠦ ᠲᠣᠰ ᠭᠡᠷ ᠲᠤ ᠦᠢᠯᠡᠴᠢᠯᠡᠭᠦᠯᠵᠦ᠂ ᠲᠠᠪᠣᠨ ᠲᠠᠷᠢᠶ᠎ᠠ ᠶᠢᠨ ᠦᠷ᠎ᠡ ᠮᠡᠳᠦ ᠡᠨᠡ ᠭᠡᠷ ᠤᠨ | ᠦᠷ᠎ᠡ ᠦᠨᠳᠦᠰᠦ ᠲᠠᠰᠣᠷᠠᠰᠢ ᠦᠭᠡᠢ ᠬᠦᠭᠵᠢᠨ ᠪᠠᠳᠠᠷᠠᠵᠦ ᠦᠶ᠎ᠡ ᠣᠯᠠᠮᠵᠢᠯᠠᠬᠤ ᠶᠢ ᠵᠦᠡᠭᠨᠡᠨ ᠪᠡᠯᠭᠡᠳᠡᠭᠰᠡᠨ | ᠠᠭᠤᠯᠭ᠎ᠠ ᠲᠠᠢ ᠶᠣᠮ᠃ ᠡᠭᠦᠨ ᠢ ᠬᠤᠷᠴᠢᠨᠴᠣᠳ ᠣᠯᠠᠩᠬᠢ ᠳᠠᠭᠠᠨ ᠨᠠᠷᠠᠨ ᠠᠴᠠ ᠡᠮᠦᠨ᠎ᠡ ᠪᠡᠯᠡᠳᠭᠡᠵᠦ ᠲᠠᠯᠪᠢᠳᠠᠬ᠃ | ᠬᠡᠷᠪᠡ ᠨᠠᠷᠠᠨ ᠤ ᠭᠡᠷᠡᠯ ᠡᠨᠡ ᠵᠣᠬᠢᠶᠠᠬᠰᠠᠨ ᠵᠦᠢᠯ ᠳᠤ ᠲᠣᠰᠪᠠᠯ ᠲᠡᠭᠦᠨ ᠤ ᠷᠢᠳᠢ ᠰᠢᠳᠢ ᠶᠢ ᠨᠢ ᠦᠭᠡᠶᠢᠰᠭᠡᠳᠡᠭ | ᠭᠡᠵᠦ ᠦᠵᠡᠳᠡᠭ ᠠᠴᠠ ᠭᠡᠷ ᠤᠨ ᠠᠳᠠᠷ ᠢ ᠭᠠᠷᠭᠠᠵᠦ ᠪᠠᠷᠠᠬᠰᠠᠨ ᠤ ᠲᠠᠷᠠᠭ᠎ᠠ ᠰᠠᠶ᠋ᠢ ᠪᠢᠳᠡᠭᠦᠮᠵᠢᠯᠡᠯ ᠢ ᠨᠢ ᠠᠪᠳᠠᠬ᠃ | ᠭᠤᠣᠯ ᠨᠢᠷᠣᠭᠤ ᠪᠠᠨ ᠬᠠᠮᠤᠬ ᠰᠡᠭᠦᠯ ᠳᠤ ᠭᠡᠷ ᠤᠨ ᠣᠷᠣᠢ ᠳᠤ ᠭᠠᠷᠭᠠᠵᠦ ᠣᠷᠣᠨ ᠳᠤᠨᠢ ᠰᠠᠭᠤᠯᠭᠠᠬᠰᠠᠨ ᠤ ᠲᠠᠷᠠᠭ᠎ᠠ | ᠡᠨᠡ ᠡᠳᠦᠷ ᠤᠨ ᠬᠠᠮᠢᠶᠠᠷᠣᠬᠴᠢ ᠠᠴᠠ ᠭᠡᠷ ᠤᠨ ᠣᠷᠣᠢ ᠲᠡᠭᠡᠷ᠎ᠡ ᠠᠴᠠ ᠯᠣᠩᠬᠤ ᠲᠠᠢ ᠠᠷᠢᠬᠢ ᠪᠠᠨ ᠵᠦᠭ ᠪᠦᠬᠦᠨ ᠳᠤ | ᠰᠦᠷᠴᠢᠬᠦ ᠶᠢᠨ ᠬᠠᠮᠳᠦ᠄ ︽ᠵᠠ︕ ᠲᠡᠭᠡᠭᠰᠢ ᠪᠠᠨ ᠶᠡᠷᠡ ᠶᠢᠰᠦᠨ ᠲᠡᠭᠷᠢ ᠮᠢᠨᠢ ᠠᠮᠰᠠᠨ ᠵᠣᠭᠤᠬᠯᠠ ᠣᠮ ᠮᠠ | ᠬᠤᠨᠭ᠌︕ ᠲᠣᠷᠣᠬᠰᠢ ᠪᠠᠨ ᠲᠠᠯᠠᠨ ᠲᠣᠯᠣᠭᠠᠨ ᠭᠠᠵᠠᠷ ᠡᠳᠦᠭᠡᠨ ᠮᠢᠨᠢ ᠠᠮᠰᠠᠨ ᠵᠣᠭᠤᠬᠯᠠ ᠣᠮ ᠮᠠ ᠬᠤᠨᠭ᠌︕ | ᠲᠡᠷᠭᠡᠳᠡ ᠪᠠᠶᠢᠭ᠎ᠠ ᠨᠣᠳᠤᠬ ᠣᠰᠣᠨ ᠤ ᠡᠵᠡᠳ ᠰᠠᠬᠢᠭᠤᠰᠣ ᠨᠠᠪᠳᠠᠬ ᠰᠠᠪᠳᠠᠬ ᠮᠢᠨᠢ ᠠᠮᠰᠠᠨ ᠵᠣᠭᠤᠬᠯᠠ ᠣᠮ ᠮᠠ | ᠬᠤᠨᠭ᠌︕︾ ᠭᠡᠵᠦ ᠢᠳᠡᠮᠯᠡᠨ ᠰᠦᠷᠴᠢᠭᠡᠳ ︽ᠡᠳᠦᠷ ᠤᠨ ᠰᠠᠶᠢᠨ ᠢ ᠦᠵᠡᠵᠦ᠂ ᠰᠠᠷ᠎ᠠ ᠶᠢᠨ ᠰᠠᠶᠢᠨ ᠢ | ᠰᠣᠩᠭᠤᠵᠦ᠂ ᠴᠠᠬ ᠤᠨ ᠰᠠᠶᠢᠨ ᠢ ᠰᠢᠯᠢᠭᠰᠡᠭᠡᠷ ᠶᠠᠬ ᠰᠠᠶ᠋ᠢᠬᠠᠨ ᠡᠨᠡ ᠰᠠᠷ᠎ᠠ ᠶᠢᠨ ᠡᠨᠡ ᠡᠳᠦᠷ ᠤᠨ ᠡᠨᠡ ᠴᠠᠬ ᠲᠤ | ᠶᠢᠰᠦᠨ ᠴᠠᠭᠠᠨ ᠬᠦᠰᠡᠯ ᠪᠡᠶᠡᠯᠡᠭᠳᠡᠵᠦ ᠠᠷᠪᠠᠨ ᠴᠠᠭᠠᠨ ᠪᠣᠶᠠᠨ ᠲᠡᠯᠭᠡᠷᠡᠬᠦ ᠦᠯᠵᠡᠶᠢᠳᠡᠢ ᠰᠠᠶᠢᠬᠠᠨ ᠡᠳᠦᠷ | ᠲᠣᠬᠢᠶᠠᠯᠳᠣᠬᠰᠠᠨ ᠲᠣᠯᠠ ᠬᠡᠨ ᠭᠤᠸᠠᠢ ᠠᠴᠠ ᠭᠡᠷ ᠢᠶᠠᠨ ᠪᠣᠰᠬᠠᠵᠦ ᠭᠤᠣᠯ ᠨᠢᠷᠣᠭᠤ ᠪᠠᠨ ᠭᠠᠷᠭᠠᠵᠦ ᠣᠷᠣᠨ ᠳᠤᠨᠢ | ᠰᠠᠭᠤᠯᠭᠠᠪᠠ᠃ ᠦᠯᠵᠡᠶᠢᠳᠡᠢ ᠡᠳᠦᠷ ᠤᠨ ᠪᠡᠯᠭᠡ ᠲᠠᠢ ᠴᠠᠬ ᠲᠤ ᠰᠢᠨ᠎ᠡ ᠭᠡᠷ ᠢᠶᠠᠨ ᠪᠣᠰᠬᠠᠬᠰᠠᠨ ᠠᠴᠠ ᠠᠷᠪᠠᠨ | ᠵᠦᠭ ᠤᠨ ᠡᠵᠡᠳ ᠰᠠᠬᠢᠭᠤᠰᠣ ᠦᠷᠦᠰᠢᠶᠡᠨ ᠰᠣᠶᠣᠷᠬᠠᠵᠦ᠂ ᠨᠣᠳᠤᠬ ᠣᠰᠣᠨ ᠤ ᠨᠠᠪᠳᠠᠬ ᠰᠠᠪᠳᠠᠬ ᠲᠡᠮᠵᠢᠨ | ᠲᠡᠳᠭᠦᠵᠦ᠂ ᠲᠡᠯ ᠢ ᠨᠢ ᠵᠠᠰᠠᠬᠤ ᠠᠴᠠ ᠠᠳᠣᠭᠤᠨ ᠰᠦᠷᠦᠭ ᠣᠯᠠᠰᠢᠷᠠᠵᠦ᠂ ᠲᠡᠯᠡᠩ ᠢ ᠨᠢ ᠰᠢᠪᠳᠣᠷᠬᠤ ᠠᠴᠠ | ᠦᠬᠡᠷ ᠤᠨ ᠰᠦᠷᠦᠭ ᠨᠢ ᠵᠣᠵᠠᠭᠠᠷᠠᠵᠦ᠂ ᠬᠤᠳᠠᠨ ᠲᠣᠳᠣᠷ᠎ᠠ ᠨᠢ ᠬᠤᠨᠢ ᠢᠮᠠᠭ᠎ᠠ ᠲᠦᠭᠦᠷᠴᠦ᠂ ᠬᠤᠷᠭᠤ | ᠲᠣᠳᠣᠷ᠎ᠠ ᠨᠢ ᠮᠦᠡᠭᠬᠦ ᠵᠣᠭᠤᠰ ᠨᠢ ᠪᠢᠯᠬᠠᠷᠠᠵᠦ᠂ ᠬᠡᠷᠡᠭ ᠵᠠᠷᠭᠤ ᠳᠤ ᠣᠷᠢᠶᠠᠴᠠᠯᠳᠣᠬᠤ ᠦᠭᠡᠢ᠂ ᠬᠢᠵᠢᠭ ᠲᠠᠬᠤᠯ ᠳᠤ | ᠣᠨᠣᠬᠳᠠᠬᠤ ᠦᠭᠡᠢ᠂ ᠬᠦᠨᠵᠢᠯᠡ ᠲᠦᠭᠦᠷᠡᠩ ᠬᠡᠦᠬᠡᠳ ᠵᠠᠶᠠᠭᠠᠵᠦ᠂ ᠬᠦᠰᠡᠭᠰᠡᠨ ᠪᠦᠬᠦᠨ ᠨᠢ ᠰᠡᠳᠭᠢᠯᠴᠢᠯᠡᠨ | ᠪᠦᠳᠦᠬᠦ ᠪᠣᠯᠳᠣᠭᠠᠢ ᠁︾ ᠭᠡᠵᠦ ᠢᠷᠦᠭᠡᠯ ᠵᠦᠡᠭᠨᠡᠯ ᠲᠠᠯᠪᠢᠵᠦ ᠰᠢᠨ᠎ᠡ ᠨᠣᠳᠤᠬ ᠤᠨ ᠢᠶᠠᠨ ᠨᠠᠪᠳᠠᠬ ᠰᠠᠪᠳᠠᠬ ᠢ | ᠪᠠᠶᠠᠰᠬᠠᠬᠤ ᠪᠠᠷ ᠭᠡᠷ ᠤᠨ ᠣᠷᠣᠢ ᠲᠡᠭᠡᠷ᠎ᠡ ᠠᠴᠠ ᠪᠣᠣᠪᠤ ᠪᠣᠭᠤᠷᠰᠤᠬ᠂ ᠰᠢᠬᠢᠷ᠂ ᠵᠢᠮᠢᠰ᠂ ᠲᠠᠮᠠᠬᠢ ᠵᠡᠷᠭᠡ ᠶᠢ ᠵᠦᠭ | ᠪᠦᠬᠦᠨ ᠳᠤ ᠰᠠᠴᠣᠳᠠᠬ᠃ ᠡᠭᠦᠨ ᠳᠤ ᠬᠦᠷᠦᠯᠴᠡᠨ ᠢᠷᠡᠭᠰᠡᠨ ᠬᠡᠦᠬᠡᠳ ᠪᠠᠭᠠᠴᠣᠳ ᠪᠠ ᠠᠶᠢᠯ ᠤᠨ ᠬᠦᠮᠦᠰ | ᠪᠦᠭᠦᠳᠡᠭᠡᠷ ᠪᠠᠶᠠᠷᠯᠠᠨ ᠬᠦᠭᠡᠷᠦᠯᠳᠦᠵᠦ ︽ᠰᠢᠨ᠎ᠡ ᠨᠣᠳᠤᠬ ᠤᠨ ᠡᠵᠡᠳ ᠰᠠᠬᠢᠭᠤᠰᠣ ᠨᠠᠪᠳᠠᠬ ᠰᠠᠪᠳᠠᠬ ᠤᠨ | ᠬᠡᠰᠢᠭ ᠠᠴᠠ ᠬᠦᠷᠳᠡᠶ᠎ᠡ︾ ᠭᠡᠵᠦ ᠲᠡᠳᠡᠭᠡᠷ ᠰᠠᠴᠣᠬᠰᠠᠨ ᠪᠣᠣᠪᠤ ᠪᠣᠭᠤᠷᠰᠤᠬ ᠤᠨ ᠵᠦᠢᠯ ᠤᠳ ᠢ ᠣᠷᠣᠯᠳᠣᠨ | ᠲᠡᠭᠦᠵᠦ ᠠᠪᠳᠠᠬ᠃ ᠬᠤᠷᠴᠢᠨ ᠨᠣᠳᠤᠬ ᠲᠤ ︽ᠦᠨᠳᠦᠷ ᠭᠠᠵᠠᠷ ᠲᠤ ᠶᠡᠭᠡ ᠭᠡᠷ ᠢ ᠪᠣᠭᠤᠨᠢ ᠪᠠᠷᠢᠵᠦ᠂ ᠪᠣᠭᠤᠨᠢ | ᠭᠠᠵᠠᠷ ᠭᠤᠣᠯ ᠭᠡᠷ ᠢ ᠦᠨᠳᠦᠷ ᠪᠠᠷᠢ᠂ ᠪᠠᠷᠠᠭᠤᠨ ᠴᠢᠬᠢᠨ ᠭᠡᠷ ᠦᠨᠳᠦᠷ ᠪᠣᠯ ᠦᠬᠢᠨ ᠳᠤ ᠰᠠᠶᠢᠨ᠂ ᠬᠦᠪᠡᠭᠦᠨ ᠳᠤ | ᠮᠠᠭᠤ᠃ ᠵᠡᠭᠦᠨ ᠴᠢᠬᠢᠨ ᠭᠡᠷ ᠦᠨᠳᠦᠷ ᠪᠣᠯ ᠬᠦᠦ ᠳᠤ ᠰᠠᠶᠢᠨ᠂ ᠦᠬᠢᠨ ᠳᠤ ᠮᠠᠭᠤ᠂ ᠬᠦᠷᠢᠶᠡᠨ ᠲᠣᠳᠣᠷ᠎ᠠ ᠵᠡᠭᠦᠨ | ᠡᠮᠦᠨ᠎ᠡ ᠬᠤᠳᠳᠤᠬ ᠪᠠᠶᠢᠪᠠᠯ ᠠᠵᠣ ᠲᠦᠷᠦᠬᠦᠢ ᠳᠤ ᠰᠠᠶᠢᠨ᠂ ᠨᠢᠳᠣᠨ ᠳᠤ ᠮᠠᠭᠤ᠃ ᠬᠤᠳᠳᠤᠬ ᠢ ᠬᠦᠷᠢᠶᠡᠨ | ᠭᠠᠳᠠᠨ᠎ᠠ ᠵᠡᠭᠦᠨ ᠡᠮᠦᠨ᠎ᠡ ᠮᠠᠯᠳᠠᠪᠠᠯ ᠯᠣᠣ ᠶᠢᠨ ᠨᠢᠳᠦ ᠮᠡᠳᠦ ᠮᠠᠰᠢ ᠰᠠᠶᠢᠨ ᠁ ᠭᠡᠬᠦ ᠮᠡᠳᠦ ᠶᠢᠨ ᠶᠣᠰᠣ | ᠣᠴᠢᠷ ᠤᠳ ᠪᠠᠶᠢᠬᠤ ᠠᠴᠠ ᠭᠠᠳᠠᠨ᠎ᠠ ᠬᠠᠭᠠᠯᠭᠠᠨ ᠭᠡᠷ ᠬᠡᠷᠡᠮ ᠠᠴᠠ ᠦᠨᠳᠦᠷ ᠪᠣᠯ ᠭᠡᠷ ᠤᠨ ᠡᠵᠡᠨ ᠰᠡᠳᠭᠢᠯ ᠠᠮᠣᠷ | ᠦᠭᠡᠢ᠂ ᠬᠠᠭᠠᠯᠭᠠᠨ ᠲᠡᠭᠡᠷ᠎ᠡ ᠣᠰᠣ ᠲᠣᠬᠳᠠᠪᠠᠯ ᠬᠦᠷᠦᠩᠭᠡ ᠦᠯᠦ ᠲᠣᠬᠳᠠᠬᠤ᠃ ᠮᠣᠳᠣ ᠪᠠᠶᠢᠪᠠᠯ ᠬᠢᠵᠢᠭ | ᠡᠪᠡᠳᠴᠢᠨ ᠳᠤ ᠨᠡᠷᠪᠡᠭᠳᠡᠨ᠎ᠡ᠃ ᠬᠤᠶᠠᠷ ᠵᠠᠮ ᠤᠨ ᠠᠭᠤᠯᠵᠠᠷ ᠬᠠᠭᠠᠯᠭᠠᠨ ᠲᠡᠷᠭᠡᠳᠡ ᠨᠠᠶᠢᠯᠡᠪᠡᠯ ᠬᠡᠰᠢᠭ ᠬᠤᠳᠤᠬ | ᠵᠠᠶᠢᠯᠠᠬᠤ᠃ ᠭᠡᠷ ᠤᠨ ᠲᠦᠷᠪᠡᠨ ᠵᠦᠭ ᠤᠨ ᠠᠯᠢ ᠵᠦᠭ ᠠᠴᠠ ᠭᠡᠰᠡᠨ ᠰᠣᠮᠣ ᠬᠠᠷᠪᠣᠬᠰᠠᠨ ᠮᠡᠳᠦ ᠣᠰᠣ ᠣᠷᠤᠰᠴᠤ | ᠢᠷᠡᠪᠡᠯ ᠬᠡᠦᠬᠡᠳ ᠬᠡᠯᠡᠭᠡᠢ ᠲᠦᠷᠦᠬᠦ᠂ ᠭᠡᠷ ᠤᠨ ᠠᠰ ᠡᠮᠦᠨ᠎ᠡ ᠠᠯᠢᠰᠣ ᠡᠪᠡᠰᠦ ᠬᠤᠷᠢᠶᠠᠪᠠᠯ ᠬᠢᠵᠢᠭ ᠡᠪᠡᠳᠴᠢᠨ | ᠪᠣᠯᠣᠨ᠎ᠠ︾ ᠭᠡᠬᠦ ᠮᠡᠳᠦ ᠶᠢᠨ ᠨᠠᠪᠳᠠᠬ ᠰᠠᠪᠳᠠᠬ ᠤᠨ ᠲᠣᠯᠬᠢᠨ ᠲᠦᠯᠭᠡᠨ ᠢ ᠰᠢᠨᠵᠢᠬᠦ ᠵᠢᠷᠣᠬᠠᠢ ᠶᠢᠨ | ᠣᠬᠠᠭᠠᠨ ᠨᠤᠭᠤᠳ ᠪᠠᠶᠢᠳᠠᠬ᠃ | ᠬᠤᠷᠴᠢᠨ ᠤ ᠪᠦᠬᠡ ᠨᠠᠷ ᠠᠴᠠ ᠪᠠᠰᠠ ᠨᠠᠪᠳᠠᠬ ᠰᠠᠪᠳᠠᠬ ᠨᠢ ᠲᠣᠬᠰᠢᠨ ᠪᠣᠶᠣ ᠡᠷᠢᠶᠠᠨ ᠲᠠᠢ ᠭᠠᠵᠠᠷ | ᠲᠠᠷᠣᠯᠭ᠎ᠠ ᠬᠢᠬᠦ ᠦᠢᠯᠡ ᠪᠣᠢ᠃ ᠵᠢᠱᠢᠶᠡᠯᠡᠪᠡᠯ᠂ ᠬᠦᠮᠦᠨ ᠢ ᠰᠦᠨᠢ ᠲᠦᠯᠢ ᠪᠠᠷ ᠠᠮᠠᠷᠬᠠᠨ ᠲᠦᠭᠡᠷᠢᠭᠦᠯᠳᠡᠭ ᠭᠠᠵᠠᠷ ᠢ | ᠡᠷᠢᠶᠡᠨ ᠲᠠᠢ ᠭᠠᠵᠠᠷ ᠭᠡᠵᠦ ᠡᠨᠡ ᠭᠠᠵᠠᠷ ᠰᠢᠷᠣᠢ ᠣᠪᠣᠭᠠᠯᠠᠭᠠᠳ ᠦᠨᠳᠦᠷ ᠮᠣᠳᠣᠨ ᠤ ᠭᠤᠣᠯ ᠰᠠᠯᠠᠭᠠᠨ | ᠲᠣᠮᠳᠠ ᠠᠴᠠ ᠲᠡᠭᠷᠢ ᠶᠢᠨ ᠰᠣᠮᠣ ᠡᠯᠬᠦᠵᠦ ᠲᠠᠯᠪᠢᠭᠠᠳ ᠲᠠᠷᠣᠯᠭ᠎ᠠ ᠪᠣᠯᠭᠠᠳᠠᠬ᠃ ᠪᠠᠰᠠ ᠬᠦᠮᠦᠨ ᠢ ᠬᠢᠯᠪᠠᠷᠬᠠᠨ | ᠲᠦᠭᠡᠷᠢᠭᠦᠯᠳᠡᠭ᠂ ᠠᠯᠪᠢᠨ ᠭᠠᠯ ᠰᠣᠯᠪᠢᠴᠠᠳᠠᠬ ᠭᠠᠵᠠᠷ ᠢ ᠪᠣᠮ ᠪᠣᠰᠣᠯ᠎ᠠ ᠭᠡᠵᠦ ᠪᠣᠮ ᠪᠣᠰᠣᠬᠰᠠᠨ ᠭᠠᠵᠠᠷ ᠲᠤ | ᠢᠮᠠᠭ᠎ᠠ ᠪᠣᠶᠣ ᠬᠤᠨᠢ ᠠᠯᠠᠵᠦ ᠴᠢᠰᠣ ᠶᠢ ᠨᠢ ᠰᠦᠷᠴᠢᠭᠡᠳ ᠮᠢᠬ᠎ᠠ ᠶᠢ ᠨᠢ ᠴᠢᠨᠡᠵᠦ ᠢᠳᠡᠭᠡᠳ ᠠᠷᠠᠰᠣᠨ ᠳᠤᠨᠢ | ᠭᠡᠳᠡᠰᠦ ᠬᠦᠵᠡᠭᠡ ᠰᠢᠬᠢᠷ᠎ᠡ ᠲᠣᠯᠣᠭᠠᠢ ᠶᠠᠰᠣ ᠵᠡᠷᠭᠡ ᠶᠢ ᠨᠢ ᠪᠠᠭᠯᠠᠵᠦ ᠨᠦᠬᠡᠯᠡᠭᠡᠳ ᠲᠡᠭᠦᠨ ᠤ ᠪᠠᠨ ᠲᠡᠭᠡᠷ᠎ᠡ ᠲᠠᠪᠣᠨ | ᠲᠠᠷᠢᠶᠠᠨ ᠦᠷ᠎ᠡ ᠶᠢ ᠭᠠᠨᠭ᠌ ᠪᠣᠶᠣ ᠪᠣᠳᠣᠩ ᠳᠤ ᠰᠠᠪᠠᠯᠠᠭᠠᠳ ᠴᠢᠯᠠᠭᠤ ᠪᠠᠷ ᠲᠠᠷᠣᠵᠦ ᠲᠠᠯᠪᠢᠨ᠎ᠠ᠃ ᠲᠠᠷᠠᠭ᠎ᠠ ᠨᠢ | ᠪᠦᠬᠡ ᠨᠠᠷ ᠠᠴᠠ ᠰᠠᠯᠠᠭ᠎ᠠ ᠵᠠᠮ ᠪᠦᠷᠢ ᠳᠤ ᠰᠠᠭᠠᠬ ᠪᠣᠶᠣ ᠬᠠᠷ᠎ᠠ ᠪᠣᠷᠴᠠᠬ ᠰᠠᠴᠣᠵᠦ ᠲᠠᠷᠣᠯᠭ᠎ᠠ ᠬᠢᠳᠡᠭ᠃ | ᠣᠡᠭᠭᠤᠨ ᠬᠡᠭᠦᠷ ᠤᠨ ᠨᠠᠪᠳᠠᠬ ᠰᠠᠪᠳᠠᠬ | ᠬᠤᠷᠴᠢᠨ ᠳᠤ ᠨᠣᠳᠤᠬ ᠣᠰᠣᠨ ᠤ ᠨᠠᠪᠳᠠᠬ ᠰᠠᠪᠳᠠᠬ ᠢ ᠡᠷᠬᠢᠮᠯᠡᠳᠡᠭ ᠠᠴᠠ ᠭᠠᠳᠠᠨ᠎ᠠ ᠬᠡᠭᠦᠷ ᠣᠡᠭᠭᠤᠨ ᠤ | ᠨᠠᠪᠳᠠᠬ ᠰᠠᠪᠳᠠᠬ ᠢ ᠴᠦ ᠴᠢᠬᠤᠯᠠᠴᠢᠯᠠᠳᠠᠬ ᠪᠣᠯᠬᠤᠷ ︽ᠨᠣᠳᠤᠬ ᠤᠨ ᠨᠠᠪᠳᠠᠬ ᠨᠢᠭᠡ ᠦᠶ᠎ᠡ ᠲᠠᠭᠠᠵᠦ᠂ ᠣᠡᠭᠭᠤᠨ ᠤ | ᠰᠠᠪᠳᠠᠬ ᠦᠶ᠎ᠡ ᠦᠶ᠎ᠡ ᠲᠠᠭᠠᠨ᠎ᠠ︾ ᠭᠡᠳᠡᠭ ᠬᠡᠯᠡᠯᠭᠡ ᠪᠣᠢ ᠪᠣᠯᠵᠠᠢ᠃ ᠠᠷᠠᠳ ᠤᠨ ᠲᠣᠮᠳᠠᠬᠢ ᠨᠠᠪᠳᠠᠬ ᠰᠠᠪᠳᠠᠬ | ᠰᠢᠨᠵᠢᠳᠡᠭ ᠬᠦᠮᠦᠰ ᠴᠦ ᠦᠪᠡᠷ ᠦᠪᠡᠷ ᠤᠨ ᠢᠶᠠᠨ ᠨᠣᠳᠤᠬ ᠣᠰᠣ ᠰᠢᠨᠵᠢᠬᠦ ᠠᠷᠭ᠎ᠠ ᠬᠡᠯᠪᠡᠷᠢ ᠪᠠᠶᠢᠳᠠᠬ ᠪᠣᠯᠪᠠᠴᠦ | ᠶᠡᠷᠦᠩᠬᠡᠢ ᠳᠡᠭᠡᠨ ᠠᠳᠠᠯᠢᠪᠳᠣᠷ ᠰᠢᠬ ᠪᠠᠶᠢᠳᠠᠬ᠃ ᠵᠢᠷᠣᠬᠠᠢ ᠶᠢᠨ ᠣᠬᠠᠭᠠᠨ ᠳᠤ ︽ᠬᠡᠭᠦᠷ ᠣᠡᠭᠭᠤᠨ ᠤ ᠭᠠᠵᠠᠷ ᠢ | ᠰᠢᠨᠵᠢᠬᠦ ᠳᠤ ᠵᠡᠭᠦᠨ᠂ ᠪᠠᠷᠠᠭᠤᠨ᠂ ᠡᠮᠦᠨ᠎ᠡ᠂ ᠣᠮᠠᠷ᠎ᠠ ᠲᠦᠷᠪᠡᠨ ᠵᠦᠭ ᠢ ᠠᠩᠬᠠᠷᠳᠠᠬ ᠶᠣᠮ ᠭᠡᠨ᠎ᠡ᠃ ᠬᠡᠷᠪᠡ | ᠣᠡᠭᠭᠤᠨ ᠲᠠᠯᠪᠢᠬᠰᠠᠨ ᠭᠠᠵᠠᠷ ᠨᠢ ᠲᠡᠭᠰᠢ ᠲᠦᠭᠦᠷᠡᠩ᠂ ᠡᠮᠦᠨ᠎ᠡ ᠵᠦᠭ ᠠᠴᠠ ᠨᠢ ᠡᠭᠦᠳᠡ ᠬᠠᠭᠠᠯᠭᠠᠨ ᠤ ᠬᠡᠯᠪᠡᠷᠢᠳᠡᠢ | ᠣᠷᠣᠵᠦ ᠢᠷᠡᠬᠦ ᠬᠤᠪᠬᠢᠯ ᠲᠠᠢ ᠪᠦᠭᠡᠳ ᠪᠠᠷᠠᠭᠤᠨ ᠵᠡᠭᠦᠨ ᠬᠤᠶᠠᠷ ᠠᠭᠤᠯᠠ ᠪᠣᠶᠣ ᠮᠠᠩᠬᠠᠨ ᠬᠤᠨᠭ᠍ᠰᠢᠶᠠᠷ ᠲᠣᠳᠣᠬᠰᠢ | ᠦᠡᠭᠭᠡᠶᠢᠭᠰᠡᠨ ᠣᠷᠣᠨ ᠪᠠᠶᠢᠪᠠᠯ ᠲᠡᠭᠦᠨ ᠢ ᠬᠦᠬᠡ ᠯᠣᠣ ᠴᠠᠭᠠᠨ ᠪᠠᠷᠰ ᠭᠡᠵᠦ ᠡᠶᠢᠮᠦ ᠭᠠᠵᠠᠷ ᠬᠤᠸᠠᠷᠠᠬ ᠪᠣᠯ | ᠰᠢᠷᠡᠭᠡᠨ ᠯᠠᠮᠠ ᠰᠠᠭᠤᠵᠦ᠂ ᠢᠵᠠᠭᠤᠷᠳᠠᠨ ᠪᠣᠯ ᠨᠣᠶᠠᠨ ᠲᠠᠪᠰᠢᠵᠦ᠂ ᠡᠭᠡᠯ ᠠᠷᠠᠳ ᠪᠣᠯ ᠲᠦᠰᠢᠮᠡᠯ ᠰᠠᠭᠤᠵᠦ᠂ | ᠬᠡᠦᠬᠡᠨ ᠨᠢ ᠪᠠᠶᠠᠨ ᠨᠣᠶᠠᠨ ᠳᠤ ᠣᠴᠢᠵᠦ᠂ ᠡᠳ᠋ ᠠᠰᠢᠬ ᠡᠯᠪᠡᠭᠵᠢᠵᠦ ᠴᠢᠨᠡᠭᠡᠯᠢᠭᠵᠢᠨ ᠬᠤᠳᠠᠯᠠ ᠲᠡᠭᠦᠰ ᠪᠣᠯᠵᠦ | ᠲᠡᠭᠵᠢᠷᠡᠨᠡ᠃ ᠬᠡᠭᠦᠷ ᠢᠶᠠᠨ ᠲᠣᠯᠣᠭᠠᠨ ᠲᠣᠬᠤᠢ ᠲᠣᠷᠣᠬᠰᠢ ᠶᠠᠬ ᠭᠠᠵᠠᠷ ᠤᠨ ᠢᠳᠡ ᠲᠡᠭᠡᠷ᠎ᠡ ᠲᠠᠯᠪᠢᠪᠠᠯ ᠰᠠᠶᠢᠨ᠃ | ᠭᠠᠳᠠᠭᠤᠷ ᠨᠢ ᠭᠠᠷᠬᠠᠯᠠᠬᠰᠠᠨ ᠭᠦᠳᠦᠭᠦᠷ ᠵᠣᠣ ᠮᠠᠩᠬ᠎ᠠ ᠪᠣᠶᠣ ᠨᠠᠮᠬᠠᠨ ᠠᠭᠤᠯᠠ ᠶᠢ ᠲᠣᠯᠣᠭᠠᠢ ᠰᠡᠭᠦᠯ ᠨᠡᠶᠢᠯᠡᠭᠰᠡᠨ | ᠯᠣᠣ ᠭᠡᠵᠦ᠂ ᠰᠣᠪᠠᠬ ᠣᠯᠠᠨ ᠲᠠᠢ ᠨᠢᠭᠡᠨ ᠲᠣᠪᠣᠴᠠᠬ ᠪᠠᠶᠢᠪᠠᠯ ᠠᠯᠳᠠᠨ ᠮᠡᠯᠡᠬᠡᠢ ᠭᠡᠵᠦ᠂ ᠡᠪᠡᠰᠦ ᠣᠷᠭᠤᠳᠠᠬ ᠦᠭᠡᠢ | ᠰᠢᠷ᠎ᠠ ᠲᠣᠪᠣᠴᠠᠬ ᠢ ᠠᠯᠳᠠᠨ ᠠᠭᠠᠯᠵᠢ ᠭᠡᠵᠦ ᠪᠠᠷᠠᠭᠤᠨ ᠬᠤᠶᠢᠨ᠎ᠠ᠂ ᠵᠡᠭᠦᠨ ᠬᠤᠶᠢᠳᠦ ᠠᠴᠠ ᠰᠣᠨᠣᠯᠵᠠᠨ ᠢᠷᠡᠭᠰᠡᠨ | ᠬᠦᠳᠦᠯ ᠤᠨ ᠬᠤᠰᠢᠭᠤᠨ ᠳᠤ ᠡᠶᠢᠮᠦ ᠰᠢᠷ᠎ᠠ ᠲᠣᠪᠣᠴᠠᠬ ᠪᠠᠶᠢᠪᠠᠯ ᠬᠤᠣᠰ ᠯᠣᠣ ᠰᠣᠪᠣᠳ ᠢᠶᠠᠷ ᠲᠣᠬᠯᠠᠬᠤ ᠭᠡᠳᠡᠭ᠃ | ᠬᠡᠷᠪᠡ ᠠᠷᠣ ᠠᠴᠠ ᠠᠭᠤᠯᠠ ᠬᠤᠰᠢᠭᠤ ᠪᠠᠶᠢᠪᠠᠯ ᠭᠠᠭ᠋ᠠᠢ ᠶᠢᠨ ᠬᠤᠨᠭ᠍ᠰᠢᠶᠠᠷ ᠭᠡᠳᠡᠭ ᠲᠣᠯᠠ ᠡᠶᠢᠮᠦ ᠭᠠᠵᠠᠷ ᠬᠡᠭᠦᠷ | ᠲᠠᠯᠪᠢᠬᠤ ᠶᠢ ᠴᠡᠭᠡᠷᠯᠡᠬᠦ ᠬᠡᠷᠡᠭᠳᠡᠢ︾ ᠭᠡᠵᠦ ᠲᠣᠳᠣᠷᠬᠠᠢ ᠲᠡᠮᠳᠡᠭᠯᠡᠵᠦ ᠪᠠᠶᠢᠳᠠᠬ᠃ ᠵᠢᠷᠣᠬᠠᠢ ᠶᠢᠨ ᠣᠬᠠᠭᠠᠨ ᠳᠤ | ᠲᠡᠮᠳᠡᠭᠯᠡᠭᠰᠡᠨ ᠡᠨᠡ ᠬᠦ ᠠᠷᠭ᠎ᠠ ᠨᠢ ᠭᠠᠵᠠᠷ ᠤᠨ ᠪᠠᠶᠢᠴᠠ᠂ ᠬᠡᠯᠪᠡᠷᠢ ᠲᠦᠷᠰᠦ᠂ ᠰᠢᠷᠣᠢ ᠶᠢᠨ ᠰᠢᠨᠵᠢ ᠪᠠᠶᠢᠳᠠᠯ | ᠵᠡᠷᠭᠡ ᠪᠠᠷ ᠨᠢ ᠨᠠᠪᠳᠠᠬ ᠰᠠᠪᠳᠠᠬ ᠢ ᠨᠢ ᠰᠢᠨᠵᠢᠨ ᠲᠣᠳᠣᠯᠠᠵᠦ ᠪᠠᠶᠢᠭ᠎ᠠ ᠠᠷᠭ᠎ᠠ ᠪᠣᠯᠣᠨ᠎ᠠ᠃ ᠵᠢᠷᠣᠬᠠᠢ ᠶᠢᠨ | ᠣᠬᠠᠭᠠᠨ ᠠᠴᠠ ᠭᠠᠳᠠᠨ᠎ᠠ ᠬᠤᠷᠴᠢᠨ ᠲᠠᠷᠢᠶᠠᠴᠢᠳ ᠤᠨ ᠲᠣᠮᠳᠠ ᠪᠠᠰᠠ ᠣᠡᠭᠭᠤᠨ ᠬᠡᠭᠦᠷ ᠲᠠᠯᠪᠢᠬᠤ ᠨᠠᠪᠳᠠᠬ | ᠰᠠᠪᠳᠠᠬ ᠲᠠᠢ ᠭᠠᠵᠠᠷ ᠢ ᠰᠣᠩᠭᠤᠬᠤ ᠲᠣᠬᠠᠢ ᠣᠯᠠᠨ ᠵᠦᠢᠯ ᠤᠨ ᠠᠷᠭ᠎ᠠ ᠬᠡᠯᠪᠡᠷᠢ ᠪᠠᠶᠢᠳᠠᠬ᠃ ᠠᠷᠠᠳ ᠤᠨ | ᠲᠣᠮᠳᠠᠬᠢ ᠣᠯᠠᠮᠵᠢᠯᠠᠯ ᠶᠠᠷᠢᠶ᠎ᠠ ᠶᠢ ᠦᠨᠳᠦᠰᠦᠯᠡᠪᠡᠯ᠂ ᠣᠣᠯ ᠤᠨ ᠴᠣᠬᠤᠷ ᠬᠠᠯᠬ᠎ᠠ ᠶᠢᠨ ᠬᠤᠰᠢᠭᠤᠨ ᠳᠤ 19 | ᠳ᠋ᠦ᠋ᠬᠡᠷ ᠵᠠᠭᠤᠨ ᠤ ᠰᠡᠭᠦᠯᠴᠢ ᠶᠢᠨ ᠦᠶ᠎ᠡ ᠪᠠᠷ ᠨᠢᠭᠡᠨ ᠪᠦᠯᠦᠭ ᠮᠣᠩᠭᠤᠯᠵᠢᠨ ᠬᠤᠰᠢᠭᠤ ᠠᠴᠠ ᠨᠡᠭᠦᠵᠦ ᠢᠷᠡᠭᠰᠡᠨ | ᠣᠷᠢᠶᠠᠩᠬᠠᠢ ᠣᠪᠣᠬᠳᠦ ᠲᠠᠪᠣᠨᠠᠩ ᠤᠳ ᠰᠠᠭᠤᠷᠢᠰᠢᠨ ᠠᠮᠢᠳᠣᠷᠠᠬᠰᠠᠨ ᠭᠡᠳᠡᠭ᠃ ᠨᠢᠭᠡᠨ ᠡᠳᠦᠷ ᠣᠷᠢᠶᠠᠩᠬᠠᠢ | ᠣᠪᠣᠬᠳᠦ ᠲᠠᠪᠣᠨᠠᠩ ᠨᠢ ᠲᠡᠭᠡᠳᠦ ᠶᠢᠨ ᠬᠡᠭᠦᠷ ᠢᠶᠠᠨ ᠣᠡᠭᠭᠤᠯᠠᠬᠤ ᠨᠠᠪᠳᠠᠬ ᠰᠠᠪᠳᠠᠬ ᠲᠠᠢ ᠭᠠᠵᠠᠷ ᠰᠣᠩᠭᠤᠬᠤ ᠪᠠᠷ | ᠪᠣᠯᠵᠠᠢ᠃ ᠲᠡᠷᠡ ᠬᠤᠷᠳᠣᠨ ᠮᠣᠷᠢ ᠣᠨᠣᠵᠦ ᠬᠤᠶᠠᠷ ᠭᠤᠷᠪᠠᠨ ᠡᠳᠦᠷ ᠡᠷᠢᠭᠰᠡᠭᠡᠷ ᠪᠠᠶᠢᠵᠦ ᠭᠤᠷᠪᠠᠳᠣᠭᠠᠷ | ᠡᠳᠦᠷ ᠤᠨ ᠬᠢᠨᠢ ᠨᠠᠷᠠᠨ ᠮᠠᠨᠳᠣᠬᠤ ᠦᠶ᠎ᠡ ︵ᠲᠠᠦᠯᠠᠢ ᠴᠠᠬ︶ ᠪᠠᠷ ᠮᠠᠩᠬᠠᠨ ᠤ ᠡᠩᠭᠡᠷ ᠤᠨ ᠨᠠᠷᠠᠨ ᠤ ᠡᠭᠡᠪᠦᠷ | ᠭᠠᠵᠠᠷ ᠠᠴᠠ ᠨᠢᠭᠡᠨ ᠲᠠᠦᠯᠠᠢ ᠪᠣᠰᠣᠨ ᠭᠠᠷᠣᠬᠰᠠᠨ ᠢ ᠣᠯᠵᠦ ᠦᠵᠡᠭᠡᠳ ᠨᠠᠪᠳᠠᠬ ᠰᠠᠪᠳᠠᠬ ᠰᠠᠶᠢᠳᠠᠢ ᠭᠠᠵᠠᠷ ᠭᠡᠵᠦ | ᠮᠡᠳᠡᠭᠡᠳ ᠲᠡᠭᠡᠳᠦ ᠶᠢᠨ ᠣᠡᠭᠭᠤᠨ ᠢᠶᠠᠨ ᠲᠣᠬᠳᠠᠭᠠᠬᠰᠠᠨ ᠭᠡᠳᠡᠭ᠃ ᠨᠣᠳᠤᠬ ᠤᠨ ᠪᠣᠭᠤᠷᠣᠯᠴᠣᠳ ᠤᠨ | ᠬᠠᠭᠤᠴᠢᠯᠠᠬᠤ ᠪᠠᠷ ︽ᠣᠷᠢᠶᠠᠩᠬᠠᠢ ᠣᠪᠣᠬᠳᠦ ᠨᠢ ᠡᠶᠢᠮᠦᠷᠬᠦᠦ ᠪᠡᠯᠭᠡᠳᠦ ᠭᠠᠵᠠᠷ ᠲᠡᠭᠡᠳᠦ ᠶᠢᠨ ᠣᠡᠭᠭᠤᠨ ᠢᠶᠠᠨ | ᠲᠠᠯᠪᠢᠬᠰᠠᠨ ᠠᠴᠠ ᠬᠤᠶᠢᠴᠢ ᠦᠶ᠎ᠡ ᠨᠢ ᠨᠠᠷᠠᠨ ᠮᠠᠨᠳᠣᠬᠤ ᠰᠢᠬ ᠦᠭᠡᠳᠡᠯᠡᠵᠦ᠂ ᠦᠶ᠎ᠡ ᠰᠣᠩᠬᠤ ᠲᠣᠰᠣᠮ ᠢᠶᠠᠨ | ᠠᠮᠢᠳᠣᠷᠠᠯ ᠠᠬᠤᠢ ᠨᠢ ᠲᠡᠭᠡᠭᠰᠢᠯᠡᠵᠦ᠂ ᠬᠡᠷᠬᠡᠮ ᠵᠡᠷᠭᠡ ᠨᠢ ᠨᠡᠮᠡᠭᠳᠡᠬᠦ ᠪᠣᠯᠵᠠᠢ︾ ᠭᠡᠳᠡᠭ᠃ ᠡᠭᠦᠨ ᠠᠴᠠ ᠭᠠᠳᠠᠨ᠎ᠠ | ᠪᠠᠰᠠ ᠭᠠᠵᠠᠷ ᠤᠨ ᠬᠡᠢ ᠪᠣᠰᠴᠦ ᠣᠰᠣᠨ ᠴᠦᠪᠦᠷᠢᠭᠦᠦ ᠲᠡᠭᠳᠡᠵᠦ ᠪᠠᠶᠢᠭ᠎ᠠ ᠠᠭᠤᠯᠠᠨ ᠡᠩᠭᠡᠷ ᠨᠢ ᠣᠡᠭᠭᠤᠨ | ᠲᠠᠯᠪᠢᠬᠤ ᠳᠤ ᠲᠣᠬᠢᠷᠠᠬᠤ ᠨᠠᠪᠳᠠᠬ ᠰᠠᠪᠳᠠᠬ ᠰᠠᠶᠢᠨ ᠭᠠᠵᠠᠷ ᠭᠡᠳᠡᠭ᠃ ᠬᠦᠷᠢᠶ᠎ᠡ ᠬᠤᠰᠢᠭᠤᠨ ᠤ ᠠᠷᠠᠳ ᠤᠨ | ᠲᠣᠮᠳᠠ᠄ ︽ᠬᠦᠷᠢᠶ᠎ᠡ ᠬᠤᠰᠢᠭᠤᠨ ᠤ ᠣᠣᠯ ᠤᠨ ᠰᠢᠶᠠᠨᠵᠢᠨ ᠰᠣᠮᠣ ᠳᠤ ᠨᠢᠭᠡᠨ ᠯᠢᠦ ᠣᠪᠣᠬᠳᠦ ᠲᠠᠷᠢᠶᠠᠴᠢᠨ ᠠᠬ᠎ᠠ | ᠲᠡᠭᠦᠦ ᠬᠤᠶᠠᠭᠤᠯᠠ ᠠᠵᠣ ᠲᠦᠷᠦᠨ ᠠᠮᠢᠳᠣᠷᠠᠵᠦ ᠪᠠᠶᠢᠵᠠᠢ᠃ ᠨᠢᠭᠡ ᠡᠳᠦᠷ ᠯᠢᠦ ᠣᠪᠣᠬᠳᠦ ᠶᠢᠨ ᠡᠭᠦᠳᠡᠨ | ᠭᠠᠳᠠᠨ᠎ᠠ ᠨᠢᠭᠡᠨ ᠣᠷᠠᠩᠬᠠᠢ ᠨᠠᠪᠳᠠᠷᠬᠠᠢ ᠶᠢ ᠡᠮᠦᠰᠦᠭᠰᠡᠨ ᠲᠡᠨᠦᠬᠦᠯ ᠭᠤᠶᠢᠷᠠᠨᠴᠢ ᠢᠷᠡᠭᠡᠳ ᠬᠤᠭᠤᠯᠠ ᠪᠣᠳᠠᠭ᠎ᠠ | ᠭᠤᠶᠣᠵᠠᠢ᠃ ᠭᠡᠷ ᠤᠨ ᠡᠵᠡᠨ ᠨᠢ ᠲᠠᠷᠢᠶᠠᠨ ᠠᠵᠢᠯ ᠳᠠᠭᠠᠨ ᠶᠠᠭᠠᠷᠠᠬᠤ ᠭᠡᠵᠦ ᠬᠡᠭᠡᠷ᠎ᠡ ᠭᠠᠷᠣᠬᠰᠠᠨ ᠪᠣᠯᠬᠤᠷ ᠯᠢᠦ | ᠣᠪᠣᠬᠳᠦ ᠶᠢᠨ ᠡᠬᠡᠨᠡᠷ ᠤᠳ ᠨᠢ ᠭᠤᠶᠢᠷᠠᠨᠴᠢ ᠶᠢ ᠭᠡᠷ ᠲᠡᠭᠡᠨ ᠵᠠᠯᠠᠵᠦ ᠣᠷᠣᠭᠤᠯᠬᠤ ᠠᠴᠠ ᠲᠠᠳᠠᠭᠠᠯᠵᠠᠵᠦ ᠬᠠᠭᠠᠯᠭᠠᠨ | ᠭᠠᠳᠠᠨ᠎ᠠ ᠪᠠᠨ ᠬᠤᠭᠤᠯᠠ ᠪᠣᠳᠠᠭ᠎ᠠ ᠬᠦᠷᠭᠡᠭᠡᠳ ᠢᠳᠡᠭᠦᠯᠵᠦ ᠣᠣᠭᠤᠯᠭᠠᠵᠦ ᠪᠠᠶᠢᠬᠰᠠᠨ ᠭᠡᠨ᠎ᠡ᠃ ᠶᠠᠬ ᠡᠨᠡ ᠦᠶᠡᠰ | ᠯᠢᠦ ᠣᠪᠣᠬᠳᠦ ᠠᠬ᠎ᠠ ᠲᠡᠭᠦᠦ ᠬᠤᠶᠠᠭᠤᠯᠠ ᠲᠠᠷᠢᠶᠠᠨ ᠠᠵᠢᠯ ᠠᠴᠠ ᠪᠠᠨ ᠪᠣᠴᠠᠵᠦ ᠢᠷᠡᠭᠰᠡᠨ ᠲᠠᠢ ᠲᠠᠭᠠᠷᠠᠯᠳᠣᠪᠠ᠃ | ᠠᠬ᠎ᠠ ᠲᠡᠭᠦᠦ ᠬᠤᠶᠠᠭᠤᠯᠠ ᠪᠠᠨ ᠬᠠᠭᠠᠯᠭᠠᠨ ᠭᠠᠳᠠᠨ᠎ᠠ ᠨᠢ ᠬᠤᠭᠤᠯᠠ ᠢᠳᠡᠵᠦ ᠪᠠᠶᠢᠬᠰᠠᠨ ᠭᠤᠶᠢᠷᠠᠨᠴᠢ ᠶᠢ | ᠦᠵᠡᠭᠡᠳ ᠶᠡᠬᠡᠳᠡ ᠦᠷᠦ ᠡᠪᠡᠳᠴᠦ ︿ᠠᠮᠢᠳᠣᠷᠠᠵᠦ ᠪᠠᠶᠢᠭ᠎ᠠ ᠬᠦᠮᠦᠨ ᠵᠣᠪᠠᠵᠦ ᠭᠠᠴᠢᠬᠳᠠᠬᠤ ᠦᠭᠡᠢ ᠭᠡᠰᠡᠨ | ᠣᠴᠢᠷ ᠪᠠᠶᠢᠨ᠎ᠠ ᠦᠦ︖ ᠡᠭᠦᠳᠡᠨ ᠭᠠᠳᠠᠨ᠎ᠠ ᠪᠠᠨ ᠬᠦᠮᠦᠨ ᠳᠤ ᠬᠤᠭᠤᠯᠠ ᠬᠦᠷᠭᠡᠬᠦ ᠴᠢᠨᠢ ᠬᠡᠳᠦᠢ ᠡᠪ ᠦᠭᠡᠢ | ᠣᠴᠢᠷ ᠪᠣᠢ﹀ ᠭᠡᠵᠦ ᠡᠬᠡᠨᠡᠷ ᠲᠡᠭᠡᠨ ᠬᠡᠯᠡᠭᠡᠳ ᠭᠤᠶᠢᠷᠠᠨᠴᠢ ᠶᠢ ᠭᠡᠷ ᠲᠡᠭᠡᠨ ᠵᠠᠯᠠᠵᠦ ᠣᠷᠣᠭᠤᠯᠣᠭᠠᠳ ᠬᠦᠨᠳᠦᠳᠭᠡᠨ | ᠵᠣᠴᠢᠯᠠᠵᠦ ᠪᠣᠴᠠᠬᠤ ᠦᠶᠡᠰ ᠲᠤᠨᠢ ᠪᠠᠰᠠ ᠬᠡᠦᠳᠡᠢ ᠳᠤ ᠴᠠᠭᠠᠨ ᠪᠣᠳᠠᠭ᠎ᠠ ᠪᠠᠨ ᠲᠦᠭᠦᠷᠳᠡᠯ᠎ᠡ ᠰᠠᠪᠠᠯᠠᠭᠠᠳ ᠡᠯᠵᠢᠭᠡᠨ | ᠲᠡᠭᠡᠷ᠎ᠡ ᠪᠠᠨ ᠠᠴᠢᠵᠦ ᠦᠭᠭᠦᠭᠡᠳ ᠬᠦᠷᠭᠡᠭᠰᠡᠨ ᠭᠡᠨ᠎ᠡ᠃ ᠬᠡᠦᠳᠡᠢ ᠲᠠᠢ ᠪᠣᠳᠠᠭ᠎ᠠ᠂ ᠡᠯᠵᠢᠭᠡ ᠣᠯᠣᠬᠰᠠᠨ | ᠭᠤᠶᠢᠷᠠᠨᠴᠢ ᠭᠤᠸᠠᠢ ᠶᠡᠬᠡᠳᠡ ᠪᠠᠶᠠᠷᠯᠠᠵᠦ᠄ ︿ᠭᠤᠷᠪᠠᠨ ᠵᠢᠯ ᠤᠨ ᠲᠠᠷᠠᠭ᠎ᠠ ᠡᠯᠵᠢᠭᠡ ᠪᠣᠳᠠᠭ᠎ᠠ ᠬᠦᠷᠭᠡᠭᠰᠡᠨ ᠠᠴᠢ ᠶᠢ | ᠴᠢᠨᠢ ᠵᠠᠭᠤᠨ ᠲᠠᠬᠢᠨ ᠢᠶᠠᠷ ᠬᠠᠷᠢᠭᠤᠯᠠᠨ᠎ᠠ﹀ ᠭᠡᠵᠦ ᠬᠡᠯᠡᠭᠡᠳ ᠶᠠᠪᠣᠬᠰᠠᠨ ᠭᠡᠨ᠎ᠡ᠃ ᠡᠨᠡ ᠭᠤᠶᠢᠷᠠᠨᠴᠢ ᠬᠡᠳᠦᠨ | ᠵᠢᠯ ᠤᠨ ᠬᠤᠭᠤᠴᠠᠭᠠᠨ ᠳᠤ ᠶᠢᠷᠳᠢᠨᠴᠦ ᠶᠢ ᠲᠣᠭᠤᠷᠢᠵᠦ᠂ ᠡᠷᠳᠡᠮᠳᠡᠨ ᠬᠤᠪᠢᠯᠭᠠᠳ ᠢ ᠰᠣᠷᠪᠣᠯᠵᠢᠯᠠᠵᠦ ᠡᠷᠳᠡᠮ | ᠮᠡᠳᠡᠯᠭᠡ ᠨᠢ ᠨᠡᠮᠡᠭᠳᠡᠭᠡᠳ ᠬᠤᠵᠢᠮ ᠨᠢ ᠬᠡᠳᠦᠨ ᠬᠤᠰᠢᠭᠤᠨ ᠳᠤ ᠠᠯᠳᠠᠷᠳᠠᠢ ᠨᠣᠳᠤᠬ ᠰᠢᠨᠵᠢᠭᠡᠴᠢ ᠪᠣᠯᠣᠬᠰᠠᠨ ᠭᠡᠨ᠎ᠡ | ᠃ ᠨᠢᠭᠡᠨ ᠡᠳᠦᠷ ᠨᠣᠳᠤᠬ ᠰᠢᠨᠵᠢᠭᠡᠴᠢ ᠭᠤᠸᠠᠢ ᠯᠢᠦ ᠣᠪᠣᠬᠳᠦ ᠶᠢᠨ ᠬᠢᠨ ᠳᠤ ᠢᠷᠡᠭᠡᠳ ᠠᠬ᠎ᠠ ᠲᠡᠭᠦᠦ | ᠬᠤᠶᠠᠭᠤᠯᠠ ᠶᠢ ᠲᠠᠭᠠᠭᠤᠯᠵᠦ ᠭᠡᠷ ᠠᠴᠠ ᠨᠢ ᠵᠠᠶᠢᠳᠠᠭᠤᠬᠠᠨ ᠪᠠᠶᠢᠭ᠎ᠠ ᠠᠭᠤᠯᠠᠨ ᠡᠩᠭᠡᠷ ᠲᠤ ᠬᠦᠷᠦᠭᠡᠳ᠄ ︿ᠡᠨᠡ | ᠭᠠᠵᠠᠷ ᠤᠨ ᠭᠠᠵᠠᠷ ᠤᠨ ᠬᠡᠢ ᠨᠢ ᠲᠡᠭᠳᠡᠭᠡᠳ ᠣᠯᠠᠨ ᠣᠰᠣᠨ ᠴᠦᠪᠦᠷᠢᠭᠦᠦ ᠭᠠᠷᠴᠦ ᠪᠦᠮᠪᠦᠭᠡᠯᠡᠵᠦ ᠪᠠᠶᠢᠨ᠎ᠠ᠃ ᠲᠠ | ᠨᠠᠷ ᠡ᠊ᠨᠳᠡ ᠲᠡᠭᠡᠳᠦ ᠶᠢᠨ ᠣᠡᠭᠭᠤᠨ ᠢᠶᠠᠨ ᠲᠣᠬᠳᠠᠭᠠᠪᠠᠯ ᠬᠡᠶᠢᠮᠣᠷᠢ ᠴᠢᠨᠢ ᠲᠡᠭᠳᠡᠵᠦ᠂ ᠦᠶ᠎ᠡ ᠶᠢᠨ ᠦᠶ᠎ᠡ ᠳᠡᠭᠡᠨ | ᠦᠭᠡᠳᠡᠯᠡᠨ᠎ᠡ﹀ ᠭᠡᠵᠦ ᠰᠠᠨᠠᠭᠤᠯᠣᠬᠰᠠᠨ ᠭᠡᠨ᠎ᠡ᠃ ᠭᠠᠵᠠᠷ ᠤᠨ ᠲᠦᠪᠰᠢᠨ ᠠᠴᠠ ᠬᠡᠴᠢᠨᠡᠬᠡᠨ ᠡᠷᠭᠦᠭᠳᠡᠭᠰᠡᠨ | ᠠᠭᠤᠯᠠᠨ ᠤ ᠡᠩᠭᠡᠷ ᠲᠤ ᠣᠰᠣᠨ ᠴᠦᠪᠦᠷᠢᠬᠦᠦ ᠪᠦᠮᠪᠦᠭᠡᠯᠡᠵᠦ ᠪᠠᠶᠢᠬᠤ ᠶᠢ ᠬᠠᠷᠠᠬᠰᠠᠨ ᠠᠬ᠎ᠠ ᠲᠡᠭᠦᠦ | ᠬᠤᠶᠠᠭᠤᠯᠠ ᠪᠠᠨ ᠶᠡᠬᠡᠳᠡ ᠰᠦᠵᠢᠭ ᠲᠦᠷᠦᠵᠦ ᠨᠣᠳᠤᠬ ᠰᠢᠨᠵᠢᠭᠡᠴᠢ ᠶᠢᠨ ᠵᠢᠭᠠᠵᠦ ᠦᠭᠬᠦᠭᠰᠡᠨ ᠡᠨᠡ ᠬᠦ ᠭᠠᠵᠠᠷ | ᠲᠡᠭᠡᠳᠦ ᠶᠢᠨ ᠣᠡᠭᠭᠤᠨ ᠢᠶᠠᠨ ᠲᠣᠬᠳᠠᠭᠠᠬᠰᠠᠨ ᠠᠴᠠ ᠨᠡᠬᠡᠷᠡᠨ ᠦᠭᠡᠳᠡᠯᠡᠨ ᠪᠠᠶᠠᠵᠢᠵᠦ ᠬᠤᠶᠢᠴᠢ ᠦᠶ᠎ᠡ ᠳᠤᠨᠢ ᠬᠡᠷᠬᠡᠮ | ᠵᠡᠷᠭᠡ ᠦᠨᠳᠦᠷ ᠬᠦᠮᠦᠰ ᠲᠠᠰᠣᠷᠠᠯ ᠦᠭᠡᠢ ᠭᠠᠷᠬᠤ ᠪᠣᠯᠣᠬᠰᠠᠨ ᠭᠡᠳᠡᠭ︾ ᠭᠡᠰᠡᠨ ᠣᠯᠠᠮᠵᠢᠯᠠᠯ ᠶᠠᠷᠢᠶ᠎ᠠ ᠶᠠᠷᠢᠬᠳᠠᠵᠦ | ᠪᠠᠶᠢᠳᠠᠬ᠃ | ᠬᠤᠷᠴᠢᠨᠴᠣᠳ ᠤᠨ ᠲᠣᠮᠳᠠ ᠪᠠᠰᠠ ᠶᠠᠮᠠᠷᠪᠠ ᠰᠠᠶᠢᠨ ᠨᠠᠪᠳᠠᠬ ᠰᠠᠪᠳᠠᠬ ᠨᠢ ᠴᠦ ᠪᠣᠰᠣᠳ ᠲᠤ ᠰᠢᠯᠵᠢᠵᠦ | ᠦᠭᠬᠦ ᠲᠣᠷ᠎ᠠ ᠦᠭᠡᠢ ᠪᠣᠯᠬᠤᠷ ᠣᠡᠭᠭᠤᠨ ᠬᠡᠭᠦᠷ ᠲᠠᠯᠪᠢᠬᠤ ᠳᠤ ᠨᠠᠪᠳᠠᠬ ᠰᠠᠪᠳᠠᠬ ᠠᠴᠠ ᠭᠠᠵᠠᠷ ᠭᠤᠶᠣᠬᠤ ᠬᠡᠷᠡᠭᠳᠡᠢ | ᠭᠡᠳᠡᠭ᠃ ᠬᠡᠭᠦᠷ ᠣᠡᠭᠭᠤᠨ ᠤ ᠨᠠᠪᠳᠠᠬ ᠰᠠᠪᠳᠠᠬ ᠨᠢ ᠬᠡᠳᠦᠷᠬᠡᠢ ᠲᠣᠬᠰᠢᠨ ᠪᠣᠯ ᠦᠬᠦᠭᠰᠡᠨ ᠬᠦᠮᠦᠨ ᠲᠠᠢ ᠭᠠᠵᠠᠷ | ᠪᠣᠯᠢᠶᠠᠯᠳᠣᠵᠦ ᠰᠦᠨᠢ ᠣᠷᠣᠢ ᠠᠶᠠᠨ ᠤ ᠬᠦᠮᠦᠰ ᠢ ᠲᠦᠭᠡᠷᠢᠭᠦᠯᠳᠡᠭ ᠦᠵᠡᠭᠳᠡᠯ ᠴᠦ ᠭᠠᠷᠳᠠᠬ ᠶᠣᠮ ᠭᠡᠨ᠎ᠡ᠃ | ᠠᠷᠠᠳ ᠤᠨ ᠲᠣᠮᠳᠠ ᠰᠦᠨᠢ ᠣᠷᠣᠢ ᠲᠦᠭᠡᠷᠢᠵᠦ ᠲᠡᠨᠦᠭᠰᠡᠨ ᠬᠦᠮᠦᠨ ᠬᠡᠭᠡᠷ᠎ᠡ ᠭᠠᠳᠠᠭ᠎ᠠ ᠣᠨᠳᠠᠭᠠᠳ ᠦᠷᠯᠦᠭᠡ | ᠪᠣᠰᠬᠤ ᠦᠶᠡᠰ ᠣᠡᠭᠭᠤᠨ ᠲᠡᠷᠡᠯᠡᠭᠡᠳ ᠣᠨᠳᠠᠵᠦ ᠪᠠᠶᠢᠬᠰᠠᠨ ᠲᠣᠬᠠᠢ ᠦᠯᠢᠭᠡᠷ ᠣᠴᠠᠷᠠᠯ ᠤᠳ ᠣᠯᠠᠨ ᠣᠯᠠᠨ | ᠲᠣᠬᠢᠶᠠᠯᠳᠣᠳᠠᠬ ᠨᠢ ᠡᠭᠦᠨ ᠲᠠᠢ ᠬᠤᠯᠪᠣᠭ᠎ᠠ ᠲᠠᠢ ᠭᠡᠳᠡᠭ᠃ ᠵᠠᠷᠢᠮ ᠪᠦᠭᠡ ᠨᠠᠷ ᠤᠨ ᠶᠠᠷᠢᠬᠤ ᠪᠠᠷ ᠡᠨᠡ ᠨᠢ | ᠡᠷᠢᠶᠠᠨ ᠲᠠᠢ ᠭᠠᠵᠠᠷ ᠲᠠᠢ ᠢᠯᠭᠠᠭ᠎ᠠ ᠲᠠᠢ ᠭᠡᠨ᠎ᠡ᠃ ᠡᠷᠢᠶᠡᠨ ᠲᠠᠢ ᠭᠠᠵᠠᠷ ᠨᠢ ᠣᠡᠭᠭᠤᠨ ᠬᠡᠭᠦᠷ ᠪᠠᠶᠢᠬᠤ ᠦᠭᠡᠢ | ᠭᠠᠵᠠᠷ ᠴᠦ ᠬᠦᠮᠦᠨ ᠢ ᠲᠦᠭᠡᠷᠢᠭᠦᠯᠳᠡᠭ ᠪᠣᠯ ᠣᠡᠭᠭᠤᠨ ᠲᠠᠢ ᠭᠠᠵᠠᠷ ᠬᠦᠮᠦᠨ ᠢ ᠲᠦᠭᠡᠷᠢᠭᠦᠯᠳᠡᠭ ᠨᠢ | ᠦᠬᠦᠭᠰᠡᠳ ᠤᠨ ᠰᠦᠨᠡᠰᠦ ᠬᠦᠮᠦᠨ ᠢ ᠪᠣᠷᠣᠭᠤ ᠵᠠᠮ ᠢᠶᠠᠷ ᠬᠦᠳᠦᠯᠦᠭᠰᠡᠨ ᠠᠴᠠ ᠪᠣᠯᠣᠬᠰᠠᠨ ᠭᠡᠳᠡᠭ᠃ ᠨᠠᠪᠳᠠᠬ | ᠰᠠᠪᠳᠠᠬ ᠠᠴᠠ ᠭᠠᠵᠠᠷ ᠭᠤᠶᠣᠬᠤ ᠲᠣᠬᠠᠢ ᠭᠠᠳᠠᠰᠣ ᠠᠴᠠ᠄ ︽ᠣᠣᠯ ᠤᠨ ᠬᠠᠯᠬ᠎ᠠ ᠵᠡᠭᠦᠨ ᠭᠠᠷ ᠬᠤᠰᠢᠭᠤ᠂ | ᠣᠳᠣ ᠶᠢᠨ ᠬᠦᠷᠢᠶ᠎ᠡ ᠬᠤᠰᠢᠭᠤ ᠶᠢᠨ ᠮᠠᠩᠬᠠᠨ ᠰᠣᠮᠣᠨ ᠤ ᠪᠠᠷᠠᠭᠤᠨ ᠡᠮᠦᠨᠡᠭᠦᠷ ᠪᠠᠶᠢᠭ᠎ᠠ | ᠭᠠᠴᠠᠭ᠎ᠠ ᠨᠤᠭᠤᠳ ᠤᠨ ᠬᠢᠨ ᠣᠳᠣ ᠴᠦ ᠬᠦᠮᠦᠨ ᠦᠬᠦᠪᠡᠯ ᠬᠡᠭᠦᠷ ᠢ ᠨᠢ ᠣᠷᠣᠰᠢᠭᠤᠯᠬᠤ ᠳᠠᠭᠠᠨ ᠬᠡᠭᠦᠷ ᠲᠠᠯᠪᠢᠬᠤ | ᠭᠠᠵᠠᠷ ᠢᠶᠠᠨ ᠰᠣᠩᠭᠤᠨ ᠲᠣᠬᠢᠷᠠᠬᠰᠠᠨ ᠤ ᠲᠠᠷᠠᠭ᠎ᠠ ᠪᠣᠭᠤ ᠶᠢᠨ ᠡᠪᠡᠷ ᠢᠶᠠᠷ ᠬᠡᠭᠦᠷ ᠣᠷᠣᠰᠢᠭᠤᠯᠬᠤ ᠭᠠᠵᠠᠷ ᠲᠠᠭᠠᠨ | ᠲᠦᠷᠪᠡᠯᠵᠢᠨ ᠲᠣᠳᠣᠷ᠎ᠠ ᠰᠣᠯᠪᠢᠬᠤ ᠲᠡᠮᠳᠡᠭ ᠵᠢᠷᠣᠵᠦ ︿ᠡᠨᠡ ᠭᠠᠵᠠᠷ ᠢ ᠡᠵᠡᠯᠡᠨ ᠰᠠᠭᠤᠵᠦ ᠪᠠᠶᠢᠭ᠎ᠠ ᠭᠠᠵᠠᠷ ᠤᠨ | ᠡᠵᠡᠳ ᠨᠠᠪᠳᠠᠬ ᠰᠠᠪᠳᠠᠬ ᠮᠢᠨᠢ ᠰᠣᠨᠣᠰᠣᠭᠠᠷᠠᠢ︕ ᠡᠨᠡ ᠣᠷᠣ ᠶᠢ ᠪᠣᠰᠣ ᠬᠦᠮᠦᠨ ᠡᠵᠡᠯᠡᠨ ᠰᠠᠭᠤᠬᠤ ᠴᠢᠬᠤᠯᠠᠲᠠᠢ | ᠪᠣᠯᠣᠬᠰᠠᠨ ᠪᠣᠯᠬᠤᠷ ᠦᠷᠦᠰᠢᠶᠡᠯ ᠦᠵᠡᠭᠦᠯᠵᠦ ᠰᠢᠯᠵᠢᠨ ᠦᠭᠬᠦ ᠪᠣᠯᠪᠠ ᠤᠤ︖﹀ ᠭᠡᠵᠦ ᠨᠠᠪᠳᠠᠬ ᠰᠠᠪᠳᠠᠬ ᠠᠴᠠ | ᠣᠡᠭᠭᠤᠨ ᠲᠠᠯᠪᠢᠬᠤ ᠭᠠᠵᠠᠷ ᠢᠶᠠᠨ ᠭᠤᠶᠣᠵᠦ ᠰᠠᠷᠬᠤᠳ ᠠᠷᠢᠬᠢ ᠪᠠᠨ ᠵᠦᠭ ᠵᠦᠭ ᠲᠤ ᠰᠦᠷᠴᠢᠵᠦ᠂ ᠣᠡᠭᠭᠤᠨ | ᠲᠠᠯᠪᠢᠬᠤ ᠨᠦᠬᠡ ᠶᠢ ᠮᠠᠯᠳᠠᠭᠠᠳ ᠨᠦᠭᠴᠢᠭᠰᠡᠳ ᠢᠶᠠᠨ ᠣᠷᠣᠰᠢᠭᠤᠯᠳᠠᠬ᠃ ᠬᠡᠷᠪᠡ ᠪᠣᠭᠤ ᠶᠢᠨ ᠡᠪᠡᠷ ᠣᠯᠳᠠᠬᠤ | ᠦᠭᠡᠢ ᠶᠣᠮ ᠪᠣᠯ ᠲᠦᠭᠦᠬᠡᠢ ᠰᠢᠷᠡᠮᠦ ᠪᠠᠷ ᠴᠢᠳᠬᠤᠬᠰᠠᠨ ᠠᠨᠵᠢᠰᠣᠨ ᠬᠤᠰᠢᠭᠤᠨ ᠤ ᠬᠠᠭᠠᠷᠬᠠᠢ ᠪᠠᠷ ᠣᠷᠣᠯᠠᠭᠤᠯᠵᠦ | ᠡᠨᠡ ᠬᠦ ᠦᠢᠯᠡ ᠶᠢ ᠭᠦᠢᠴᠡᠳᠭᠡᠳᠡᠭ︾ ᠭᠡᠵᠡᠢ᠃ | ᠠᠭᠤᠯᠠ ᠬᠠᠶᠢᠷᠬᠠᠨ ᠤ ᠨᠠᠪᠳᠠᠬ ᠰᠠᠪᠳᠠᠬ | ᠠᠭᠤᠯᠠᠨ ᠤ ᠶᠠᠮᠠᠷ ᠨᠢᠭᠡ ᠣᠨᠴᠠᠭᠠᠢ ᠭᠠᠵᠠᠷ ᠨᠢ ᠬᠡᠷᠭᠢᠨ ᠣᠯᠠᠨ ᠪᠦᠬᠦᠨ ᠳᠤ ᠰᠢᠳᠦᠭᠳᠡᠬᠦ ᠪᠣᠯᠣᠬᠰᠠᠨ | ᠭᠡᠳᠡᠭ ᠢ ᠮᠣᠩᠭᠤᠯᠴᠣᠳ ᠤᠨ ᠦᠪᠡᠷ ᠤᠨ ᠬᠢᠨᠢ ᠪᠢᠴᠢᠭᠰᠡᠨ ︽ᠮᠣᠩᠭᠤᠯ ᠤᠨ ᠨᠢᠭᠤᠴᠠ ᠲᠣᠪᠴᠢᠶᠠᠨ︾ ᠤ ᠲᠡᠦᠬᠡᠨ | ᠮᠠᠲ᠋ᠧᠷᠢᠶᠠᠯ ᠦᠵᠡᠭᠦᠯᠵᠦ ᠪᠠᠶᠢᠨ᠎ᠠ᠃ ᠦᠨᠳᠦᠷ ᠠᠭᠤᠯᠠᠨ ᠳᠤ ᠠᠮᠢᠵᠢᠷᠠᠯ ᠤᠨ ᠬᠦᠴᠦᠨ ᠲᠠᠢ ᠭᠡᠵᠦ ᠦᠵᠡᠬᠦ᠂ | ᠡᠭᠦᠨ ᠤ ᠣᠯᠠᠮ ᠠᠴᠠ ᠪᠣᠢ ᠪᠣᠯᠣᠬᠰᠠᠨ ᠲᠡᠭᠡᠳᠦᠰ ᠢᠶᠠᠨ ᠪᠠ ᠠᠯᠳᠠᠷᠳᠦ ᠬᠦᠮᠦᠰ ᠢ ᠦᠨᠳᠦᠷ ᠭᠠᠵᠠᠷ ᠲᠤ | ᠣᠡᠭᠭᠤᠯᠠᠬᠤ ᠲᠠᠳᠬᠠᠯ ᠨᠢ ᠡᠨᠡ ᠬᠦ ᠦᠵᠡᠯ ᠰᠠᠨᠠᠭ᠎ᠠ ᠶᠢ ᠣᠯᠠᠮ ᠯᠠᠪᠰᠢᠷᠠᠭᠤᠯᠵᠠᠢ᠃ ᠴᠠᠬᠠᠷ ᠪᠦᠬᠡ ᠶᠢᠨ ᠨᠢᠭᠡ | ᠲᠡᠦᠬᠡᠨ ᠵᠣᠬᠢᠶᠠᠯ ᠳᠤ ᠨᠦᠭᠴᠢᠭᠰᠡᠳ ᠲᠡᠭᠡᠳᠦᠰ ᠢᠶᠠᠨ ᠶᠠᠭᠠᠬᠢᠵᠦ ᠦᠨᠳᠦᠷ ᠭᠠᠵᠠᠷ ᠣᠡᠭᠭᠤᠯᠠᠭᠠᠳ ᠡᠭᠦᠨ ᠤ | ᠣᠯᠠᠮ ᠠᠴᠠ ᠰᠦᠭ ᠰᠦᠨᠡᠰᠦ ᠨᠢ ᠬᠡᠷᠬᠢᠨ ᠪᠠᠶᠢᠭᠠᠯᠢ ᠶᠢᠨ ᠬᠦᠴᠦᠨ ᠲᠠᠢ ᠨᠦᠬᠦᠴᠡᠭᠰᠡᠨ ᠢ ᠲᠡᠮᠳᠡᠭᠯᠡᠬᠦ ᠳᠡᠭᠡᠨ ︽ | ᠬᠡᠭᠦᠷ ᠢ ᠨᠢ ᠦᠨᠦᠴᠢᠨ ᠬᠠᠳᠠᠨ ᠤ ᠡᠮᠦᠨᠡᠬᠢ ᠲᠠᠯ᠎ᠠ ᠭᠠᠵᠠᠷ ᠣᠷᠣᠰᠢᠭᠤᠯᠣᠭᠠᠳ ᠁ ᠭᠤᠷᠪᠠᠨ ᠵᠢᠯ ᠰᠢᠬᠠᠮ ᠤᠨ | ᠬᠤᠭᠤᠴᠠᠭᠠᠨ ᠳᠤ ᠢᠮᠠᠬᠳᠠ ᠲᠠᠶᠢᠯᠭ᠎ᠠ ᠲᠠᠬᠢᠯᠭ᠎ᠠ ᠦᠢᠯᠡᠳᠦᠭᠰᠡᠭᠡᠷ ᠪᠠᠶᠢᠪᠠ᠃ ᠣᠯᠠᠭᠠᠨ ᠬᠠᠳᠠᠨ ᠤ ᠣᠷᠣᠢ ᠪᠠᠷ | ᠡᠭᠦᠯᠡ ᠮᠠᠨᠠᠨ ᠲᠠᠳᠠᠵᠦ᠂ ᠰᠣᠪᠣᠷᠭᠠᠯᠠᠨ ᠲᠡᠭᠳᠡᠵᠦ ᠵᠠᠮᠬᠠᠷᠠᠳᠠᠬ ᠁ ᠲᠡᠭᠦᠨ ᠠᠴᠠ ᠬᠤᠶᠢᠰᠢ ᠨᠦᠭᠴᠢᠭᠰᠡᠨ | ᠡᠴᠢᠭᠡ ᠶᠢᠨ ᠬᠢᠨᠢ ᠰᠦᠭ ᠰᠦᠨᠡᠰᠦ ᠨᠢ ᠠᠭᠤᠯᠠ ᠣᠰᠣᠨ ᠤ ᠨᠠᠪᠳᠠᠬ ᠰᠠᠪᠳᠠᠬ ᠲᠠᠢ ᠨᠡᠶᠢᠯᠡᠵᠡᠢ︾ ᠭᠡᠵᠦ ︽ | ᠠᠷᠠᠳ ᠤᠨ ᠱᠠᠰᠢᠨ︾ ᠪᠠ ︽ᠬᠦᠮᠦᠨ ᠲᠦᠷᠦᠯᠬᠢᠳᠡᠨ ᠤ ᠰᠣᠳᠣᠯᠣᠯ ᠰᠡᠳᠭᠦᠯ︾ ᠳᠤ ᠲᠡᠮᠳᠡᠭᠯᠡᠵᠦ ᠪᠠᠶᠢᠳᠠᠬ᠃ | ᠮᠣᠩᠭᠤᠯᠴᠣᠳ ᠴᠢᠯᠠᠭᠤᠨ ᠵᠡᠪᠰᠡᠭ ᠤᠨ ᠦᠶ᠎ᠡ ᠠᠴᠠ ᠡᠬᠢᠯᠡᠨ ᠨᠦᠭᠴᠢᠭᠰᠡᠳ ᠢ ᠦᠨᠳᠦᠷ ᠭᠠᠵᠠᠷ ᠣᠷᠣᠰᠢᠭᠤᠯᠬᠤ | ᠵᠠᠩᠰᠢᠯ ᠲᠠᠢ ᠪᠠᠶᠢᠬᠰᠠᠨ ᠢ ᠣᠯᠠᠭᠠᠨᠬᠠᠳᠠ ᠣᠷᠴᠢᠮ ᠤᠨ ᠬᠠᠭᠤᠴᠢᠨ ᠤ ᠢᠯᠡᠷᠡᠭᠦᠯᠦᠯᠳᠡ ᠭᠡᠷᠡᠴᠢᠯᠡᠵᠦ ᠪᠠᠶᠢᠨ᠎ᠠ᠃ ︽ | ᠵᠡᠭᠦᠨ ᠮᠣᠩᠭᠤᠯ ᠤᠨ ᠯᠢᠨᠰᠢ ᠣᠷᠴᠢᠮ ᠤᠨ ᠣᠯᠠᠭᠠᠨᠬᠠᠳᠠ ᠬᠠᠪᠢ ᠪᠠᠷ ᠴᠢᠯᠠᠭᠤᠨ ᠵᠡᠪᠰᠡᠭ ᠤᠨ ᠦᠶ᠎ᠡ ᠶᠢᠨ | ᠬᠠᠭᠤᠴᠢᠨ ᠪᠣᠯᠠᠰᠢ ᠣᠯᠳᠠᠬᠰᠠᠨ ᠶᠣᠮ︾ ᠭᠡᠵᠦ ᠶᠠᠫᠣᠨ ᠤ ᠲᠣᠣᠺᠢᠣ᠋ ᠶᠢᠨ ᠬᠡᠪᠯᠡᠯ ᠤᠨ ︽ᠣᠯᠠᠭᠠᠨᠬᠠᠳᠠ ᠳᠤ | ᠮᠠᠯᠳᠠᠯᠭ᠎ᠠ ᠬᠢᠭᠰᠡᠨ ᠨᠢ︾᠂ ︽ᠲᠣᠷᠣᠨᠠᠳᠠᠬᠢᠨ ᠤ ᠬᠠᠭᠤᠴᠢ ᠰᠣᠳᠣᠯᠣᠯ ᠰᠡᠳᠭᠦᠯ︾ ᠤᠨ A ᠲᠦᠷᠦᠯ ᠳᠤ | ᠲᠡᠮᠳᠡᠭᠯᠡᠵᠦ ᠪᠠᠶᠢᠨ᠎ᠠ᠃ | P · S ᠫᠠᠯᠯᠠᠰ ᠤᠨ ︽ᠮᠣᠩᠭᠤᠯ ᠦᠨᠳᠦᠰᠦᠳᠡᠨ ᠤ ᠲᠡᠦᠬᠡ ᠶᠢᠨ ᠮᠠᠲ᠋ᠧᠷᠢᠶᠠᠯ ᠤᠨ ᠲᠡᠭᠦᠪᠦᠷᠢ︾ ᠳᠤ᠄ ︽ | ᠮᠣᠩᠭᠤᠯᠴᠣᠳ ᠦᠨᠳᠦᠷ ᠭᠠᠵᠠᠷ᠂ ᠠᠭᠤᠯᠠ ᠶᠢᠨ ᠬᠦᠳᠦᠯ᠂ ᠵᠠᠮ ᠤᠨ ᠠᠭᠤᠯᠵᠠᠷ ᠲᠡᠭᠡᠷ᠎ᠡ ᠣᠪᠣᠭ᠎ᠠ ᠪᠣᠰᠬᠠᠭᠠᠳ | ᠲᠣᠬᠠᠢ ᠶᠢᠨ ᠭᠠᠵᠠᠷ ᠤᠨ ᠡᠵᠡᠳ ᠰᠠᠬᠢᠭᠤᠰᠣ ᠪᠣᠯᠭᠠᠨ ᠣᠨᠴᠠᠭᠠᠢ ᠪᠢᠰᠢᠷᠡᠨ ᠲᠠᠬᠢᠳᠠᠬ᠃ ᠦᠨᠳᠦᠷ ᠭᠠᠵᠠᠷ | ᠴᠢᠯᠠᠭᠤᠨ ᠣᠪᠣᠭ᠎ᠠ ᠪᠣᠰᠬᠠᠵᠦ ᠲᠡᠮᠳᠡᠭ ᠪᠣᠯᠭᠠᠬᠤ ᠵᠣᠷᠰᠢᠯ ᠲᠣᠮᠳᠠᠳᠦ ᠠᠽᠢᠶ᠎ᠠ ᠪᠠ ᠠᠯᠳᠠᠢ ᠶᠢᠨ | ᠦᠨᠳᠦᠰᠦᠳᠡᠨ ᠨᠦᠭᠦᠳ ᠤᠨ ᠲᠣᠳᠣᠷ᠎ᠠ ᠪᠠᠰᠠ ᠪᠠᠶᠢᠵᠠᠢ︾ ᠭᠡᠵᠦ ᠦᠬᠦᠯᠡᠭᠰᠡᠨ ᠶᠣᠮ᠃ ᠪᠦᠬᠡ ᠶᠢᠨ ᠱᠠᠰᠢᠨ ᠤ | ᠦᠵᠡᠯ ᠰᠠᠨᠠᠭᠠᠨ ᠤ ᠬᠡᠪᠴᠢᠶᠡᠨ ᠳᠤ ᠠᠪᠴᠦ ᠬᠡᠯᠡᠪᠡᠯ ᠣᠪᠣᠭ᠎ᠠ ᠨᠢ ᠲᠣᠬᠠᠢ ᠶᠢᠨ ᠭᠠᠵᠠᠷ ᠤᠨ ᠰᠢᠳᠦᠭᠡᠨ᠂ ᠡᠵᠡᠳ | ᠰᠠᠬᠢᠭᠤᠯᠰᠣᠨ ᠨᠠᠷ ᠤᠨ ᠴᠣᠬᠯᠠᠷᠠᠳᠠᠬ ᠭᠠᠵᠠᠷ ᠮᠦᠨ ᠭᠡᠵᠦ ᠦᠵᠡᠳᠡᠭ ᠪᠠᠶᠢᠵᠠᠢ᠃ ᠦᠨᠡᠨ ᠳᠡᠭᠡᠨ ᠠᠭᠤᠯᠠ | ᠣᠰᠣᠨ ᠤ ᠨᠠᠪᠳᠠᠬ ᠰᠠᠪᠳᠠᠬ ᠤᠨ ᠬᠠᠮᠠᠭᠠᠯᠠᠬᠴᠢ ᠶᠢᠨ ᠦᠢᠯᠡᠳᠦᠯ ᠪᠠ ᠣᠪᠣᠭ᠎ᠠ ᠶᠢᠨ ᠰᠢᠳᠦᠯᠭᠡ ᠶᠢᠨ ᠲᠣᠬᠠᠢ | ᠮᠣᠩᠭᠤᠯᠴᠣᠳ ᠤᠨ ᠣᠶᠢᠯᠠᠭᠠᠯᠳᠠ ᠨᠢ ᠠᠳᠠᠯᠢᠪᠳᠣᠷ ᠪᠠᠶᠢᠳᠠᠬ᠃ | ᠮᠣᠩᠭᠤᠯᠴᠣᠳ ᠬᠤᠶᠢᠳᠦ ᠮᠣᠩᠭᠤᠯ ᠤᠨ ᠵᠡᠭᠦᠨᠭᠠᠷ ᠠᠭᠤᠯᠠ᠂ ᠪᠠᠶᠠᠨᠵᠢᠷᠦᠬᠡ ᠠᠭᠤᠯᠠ᠂ ᠪᠣᠬᠳᠠ ᠠᠭᠤᠯᠠ᠂ | ᠰᠣᠩᠬᠢᠨ᠎ᠠ ᠠᠭᠤᠯᠠ ᠶᠢ ︽ᠠᠭᠤᠯᠠ ᠶᠢᠨ ᠲᠦᠷᠪᠡᠨ ᠡᠵᠡᠳ︾ ᠭᠡᠵᠦ ᠶᠡᠭᠡ ᠯᠡ ᠰᠢᠳᠦᠳᠡᠭ ᠪᠠᠶᠢᠬᠰᠠᠨ ᠭᠡᠨ᠎ᠡ᠃ | ᠯᠠᠮᠠ ᠶᠢᠨ ᠱᠠᠰᠢᠨ ᠤ ᠬᠢᠨ ︽ᠲᠦᠷᠪᠡᠨ ᠠᠭᠤᠯᠠ ᠶᠢᠨ ᠡᠵᠡᠳ︾ ᠤᠨ ᠪᠦᠷᠢᠯᠸ᠎ᠠ ᠶᠢ ᠴᠠᠮ ᠳᠤ ᠣᠷᠣᠭᠤᠯᠳᠠᠬ᠃ | ᠲᠡᠳᠡᠭᠡᠷ ᠤᠨ ᠲᠦᠷᠢ ᠪᠠᠶᠢᠳᠠᠯ ᠨᠢ᠄ ᠪᠠᠶᠠᠨᠵᠢᠷᠦᠬᠡ ᠠᠭᠤᠯᠠ ᠶᠢᠨ ᠡᠵᠡᠳ ᠪᠣᠯ ᠦᠰᠦ ᠪᠠᠨ ᠲᠡᠷᠢᠭᠦᠨ ᠳᠡᠭᠡᠨ | ᠪᠣᠮᠪᠠᠶᠢᠯᠭᠠᠬᠰᠠᠨ ᠰᠢᠷ᠎ᠠ ᠴᠢᠷᠠᠢ ᠲᠠᠢ ᠵᠠᠯᠠᠭᠤ ᠬᠦᠮᠦᠨ᠂ ᠪᠣᠬᠳᠠ ᠠᠭᠤᠯᠠ ᠶᠢᠨ ᠡᠵᠡᠳ ᠨᠢ ᠠᠮᠠᠨ ᠳᠠᠭᠠᠨ ᠮᠣᠭᠠᠢ | ᠵᠠᠭᠤᠬᠰᠠᠨ ᠭᠠᠷᠣᠳᠢ ᠰᠢᠪᠠᠭᠤᠨ ᠤ ᠲᠦᠷᠢ ᠲᠠᠢ᠂ ᠵᠡᠭᠦᠨᠭᠠᠷ ᠠᠭᠤᠯᠠ ᠶᠢᠨ ᠡᠵᠡᠳ ᠨᠢ ᠣᠷᠳᠣ ᠰᠠᠬᠠᠯ ᠲᠠᠢ ᠰᠢᠷ᠎ᠠ | ᠴᠢᠷᠠᠶᠢᠳᠦ ᠡᠪᠦᠭᠡᠨ᠂ ᠰᠣᠩᠬᠢᠨ᠎ᠠ ᠠᠭᠤᠯᠠ ᠶᠢᠨ ᠡᠵᠡᠳ ᠨᠢ ᠭᠦᠨ ᠪᠣᠷᠣᠪᠳᠣᠷ ᠴᠢᠷᠠᠢ ᠲᠠᠢ᠂ ᠬᠠᠷ᠎ᠠ ᠬᠦᠮᠦᠰᠭᠡ ᠲᠠᠢ | ᠂ ᠪᠢᠳᠡᠭᠦᠦ ᠰᠠᠬᠠᠯ ᠲᠠᠢ ᠵᠣᠪᠠᠭᠤᠷᠢᠯᠠᠬᠰᠠᠨ ᠲᠦᠷᠢ ᠲᠠᠢ ᠡᠪᠦᠭᠡᠨ ᠭᠡᠳᠡᠭ᠃ ᠡᠨᠡ ᠬᠦ ᠰᠢᠷ᠎ᠠ ᠴᠢᠷᠠᠢ ᠲᠠᠢ ᠡᠪᠦᠭᠡᠨ ᠨᠢ | ᠣᠷᠢᠳᠦ ᠳᠠᠭᠠᠨ ᠶᠡᠭᠡ ᠪᠦᠬᠡ ᠪᠠᠶᠢᠬᠰᠠᠨ ᠢᠶᠠᠨ ᠯᠠᠮᠠ ᠶᠢᠨ ᠱᠠᠰᠢᠨ ᠲᠠᠢ ᠦᠵᠡᠯᠴᠡᠭᠰᠡᠭᠡᠷ ᠪᠠᠶᠢᠵᠦ ᠰᠡᠬᠦᠯᠡᠷ ᠨᠢ | ᠪᠣᠷᠬᠠᠨ ᠤ ᠱᠠᠰᠢᠨ ᠢ ᠲᠠᠭᠠᠬᠰᠠᠨ ᠭᠡᠵᠦ ᠮᠣᠩᠭᠤᠯ ᠤᠨ ᠲᠣᠮᠤᠬ ᠲᠤ ᠶᠠᠷᠢᠳᠠᠬ᠃ | ᠬᠤᠷᠴᠢᠨ ᠳᠤ ᠠᠭᠤᠯᠠᠨ ᠤ ᠨᠠᠪᠳᠠᠬ ᠰᠠᠪᠳᠠᠬ ᠨᠢ ᠵᠢᠭᠦᠷᠳᠡᠨ᠂ ᠠᠷᠢᠶᠠᠳᠠᠨ ᠁ ᠡᠰᠡᠬᠦᠯ᠎ᠡ ᠬᠦᠮᠦᠨ ᠤ | ᠲᠦᠷᠢ ᠪᠠᠷ ᠢᠯᠡᠷᠡᠳᠡᠭ ᠴᠦ ᠪᠣᠢ᠃ ᠬᠦᠷᠢᠶ᠎ᠡ ᠬᠤᠰᠢᠭᠤᠨ ᠤ ᠠᠷᠠᠳ ᠤᠨ ᠣᠯᠠᠮᠵᠢᠯᠠᠯ ᠶᠠᠷᠢᠶᠠᠨ ᠳᠤ᠄ ︽ᠬᠦᠷᠢᠶ᠎ᠡ | ᠬᠤᠰᠢᠭᠤᠨ ᠤ ᠭᠠᠭ᠋ᠠᠢ ᠶᠢᠨ ᠠᠭᠤᠯᠠ ᠶᠢᠨ ᠡᠵᠡᠳ ᠨᠢ ᠠᠷᠪᠠᠨ ᠭᠤᠷᠪᠠᠨ ᠲᠣᠷᠣᠢ ᠲᠠᠭᠠᠭᠤᠯᠣᠬᠰᠠᠨ ᠠᠯᠳᠠᠨ ᠮᠡᠭᠡᠵᠢ᠂ | ᠲᠠᠯᠣ ᠶᠢᠨ ᠠᠭᠤᠯᠠ ᠶᠢᠨ ᠨᠠᠪᠳᠠᠬ ᠰᠠᠪᠳᠠᠬ ᠨᠢ ᠠᠯᠳᠠᠨ ᠵᠢᠭᠦᠷ ᠲᠠᠢ ᠪᠢᠯᠵᠣᠣᠬᠠᠢ᠂ ᠬᠠᠳᠠᠳᠦ ᠶᠢᠨ ᠠᠭᠤᠯᠠ ᠶᠢᠨ | ᠨᠠᠪᠳᠠᠬ ᠰᠠᠪᠳᠠᠬ ᠨᠢ ᠵᠢᠭᠦᠷᠳᠦ ᠠᠯᠳᠠᠨ ᠣᠨᠠᠭ᠎ᠠ︾ ᠭᠡᠳᠡᠭ᠃ ᠡᠭᠦᠨ ᠠᠴᠠ ᠭᠠᠳᠠᠨ᠎ᠠ ᠬᠤᠷᠴᠢᠨ ᠵᠡᠭᠦᠨ ᠭᠠᠷᠣᠨ | ᠬᠤᠶᠢᠳᠦ ᠬᠤᠰᠢᠭᠤᠨ ᠤ ᠱᠣᠩᠬᠤᠷ ᠠᠭᠤᠯᠠ ᠶᠢᠨ ᠨᠠᠪᠳᠠᠬ ᠰᠠᠪᠳᠠᠬ ᠨᠢ ᠠᠯᠳᠠᠨ ᠭᠤᠷᠭᠤᠣᠯᠳᠠᠢ ᠭᠡᠬᠦ ᠶᠠᠷᠢᠶ᠎ᠠ ᠪᠣᠢ᠃ | ᠬᠤᠷᠴᠢᠨ ᠳᠤ ᠪᠠᠰᠠ ᠠᠩᠴᠢᠳ ᠠᠡᠭ ᠠᠪᠠ ᠶᠢᠨ ᠣᠯᠵᠠ ᠮᠠᠭᠤᠳᠠᠢ ᠨᠢ ᠠᠪᠠᠯᠠᠬᠰᠠᠨ ᠭᠠᠵᠠᠷ ᠤᠨ ᠠᠭᠤᠯᠠ | ᠣᠰᠣᠨ ᠤ ᠨᠠᠪᠳᠠᠬ ᠰᠠᠪᠳᠠᠬ ᠲᠠᠢ ᠨᠢ ᠬᠤᠯᠪᠣᠭ᠎ᠠ ᠲᠠᠢ ᠭᠡᠬᠦ ᠦᠵᠡᠯᠳᠡ ᠴᠦ ᠪᠠᠶᠢᠳᠠᠬ᠃ ᠬᠦᠷᠢᠶ᠎ᠡ ᠬᠤᠰᠢᠭᠤᠨ ᠤ | ᠭᠡᠷᠡᠯ ᠰᠣᠮᠣ ᠶᠢᠨ ᠠᠯᠢᠮᠠᠳᠦ ᠶᠢᠨ ᠠᠭᠤᠯᠠᠨ ᠤ ᠨᠠᠪᠳᠠᠬ ᠰᠠᠪᠳᠠᠬ ᠨᠢ ᠦᠨᠡᠬᠡᠨ ᠰᠠᠬᠢᠭᠤᠰᠣ ᠭᠡᠵᠦ ᠮᠠᠩᠬᠠᠨ | ᠠᠷᠣ ᠶᠢᠨ ᠮᠣᠩᠭᠤᠯᠴᠣᠳ ᠶᠠᠷᠢᠳᠠᠬ ᠶᠣᠮ ᠭᠡᠨ᠎ᠡ᠃ ᠲᠡᠭᠡᠷ᠎ᠡ ᠵᠠᠭᠤᠨ ᠤ ᠡᠬᠢᠨ ᠤ ᠦᠶ᠎ᠡ ᠪᠠᠷ ᠮᠠᠩᠬᠠᠨ ᠠᠷᠣ ᠶᠢᠨ | ᠬᠡᠳᠦᠨ ᠠᠩᠴᠢᠨ ᠨᠢᠭᠡᠨ ᠪᠣᠭᠤᠷᠣᠯ ᠦᠨᠡᠭᠡ ᠶᠢ ᠬᠤᠷᠳᠣᠨ ᠮᠣᠷᠢ ᠪᠠᠷ ᠨᠡᠬᠡᠭᠰᠡᠭᠡᠷ ᠪᠠᠶᠢᠵᠦ ᠠᠯᠢᠮᠠᠳᠦ ᠶᠢᠨ | ᠠᠭᠤᠯᠠᠨ ᠳᠤ ᠬᠦᠷᠦᠭᠡᠳ ᠭᠦᠢᠴᠡᠮᠡᠷ ᠪᠣᠯᠳᠠᠯ᠎ᠠ ᠪᠣᠭᠤᠷᠣᠯ ᠦᠨᠡᠭᠡ ᠭᠡᠨᠡᠳᠳᠡ ᠵᠢᠷᠪᠢᠰᠭᠢᠭᠰᠡᠨ ᠢᠶᠠᠨ ᠠᠯᠠᠭ᠎ᠠ | ᠪᠣᠯᠣᠬᠰᠠᠨ ᠭᠡᠨ᠎ᠡ᠃ ᠡᠨᠡ ᠬᠡᠳᠦᠨ ᠠᠩᠴᠢᠨ ᠠᠯᠢᠮᠠᠳᠦ ᠶᠢᠨ ᠠᠭᠤᠯᠠ ᠪᠠᠷ ᠪᠦᠳᠦᠨ ᠡᠳᠦᠷ ᠡᠷᠢᠭᠰᠡᠨ ᠪᠣᠯᠪᠠᠴᠦ | ᠦᠨᠡᠭᠡ ᠶᠢᠨ ᠮᠦᠷ ᠰᠡᠭᠦᠳᠡᠷ ᠢ ᠨᠢ ᠴᠦ ᠣᠯᠵᠦ ᠬᠠᠷᠠᠬᠰᠠᠨ ᠦᠭᠡᠢ ᠭᠡᠳᠡᠭ᠃ ᠠᠭᠤᠯᠠ ᠶᠢᠨ ᠰᠠᠬᠢᠭᠤᠰᠣ ᠶᠢ | ᠨᠡᠬᠡᠭᠰᠡᠨ ᠠᠴᠠ ᠪᠣᠯᠵᠦ ᠡᠨᠡ ᠬᠡᠳᠦᠨ ᠠᠩᠴᠢᠨ ᠨᠢ ᠲᠠᠬᠢᠵᠦ ᠬᠠᠮᠢᠭ᠎ᠠ ᠠᠪᠠᠯᠠᠬᠰᠠᠨ ᠴᠦ ᠠᠡᠭ ᠠᠮᠢᠳᠠᠨ ᠣᠯᠬᠤ | ᠦᠭᠡᠢ ᠪᠣᠯᠣᠬᠰᠠᠨ ᠭᠡᠳᠡᠭ᠃ ᠬᠤᠷᠴᠢᠨ ᠳᠤ ᠪᠠᠰᠠ ᠦᠨᠡᠭᠡ ᠴᠢᠨ᠋᠊ ᠦᠠ᠋ ᠵᠡᠷᠭᠡ ᠶᠢᠨ ᠨᠠᠷᠢᠨ ᠦᠰᠦᠳᠡᠢ ᠠᠡᠭ ᠨᠢ | ᠠᠭᠤᠯᠠ ᠣᠰᠣᠨ ᠤ ᠨᠠᠪᠳᠠᠬ ᠰᠠᠪᠳᠠᠬ ᠲᠠᠢ ᠬᠤᠯᠪᠣᠭ᠎ᠠ ᠲᠠᠢ ᠭᠡᠳᠡᠭ ᠪᠣᠯᠬᠤᠷ ᠬᠡᠳᠦᠷᠡᠳᠡᠯ᠎ᠡ ᠠᠯᠠᠵᠦ ᠪᠣᠯᠬᠤ ᠦᠭᠡᠢ | ᠭᠡᠬᠦ ᠶᠠᠷᠢᠶ᠎ᠠ ᠪᠠᠶᠢᠳᠠᠬ᠃ ᠲᠡᠭᠡᠷ᠎ᠡ ᠵᠠᠭᠤᠨ ᠤ ᠲᠠᠯᠠᠭᠠᠳ ᠣᠨ ᠤ ᠰᠡᠭᠦᠯᠴᠢ ᠪᠠᠷ ᠮᠠᠩᠬᠠᠨ ᠠᠷᠣ ᠶᠢᠨ ᠨᠢᠭᠡᠨ | ᠠᠩᠴᠢᠨ ᠨᠢᠭᠡ ᠯᠡ ᠵᠢᠯ ᠳᠤ ᠵᠢᠷᠠᠭᠠᠳ ᠦᠨᠡᠭᠡ ᠠᠯᠠᠬᠰᠠᠨ ᠶᠣᠮ ᠭᠡᠨ᠎ᠡ᠃ ᠵᠢᠷᠠᠳᠣᠭᠠᠷ ᠦᠨᠡᠭᠡ ᠪᠠᠨ ᠠᠯᠠᠬᠰᠠᠨ ᠤ | ᠮᠠᠷᠭᠠᠰᠢ ᠠᠴᠠ ᠨᠢ ᠡᠨᠡ ᠠᠩᠴᠢᠨ ᠤ ᠪᠡᠶ᠎ᠡ ᠨᠢ ᠮᠠᠭᠤᠵᠢᠷᠠᠭᠠᠳ ᠰᠣᠯᠢᠶ᠎ᠠ ᠡᠯᠢᠶ᠎ᠡ ᠦᠭᠡ ᠶᠠᠷᠢᠬᠤ ᠪᠣᠯᠣᠬᠰᠠᠨ ᠭᠡᠨ᠎ᠡ᠃ | ᠠᠩᠴᠢᠨ ᠢ ᠡᠪᠡᠳᠴᠢᠯᠡᠭᠰᠡᠨ ᠤ ᠬᠡᠳᠦᠨ ᠡᠳᠦᠷ ᠤᠨ ᠬᠢᠨᠢ ᠲᠠᠷᠠᠭ᠎ᠠ ︽ᠮᠠᠩᠬᠠᠨ ᠡᠮᠦᠨᠡᠬᠢ ᠨᠢᠭᠡᠨ ᠬᠢᠳᠠᠳ | ᠲᠣᠰᠬᠤᠨ ᠳᠤ ᠡᠯᠳᠡᠪ ᠡᠪᠡᠳᠴᠢᠨ ᠢ ᠡᠳᠡᠭᠡᠵᠦ ᠴᠢᠳᠠᠬᠤ ᠡᠮᠡᠭᠳᠡᠢ ᠬᠤᠪᠢᠯᠭᠠᠨ ᠢᠯᠡᠷᠡᠯ᠎ᠡ︾ ᠭᠡᠬᠦ ᠴᠢᠮᠡᠭᠡ ᠶᠢ | ᠭᠡᠷ ᠤᠨ ᠬᠦᠮᠦᠰ ᠨᠢ ᠣᠯᠵᠦ ᠰᠣᠨᠣᠰᠣᠭᠠᠳ ᠡᠨᠡ ᠠᠩᠴᠢᠨ ᠤ ᠡᠪᠡᠳᠴᠢᠨ ᠢ ᠨᠢ ᠵᠠᠰᠠᠭᠤᠯᠬᠤ ᠪᠠᠷ ᠬᠦᠷᠦᠭᠰᠡᠨ | ᠭᠡᠨ᠎ᠡ᠃ ᠡᠮᠡᠭᠳᠡᠢ ᠬᠤᠪᠢᠯᠭᠠᠨ ᠨᠢ ᠠᠩᠴᠢᠨ ᠢ ᠦᠵᠡᠬᠦ ᠪᠠᠷ ᠪᠣᠯᠣᠭᠠᠳ ᠰᠢᠳᠦᠭᠡᠨ ᠢᠶᠠᠨ ᠬᠡᠴᠢᠨᠡᠬᠡᠨ ᠲᠠᠭᠤᠳᠠᠬᠰᠠᠨ | ᠪᠣᠯᠪᠠᠴᠦ ᠰᠢᠳᠦᠭᠡᠨ ᠨᠢ ᠪᠠᠭᠤᠵᠦ ᠢᠷᠡᠬᠦ ᠦᠭᠡᠢ ᠶᠡᠭᠡ ᠵᠣᠪᠠᠭᠠᠬᠰᠠᠨ ᠭᠡᠨ᠎ᠡ᠃ ᠬᠡᠳᠦ ᠣᠳᠠᠭ᠎ᠠ ᠲᠠᠭᠤᠳᠠᠬᠰᠠᠨ ᠤ | ᠲᠠᠷᠠᠭ᠎ᠠ ᠰᠠᠶ᠋ᠢ ᠰᠢᠳᠦᠭᠡᠨ ᠨᠢ ᠵᠠᠯᠠᠷᠠᠵᠦ ᠢᠷᠡᠭᠡᠳ ᠴᠡᠴᠡᠷᠬᠢᠯᠡᠭᠰᠡᠨ ᠦᠨᠳᠦᠷ ᠲᠠᠭᠤᠨ ᠢᠶᠠᠷ ︽ᠪᠢ ᠪᠣᠯ | ᠠᠯᠢᠮᠠᠳᠦ ᠶᠢᠨ ᠠᠭᠤᠯᠠ ᠶᠢᠨ ᠰᠠᠬᠢᠭᠤᠰᠣ ᠪᠣᠯᠬᠤ ᠦᠨᠡᠬᠡᠨ ᠲᠠᠭᠢᠨᠢ ᠮᠦᠨ᠃ ᠦᠷ᠎ᠡ ᠬᠡᠦᠬᠡᠳ ᠢᠶᠠᠨ ᠡᠷᠢᠭᠰᠡᠭᠡᠷ | ᠬᠡᠴᠢᠨᠡᠬᠡᠨ ᠭᠠᠵᠠᠷ ᠵᠠᠪᠣᠯᠠ᠃ ᠴᠢ ᠮᠠᠭᠤ ᠠᠩᠴᠢᠨ ᠮᠢᠨᠦ ᠦᠷ᠎ᠡ ᠬᠤᠶᠢᠴᠢᠰ ᠢ ᠬᠡᠴᠢᠨᠡᠬᠡᠨ ᠠᠯᠠᠬᠰᠠᠨ ᠢᠶᠠᠨ | ᠴᠡᠭᠡᠵᠢᠯᠡᠵᠦ ᠪᠠᠶᠢᠨ᠎ᠠ ᠦᠦ︖ ᠦᠨᠦᠳᠦᠷ ᠴᠢᠨᠦ ᠬᠤᠪᠢ ᠢᠷᠦᠭᠡᠯ ᠴᠢᠨᠢ ᠲᠠᠭᠠᠷᠠᠭᠠᠳ ᠨᠠᠮᠠᠶᠢᠢ ᠡᠷᠢᠭᠡᠳ ᠢᠷᠡᠭᠰᠡᠨ | ᠪᠣᠯᠬᠤᠷ ᠪᠢ ᠴᠢᠨᠦ ᠡᠪᠡᠳᠴᠢᠨ ᠢ ᠵᠠᠰᠠᠭᠠᠳ ᠡᠳᠡᠭᠡᠷᠡᠭᠦᠯᠵᠦ ᠪᠣᠯᠣᠨ᠎ᠠ᠃ ᠭᠡᠪᠡᠴᠦ ᠦᠷ᠎ᠡ ᠬᠡᠦᠬᠡᠳ ᠤᠨ ᠮᠢᠨᠢ | ᠠᠷᠠᠰᠣ ᠶᠢ ᠡ᠊ᠨᠳᠡ ᠬᠦᠷᠭᠡᠵᠦ ᠢᠷ᠎ᠡ︕ ᠡᠭᠦᠨ ᠠᠴᠠ ᠬᠤᠶᠢᠰᠢ ᠲᠠᠬᠢᠵᠦ ᠠᠪᠠ ᠬᠢᠬᠦ ᠦᠭᠡᠢ ᠭᠡᠳᠡᠭ ᠠᠮᠠᠨ | ᠲᠠᠩᠭᠠᠷᠢᠬ ᠢᠶᠠᠨ ᠦᠭ︕︾ ᠭᠡᠵᠦ ᠠᠶᠢᠯᠠᠳᠣᠬᠰᠠᠨ ᠶᠣᠮ ᠭᠡᠨ᠎ᠡ᠃ ᠠᠩᠴᠢᠨ ᠭᠤᠸᠠᠢ ᠡᠮᠡᠭᠳᠡᠢ ᠬᠤᠪᠢᠯᠭᠠᠨ ᠤ | ᠱᠠᠭᠠᠷᠳᠠᠯᠭ᠎ᠠ ᠶᠢ ᠵᠦᠪᠰᠢᠶᠡᠷᠡᠭᠡᠳ ᠡᠷᠡᠭᠦᠯᠵᠢᠭᠰᠡᠨ ᠭᠡᠳᠡᠭ ᠶᠠᠷᠢᠶ᠎ᠠ ᠴᠦ ᠪᠣᠢ᠃ | ᠮᠣᠩᠭᠤᠯᠴᠣᠳ ᠤᠨ ᠪᠣᠰᠣᠳ ᠭᠠᠵᠠᠷ ᠣᠷᠣᠨ ᠢᠶᠠᠷ ᠴᠦ ᠠᠡᠭ ᠤᠨ ᠬᠡᠰᠢᠭ ᠨᠢ ᠨᠠᠪᠳᠠᠬ ᠰᠠᠪᠳᠠᠬ ᠲᠠᠢ | ᠬᠤᠯᠪᠣᠭ᠎ᠠ ᠲᠠᠢ ᠭᠡᠬᠦ ᠦᠵᠡᠯᠳᠡ ᠪᠣᠢ᠃ ᠪᠠᠭᠠᠷᠢᠨ ᠤ ᠠᠩᠴᠢᠳ ᠣᠷᠣᠭᠤ ᠠᠷᠣ ᠭᠡᠳᠡᠭ ᠭᠠᠵᠠᠷ ᠠᠪᠠ ᠬᠢᠭᠡᠳ | ᠶᠡᠷᠦ ᠨᠢ ᠣᠯᠵᠠ ᠮᠠᠭᠤᠳᠠᠢ ᠪᠣᠯᠬᠤᠷ ᠣᠷᠣᠭᠤ ᠠᠷᠣ ᠶᠢᠨ ᠨᠠᠪᠳᠠᠬ ᠬᠠᠷᠠᠮᠴᠢ ᠭᠡᠵᠦ ᠭᠤᠮᠣᠳᠠᠳᠠᠬ᠃ ᠲᠡᠳᠡ | ᠴᠠᠢ ᠶᠢᠨ ᠲᠡᠭᠡᠵᠢ ᠪᠠᠨ ᠡᠷᠭᠦᠬᠦ ᠳᠡᠭᠡᠨ ︽ᠠᠭᠤᠯᠠ ᠠᠭᠤᠯᠠ ᠶᠢᠨ ᠡᠵᠡᠳ ᠣᠮ ᠡ ᠬᠤᠨᠭ᠌︕ ᠣᠷᠣᠭᠤ ᠠᠷᠣ ᠶᠢᠨ | ᠨᠠᠪᠳᠠᠬ ᠰᠠᠪᠳᠠᠬ ᠲᠤ ᠱᠣᠷᠣ ᠪᠣᠣ ᠲᠣᠯᠢᠶᠠᠯᠭᠠᠶᠠ︾ ᠭᠡᠵᠦ ᠰᠢᠪᠰᠢᠳᠡᠭ ᠶᠣᠮ ᠭᠡᠨ᠎ᠡ᠃ | ︽ᠰᠢᠳᠦᠯᠭᠡ ᠪᠢᠰᠢᠷᠡᠯ ᠨᠢ ᠬᠦᠮᠦᠨ ᠲᠦᠷᠦᠯᠬᠢᠳᠡᠨ ᠤ ᠦᠪᠡᠷ ᠤᠨ ᠠᠮᠢ ᠨᠠᠰᠣᠨ ᠳᠤ ᠰᠠᠨᠠᠭ᠎ᠠ ᠲᠠᠯᠪᠢᠬᠤ | ᠶᠠᠪᠣᠳᠠᠯ ᠠᠴᠠ ᠡᠭᠦᠰᠦᠭᠰᠡᠨ︾ ᠭᠡᠵᠦ ᠡᠷᠳᠡᠮᠳᠡᠳ ᠶᠠᠷᠢᠵᠦ ᠦᠡᠭᠭᠡᠷᠡᠪᠡ᠃ ᠦᠨᠡᠨ ᠳᠡᠭᠡᠨ ᠰᠢᠳᠦᠯᠭᠡ ᠪᠢᠰᠢᠷᠡᠯ ᠪᠣᠯ | ᠬᠦᠮᠦᠨ ᠲᠦᠷᠦᠯᠬᠢᠳᠡᠨ ᠤ ᠡᠬᠡ ᠪᠠᠶᠢᠭᠠᠯᠢ ᠪᠠᠨ ᠲᠦᠰᠢᠵᠦ ᠠᠮᠢᠳᠣᠷᠠᠵᠦ ᠣᠷᠣᠰᠢᠬᠤ ᠲᠣᠮᠳᠠ ᠠᠮᠢ ᠨᠠᠰᠣ ᠶᠢ | ᠣᠶᠢᠯᠠᠭᠠᠵᠦ ᠲᠠᠨᠢᠬᠤ ᠶᠠᠪᠣᠴᠠ ᠳᠤ ᠪᠣᠢ ᠪᠣᠯᠣᠬᠰᠠᠨ ᠵᠦᠢᠯ ᠪᠠᠶᠢᠵᠦ ᠲᠠᠭᠠᠷᠠᠨ᠎ᠠ᠃ ᠣᠰᠣᠨ ᠤ ᠲᠣᠩᠭᠠᠯᠠᠬ ᠢ | ᠲᠠᠭᠠᠵᠦ ᠡᠪᠡᠰᠦᠨ ᠤ ᠰᠣᠷᠭᠤᠬ ᠢ ᠰᠣᠩᠭᠤᠵᠦ ᠨᠨᠭᠦᠳᠡᠯᠯᠡᠨ ᠮᠠᠯᠵᠢᠵᠦ ᠪᠠᠶᠢᠬᠰᠠᠨ ᠬᠤᠷᠴᠢᠨ ᠨᠣᠳᠤᠬ ᠨᠢ ᠴᠠᠬ | ᠦᠶ᠎ᠡ ᠶᠢᠨ ᠬᠦᠭᠵᠢᠯᠳᠡ ᠶᠢ ᠲᠠᠭᠠᠯᠳᠣᠨ ᠲᠠᠷᠢᠶ᠎ᠠ ᠲᠦᠮᠦᠰᠦ ᠲᠠᠷᠢᠬᠰᠠᠨ ᠰᠠᠭᠤᠷᠢᠰᠢᠯ ᠠᠮᠢᠳᠣᠷᠠᠯ ᠲᠠᠢ᠂ ᠮᠣᠩᠭᠤᠯ᠂ | ᠬᠢᠳᠠᠳ᠂ ᠪᠣᠰᠣᠳ ᠴᠦᠬᠡᠨ ᠲᠣᠭᠠᠳᠦ ᠦᠨᠳᠦᠰᠦᠳᠡᠨ ᠵᠡᠷᠭᠡ ᠶᠢᠨ ᠬᠤᠯᠢᠯᠳᠣᠨ ᠰᠠᠭᠤᠬᠰᠠᠨ ᠭᠠᠵᠠᠷ ᠣᠷᠣᠨ | ᠪᠣᠯᠵᠠᠢ᠃ ᠡᠭᠦᠨ ᠳᠤ ᠬᠢᠳᠠᠳ ᠦᠨᠳᠦᠰᠦᠳᠡᠨ ᠤ ᠰᠣᠶᠣᠯ᠂ ᠵᠠᠩ ᠦᠢᠯᠡ᠂ ᠪᠡᠯᠭᠡᠳᠡᠯ ᠵᠡᠷᠭᠡ ᠨᠢ ᠬᠤᠷᠴᠢᠨ | ᠨᠣᠳᠤᠬ ᠤᠨ ᠦᠨᠴᠦᠭ ᠪᠣᠯᠣᠩ ᠬᠦᠷᠳᠡᠯ᠎ᠡ ᠨᠦᠯᠦᠭᠡᠯᠡᠭᠰᠡᠭᠡᠷ ᠢᠷᠡᠭᠰᠡᠨ ᠪᠣᠯᠪᠠᠴᠦ ᠬᠤᠷᠴᠢᠨ ᠮᠣᠩᠭᠤᠯᠴᠣᠳ | ᠦᠪᠡᠷ ᠤᠨ ᠢᠶᠠᠨ ᠣᠯᠠᠮᠵᠢᠯᠠᠯᠳᠦ ᠵᠠᠩ ᠦᠢᠯᠡ᠂ ᠰᠢᠳᠦᠯᠭᠡ ᠪᠢᠰᠢᠷᠡᠯ᠂ ᠪᠡᠯᠭᠡᠳᠡᠯ ᠢᠶᠠᠨ ᠣᠳᠣ ᠳᠤ ᠲᠣᠯᠳᠠᠯ᠎ᠠ | ᠵᠣᠬᠢᠬᠤ ᠬᠡᠮᠵᠢᠶ᠎ᠡ ᠪᠠᠷ ᠬᠠᠳᠠᠭᠠᠯᠠᠬᠰᠠᠭᠠᠷ ᠢᠷᠡᠵᠡᠢ᠃ ᠬᠤᠷᠴᠢᠨᠴᠣᠳ ᠤᠨ ᠵᠠᠩ ᠴᠢᠨᠠᠷ ᠤᠨ ᠦᠨᠳᠦᠰᠦᠨ | ᠣᠨᠴᠠᠯᠢᠬ ᠨᠢ ᠨᠡᠶᠢᠳᠡ ᠮᠣᠩᠭᠤᠯᠴᠣᠳ ᠤᠨ ᠨᠡᠶᠢᠳᠡᠯᠢᠭ ᠰᠢᠨᠵᠢ ᠶᠢ ᠬᠠᠳᠠᠭᠠᠯᠠᠵᠦ ᠪᠠᠶᠢᠬᠤ ᠠᠴᠠ ᠭᠠᠳᠠᠨ᠎ᠠ ᠣᠷᠣᠨ | ᠨᠣᠳᠤᠬ ᠤᠨ ᠰᠢᠨᠵᠢ ᠪᠠᠷ ᠮᠠᠰᠢ ᠴᠢᠩᠭ᠎ᠠ᠂ ᠠᠭᠤᠯᠭ᠎ᠠ ᠬᠡᠯᠪᠡᠷᠢ ᠶᠢᠨ ᠬᠤᠪᠢᠷᠠᠯᠳᠠ ᠬᠦᠭᠵᠢᠯᠳᠡ ᠪᠠᠷ ᠶᠡᠭᠡ | ᠵᠡᠷᠭᠡ ᠶᠢᠨ ᠣᠨᠴᠠᠯᠢᠬ ᠲᠠᠢ ᠪᠠᠶᠢᠳᠠᠬ᠃ ᠰᠢᠳᠦᠯᠭᠡ ᠪᠢᠰᠢᠷᠡᠯ ᠤᠨ ᠵᠠᠩ ᠦᠢᠯᠡ ᠶᠢᠨ ᠲᠠᠯ᠎ᠠ ᠪᠠᠷ ᠴᠦ ᠭᠡᠰᠡᠨ | ᠦᠪᠡᠷᠮᠢᠴᠡ ᠣᠨᠴᠠᠯᠢᠬ ᠲᠠᠢ᠂ ᠨᠡᠶᠢᠯᠡᠮᠡᠯ ᠰᠢᠨᠵᠢ ᠲᠠᠢ ᠪᠠᠶᠢᠳᠠᠬ ᠨᠢ ᠬᠤᠷᠴᠢᠨᠴᠣᠳ ᠤᠨ ᠨᠡᠶᠢᠳᠡᠯᠢᠭ ᠣᠨᠴᠠᠯᠢᠬ | ᠪᠣᠯᠣᠨ᠎ᠠ᠃ ᠬᠤᠷᠴᠢᠨᠴᠣᠳ ᠤᠨ ᠨᠠᠪᠳᠠᠬ ᠰᠠᠪᠳᠠᠬ ᠤᠨ ᠰᠢᠳᠦᠯᠭᠡ ᠪᠠᠷ ᠠᠪᠴᠦ ᠦᠵᠡᠭᠰᠡᠨ ᠴᠦ ᠨᠡᠶᠢᠳᠡ | ᠮᠣᠩᠭᠤᠯᠴᠣᠳ ᠤᠨ ᠨᠡᠶᠢᠳᠡᠯᠢᠭ ᠰᠢᠨᠵᠢ ᠶᠢ ᠬᠠᠳᠠᠭᠠᠯᠠᠵᠦ ᠪᠠᠶᠢᠬᠤ ᠪᠠᠷ ᠦᠯᠦ ᠪᠠᠷᠠᠮ ᠮᠠᠰᠢ ᠣᠯᠠᠨ ᠰᠢᠨ᠎ᠡ | ᠬᠡᠯᠪᠡᠷᠢ ᠶᠢᠨ ᠵᠠᠩ ᠦᠢᠯᠡ ᠶᠢ ᠨᠡᠮᠡᠭᠳᠡᠭᠦᠯᠵᠦ ᠦᠪᠡᠷ ᠤᠨ ᠢᠶᠠᠨ ᠣᠨᠴᠠᠯᠢᠬ ᠲᠠᠢ ᠰᠢᠳᠦᠯᠭᠡ ᠪᠢᠰᠢᠷᠡᠯ ᠤᠨ | ᠬᠡᠯᠪᠡᠷᠢ ᠶᠢ ᠪᠣᠢ ᠪᠣᠯᠭᠠᠬᠰᠠᠨ ᠪᠠᠶᠢᠳᠠᠬ᠃ ᠶᠡᠷᠦᠩᠬᠡᠶᠢᠯᠡᠭᠡᠳ ᠬᠡᠯᠡᠪᠡᠯ᠂ ᠬᠤᠷᠴᠢᠨᠴᠣᠳ ᠤᠨ ᠰᠢᠳᠦᠯᠭᠡ ᠪᠢᠰᠢᠷᠡᠯ ᠤᠨ | ᠵᠠᠩ ᠦᠢᠯᠡ ᠨᠢ ᠮᠣᠩᠭᠤᠯᠴᠣᠳ ᠤᠨ ᠣᠯᠠᠮᠵᠢᠯᠠᠯᠳᠦ ᠵᠠᠩ ᠦᠢᠯᠡ ᠶᠢᠨ ᠨᠡᠶᠢᠳᠡᠯᠢᠭ ᠰᠢᠨᠵᠢ ᠶᠢ ᠬᠠᠳᠠᠭᠠᠯᠠᠵᠦ | ᠬᠠᠷᠠᠭᠤᠯᠣᠬᠰᠠᠨ ᠮᠦᠷᠳᠡᠭᠡᠨ ᠬᠤᠷᠴᠢᠨ ᠮᠣᠩᠭᠤᠯᠴᠣᠳ ᠤᠨ ᠡᠬᠡ ᠪᠠᠶᠢᠭᠠᠯᠢ ᠪᠠᠨ ᠣᠶᠢᠯᠠᠭᠠᠵᠦ᠂ ᠲᠠᠨᠢᠵᠦ᠂ | ᠬᠠᠶᠢᠷᠠᠯᠠᠵᠦ᠂ ᠬᠠᠮᠠᠭᠠᠯᠠᠵᠦ᠂ ᠡᠬᠡ ᠪᠠᠶᠢᠭᠠᠯᠢ ᠲᠠᠢ ᠪᠠᠨ ᠵᠣᠬᠢᠴᠠᠯᠳᠣᠨ ᠣᠷᠣᠰᠢᠬᠤ ᠰᠡᠳᠭᠢᠬᠦᠢ ᠲᠣᠮᠳᠠ ᠰᠢᠷᠬᠡᠭ | ᠡᠪᠡᠰᠦ ᠮᠦᠬᠦᠯᠢᠭ ᠰᠢᠷᠣᠢ ᠳᠠᠭᠠᠨ ᠬᠦᠷᠳᠡᠯ᠎ᠡ ᠰᠢᠳᠢᠴᠢᠯᠡᠨ ᠦᠵᠡᠵᠦ ᠠᠮᠢᠴᠢᠯᠠᠨ ᠰᠢᠳᠦᠵᠦ ᠢᠷᠡᠭᠰᠡᠨ ᠤ ᠣᠯᠠ | ᠮᠦᠷ ᠪᠠᠶᠢᠵᠦ ᠲᠠᠭᠠᠷᠠᠨ᠎ᠠ᠃ | | |