ᠨᠢᠭᠡ | ᠬᠡᠯᠡᠨ ᠵᠦᠢ ᠨᠠᠷᠢᠨ ᠴᠢᠩᠭ᠎ᠠ ᠳᠦᠷᠢᠮᠵᠢᠵᠦ ᠵᠢᠷᠤᠮᠵᠢᠵᠤ ᠲᠡᠶᠢᠯᠥᠭᠡᠲᠦᠢ ᠪᠠᠶᠢᠭᠰᠠᠨ ᠡᠷᠲᠡᠨ ᠤ ᠪᠢᠴᠢᠭ ᠲᠤ | ︽ ᠲᠠᠭᠠᠨ ᠲᠡᠭᠡᠨ᠂ ᠳᠠᠭᠠᠨ ᠳᠡᠭᠡᠨ︾ ᠭᠡᠵᠦ ᠪᠢᠴᠢᠲᠡᠭ ᠨᠢ ᠪᠠᠶᠢᠩᠭᠤ ᠬᠠᠷᠠᠭᠳᠠᠳᠠᠭ ᠪᠠᠶᠢᠵᠠᠢ᠃ ᠡᠷᠲᠡ ᠴᠠᠭ ᠤᠨ | ︽ ᠲᠠᠭᠠᠨ ᠲᠡᠭᠡᠨ᠂ ᠳᠠᠭᠠᠨ ᠳᠡᠭᠡᠨ︾ ᠪᠤᠯ ᠣᠳᠤ ᠦᠶ᠎ᠡ ᠶᠢᠨ ︽ ᠲᠤ ᠪᠠᠨ᠂ ᠳᠤ ᠪᠠᠨ︾ ᠪᠠᠶᠢᠭ᠎ᠠ ᠶᠣᠮ᠃ ᠳᠠᠷᠤᠢ᠂ | ᠦᠭᠬᠦ ᠣᠷᠤᠰᠢᠬᠤ ᠶᠢᠨ ᠲᠡᠶᠢᠨ ᠢᠯᠭᠠᠯ ᠪᠠ ᠶᠡᠷᠦᠩᠬᠡᠢ ᠬᠠᠮᠢᠶᠠᠳᠠᠭᠤᠯᠬᠤ ᠬᠤᠶᠠᠷ ᠲᠦᠷᠦᠯ ᠤᠨ ᠳᠠᠭᠠᠪᠤᠷᠢ ᠶᠢ | ᠤᠭᠰᠠᠷᠠᠭᠤᠯᠵᠤ ᠬᠡᠷᠡᠭᠯᠡᠭᠰᠡᠨ ᠬᠡᠯᠪᠡᠷᠢ ᠪᠤᠯᠬᠤ ᠶᠤᠮ᠃ ᠬᠡᠯᠡᠨ ᠵᠦᠢ ᠮᠠᠰᠢ ᠨᠠᠷᠢᠨ ᠴᠢᠩᠭ᠎ᠠ ᠳᠦᠷᠢᠮᠵᠢᠨ ᠵᠢᠷᠤᠮᠵᠢᠵᠤ | ᠪᠠᠶᠢᠭ᠎ᠠ ᠥᠨᠦᠲᠦᠷ ᠪᠠᠰᠠ ᠪᠠᠷ ᠬᠡᠪᠯᠡᠯ ᠳᠤ ︽ ᠲᠠᠭᠠᠨ ᠲᠡᠭᠡᠨ᠂ ᠳᠠᠭᠠᠨ ᠳᠡᠭᠡᠨ︾ ᠭᠡᠵᠦ ᠪᠢᠴᠢᠲᠡᠭ ᠢ ᠨᠡᠶᠢᠳᠡᠮ | ᠦᠵᠡᠲᠡᠭ ᠪᠤᠯᠤᠯ᠎ᠠ᠃ ᠡᠶᠢᠨ ᠬᠦ ᠲᠡᠶᠢᠨ ᠢᠯᠭᠠᠯ ᠪᠠ ᠬᠠᠮᠢᠶᠠᠳᠠᠭᠤᠯᠬᠤ ᠬᠤᠶᠠᠷ ᠲᠦᠷᠦᠯ ᠤᠨ ᠳᠠᠭᠠᠪᠤᠷᠢ ᠶᠢ | ᠨᠡᠶᠢᠯᠡᠭᠦᠯᠵᠦ ᠪᠢᠴᠢᠬᠦ ᠨᠢ ᠣᠳᠤ ᠦᠶ᠎ᠡ ᠳᠤ ᠪᠣᠯ ᠬᠠᠷᠢᠨ ᠬᠡᠯᠡᠨ ᠵᠦᠢ ᠶᠢᠨ ᠰᠠᠮᠠᠭᠤᠷᠠᠯ ᠪᠣᠯᠬᠤ ᠪᠣᠯᠪᠠ ᠤᠤ ᠭᠡᠵᠦ | ᠲᠠᠨᠢᠵᠤ ᠪᠠᠶᠢᠨ᠎ᠠ᠃ | ᠬᠡᠯᠡᠨ ᠵᠦᠢ ᠳᠤ ᠲᠡᠶᠢᠨ ᠢᠯᠭᠠᠯ ᠪᠠ ᠬᠠᠮᠢᠶᠠᠳᠠᠭᠤᠯᠬᠤ ᠬᠤᠶᠠᠷ ᠲᠦᠷᠦᠯ ᠤᠨ ᠳᠠᠭᠠᠪᠤᠷᠢ ᠶᠢ ᠤᠭᠰᠠᠷᠠᠭᠤᠯᠵᠤ | ᠬᠡᠷᠡᠭᠯᠡᠬᠦ ᠪᠠᠶᠢᠳᠠᠯ ᠵᠦᠩᠳᠡᠭᠡᠨ᠃ ᠵᠢᠱᠢᠶᠡᠯᠡᠪᠡᠯ᠄ ᠪᠠᠭᠰᠢ ᠪᠠᠷ ᠢᠶᠠᠨ ᠵᠢᠭᠠᠯᠭᠠ᠃ ᠪᠠᠭᠰᠢ ᠠᠴᠠ ᠪᠠᠨ ᠠᠰᠠᠭᠤ᠃ | ᠪᠠᠭᠰᠢ ᠶᠢᠨ ᠢᠶᠠᠨ ᠦᠭᠡ ᠶᠢ ᠰᠤᠨᠤᠰ᠃ ᠪᠠᠭᠰᠢ ᠲᠠᠢ ᠪᠠᠨ ᠬᠠᠮᠲᠤ ᠢᠷ᠎ᠡ᠃ ᠪᠠᠭᠰᠢ ᠠᠴᠠ ᠨᠢ ᠠᠰᠠᠭᠤ᠃ | ᠪᠠᠭᠰᠢ ᠶᠢ ᠴᠢᠨᠢ ᠵᠠᠯᠠᠶ᠎ᠠ᠃ ᠲᠡᠭᠦᠦ ᠶᠢ ᠨᠢ ᠳᠠᠭᠤᠳᠠ᠃ ᠠᠬ᠎ᠠ ᠲᠠᠢ ᠨᠢ ᠢᠷ᠎ᠡ᠃ ᠬᠠᠮᠳᠤ ᠰᠤᠷᠤᠯᠭᠠᠳᠠᠨ ᠤ ᠪᠠᠨ | ᠨᠣᠮ ᠢ ᠦᠵᠡ ᠁ ᠭᠡᠬᠦ ᠮᠡᠲᠦ᠃ | ︽ ᠪᠠᠷ ᠢᠶᠠᠨ︾ ᠪᠤᠯ ᠦᠢᠯᠡᠳᠬᠦ ᠶᠢᠨ ᠲᠡᠶᠢᠨ ᠢᠯᠭᠠᠯ ᠪᠠ ᠶᠡᠷᠦᠩᠬᠡᠢ ᠬᠠᠮᠢᠶᠠᠳᠠᠭᠤᠯᠬᠤ ᠬᠤᠶᠠᠷ ᠲᠦᠷᠦᠯ ᠤᠨ | ᠳᠠᠭᠠᠪᠤᠷᠢ ᠶᠢ︔ ︽ ᠠᠴᠠ ᠪᠠᠨ︾ ᠪᠤᠯ ᠭᠠᠷᠬᠤ ᠶᠢᠨ ᠲᠡᠶᠢᠨ ᠢᠯᠭᠠᠯ ᠪᠠ ᠶᠡᠷᠦᠩᠬᠡᠢ ᠬᠠᠮᠢᠶᠠᠳᠠᠭᠤᠯᠬᠤ ᠬᠤᠶᠠᠷ | ᠲᠦᠷᠦᠯ ᠤᠨ ᠳᠠᠭᠠᠪᠤᠷᠢ ᠶᠢ︔ ︽ ᠶᠢᠨ ᠢᠶᠠᠨ︾ ᠪᠤᠯ ᠬᠠᠷᠢᠶᠠᠯᠠᠬᠤ ᠶᠢᠨ ᠲᠡᠶᠢᠨ ᠢᠯᠭᠠᠯ ᠪᠠ ᠶᠡᠷᠦᠩᠬᠡᠢ | ᠬᠠᠮᠢᠶᠠᠳᠠᠭᠤᠯᠬᠤ ᠬᠤᠶᠠᠷ ᠲᠦᠷᠦᠯ ᠤᠨ ᠳᠠᠭᠠᠪᠤᠷᠢ ᠶᠢ︔ ︽ ᠲᠠᠢ ᠪᠠᠨ︾ ᠪᠤᠯ ᠬᠠᠮᠳᠤᠷᠠᠬᠤ ᠶᠢᠨ ᠲᠡᠶᠢᠨ ᠢᠯᠭᠠᠯ | ᠪᠠ ᠶᠡᠷᠦᠩᠬᠡᠢ ᠬᠠᠮᠢᠶᠠᠳᠠᠭᠤᠯᠬᠤ ᠬᠤᠶᠠᠷ ᠲᠦᠷᠦᠯ ᠤᠨ ᠳᠠᠭᠠᠪᠤᠷᠢ ᠶᠢ︔ ︽ ᠠᠴᠠ ᠨᠢ︾ ᠪᠤᠯ ᠭᠠᠷᠬᠤ ᠶᠢᠨ ᠲᠡᠶᠢᠨ | ᠢᠯᠭᠠᠯ ᠪᠠ ᠭᠤᠷᠪᠠᠳᠤᠭᠠᠷ ᠪᠡᠶ᠎ᠡ ᠳᠤ ᠬᠠᠮᠢᠶᠠᠳᠠᠭᠤᠯᠬᠤ ᠬᠤᠶᠠᠷ ᠲᠦᠷᠦᠯ ᠤᠨ ᠳᠠᠭᠠᠪᠤᠷᠢ ᠶᠢ︔ ︽ ᠶᠢ ᠴᠢᠨᠢ︾ ᠪᠤᠯ | ᠵᠢᠭᠠᠬᠤ ᠶᠢᠨ ᠲᠡᠶᠢᠨ ᠢᠯᠭᠠᠯ ᠪᠠ ᠬᠤᠶᠠᠳᠤᠭᠠᠷ ᠪᠡᠶ᠎ᠡ ᠳᠤ ᠬᠠᠮᠢᠶᠠᠳᠠᠭᠤᠯᠬᠤ ᠬᠤᠶᠠᠷ ᠲᠦᠷᠦᠯ ᠤᠨ ᠳᠠᠭᠠᠪᠤᠷᠢ ᠶᠢ︔ | ︽ ᠶᠢ ᠨᠢ︾ ᠪᠤᠯ ᠵᠢᠭᠠᠬᠤ ᠶᠢᠨ ᠲᠡᠶᠢᠨ ᠢᠯᠭᠠᠯ ᠪᠠ ᠭᠤᠷᠪᠠᠳᠤᠭᠠᠷ ᠪᠡᠶ᠎ᠡ ᠳᠤ ᠬᠠᠮᠢᠶᠠᠳᠠᠭᠤᠯᠬᠤ ᠬᠤᠶᠠᠷ | ᠲᠦᠷᠦᠯ ᠤᠨ ᠳᠠᠭᠠᠪᠤᠷᠢ ᠶᠢ︔ ︽ ᠲᠠᠢ ᠨᠢ︾ ᠪᠣᠯ ᠬᠠᠮᠳᠤᠷᠠᠬᠤ ᠶᠢᠨ ᠲᠡᠶᠢᠨ ᠢᠯᠭᠠᠯ ᠪᠠ ᠭᠤᠷᠪᠠᠳᠤᠭᠠᠷ ᠪᠡᠶ᠎ᠡ ᠳᠤ | ᠬᠠᠮᠢᠶᠠᠳᠠᠭᠤᠯᠬᠤ ᠬᠤᠶᠠᠷ ᠲᠦᠷᠦᠯ ᠤᠨ ᠳᠠᠭᠠᠪᠤᠷᠢ ᠶᠢ︔ ︽ ᠤ ᠪᠠᠨ︾ ᠪᠣᠯ ᠬᠠᠷᠢᠶᠠᠯᠠᠬᠤ ᠶᠢᠨ ᠲᠡᠶᠢᠨ ᠢᠯᠭᠠᠯ ᠪᠠ | ᠶᠡᠷᠦᠩᠬᠡᠢ ᠬᠠᠮᠢᠶᠠᠳᠠᠭᠤᠯᠬᠤ ᠬᠤᠶᠠᠷ ᠲᠦᠷᠦᠯ ᠤᠨ ᠳᠠᠭᠠᠪᠤᠷᠢ ᠶᠢ ᠳᠤᠰ ᠳᠤᠰ ᠤᠭᠰᠠᠷᠠᠭᠤᠯᠵᠤ ᠬᠡᠷᠡᠭᠯᠡᠭᠰᠡᠨ | ᠪᠠᠶᠢᠳᠠᠯ ᠪᠣᠯᠣᠨ᠎ᠠ᠃ | ᠡᠲᠡᠭᠡᠷ ᠳᠠᠭᠠᠪᠤᠷᠢ ᠨᠤᠭᠤᠳ ᠤᠨ ᠬᠡᠷᠡᠭᠯᠡᠭᠲᠡᠭᠰᠡᠨ ᠪᠠᠶᠢᠳᠠᠯ ᠪᠠ ᠦᠢᠯᠡᠲᠦᠯ ᠪᠦᠷ ᠠᠳᠠᠯᠢᠬᠠᠨ ᠪᠠᠶᠢᠭ᠎ᠠ ᠶᠤᠮ᠃ | ᠲᠡᠶᠢᠮᠥ ᠠᠴᠠ ᠪᠢᠴᠢᠭᠲᠡᠬᠦ ᠶᠤᠰᠤ ᠪᠠ ᠬᠡᠯᠪᠡᠷᠢ ᠶᠢᠨ ᠬᠤᠪᠢ ᠳᠤ ᠶᠠᠭᠠᠬᠢᠭᠰᠠᠨ ᠴᠤ ᠨᠢᠭᠡᠲᠦᠯᠲᠡᠢ ᠪᠠᠶᠢᠬᠤ ᠶᠤᠰᠤᠳᠠᠢ | ᠃ ᠬᠡᠷᠪᠡ ︽ ᠲᠤ ᠪᠠᠨ᠂ ᠳᠤ ᠪᠠᠨ︾ ᠢ ᠨᠡᠶᠢᠯᠡᠭᠦᠯᠵᠦ ᠬᠤᠪᠢᠷᠠᠭᠠᠵᠤ ᠪᠢᠴᠢᠬᠦ ᠳᠤ ᠬᠦᠷᠪᠡᠯ ᠪᠤᠰᠤᠳ ᠢ ᠨᠢ ᠪᠠᠰᠠ | ᠨᠡᠶᠢᠯᠡᠭᠦᠯᠵᠦ ᠬᠤᠪᠢᠷᠠᠭᠠᠵᠤ ᠪᠢᠴᠢᠬᠦ ᠬᠡᠷᠡᠭᠲᠡᠢ ᠪᠤᠯᠤᠨ᠎ᠠ᠃ ᠵᠢᠱᠢᠶᠡᠯᠡᠪᠡᠯ᠄ ︽ ᠠᠴᠠ ᠪᠠᠨ︾ ᠢ ︽ ᠠᠴᠠᠭᠠᠨ ᠡᠴᠡᠭᠡᠨ︾ | ᠂ ︽ ᠲᠠᠢ ᠪᠠᠨ︾ ᠢ ︽ ᠲᠠᠶᠢᠭᠠᠨ ᠲᠡᠶᠢᠬᠡᠨ︾᠂ ︽ ᠤ ᠪᠠᠨ︾ ᠢ ︽ᠨᠠᠶᠢᠭᠠᠨ ︵ ᠨᠠᠶᠢᠬᠠᠨ︶ ᠨᠡᠶᠢᠬᠡᠨ︾᠂ | ︽ ᠠᠴᠠ ᠨᠢ︾ ᠶᠢ ︽ᠡᠴᠡᠨᠢ︾᠂ ︽ ᠲᠠᠢ ᠨᠢ︾ ᠶᠢ ︽ᠲᠠᠶᠢᠨᠢ︾ ᠁ ᠭᠡᠬᠦ ᠮᠡᠲᠦ ᠪᠠᠷ ᠪᠢᠴᠢᠬᠦ ᠶᠤᠰᠤᠳᠠᠢ | ᠪᠤᠯᠵᠤ ᠢᠷᠡᠨ᠎ᠡ ︵ᠡᠷᠲᠡᠨ ᠤ ᠪᠢᠴᠢᠭ ᠲᠤ ︽ ᠠᠴᠠᠭᠠᠨ ᠡᠴᠡᠭᠡᠨ᠂ ᠲᠠᠶᠢᠭᠠᠨ ᠲᠡᠶᠢᠬᠡᠨ᠂ ᠶᠤᠭᠠᠨ ᠶᠦᠭᠡᠨ᠂ | ᠨᠠᠶᠢᠬᠠᠨ ᠨᠡᠶᠢᠬᠡᠨ︾ ᠭᠡᠵᠦ ᠪᠢᠴᠢᠵᠦ ᠴᠤ ᠪᠠᠶᠢᠭᠰᠠᠨ︶᠃ ᠢᠩᠭᠢᠭᠰᠡᠭᠡᠷ ᠴᠣᠬᠤᠮ ᠶᠡᠭᠡ ᠶᠠᠷᠰᠢᠭ ᠪᠤᠯᠬᠤ ᠨᠢ ᠡ︕ | ᠠᠳᠠᠯᠢ ᠶᠤᠰᠤᠭᠠᠷ ᠦᠭᠬᠦ ᠣᠷᠤᠰᠢᠬᠤ ᠶᠢᠨ ᠲᠡᠶᠢᠨ ᠢᠯᠭᠠᠯ ᠤᠨ ᠳᠠᠭᠠᠪᠤᠷᠢ ︽ ᠲᠤ ᠳᠤ︾ ᠪᠤᠯᠤᠨ ᠬᠤᠶᠠᠳᠤᠭᠠᠷ | ᠪᠤᠶᠤ ᠭᠤᠷᠪᠠᠳᠤᠭᠠᠷ ᠪᠡᠶ᠎ᠡ ᠶᠢᠨ ᠬᠠᠮᠢᠶᠠᠳᠠᠭᠤᠯᠬᠤ ᠳᠠᠭᠠᠪᠤᠷᠢ ︽ ᠨᠢ︾ ᠶᠢ ᠤᠭᠰᠠᠷᠠᠭᠤᠯᠤᠨ ᠬᠡᠷᠡᠭᠯᠡᠬᠦ ᠦᠶ᠎ᠡ ᠳᠤ | ᠬᠠᠰᠢ ᠯᠨ ︽ ᠲᠤ ᠨᠢ᠂ ᠳᠤ ᠨᠢ︾ ᠬᠡᠵᠦ ᠳᠤᠰ ᠳᠤᠰ ᠲᠤ ᠨᠢ ᠰᠠᠯᠭᠠᠵᠤ ᠪᠢᠴᠢᠪᠡᠯ ᠵᠤᠬᠢᠨ᠎ᠠ᠃ ᠬᠡᠷᠪᠡ | ︽ ᠲᠤᠨᠢ ᠳᠤᠨᠢ︾ ᠭᠡᠵᠦ ᠨᠡᠶᠢᠯᠡᠭᠦᠯᠵᠦ ᠪᠢᠴᠢᠪᠡᠯ ᠪᠠᠰᠠ ᠴᠤ ᠰᠠᠮᠠᠭᠤᠷᠠᠭᠤᠯᠵᠤ ᠪᠠᠶᠢᠭ᠎ᠠ ᠬᠡᠷᠡᠭ ᠪᠤᠯᠤᠨ᠎ᠠ᠃ | ᠡᠳᠡᠭᠡᠷ ᠳᠠᠭᠠᠪᠤᠷᠢ ᠶᠢ ᠳᠤᠰ ᠳᠤᠰ ᠢᠶᠠᠷ ᠨᠢ ᠰᠠᠯᠭᠠᠵᠤ ᠪᠢᠴᠢᠪᠡᠯ ᠪᠠᠭᠰᠢ ᠨᠠᠷ ᠵᠢᠭᠠᠬᠤ ᠳᠤ ᠴᠤ ᠮᠠᠰᠢ | ᠳᠦᠭᠦᠮ ᠪᠣᠯᠵᠣ ︽ ᠲᠤ︾ ᠨᠢ ᠶᠠᠭᠤᠨ ᠤ ᠳᠠᠭᠠᠪᠤᠷᠢ᠂ ︽ ᠪᠠᠨ︾ ᠨᠢ ᠶᠠᠭᠤᠨ ᠤ ᠳᠠᠭᠠᠪᠤᠷᠢ ᠭᠡᠵᠦ ᠲᠦᠷᠢᠮ | ᠭᠤᠷᠢᠮ ᠳᠤ ᠨᠡᠶᠢᠴᠡᠭᠦᠯᠥᠨ ᠵᠦᠪ ᠨᠡᠷᠡᠯᠡᠵᠦ ᠣᠨᠣᠪᠴᠢᠲᠠᠢ ᠵᠢᠭᠠᠵᠤ ᠴᠢᠳᠠᠨ᠎ᠠ᠃ ᠬᠡᠷᠪᠡ ᠨᠡᠶᠢᠯᠡᠭᠦᠯᠥᠭᠡᠳ | ᠪᠢᠴᠢᠬᠦ ᠳᠤ ᠬᠦᠷᠪᠡᠯ ᠵᠦᠪᠬᠡᠨ ︽ᠡᠷᠲᠡᠨ ᠤ ᠪᠢᠴᠢᠭ ᠲᠤ ᠢᠩᠭᠢᠵᠦ ᠪᠢᠴᠢᠳᠡᠭ ᠪᠠᠶᠢᠭᠰᠠᠨ︾ ᠭᠡᠵᠦ ᠯᠨ | ᠶᠠᠷᠢᠳᠠᠭ ᠠᠴᠠ ᠪᠢᠰᠢ᠂ ᠬᠠᠷᠢᠨ ︽ᠶᠠᠭᠤᠨ ᠤ ᠶᠠᠮᠠᠷ ᠳᠠᠭᠠᠪᠤᠷᠢ︾ ᠭᠡᠵᠦ ᠳᠤᠱᠬᠢᠳᠠᠯᠠ ᠨᠡᠷᠡᠯᠡᠵᠦ ᠳᠤᠳᠤᠷᠬᠠᠢ | ᠳᠤᠰᠢᠶᠠᠵᠤ ᠴᠢᠳᠠᠬᠤ ᠦᠭᠡᠢ᠃ ᠡᠭᠦᠨ ᠢᠶᠠᠷ ᠦᠯᠦ ᠪᠠᠷᠠᠮ ︽ ᠤ ︵v᠂ u︶᠂ ᠲ᠊ ︵ᠳ᠋᠊︶᠂ ᠪ᠊ ︵b︶︾ | ᠵᠡᠷᠭᠡ ᠬᠡᠲᠦᠨ ᠠᠪᠢᠶ᠎ᠠ ᠣᠯᠠᠨ ᠥᠭᠡᠷ᠎ᠡ ᠠᠪᠢᠶ᠎ᠠ ᠪᠤᠯᠤᠨ ᠬᠤᠪᠢᠷᠠᠵᠤ ᠣᠯᠠᠮ ᠶᠠᠷᠰᠢᠭ ᠪᠣᠢ ᠪᠣᠯᠣᠨ᠎ᠠ᠃ | ᠬᠤᠶᠠᠷ | ︽ ᠲᠤ ᠬᠢ᠂ ᠳᠤ ᠬᠢ ︵ ᠲᠠᠬᠢ ᠳᠠᠬᠢ︶︾ ᠶᠢᠨ ︽ ᠬᠢ᠂ ᠬᠢᠨ︾ ᠢ ᠱ᠊ · ᠯᠣᠪᠰᠠᠩᠸᠠᠩᠳᠠᠨ ᠤ ︽ᠣᠷᠴᠢᠨ | ᠴᠠᠭ ᠤᠨ ᠮᠣᠩᠭᠤᠯ ᠬᠡᠯᠨ︾ ᠳᠤ ︽ᠨᠡᠷ᠎ᠡ ᠦᠭᠡ ᠶᠢᠨ ᠵᠦᠢᠯ ᠠᠴᠠ ᠪᠣᠳᠠᠳᠤ ᠨᠡᠷ᠎ᠡ ᠡᠭᠦᠰᠭᠡᠬᠦ ᠳᠠᠭᠠᠪᠤᠷᠢ︾ ᠭᠡᠵᠦ | ᠳᠠᠶᠢᠯᠪᠤᠷᠢᠯᠠᠭᠰᠠᠨ ᠪᠠᠶᠢᠨ᠎ᠠ᠃ ᠲᠡᠭᠡᠬᠦ ᠳᠤ ᠪᠠᠨ ︽ ᠬᠢ᠂ ᠬᠢᠨ ᠢ ᠬᠠᠷᠢᠶᠠᠯᠠᠬᠤ ᠪᠠ ᠦᠭᠬᠦ ᠣᠷᠤᠰᠢᠬᠤ ᠶᠢᠨ ᠲᠡᠶᠢᠨ | ᠢᠯᠭᠠᠯ ᠤᠨ ᠬᠡᠯᠪᠡᠷᠢᠲᠦ ᠦᠭᠡᠨ ᠳᠤ ᠵᠠᠯᠭᠠᠨ᠎ᠠ᠃ ︽︿ ᠬᠢ﹀ ᠶᠢ ᠬᠠᠷᠢᠶᠠᠯᠠᠬᠤ ᠶᠢᠨ ᠲᠡᠶᠢᠨ ᠢᠯᠭᠠᠯ ᠤᠨ ᠬᠡᠯᠪᠡᠷᠢᠲᠦ | ᠦᠭᠡᠨ ᠳᠤ ᠵᠠᠯᠭᠠᠪᠠᠯ ᠠᠯᠢ ᠨᠢᠭᠡᠨ ᠤ ᠬᠠᠮᠢᠶᠠᠳᠤ ᠬᠦᠮᠥᠨ ᠶᠠᠭᠤᠮ᠎ᠠ ᠶᠢ ᠵᠢᠭᠠᠭᠰᠠᠨ ᠨᠡᠷ᠎ᠡ ᠦᠭᠡ ᠡᠭᠦᠰᠭᠡᠨ᠎ᠡ᠂ | ᠦᠭᠬᠦ ᠣᠷᠤᠰᠢᠬᠤ ᠶᠢᠨ ᠲᠡᠶᠢᠨ ᠢᠯᠭᠠᠯ ᠤᠨ ᠬᠡᠯᠪᠡᠷᠢᠲᠦ ᠦᠭᠡᠨ ᠳᠤ ᠵᠠᠯᠭᠠᠪᠠᠯ ᠠᠯᠢ ᠨᠢᠭᠡᠨ ᠬᠦᠮᠥᠨ ᠶᠠᠭᠤᠮ᠎ᠠ ᠶᠢᠨ | ᠣᠷᠤᠰᠢᠬᠤ ᠣᠷᠤᠨ ᠢ ᠵᠢᠭᠠᠭᠰᠠᠨ ᠨᠡᠷ᠎ᠡ ᠦᠭᠡ ᠡᠭᠦᠰᠭᠡᠨ᠎ᠡ︾᠂ ︽︿ ᠬᠢᠨ﹀ ᠢ ᠬᠠᠷᠢᠶᠠᠯᠠᠬᠤ ᠪᠣᠶᠣ ᠦᠭᠬᠦ | ᠣᠷᠤᠰᠢᠬᠤ ᠶᠢᠨ ᠲᠡᠶᠢᠨ ᠢᠯᠭᠠᠯ ᠤᠨ ᠬᠡᠯᠪᠡᠷᠢᠲᠦ ᠦᠭᠡᠨ ᠳᠤ ᠵᠠᠯᠭᠠᠪᠠᠯ ᠠᠯᠢ ᠨᠢᠭᠡᠨ ᠤ ᠬᠠᠮᠢᠶᠠᠳᠤ ᠬᠦᠮᠥᠨ ᠭᠡᠰᠡᠨ | ᠤᠳᠬ᠎ᠠ ᠪᠦᠬᠦᠢ ᠪᠣᠳᠠᠳᠤ ᠨᠡᠷ᠎ᠡ ᠶᠢ ᠡᠭᠦᠰᠭᠡᠨ᠎ᠡ︾ ᠭᠡᠵᠦ ᠳᠤᠰ ᠳᠤᠰ ᠳᠤᠳᠤᠷᠬᠠᠶᠢᠯᠠᠪᠠ᠃ ᠲᠡᠭᠡᠭᠡᠳ ᠠᠬ᠎ᠠ ᠶᠢᠨ | + ᠬᠢ ︵ ᠬᠢᠨ︶ ᠊᠊᠊᠊᠊ ᠠᠬ᠎ᠠ ᠶᠢᠨ ᠬᠢ᠂ ᠠᠬ᠎ᠠ ᠶᠢᠨ ᠬᠢᠨ︔ ᠮᠠᠨ ᠤ + ᠬᠢ ︵ ᠬᠢᠨ︶ ᠊᠊᠊᠊᠊᠊᠊ ᠮᠠᠨᠤᠬᠢ᠂ | ᠮᠠᠨᠤᠬᠢᠨ ︵ᠪᠣᠰᠤᠳ ᠲᠤᠯᠢ ᠪᠢᠴᠢᠭ ᠪᠠ ᠨᠣᠮ ᠵᠣᠬᠢᠶᠠᠯ ᠳᠤ ᠮᠠᠨᠠᠶᠢᠬᠢ᠂ ᠮᠠᠨᠠᠶᠢᠬᠢᠨ ᠁ ᠭᠡᠵᠦ ᠪᠢᠴᠢᠲᠡᠭ ᠨᠢ | ᠴᠤ ᠪᠣᠢ︶︔ ᠲᠡᠲᠡᠨ ᠤ + ᠬᠢ ︵ ᠬᠢᠨ︶ ᠊᠊᠊᠊᠊ ᠲᠡᠲᠡᠨ ᠤ ᠬᠢ᠂ ᠲᠡᠲᠡᠨ ᠤ ᠬᠢᠨ︔ ᠮᠢᠨᠦ + ᠬᠢ ᠊᠊᠊᠊᠊ ᠮᠢᠨᠦᠬᠢ | ︔ ᠬᠤᠳᠠ ᠶᠢᠨ + ᠬᠢ ︵ ᠬᠢᠨ︶ ᠊᠊᠊᠊᠊ ᠬᠤᠳᠠ ᠶᠢᠨ ᠬᠢ᠂ ᠬᠤᠳᠠ ᠶᠢᠨ ᠬᠢᠨ︔ ᠪᠡᠭᠡᠵᠢᠩ ᠤᠨ + ᠬᠢ ︵ ᠬᠢᠨ︶ | ᠊᠊᠊᠊᠊ ᠪᠡᠭᠡᠵᠢᠩ ᠤᠨ ᠬᠢ᠂ ᠪᠡᠭᠡᠵᠢᠩ ᠤᠨ ᠬᠢᠨ︔ ᠠᠽᠢᠶ᠎ᠠ ᠳᠤ + ᠬᠢ ᠊᠊᠊᠊᠊ ᠠᠽᠢᠶ᠎ᠠ ᠳᠠᠬᠢ︔ ᠲᠡᠯᠡᠬᠡᠢ ᠳᠤ | + ᠬᠢ ᠊᠊᠊᠊᠊ ᠲᠡᠯᠡᠬᠡᠢ ᠳᠠᠬᠢ ᠁ ᠭᠡᠬᠦ ᠮᠡᠲᠦ ᠪᠠᠷ ᠵᠢᠱᠢᠶ᠎ᠡ ᠦᠵᠡᠭᠦᠯᠪᠡ᠃ ᠵᠢᠱᠢᠶ᠎ᠡ ᠳᠤ ᠰᠠᠯᠭᠠᠵᠤ ᠪᠢᠴᠢᠭᠰᠡᠨ | ᠪᠠ ᠨᠡᠶᠢᠯᠡᠭᠦᠯᠵᠦ ᠪᠢᠴᠢᠭᠰᠡᠨ ᠬᠤᠶᠠᠷ ᠶᠠᠩᠵᠤ ᠶᠢᠨ ᠬᠡᠯᠪᠡᠷᠢ ᠢᠯᠡᠷᠡᠭᠰᠡᠨ ᠪᠦᠭᠡᠳ ᠠᠪᠢᠶ᠎ᠠ ᠬᠤᠪᠢᠷᠠᠭᠰᠠᠨ ᠪᠠ ᠡᠰᠡ | ᠬᠤᠪᠢᠷᠠᠭᠰᠠᠨ ᠬᠤᠶᠠᠷ ᠵᠦᠢᠯ ᠤᠨ ᠪᠢᠴᠢᠯᠭᠡ ᠴᠤ ᠪᠣᠢ ᠪᠣᠯᠪᠠ᠃ ᠡᠨᠡ ᠨᠢ ᠵᠦᠪ ᠪᠢᠴᠢᠯᠭᠡ ᠪᠤᠶᠤ ᠲᠦᠷᠢᠮᠵᠢᠭᠦᠨ | ᠪᠢᠴᠢᠯᠭᠡ ᠳᠤ ᠶᠡᠭᠡ ᠶᠠᠷᠰᠢᠭ ᠤᠴᠠᠷᠠᠭᠤᠯᠤᠭᠰᠠᠨ ᠪᠦᠭᠡᠳ ᠪᠠᠭᠰᠢ ᠨᠠᠷ ᠤᠨ ᠲᠠᠶᠢᠯᠪᠤᠷᠢᠯᠠᠬᠤ ᠳᠤ ᠴᠤ ᠲᠤᠩ | ᠲᠦᠪᠡᠭ ᠪᠣᠯᠭᠠᠪᠠ᠃ | ᠲᠡᠭᠡᠲᠦ ᠰᠤᠷᠭᠠᠭᠤᠯᠢ ᠳᠤ ᠵᠣᠷᠢᠭᠤᠯᠤᠭᠰᠠᠨ ︽ᠣᠷᠴᠢᠨ ᠴᠠᠭ ᠤᠨ ᠮᠣᠩᠭᠤᠯ ᠬᠡᠯᠨ︾ ᠳᠤ ︽ ᠬᠢ᠂ ᠬᠢᠨ︾ | ᠳᠠᠭᠠᠪᠤᠷᠢ ᠶᠢᠨ ᠲᠤᠬᠠᠢ ᠲᠠᠶᠢᠪᠤᠷᠢᠯᠠᠬᠤ ᠳᠤ ᠪᠠᠨ᠄ ︽ᠬᠠᠷᠢᠶᠠᠯᠠᠬᠤ ᠶᠢᠨ ᠲᠡᠶᠢᠨ ᠢᠯᠭᠠᠯᠲᠤ ᠨᠡᠷ᠎ᠡ ᠦᠭᠡ᠂ | ᠲᠦᠯᠥᠭᠡᠨ ᠤ ᠦᠭᠡ ᠬᠢᠭᠡᠳ ᠨᠡᠷ᠎ᠡ ᠦᠭᠡ ᠶᠢᠨ ᠴᠢᠨᠠᠷᠳᠠᠢ ᠵᠠᠷᠢᠮ ᠦᠭᠡᠨ ᠳᠤ ︿ ᠬᠢ﹀ ᠶᠢ ᠵᠠᠯᠭᠠᠪᠠᠯ ᠣᠤᠯ ᠬᠦᠮᠥᠨ | ᠂ ᠶᠠᠭᠤᠮ᠎ᠠ ᠶᠢᠨ ᠬᠠᠷᠢᠶᠠᠨ ᠤ ᠪᠤᠶᠤ ᠬᠠᠮᠢᠶᠠᠳᠠᠢ ᠪᠣᠯᠬᠤ ᠤᠳᠬ᠎ᠠ ᠶᠢ︔ ︿ ᠬᠢᠨ﹀ ᠢ ᠵᠠᠯᠭᠠᠪᠠᠯ ᠬᠠᠷᠢᠶᠠᠨ ᠤ ᠬᠠᠮ | ᠣᠯᠠᠨ ᠪᠤᠶᠤ ᠬᠠᠮᠢᠶᠠᠳᠠᠢ ᠬᠦᠮᠥᠰ ᠪᠣᠯᠬᠤ ᠤᠳᠬ᠎ᠠ ᠶᠢ ᠵᠢᠭᠠᠭᠰᠠᠨ ᠨᠡᠷ᠎ᠡ ᠦᠬᠡ ᠶᠢ ᠳᠤᠰ ᠳᠤᠰ ᠡᠭᠦᠰᠭᠡᠨ᠎ᠡ︾ | ᠭᠡᠵᠦ ᠳᠤᠳᠤᠷᠬᠠᠶᠢᠯᠠᠭᠠᠳ ︽ᠤᠯᠤᠰ ᠤᠨ ᠬᠢ᠂ ᠠᠩᠭᠢ ᠶᠢᠨ ᠬᠢᠨ᠂ ᠮᠢᠨᠦᠬᠢ᠂ ᠤᠷᠠᠨ ᠰᠠᠶᠢᠬᠠᠨ ᠤ ᠬᠢᠨ᠂ | ᠭᠠᠳᠠᠭᠠᠳᠤ ᠶᠢᠨ ᠬᠢᠨ ᠁︾ ᠭᠡᠬᠦ ᠮᠡᠲᠦ ᠪᠠᠷ ᠵᠢᠱᠢᠶᠡᠯᠡᠪᠡ᠃ ᠡᠭᠦᠨ ᠳᠤ ︽ᠮᠢᠨᠦᠬᠢ︾ ᠭᠡᠲᠡᠭ ᠦᠭᠡ ᠠᠴᠠ | ᠪᠣᠰᠤᠳ ᠢ ᠨᠢ ᠪᠦᠷ ᠰᠠᠯᠭᠠᠵᠤ ᠪᠢᠴᠢᠪᠡ᠃ | ᠨᠡᠷ᠎ᠡ ᠦᠭᠡ ︵ᠨᠡᠷ᠎ᠡ ᠦᠭᠡ ᠶᠢᠨ ᠴᠢᠨᠠᠷᠳᠠᠢ ᠵᠠᠷᠢᠮ ᠦᠭᠡ ᠴᠤ ᠪᠠᠭᠳᠠᠨ᠎ᠠ︶ ᠠᠴᠠ ᠨᠡᠷ᠎ᠡ ᠦᠭᠡ ᠡᠭᠦᠰᠭᠡᠬᠦ | ᠳᠠᠭᠠᠪᠤᠷᠢ ᠶᠢ ᠶᠤᠰᠤᠨ ᠳᠤ ᠪᠠᠨ ᠨᠡᠶᠢᠯᠡᠭᠦᠯᠵᠦ ᠪᠢᠴᠢᠲᠡᠭ ᠵᠢᠷᠤᠮ ᠲᠠᠢ ᠶᠣᠮ᠃ ᠭᠠᠭᠴᠠ ᠳᠤᠰ ᠳᠠᠭᠠᠪᠤᠷᠢ ᠡᠮᠥᠨᠡᠬᠢ | ᠦᠭᠡ ︵ᠦᠨᠳᠦᠰᠦ︶ ᠲᠠᠢ ᠪᠠᠨ ᠲᠡᠶᠢᠨ ᠢᠯᠭᠠᠯ ᠢᠶᠠᠷ ᠵᠠᠭᠠᠭᠯᠠᠭᠳᠠᠭᠰᠠᠨ ᠪᠣᠯᠬᠤᠷ ᠰᠢᠭᠤᠳ ᠵᠠᠯᠭᠠᠵᠤ ᠪᠢᠴᠢᠬᠦ ᠳᠤ | ᠪᠡᠷᠬᠡ ᠳᠤᠯᠭᠠᠷᠠᠪᠠ᠃ ᠲᠡᠶᠢᠮᠥ ᠠᠴᠠ ᠲᠡᠭᠡᠷᠡᠬᠢ ᠦᠭᠡᠨ ᠤ ᠪᠠᠶᠢᠳᠠᠯ ᠢ ᠨᠢ ᠦᠵᠡᠵᠦ ᠨᠡᠶᠢᠯᠡᠭᠦᠯᠵᠦ ᠪᠢᠴᠢᠬᠦ ᠪᠠ | ᠰᠠᠯᠭᠠᠵᠤ ᠪᠢᠴᠢᠬᠦ ᠬᠡᠲᠦᠨ ᠵᠦᠢᠯ ᠤᠨ ᠪᠠᠶᠢᠳᠠᠯ ᠪᠣᠢ ᠪᠣᠯᠪᠠ᠃ ᠬᠡᠯᠡᠨ ᠵᠦᠢ ᠤᠯᠠᠮ ᠠᠴᠠ ᠤᠯᠠᠮ ᠲᠦᠷᠢᠮᠵᠢᠨ | ᠵᠢᠷᠤᠮᠵᠢᠵᠤ ᠡᠲᠦᠷ ᠠᠴᠠ ᠡᠲᠦᠷ ᠰᠢᠨᠵᠢᠯᠡᠬᠦ ᠤᠬᠠᠭᠠᠨᠴᠢ ᠵᠦᠭ ᠬᠦᠭᠵᠢᠵᠦ ᠪᠠᠶᠢᠳᠠᠭ ᠶᠤᠰᠤᠲᠠᠢ᠃ ᠡᠨᠡ ᠬᠦ ᠵᠢᠮ᠎ᠡ | ᠵᠢᠷᠤᠮ ᠢ ᠦᠨᠳᠦᠰᠦᠯᠡᠵᠦ ︽ᠨᠡᠷ᠎ᠡ ᠦᠭᠡ ︵ᠨᠡᠷ᠎ᠡ ᠦᠭᠡ ᠶᠢᠨ ᠴᠢᠨᠠᠷᠳᠠᠢ ᠵᠠᠷᠢᠮ ᠦᠭᠡ ᠴᠤ ᠪᠠᠭᠳᠠᠨ᠎ᠠ︶ ᠶᠢᠨ | ᠵᠦᠢᠯ ᠠᠴᠠ ᠨᠡᠷ᠎ᠡ ᠡᠭᠦᠰᠭᠡᠬᠦ ᠳᠠᠭᠠᠪᠤᠷᠢ︾ ᠪᠣᠯᠬᠤ ︽ ᠬᠢ᠂ ᠬᠢᠨ︾ ᠢ ᠴᠤ ︽ ᠲᠤ ᠪᠠᠨ᠂ ᠳᠤ ᠪᠠᠨ︾ ᠲᠠᠢ | ᠠᠳᠠᠯᠢᠬᠠᠨ ᠢᠶᠠᠷ ᠪᠦᠷ ᠰᠠᠯᠤᠩᠬᠢᠳᠠ ᠪᠢᠴᠢᠪᠡᠯ ᠶᠠᠮᠠᠷ︖ ᠵᠢᠱᠢᠶᠡᠯᠡᠪᠡᠯ᠄ ᠠᠬ᠎ᠠ ᠶᠢᠨ ᠬᠢ᠂ ᠠᠬ᠎ᠠ ᠶᠢᠨ ᠬᠢᠨ︔ | ᠮᠠᠨ ᠤ + ᠬᠢ ︵ ᠬᠢᠨ︶ ᠊᠊᠊᠊᠊᠊᠊ ᠮᠠᠨ ᠤ ᠬᠢ᠂ ᠮᠠᠨ ᠤ ᠬᠢᠨ︔ ᠲᠡᠲᠡᠨ ᠤ + ᠬᠢ ︵ ᠬᠢᠨ︶ ᠊᠊᠊᠊᠊᠊᠊ ᠲᠡᠲᠡᠨ ᠤ ᠬᠢ | ᠂ ᠲᠡᠲᠡᠨ ᠤ ᠬᠢᠨ︔ ᠭᠡᠷ ᠲᠤ ᠬᠢ᠂ ᠠᠶᠢᠯ ᠳᠤ ᠬᠢ᠂ ᠲᠢᠪ ᠲᠤ ᠬᠢ᠂ ᠲᠡᠯᠡᠬᠡᠢ ᠳᠤ ᠬᠢ᠂ ᠁ ᠭᠡᠬᠦ ᠮᠡᠲᠦ ᠪᠠᠷ | ᠪᠢᠴᠢᠴᠢᠬᠡᠪᠡᠯ ᠰᠠᠶᠢᠨ︕ ᠢᠩᠬᠢᠴᠢᠭᠡᠭᠰᠡᠭᠡᠷ ᠬᠡᠯᠡᠨ ᠵᠦᠢ ᠶᠢᠨ ᠲᠦᠷᠢᠮᠵᠢᠯ ᠪᠠ ᠵᠢᠷᠤᠮᠵᠢᠯ ᠳᠤ ᠠᠰᠢᠭᠳᠠᠢ ᠪᠠᠶᠢᠵᠤ᠂ | ᠵᠢᠭᠠᠨ ᠰᠤᠷᠭᠠᠯᠳᠠ ᠳᠤ ᠴᠤ ᠪᠠᠷᠢᠵᠤ ᠲᠦᠰᠢᠬᠦ ᠶᠤᠰᠤ ᠲᠦᠷᠢᠮ ᠲᠠᠢ ᠪᠣᠯᠵᠤ᠂ ᠰᠤᠷᠴᠤ ᠬᠡᠷᠡᠭᠯᠡᠬᠦ ᠳᠤ ᠰᠠᠮᠠᠭᠤᠷᠠᠯ | ᠪᠠ ᠡ᠊ᠠᠳᠡᠭᠦᠷᠡᠯ ᠦᠭᠡᠢ ᠪᠣᠯᠣᠨ᠎ᠠ᠃ | ᠠᠳᠠᠯᠢ ᠶᠤᠰᠤᠭᠠᠷ ︽ᠮᠢᠨᠦ ᠬᠢ᠂ ᠴᠢᠨᠦ ᠬᠢ᠂ ᠭᠠᠳᠠᠨ᠎ᠠ ᠬᠢ᠂ ᠳᠤᠳᠤᠨ᠎ᠠ ᠬᠢ᠂ ᠨᠠᠮ᠎ᠠ ᠶᠢ᠂ ᠴᠢᠮ᠎ᠠ ᠶᠢ᠂ | ᠨᠠᠳᠠ ᠳᠤ᠂ ᠨᠠᠮ᠎ᠠ ᠳᠤ᠂ ᠴᠢᠮ᠎ᠠ ᠳᠤ︾ ᠬᠡᠮᠡᠨ ᠨᠢᠭᠡᠲᠦᠯ ᠲᠠᠢ ᠰᠠᠯᠭᠠᠨ ᠪᠢᠴᠢᠵᠦ ᠲᠦᠷᠢᠮᠵᠢᠬᠦᠯᠵᠦ ᠵᠢᠷᠤᠮᠵᠢᠭᠤᠯᠪᠠᠯ | ᠶᠠᠮᠠᠷ︖ | ᠵᠠ᠂ ᠪᠢᠳᠠ ᠬᠡᠯᠡᠨ ᠵᠦᠢ ᠶᠢᠨ ᠡᠲᠦᠷ ᠢᠷᠡᠬᠦᠶ᠎ᠡ ᠰᠢᠨᠵᠢᠯᠡᠬᠦ ᠤᠬᠠᠭᠠᠨᠴᠢᠯᠠᠬᠤ ᠪᠠ ᠲᠡᠭᠦᠯᠲᠡᠷᠵᠢᠬᠦ ᠶᠢᠨ | ᠳᠠᠭᠠᠤ ᠡᠶᠢᠨ ᠬᠦ ᠨᠢᠭᠡᠲᠦᠯᠲᠡᠢ ᠪᠣᠯᠭᠠᠬᠤ ᠬᠡᠷᠡᠭᠲᠡᠢ ᠵᠦᠢᠯ ᠢ ᠵᠠᠪᠠᠯ ᠨᠢᠭᠡᠲᠦᠯᠲᠡᠢ ᠪᠣᠯᠭᠠᠵᠤ ᠵᠢᠭᠠᠨ ᠰᠤᠷᠭᠠᠬᠤ ᠪᠠ | ᠰᠤᠷᠴᠤ ᠬᠡᠷᠡᠭᠯᠡᠬᠦ ᠳᠤ ᠲᠦᠷᠢᠮ ᠵᠢᠷᠤᠮ ᠲᠠᠢ ᠪᠣᠯᠭᠠᠵᠤ ᠶᠠᠪᠤᠪᠠᠯ ᠰᠠᠶᠢᠨ ᠭᠡᠵᠦ ᠵᠥᠪᠯᠡᠵᠦ ᠪᠠᠶᠢᠨ᠎ᠠ︕ | | |