ᠰᠤᠷᠭᠠᠨ ᠬᠦᠮᠥᠵᠢᠯ ᠤᠨ ᠶᠠᠮᠤᠨ᠄ ᠰᠤᠷᠤᠯᠴᠠᠬᠤ ᠴᠢᠳᠠᠪᠤᠷᠢ ᠲᠠᠢ ᠰᠤᠷᠭᠠᠭᠤᠯᠢ ᠶᠢᠨ ᠨᠠᠰᠤᠨ ᠤ ᠵᠡᠮᠳᠡᠭ ᠬᠡᠤᠬᠡᠳ ᠪᠠᠭᠠᠴᠤᠳ ᠤᠨ ᠰᠤᠷᠤᠯᠭ᠎ᠠ ᠠᠯᠳᠠᠬᠤ ᠦᠬᠡᠢ ᠰᠤᠷᠤᠯᠭ᠎ᠠ ᠪᠠᠨ ᠲᠤᠷᠭᠤᠨ ᠵᠤᠭᠰᠤᠬᠤ ᠦᠬᠡᠢ ᠪᠠᠶᠢᠬᠤ ᠶᠢ ᠦᠨᠡᠨ ᠬᠦ ᠪᠠᠳᠤᠯᠠᠨ᠎ᠠ
ᠨᠡᠶᠢᠲᠡᠯᠡᠭᠰᠡᠨ ᠴᠠᠭ᠄
2020/7/1
     ᠠᠩᠬᠢ ᠲᠠᠭᠠᠵᠥ ᠰᠤᠷᠤᠯᠴᠠᠬᠤ ᠪᠤᠯ ᠵᠡᠮᠳᠡᠭ ᠬᠡᠤᠬᠡᠳ ᠪᠠᠭᠠᠴᠤᠳ ᠤᠨ ᠠᠯᠪᠠᠨ ᠵᠢᠷᠤᠮ ᠤᠨ ᠰᠤᠷᠭᠠᠨ ᠬᠦᠮᠥᠵᠢᠯ ᠢ ᠬᠦᠷᠳᠡᠬᠦ ᠴᠢᠬᠤᠯᠠ ᠠᠷᠭ᠎ᠠ ᠵᠠᠮ ᠪᠤᠯᠤᠨ᠎ᠠ᠃ ᠰᠤᠷᠪᠤᠯᠵᠢᠯᠠᠬᠴᠢ 28 ᠤ ᠡᠳᠤᠷ ᠰᠤᠷᠭᠠᠨ ᠬᠦᠮᠥᠵᠢᠯ ᠤᠨ ᠶᠠᠮᠤᠨ ᠠᠴᠠ ᠤᠶᠢᠢᠯᠠᠭᠠᠬᠰᠠᠠ ᠢᠶᠠᠷ᠂ ᠰᠤᠷᠭᠠᠨ ᠬᠦᠮᠥᠵᠢᠯ ᠤᠨ ᠶᠠᠮᠤᠨ ᠤᠶᠢᠷ᠎ᠠ ᠶᠢᠨ ᠡᠳᠤᠷ ︽ᠵᠡᠮᠳᠡᠭ ᠬᠡᠤᠬᠡᠳ ᠪᠠᠭᠠᠴᠤᠳ ᠤᠨ ᠠᠯᠪᠠᠨ ᠵᠢᠷᠤᠮ ᠤᠨ ᠰᠤᠷᠭᠠᠨ ᠬᠦᠮᠥᠵᠢᠯ ᠤᠨ ᠱᠠᠳᠤᠨ ᠤ ᠠᠩᠬᠢ ᠲᠠᠭᠠᠵᠥ ᠰᠤᠷᠤᠯᠴᠠᠬᠤ ᠠᠵᠢᠯ ᠢ ᠴᠢᠩᠭᠠᠳᠬᠠᠬᠤ ᠲᠤᠬᠠᠢ ᠵᠢᠯᠤᠭᠤᠳᠬᠤ ᠰᠠᠨᠠᠯ︾ ᠢ ᠲᠠᠷᠤᠮᠠᠯᠯᠠᠨ ᠲᠠᠷᠬᠠᠭᠠᠵᠥ᠂ ᠬᠠᠮᠢᠶ᠎ᠠ ᠪᠦᠬᠦᠢ ᠠᠵᠢᠯ ᠤᠨ ᠲᠤᠭᠳᠠᠴᠠ ᠶᠢ ᠤᠯᠠᠮ ᠴᠢᠨᠠᠬᠰᠢᠳᠠ ᠲᠡᠬᠦᠯᠳᠡᠷᠵᠢᠬᠦᠯᠵᠥ᠂ ᠵᠡᠮᠳᠡᠭ ᠬᠡᠤᠬᠡᠳ ᠪᠠᠭᠠᠴᠤᠳ ᠤᠨ ᠠᠩᠬᠢ ᠲᠠᠭᠠᠵᠥ ᠰᠤᠷᠤᠯᠴᠠᠵᠥ ᠬᠦᠭᠵᠢᠬᠦ ᠶᠢ ᠬᠠᠷᠰᠢᠯᠠᠵᠥ ᠪᠠᠶᠢᠭ᠎ᠠ ᠬᠠᠷᠰᠢ ᠰᠠᠭᠠᠳ ᠢ ᠠᠷᠢᠯᠭᠠᠵᠤ᠂ ᠠᠩᠬᠢ ᠲᠠᠭᠠᠵᠥ ᠰᠤᠷᠤᠯᠴᠠᠬᠤ ᠴᠢᠨᠠᠷ ᠴᠢᠨᠰᠠᠭ᠎ᠠ ᠶᠢ ᠲᠡᠬᠡᠭᠰᠢᠯᠡᠬᠦᠯᠬᠦ ᠪᠠᠷ ᠪᠠᠶᠢᠨ᠎ᠠ᠃      ᠰᠤᠷᠭᠠᠨ ᠬᠦᠮᠥᠵᠢᠯ ᠤᠨ ᠶᠠᠮᠤᠨ ᠤ ᠰᠠᠭᠤᠷᠢ ᠰᠤᠷᠭᠠᠨ ᠬᠦᠮᠥᠵᠢᠯ ᠤᠨ ᠵᠤᠷᠭᠠᠨ ᠤ ᠬᠠᠷᠢᠭᠤᠴᠠᠯᠭᠠᠳᠠᠨ᠂ ᠦᠨᠡᠯᠡᠨ ᠵᠢᠱᠢᠵᠥ ᠨᠤᠳᠠᠯᠠᠬᠤ ᠲᠠᠯ᠎ᠠ ᠪᠠᠷ᠂ ᠵᠢᠯᠤᠭᠤᠳᠬᠤ ᠰᠠᠨᠠᠯ ᠳᠤ ᠰᠢᠨᠵᠢᠯᠡᠬᠦ ᠤᠬᠠᠭᠠᠨᠴᠢ ᠦᠨᠡᠯᠡᠨ ᠵᠢᠱᠢᠵᠥ ᠨᠤᠳᠠᠯᠠᠬᠤ ᠲᠤᠭᠳᠠᠴᠠ ᠶᠢ ᠪᠦᠷᠢᠨᠰᠢᠬᠦᠯᠵᠥ᠂ ᠵᠡᠮᠳᠡᠭ ᠬᠡᠤᠬᠡᠳ ᠪᠠᠭᠠᠴᠤᠳ ᠢ ᠦᠨᠡᠯᠡᠨ ᠵᠢᠱᠢᠵᠥ ᠨᠤᠳᠠᠯᠠᠬᠤ ᠠᠵᠢᠯ ᠤᠨ ᠰᠢᠨᠵᠢᠯᠡᠬᠦ ᠤᠬᠠᠭᠠᠨᠴᠢ ᠪᠤᠰᠤ ᠪᠠᠶᠢᠬᠤ ᠠᠰᠠᠭᠤᠳᠠᠯ ᠢ ᠭᠤᠤᠯᠳᠠᠯᠭ᠎ᠠ ᠲᠠᠢ ᠰᠢᠢᠳᠪᠤᠷᠢᠯᠡᠨ᠎ᠠ ᠬᠡᠵᠥ ᠲᠤᠷᠠᠳᠴᠦ᠂ ᠵᠡᠮᠳᠡᠭᠴᠤᠳ ᠤᠨ ᠰᠤᠷᠭᠠᠨ ᠬᠦᠮᠥᠵᠢᠯ ᠤᠨ ᠲᠤᠰᠬᠠᠢ ᠮᠡᠷᠬᠡᠵᠢᠯᠳᠡᠨ ᠤ ᠵᠦᠪᠯᠡᠯ ᠤᠨ ᠦᠨᠡᠯᠡᠨ ᠵᠢᠱᠢᠵᠥ ᠨᠤᠳᠠᠯᠠᠬᠤ ᠦᠢᠯᠡᠳᠦᠯ ᠢ ᠪᠠᠳᠠᠷᠠᠭᠤᠯᠵᠥ᠂ ᠰᠢᠨᠵᠢᠯᠠᠬᠦ ᠤᠬᠠᠭᠠᠨᠴᠢ ᠲᠤᠭᠳᠠᠴᠠ ᠪᠠᠷ ᠵᠡᠮᠳᠡᠭ ᠬᠡᠤᠬᠡᠳ ᠪᠠᠭᠠᠴᠤᠳ ᠤᠨ ᠠᠩᠬᠢ ᠲᠠᠭᠠᠵᠥ ᠰᠤᠷᠤᠯᠴᠠᠬᠤ ᠳᠤ ᠲᠤᠬᠢᠷᠠᠬᠤ ᠡᠰᠡᠬᠦ ᠶᠢ ᠲᠤᠭᠳᠠᠭᠠᠬᠤ ᠶᠢᠨ ᠬᠠᠮᠳᠤ ᠰᠤᠷᠭᠠᠭᠤᠯᠢ ᠶᠢᠨ ᠨᠠᠰᠤᠨ ᠤ ᠵᠡᠮᠳᠡᠭ ᠰᠤᠷᠤᠭᠴᠢ ᠶᠢ ᠵᠢᠭᠰᠠᠭᠠᠨ ᠪᠠᠶᠢᠴᠠᠭᠠᠬᠤ ᠠᠵᠢᠯ ᠢ ᠰᠠᠶᠢᠳᠤᠷ ᠬᠢᠵᠥ᠂ ᠲᠦᠪᠬᠢᠨᠡᠬᠦᠯᠬᠦ ᠠᠵᠢᠯ ᠤᠨ ᠡᠬᠡ ᠲᠠᠩᠰᠠ ᠭᠠᠷᠭᠠᠵᠥ᠂ ᠪᠤᠳᠠᠳᠠᠢ ᠤᠷᠤᠰᠢᠵᠥ ᠪᠠᠶᠢᠭ᠎ᠠ ᠬᠡᠷ ᠪᠦᠯᠢ ᠪᠤᠯᠤᠨ ᠰᠤᠷᠭᠠᠭᠤᠯᠢ ᠶᠢᠨ ᠮᠠᠷᠭᠤᠭᠠᠨ ᠢ ᠪᠠᠭᠠᠰᠬᠠᠬᠤ ᠬᠡᠷᠡᠭᠳᠡᠢ ᠬᠡᠵᠥ ᠱᠠᠭᠠᠷᠳᠠᠪᠠ᠃ ᠰᠤᠷᠭᠠᠭᠤᠯᠢ ᠳᠤ ᠤᠷᠤᠭᠤᠯᠵᠥ ᠲᠦᠪᠬᠢᠨᠡᠬᠦᠯᠬᠦ ᠲᠡᠯ᠎ᠡ ᠪᠠᠷ᠂ ᠵᠢᠯᠤᠭᠤᠳᠬᠤ ᠰᠠᠨᠠᠯ ᠳᠤ ᠤᠶᠢᠢᠷ᠎ᠠ ᠬᠠᠪᠢ ᠳᠤᠨᠢ ᠲᠦᠪᠬᠢᠨᠡᠬᠦᠯᠬᠦ ᠲᠦᠷᠢᠮ ᠢ ᠪᠦᠷᠢᠨᠰᠢᠬᠦᠯᠵᠥ᠂ ᠵᠡᠮᠳᠡᠭ ᠬᠡᠤᠬᠡᠳ ᠪᠠᠭᠠᠴᠤᠳ ᠤᠨ ᠰᠤᠷᠭᠠᠨ ᠬᠦᠮᠥᠵᠢᠯ ᠢ ᠲᠦᠪᠬᠢᠨᠡᠬᠦᠯᠬᠦ ᠲᠠᠯ᠎ᠠ ᠪᠠᠷ ᠪᠤᠳᠠᠳᠠᠢ ᠪᠢᠰᠢ ᠪᠠᠶᠢᠭ᠎ᠠ ᠠᠰᠠᠭᠤᠳᠠᠯ ᠢ ᠭᠤᠤᠯᠳᠠᠯᠭ᠎ᠠ ᠲᠠᠢ ᠰᠢᠢᠳᠪᠤᠷᠢᠯᠡᠨ᠎ᠠ ᠬᠡᠵᠥ ᠲᠤᠷᠠᠳᠴᠥ᠂ ᠲᠦᠯᠥᠪᠵᠢᠬᠦᠯᠬᠡ ᠪᠠᠨ ᠴᠢᠩᠭᠠᠳᠬᠠᠵᠥ᠂ ᠰᠤᠷᠭᠠᠭᠤᠯᠢ ᠶᠢᠨ ᠰᠤᠷᠤᠭᠴᠢ ᠡᠯᠰᠡᠬᠦ ᠲᠦᠯᠥᠪᠯᠡᠭᠡ ᠶᠢ ᠨᠢᠬᠡᠳᠤᠯᠳᠡᠢ ᠲᠦᠯᠥᠪᠵᠢᠬᠦᠯᠵᠥ᠂ ᠠᠳᠠᠯᠢ ᠨᠦᠬᠦᠴᠡᠯ ᠲᠤᠤᠷ᠎ᠡ ᠵᠡᠮᠳᠡᠭ ᠬᠡᠤᠬᠡᠳ ᠪᠠᠭᠠᠴᠤᠳ ᠢ ᠤᠶᠢᠢᠷ᠎ᠠ ᠬᠠᠪᠢ ᠳᠤᠨᠢ ᠰᠤᠷᠭᠠᠭᠤᠯᠢ ᠳᠤ ᠤᠷᠤᠭᠤᠯᠬᠤ ᠪᠠᠷ ᠤᠷᠢᠳ ᠢᠶᠠᠷ ᠲᠤᠬᠢᠷᠠᠭᠤᠯᠬᠤ ᠬᠡᠷᠡᠭᠳᠡᠢ︔ ᠡᠬᠦᠨ ᠤ ᠵᠡᠷᠭᠡ ᠪᠠᠷ᠂ ᠲᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢ ᠶᠢᠨ ᠰᠤᠷᠭᠠᠭᠤᠯᠢ ᠶᠢᠨ ᠬᠠᠷᠢᠶᠠᠯᠠᠯ ᠤᠨ ᠬᠠᠮᠢᠶᠠᠷᠤᠯᠳᠠ ᠶᠢᠨ ᠮᠡᠳᠡᠭᠡ ᠵᠠᠩᠬᠢ ᠶᠢᠨ ᠰᠢᠰᠲ᠋ᠧᠮ ᠢ ᠠᠰᠢᠬᠯᠠᠨ ᠬᠢᠨᠠᠨ ᠬᠡᠮᠵᠢᠯᠳᠡ ᠪᠠᠨ ᠴᠢᠩᠭᠠᠳᠬᠠᠵᠥ᠂ ᠰᠤᠷᠤᠯᠴᠠᠬᠤ ᠴᠢᠳᠠᠪᠤᠷᠢ ᠲᠠᠢ ᠰᠤᠷᠭᠠᠭᠤᠯᠢ ᠶᠢᠨ ᠨᠠᠰᠤᠨ ᠤ ᠵᠡᠮᠳᠡᠭ ᠬᠡᠤᠬᠡᠳ ᠪᠠᠭᠠᠴᠤᠳ ᠤᠨ ᠰᠤᠷᠤᠯᠭ᠎ᠠ ᠠᠯᠳᠠᠬᠤ ᠦᠬᠡᠢ ᠰᠤᠷᠤᠯᠭ᠎ᠠ ᠪᠠᠨ ᠲᠤᠷᠭᠤᠨ ᠵᠤᠭᠰᠤᠬᠤ ᠦᠬᠡᠢ ᠪᠠᠶᠢᠬᠤ ᠶᠢ ᠦᠨᠡᠨ ᠬᠦ ᠪᠠᠳᠤᠯᠠᠬᠤ ᠬᠡᠷᠡᠭᠳᠡᠢ ᠬᠡᠵᠥ ᠱᠠᠭᠠᠷᠳᠠᠵᠠᠢ ᠬᠡᠵᠥ ᠲᠠᠨᠢᠯᠴᠠᠭᠤᠯᠪᠠ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号