ᠡᠩ ᠤᠨ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠪᠦᠬᠦ ᠤᠯᠤᠰ ᠤᠨ ᠨᠢᠭᠡᠳᠦᠯᠲᠡᠶ ᠰᠢᠯᠭᠠᠯᠲᠠ ᠶᠢᠨ | ᠴᠠᠭ ᠢ 6 ᠰᠠᠷ᠎ᠠ ᠶᠢᠨ 7 ᠤ ᠡᠳᠦᠷ ᠢᠶᠠᠷ ᠲᠣᠭᠲᠠᠭᠠᠭᠰᠠᠨ ᠠᠴᠠ ᠰᠡᠭᠦᠯᠡᠷ᠂ ᠡᠨᠡ ᠵᠢᠯ ᠠᠩᠬ᠎ᠠ ᠤᠳᠠᠭ᠎ᠠ | ᠬᠤᠶᠢᠰᠢᠯᠠᠭᠤᠯᠵᠠᠢ᠃ ᠤᠤᠯ ᠨᠢ ᠳᠡᠭᠡᠳᠦ ᠰᠤᠷᠭᠠᠭᠤᠯᠢ ᠳᠤ ᠳᠠᠪᠰᠢᠬᠤ ᠰᠢᠯᠭᠠᠯᠲᠠ ᠪᠠᠨ ᠰᠢᠯᠭᠠᠵᠤ ᠳᠠᠭᠤᠰᠤᠭᠰᠠᠨ | ᠪᠠᠶᠢᠬᠤ ᠶᠣᠰᠣᠲᠠᠢ ᠳᠡᠭᠡᠳᠦ ᠭᠤᠷᠪᠠ ᠶᠢᠨ ᠰᠤᠷᠤᠭᠴᠢᠳ᠂ ᠣᠲᠣ ᠮᠥᠨ ᠢᠷᠡᠭᠡᠳᠦᠶ ᠶᠢᠨ ᠢᠶᠠᠨ ᠲᠥᠯᠥᠭᠡ | ᠲᠡᠮᠡᠴᠡᠵᠦ ᠪᠠᠶᠢᠨ᠎ᠠ᠃ ᠰᠢᠨ᠎ᠡ ᠣᠷᠴᠢᠨ ᠨᠥᠬᠦᠴᠡᠯ ᠳᠣᠣᠷ᠎ᠠ᠂ ᠰᠢᠯᠭᠠᠯᠲᠠ ᠠᠴᠠ ᠡᠮᠦᠨᠡᠬᠢ ᠠᠷᠪᠠᠨ ᠬᠤᠨᠤᠭ ᠲᠤ᠂ | ᠰᠡᠳᠬᠢᠯ ᠰᠠᠨᠠᠭ᠎ᠠ ᠪᠠᠨ ᠲᠣᠭᠲᠠᠪᠤᠷᠢᠵᠢᠭᠤᠯᠬᠤ ᠪᠣᠯ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠨᠢᠭᠡᠳᠦᠯᠲᠡᠶ | ᠰᠢᠯᠭᠠᠯᠲᠠ ᠳᠤ ᠢᠯᠠᠯᠲᠠ ᠤᠯᠬᠤ ᠶᠢᠨ ᠵᠠᠩᠭᠢᠯᠠᠭ᠎ᠠ ᠪᠣᠯᠤᠨ᠎ᠠ᠃ | ᠬᠠᠮᠤᠭ ᠡᠴᠦᠰ ᠤᠨ ᠰᠢᠪᠲᠤᠯᠤᠯᠲᠠ ᠶᠢᠨ ᠱᠠᠲᠤᠨ ᠳᠤ᠂ ᠰᠢᠯᠭᠠᠭᠤᠯᠤᠭᠴᠢ ᠶᠢᠨ ᠰᠡᠳᠬᠢᠯ ᠰᠠᠨᠠᠭ᠎ᠠ ᠨᠢ ᠨᠠᠩ | ᠴᠢᠬᠤᠯᠠ᠂ ᠡᠲᠡᠭᠡᠷ ᠪᠣᠳᠣᠯ ᠠᠴᠠ ᠰᠡᠷᠡᠮᠵᠢᠯᠡᠬᠦ ᠬᠡᠷᠡᠭᠲᠡᠶ᠄ | 1. ᠬᠠᠵᠢᠭ ᠪᠠᠶᠢᠭᠰᠠᠨ ᠠᠴᠠ ᠪᠠᠨ ᠰᠠᠵᠢᠭ ᠪᠣᠯᠬᠤ᠂ ᠳᠠᠪᠲᠠᠯᠭ᠎ᠠ ᠳᠤ ᠳᠤᠲᠠᠭᠳᠠᠯ ᠪᠠᠶᠢᠬᠤ ᠪᠤᠶᠤ | ᠲᠥᠰᠥᠭᠡᠳᠦᠭᠦᠯᠦᠭᠰᠡᠨ ᠰᠢᠯᠭᠠᠯᠲᠠ ᠶᠢᠨ ᠬᠢᠷᠢ ᠪᠦᠲᠦᠮᠵᠢ ᠨᠢ ᠰᠠᠶᠢᠨ ᠪᠢᠰᠢ ᠭᠡᠳᠡᠭ ᠢᠶᠠᠨ ᠮᠡᠳᠡᠭᠡᠳ᠂ ᠣᠭᠤᠷᠬᠤ | ᠰᠡᠳᠬᠢᠯᠭᠡ ᠡᠬᠦᠰᠬᠦ᠃ | 2. ᠪᠤᠰᠤᠳ ᠤᠨ ᠥᠪᠡᠷ ᠲᠤ ᠨᠢ ᠥᠭᠭᠦᠭᠰᠡᠨ ᠦᠨᠡᠯᠡᠯᠲᠡ ᠶᠢ ᠮᠠᠰᠢ ᠠᠩᠬᠠᠷᠴᠤ᠂ ᠪᠤᠰᠤᠳ ᠤᠨ ᠳᠠᠪᠲᠠᠬᠤ | ᠪᠠᠶᠢᠳᠠᠯ ᠪᠠ ᠳᠠᠪᠲᠠᠬᠤ ᠠᠬᠢᠴᠠ ᠶᠢ ᠬᠡᠲᠦᠷᠬᠡᠶ ᠠᠩᠬᠠᠷᠬᠤ᠃ | 3. ᠳᠡᠶᠢᠯᠦᠮᠡᠲᠡᠭᠡᠢ᠂ ᠨᠡᠷᠡᠯᠬᠡᠭ ᠰᠡᠳᠬᠢᠯ ᠢᠶᠠᠷ ᠴᠢᠩᠭ᠎ᠠ᠂ ᠬᠡᠳᠦ ᠥᠨᠳᠥᠷ ᠵᠢᠱᠢᠯᠲᠡ ᠲᠠᠢ ᠪᠠᠶᠢᠬᠤ᠃ | 4. ᠭᠤᠲᠤᠷᠠᠩᠭᠤᠢ ᠰᠡᠳᠬᠢᠯᠭᠡ ᠲᠠᠢ᠂ ᠥᠪᠡᠷ ᠢ ᠪᠠᠨ ᠰᠡᠵᠢᠭᠯᠡᠵᠦ᠂ ᠰᠢᠯᠭᠠᠯᠲᠠ ᠳᠤ ᠬᠠᠨᠳᠤᠬᠤ ᠢᠲᠡᠭᠡᠯ | ᠦᠭᠡᠢ ᠪᠠᠶᠢᠬᠤ᠃ | 5. ᠵᠣᠪᠠᠵᠤ ᠭᠠᠴᠢᠭᠳᠠᠨ᠂ ᠪᠡᠶ᠎ᠡ ᠪᠠᠨ ᠭᠤᠯᠣᠵᠤ ᠭᠤᠲᠤᠷᠠᠭᠠᠳ᠂ ᠥᠪᠡᠷ ᠤᠨ ᠬᠠᠷᠠᠯᠲᠠ ᠪᠠᠨ ᠪᠡᠶᠡᠯᠡᠭᠦᠯᠵᠦ | ᠴᠢᠳᠠᠬᠤ ᠠᠴᠠ ᠠᠶᠤᠬᠤ᠃ | ᠰᠢᠯᠭᠠᠯᠲᠠ ᠲᠣᠬᠢᠶᠠᠯᠳᠤᠬᠤ ᠪᠠᠷ ᠰᠡᠳᠬᠢᠯ ᠵᠣᠪᠠᠨ ᠭᠠᠴᠢᠭᠳᠠᠬᠤ ᠪᠣᠯ ᠰᠤᠷᠤᠭᠴᠢᠳ ᠤᠨ ᠳᠤᠮᠳᠠ ᠦᠷᠭᠦᠯᠵᠢ | ᠬᠠᠷᠠᠭᠳᠠᠳᠠᠭ ᠨᠢᠭᠡ ᠵᠦᠢᠯ ᠤᠨ ᠰᠡᠳᠬᠢᠴᠡ ᠶᠢᠨ ᠪᠠᠶᠢᠳᠠᠯ ᠪᠣᠯᠤᠨ᠎ᠠ᠃ ᠰᠤᠷᠤᠭᠴᠢᠳ ᠰᠢᠯᠭᠠᠯᠲᠠ ᠶᠢ ᠠᠷᠭᠠᠴᠠᠬᠤ | ᠦᠵᠡᠭᠳᠡᠯ ᠤᠨ ᠰᠡᠳᠡᠯᠲᠡ ᠶᠢᠨ ᠳᠣᠣᠷ᠎ᠠ᠂ ᠰᠢᠯᠭᠠᠯᠲᠠ ᠶᠢᠨ ᠦᠷ᠎ᠡ ᠳ᠋ᠦᠩ ᠳᠤ ᠳᠡᠩᠳᠡᠭᠦᠦ ᠶᠡᠭᠡ ᠰᠠᠨᠠᠭᠠᠰᠢᠷᠠᠯ ᠪᠠ | ᠴᠢᠬᠤᠯᠠᠴᠢᠯᠠᠯ ᠠᠴᠠ ᠪᠣᠯᠤᠭᠰᠠᠨ ᠨᠢᠭᠡ ᠵᠦᠢᠯ ᠤᠨ ᠰᠡᠳᠬᠢᠴᠡ ᠶᠢᠨ ᠤᠷᠪᠠᠯ ᠤᠨ ᠪᠠᠶᠢᠳᠠᠯ ᠮᠦᠨ᠃ ᠳᠠᠷᠤᠯᠲᠠ ᠨᠢ | ᠬᠤᠶᠠᠷ ᠲᠠᠯᠠᠲᠤ ᠴᠢᠨᠠᠷ ᠲᠠᠢ ᠪᠣᠯᠬᠤᠷ ᠵᠣᠬᠢᠬᠤ ᠳᠠᠷᠤᠯᠲᠠ ᠨᠢ ᠤᠷᠮᠠᠰᠢᠭᠤᠯᠬᠤ ᠦᠢᠯᠡᠳᠦᠯ ᠭᠠᠷᠭᠠᠨ᠂ | ᠰᠢᠯᠭᠠᠯᠲᠠ ᠶᠢᠨ ᠬᠢᠷᠢ ᠪᠦᠲᠦᠮᠵᠢ ᠶᠢ ᠳᠡᠭᠡᠭᠰᠢᠯᠡᠭᠦᠯᠬᠦ ᠳᠤ ᠲᠤᠰᠠᠲᠠᠢ᠂ ᠭᠡᠪᠡᠴᠦ ᠳᠠᠷᠤᠯᠲᠠ ᠨᠢ ᠬᠡᠳᠦ ᠶᠡᠭᠡ ᠪᠣᠯᠪᠠᠯ | ᠡᠰᠡᠷᠭᠦᠦ ᠦᠢᠯᠡᠳᠦᠯ ᠦᠵᠡᠭᠦᠯᠦᠨ᠎ᠡ᠃ | ᠰᠢᠯᠭᠠᠯᠲᠠ ᠠᠴᠠ ᠡᠮᠦᠨᠡᠬᠢ ᠰᠠᠶᠢᠨ ᠰᠠᠶᠢᠬᠠᠨ ᠰᠡᠳᠬᠢᠴᠡ ᠶᠢᠨ ᠪᠠᠶᠢᠳᠠᠯ ᠪᠣᠯ ᠪᠣᠳᠠᠲᠤ ᠬᠦᠴᠦᠨ ᠢᠶᠠᠨ | ᠪᠠᠳᠠᠷᠠᠭᠤᠯᠬᠤ ᠳᠤ ᠬᠠᠪᠰᠤᠷᠬᠤ ᠴᠢᠬᠤᠯᠠ ᠨᠥᠬᠦᠴᠡᠯ ᠮᠥᠨ᠃ ᠶᠠᠭ ᠶᠠᠭᠠᠷᠠᠯᠲᠠᠢ ᠳᠠᠪᠲᠠᠵᠤ ᠪᠠᠶᠢᠭ᠎ᠠ ᠰᠤᠷᠤᠭᠴᠢᠳ | ᠭᠠᠳᠠᠭᠠᠳᠤ ᠣᠷᠴᠢᠨ ᠤ ᠨᠥᠯᠥᠭᠡ ᠠᠴᠠ ᠠᠯᠢ ᠴᠢᠳᠠᠬᠤ ᠪᠠᠷ ᠵᠠᠶᠢᠯᠠᠵᠤ᠂ ᠳᠡᠭᠡᠳᠦ ᠰᠤᠷᠭᠠᠭᠤᠯᠢ ᠳᠤ ᠳᠠᠪᠰᠢᠬᠤ | ᠰᠢᠯᠭᠠᠯᠲᠠ ᠶᠢ ᠬᠤᠶᠢᠰᠢᠯᠠᠭᠤᠯᠤᠭᠰᠠᠨ ᠠᠴᠠ ᠪᠣᠯᠤᠭᠰᠠᠨ ᠵᠣᠪᠠᠨᠢᠯ ᠢᠶᠠᠨ ᠲᠠᠶᠠᠭᠳᠠᠬᠤ ᠬᠡᠷᠡᠭᠲᠡᠢ᠃ ᠤᠴᠢᠷ ᠨᠢ | ᠰᠢᠯᠭᠠᠯᠲᠠ ᠶᠢ ᠬᠤᠶᠢᠰᠢᠯᠠᠭᠤᠯᠤᠭᠰᠠᠨ ᠡᠨᠡ ᠬᠦ ᠪᠣᠳᠠᠲᠤ ᠬᠡᠷᠡᠭ ᠪᠣᠯ ᠪᠣᠢ ᠪᠦᠬᠦᠢ ᠰᠢᠯᠭᠠᠭᠤᠯᠤᠭᠴᠢ ᠳᠤ | ᠬᠠᠨᠳᠤᠭᠤᠯᠤᠭᠰᠠᠨ ᠤᠴᠢᠷ ᠠᠴᠠ᠂ ᠣᠯᠠᠨ ᠢᠶᠠᠷ ᠢᠶᠠᠨ ᠮᠦᠨ ᠠᠳᠠᠯᠢ ᠨᠢᠭᠡᠨ ᠠᠬᠤᠢ ᠪᠠᠶᠢᠳᠠᠯ ᠳᠣᠣᠷ᠎ᠠ ᠡᠷᠬᠡ | ᠲᠡᠭᠰᠢ ᠪᠠᠷ ᠥᠷᠢᠰᠦᠯᠳᠦᠵᠦ ᠪᠠᠶᠢᠭ᠎ᠠ ᠪᠣᠯᠬᠤᠷ ᠡᠭᠦᠨ ᠠᠴᠠ ᠪᠣᠯᠵᠤ ᠴᠢᠬᠤᠯᠠ ᠪᠤᠰᠤ ᠳᠠᠷᠤᠯᠲᠠ ᠠᠪᠤᠭᠰᠠᠨ ᠤ | ᠬᠡᠷᠡᠭ ᠦᠭᠡᠢ᠃ ᠮᠡᠳᠡᠯᠭᠡ ᠶᠢ ᠰᠤᠷᠤᠯᠴᠠᠬᠤ ᠪᠠ ᠡᠵᠡᠮᠰᠢᠬᠦ ᠳᠡᠭᠡᠷ᠎ᠡ ᠠᠩᠬᠠᠷᠤᠯ ᠢᠶᠠᠨ ᠲᠠᠯᠪᠢᠬᠤ ᠬᠡᠷᠡᠭᠲᠡᠶ᠃ | ᠥᠪᠡᠷ ᠤᠨ ᠤᠷᠮ᠎ᠠ ᠰᠡᠳᠬᠢᠯᠭᠡ ᠨᠢ ᠬᠡᠯᠪᠡᠯᠵᠡᠯ ᠲᠠᠢ ᠪᠠᠶᠢᠬᠤ ᠶᠢ ᠰᠡᠷᠡᠵᠦ ᠮᠡᠳᠡᠪᠡᠯ ᠴᠠᠭ ᠲᠤᠬᠠᠢ ᠳᠤᠨᠢ ᠬᠥᠮᠦᠨ | ᠡᠷᠢᠨ ᠪᠣᠳᠣᠯ ᠰᠠᠨᠠᠯ ᠢᠶᠠᠨ ᠶᠠᠷᠢᠨ ᠰᠣᠯᠢᠯᠴᠠᠵᠤ᠂ ᠨᠠᠵᠠᠭᠠᠢ ᠰᠡᠳᠬᠢᠯᠭᠡ ᠪᠠᠨ ᠠᠷᠢᠯᠭᠠᠬᠤ ᠬᠡᠷᠡᠭᠲᠡᠢ᠂ ᠬᠠᠷᠢᠨ | ᠭᠠᠭᠴᠠᠭᠠᠷ ᠢᠶᠠᠨ ᠡᠭᠦᠷᠭᠡᠯᠡᠭᠰᠡᠨ ᠤ ᠬᠡᠷᠡᠭ ᠦᠭᠡᠢ᠃ ᠰᠢᠯᠭᠠᠭᠤᠯᠤᠭᠴᠢ ᠥᠪᠡᠷ ᠤᠨ ᠪᠡᠶ᠎ᠡ ᠳᠡᠭᠡᠨ ᠲᠣᠬᠢᠷᠠᠮᠵᠢᠲᠠᠶ | ᠪᠠᠶᠢᠷᠢ ᠲᠣᠭᠲᠠᠭᠠᠯᠲᠠ ᠪᠠ ᠦᠨᠡᠯᠡᠯᠲᠡ ᠥᠭᠴᠦ᠂ ᠬᠠᠷᠠᠯᠲᠠ ᠪᠠᠨ ᠲᠣᠳᠣᠷᠬᠠᠶᠢᠯᠠᠵᠤ᠂ ᠣᠳᠣᠬᠢ ᠪᠠᠶᠢᠳᠠᠯ ᠢ | ᠬᠦᠯᠢᠶᠡᠨ ᠠᠪᠴᠤ᠂ ᠯᠠᠪᠳᠠᠭᠤᠨ ᠪᠠᠲᠤᠲᠠᠶ ᠰᠤᠷᠤᠯᠴᠠᠬᠤ ᠶᠢᠨ ᠬᠠᠮᠲᠤ ᠪᠠᠰᠠ ᠥᠪᠡᠷ ᠤᠨ ᠴᠢᠳᠠᠪᠤᠷᠢ ᠪᠠᠨ | ᠬᠥᠮᠦᠵᠢᠭᠦᠯᠬᠦ ᠶᠢ ᠴᠢᠬᠤᠯᠠᠴᠢᠯᠠᠬᠤ ᠬᠡᠷᠡᠭᠲᠡᠶ᠃ ᠰᠢᠯᠭᠠᠭᠤᠯᠤᠭᠴᠢ ᠰᠢᠯᠭᠠᠯᠲᠠ ᠣᠶᠢᠷᠠᠳᠬᠤ ᠪᠠᠷ ᠥᠪᠡᠷ ᠤᠨ | ᠠᠮᠢᠳᠤᠷᠠᠯ ᠤᠨ ᠳᠠᠳᠬᠠᠯ ᠪᠠ ᠠᠵᠢᠯᠯᠠᠵᠤ ᠠᠮᠠᠷᠠᠬᠤ ᠴᠠᠭ ᠢᠶᠠᠨ ᠲᠣᠬᠢᠷᠠᠭᠤᠯᠬᠤ ᠶᠢ ᠠᠩᠬᠠᠷᠬᠤ ᠬᠡᠷᠡᠭᠲᠡᠶ᠃ ᠪᠠᠶᠢᠨ | ᠪᠠᠶᠢᠨ ᠠᠮᠠᠷᠠᠬᠤ ᠪᠣᠯ ᠬᠡᠲᠦᠷᠬᠡᠶ ᠪᠠᠴᠢᠮ ᠪᠠᠶᠢᠳᠠᠯ ᠢ ᠲᠣᠬᠢᠷᠠᠭᠤᠯᠬᠤ ᠪᠦᠲᠦᠮᠵᠢᠲᠡᠶ ᠠᠷᠭ᠎ᠠ ᠮᠥᠨ᠂ | ᠰᠢᠯᠭᠠᠭᠤᠯᠤᠭᠴᠢᠳ ᠠᠵᠢᠯᠯᠠᠵᠤ ᠠᠮᠠᠷᠠᠬᠤ ᠴᠠᠭ ᠢᠶᠠᠨ ᠲᠣᠬᠢᠷᠠᠭᠤᠯᠬᠤ ᠳᠠᠭᠠᠨ ᠡᠨᠡ ᠬᠦ ᠬᠦᠴᠦᠨ ᠵᠦᠢᠯ ᠢ | ᠪᠣᠳᠣᠯᠬᠢᠯᠠᠬᠤ ᠪᠣᠯᠣᠭᠠᠰᠠᠢ᠃ | ᠰᠣᠷᠣᠭᠴᠢ ᠠᠴᠠ ᠭᠠᠳᠠᠨ᠎ᠠ᠂ ᠰᠣᠷᠣᠭᠴᠢ ᠳᠤ ᠪᠠᠷ᠎ᠠ ᠪᠣᠯᠵᠣ ᠰᠢᠯᠭᠠᠯᠲᠠ ᠳᠤ ᠣᠷᠣᠯᠴᠠᠵᠤ ᠪᠠᠶᠢᠭ᠎ᠠ ᠬᠡᠷ ᠤᠨ | ᠠᠬᠠᠮᠠᠳ ᠴᠤ ᠠᠮᠠᠷᠬᠠᠨ ᠵᠣᠪᠠᠨᠢᠬᠤ ᠰᠡᠳᠬᠢᠯᠭᠡ ᠡᠭᠦᠰᠳᠡᠭ᠃ ᠮᠠᠰᠢ ᠣᠯᠠᠨ ᠭᠡᠷ ᠤᠨ ᠠᠬᠠᠮᠠᠳ ᠬᠡᠦᠬᠡᠳ ᠲᠤ ᠪᠠᠨ | ᠬᠡᠳᠦ ᠥᠨᠳᠥᠷ ᠬᠦᠰᠡᠯ ᠡᠪᠦᠷᠯᠡᠵᠦ ᠪᠠᠶᠢᠭ᠎ᠠ ᠪᠣᠯᠬᠤᠷ ᠰᠤᠷᠤᠭᠴᠢᠳ ᠲᠤ ᠬᠡᠳᠦ ᠶᠡᠭᠡ ᠠᠩᠬᠠᠷᠤᠯ ᠲᠠᠯᠪᠢᠳᠠᠭ᠃ | ᠵᠠᠷᠢᠮ ᠰᠤᠳᠤᠯᠭᠠᠨ ᠠᠴᠠ ᠦᠵᠡᠪᠡᠯ ᠭᠡᠷ ᠤᠨ ᠠᠬᠠᠮᠠᠳ ᠤᠨ ᠵᠣᠪᠠᠨᠢᠯ ᠨᠢ ᠰᠤᠷᠤᠭᠴᠢ ᠶᠢᠨ ᠵᠣᠪᠠᠨᠢᠯ ᠲᠠᠢ ᠳᠤᠮᠳᠠ | ᠵᠡᠷᠭᠡ ᠶᠢᠨ ᠬᠡᠮᠵᠢᠶᠡᠨ ᠤ ᠰᠢᠭᠤᠳ ᠬᠤᠯᠪᠣᠭ᠎ᠠ ᠲᠠᠢ ᠪᠠᠶᠢᠳᠠᠭ᠂ ᠰᠢᠯᠭᠠᠭᠤᠯᠤᠭᠴᠢ ᠳᠤ ᠲᠠᠯᠪᠢᠭᠰᠠᠨ ᠬᠡᠳᠦ ᠦᠨᠳᠦᠷ | ᠬᠦᠰᠡᠯ ᠡᠷᠡᠮᠡᠯᠵᠡᠯ ᠠᠴᠠ ᠪᠣᠯᠵᠤ ᠬᠡᠷ ᠤᠨ ᠠᠬᠠᠮᠠᠳ ᠥᠪᠡᠷ ᠢᠶᠠᠨ ᠰᠠᠨᠠᠭ᠎ᠠ ᠵᠣᠪᠠᠭ᠋ᠤ ᠲᠡᠳᠦᠶ ᠥᠬᠡᠶ | ᠰᠢᠯᠭᠠᠭᠤᠯᠤᠭᠴᠢ ᠶᠢᠨ ᠤᠷᠮ᠎ᠠ ᠰᠡᠳᠬᠢᠯᠭᠡ ᠪᠠ ᠳᠠᠷᠤᠯᠲᠠ ᠶᠢ ᠴᠤ ᠨᠥᠯᠥᠭᠡᠯᠡᠳᠡᠭ᠃ ᠭᠡᠷ ᠤᠨ ᠠᠬᠠᠮᠠᠳ | ᠬᠡᠦᠬᠡᠳ ᠤᠨ ᠰᠠᠨᠠᠯ ᠢ ᠰᠣᠨᠣᠰᠴᠤ ᠰᠤᠷᠬᠤ ᠬᠡᠷᠡᠭᠲᠡᠢ᠃ ᠭᠡᠷ ᠤᠨ ᠠᠬᠠᠮᠠᠳ ᠰᠢᠯᠭᠠᠭᠤᠯᠤᠭᠴᠢ ᠶᠢᠨ ᠰᠤᠷᠤᠯᠭ᠎ᠠ | ᠠᠮᠢᠳᠤᠷᠠᠯ ᠢ ᠬᠠᠯᠠᠮᠵᠢᠯᠠᠵᠤ ᠪᠣᠯᠤᠨ᠎ᠠ᠂ ᠭᠡᠪᠡᠴᠦ ᠳᠡᠩᠳᠡᠭᠦᠦ ᠭᠠᠷ ᠳᠦᠷᠦᠵᠦ ᠪᠣᠯᠬᠤ ᠦᠭᠡᠢ᠂ ᠬᠠᠷᠢᠨ | ᠬᠠᠷᠢᠴᠠᠩᠭᠤᠢ ᠪᠠᠷ ᠠᠭᠤᠵᠢᠭᠤ ᠲᠠᠭᠠᠯᠠᠮᠵᠢᠲᠠᠢ ᠣᠷᠴᠢᠨ ᠲᠣᠭᠤᠷᠢᠨ ᠢ ᠪᠦᠷᠢᠳᠦᠭᠦᠯᠵᠦ ᠥᠭᠬᠦ ᠬᠡᠷᠡᠭᠲᠡᠢ᠃ | ᠲᠤᠰ ᠵᠣᠬᠢᠶᠠᠯ ᠳᠤ ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠰᠡᠳᠬᠢᠴᠡ | ᠰᠤᠳᠤᠯᠬᠤ ᠭᠠᠵᠠᠷ ᠤᠨ ᠰᠤᠳᠤᠯᠤᠭᠴᠢ ᠡᠦ ᠷᠦᠢ ᠬᠤᠸᠠ ᠰᠢᠨᠵᠢᠯᠡᠬᠦ ᠤᠬᠠᠭᠠᠨᠴᠢ ᠪᠠᠷ ᠬᠢᠨᠠᠯᠲᠠ ᠲᠠᠯᠪᠢᠪᠠ᠃ | | |