︽ᠪᠠᠭᠰᠢ ᠪᠤᠯᠤᠬᠰᠡᠳ ᠤᠨ ᠬᠠᠷᠢᠭᠤᠴᠡᠯᠭ᠎ᠠ ᠵᠥᠪᠬᠡᠨ ᠡᠷᠳᠡᠮ ᠮᠡᠳᠡᠯᠬᠡ ᠵᠢᠭᠠᠬᠤ ᠳᠤ ᠪᠠᠶᠢᠬᠤ ᠪᠢᠰᠢ᠂ | ᠬᠠᠷᠢᠨ ᠰᠤᠷᠤᠭᠴᠢᠳ ᠲᠠᠭᠠᠨ ᠪᠡᠰᠡ ᠬᠥᠮᠦᠨ ᠪᠣᠯᠬᠤ ᠶᠤᠰᠤᠨ ᠢ ᠵᠢᠭᠠᠬᠤ ᠶᠤᠰᠤᠳᠡᠢ︔ ᠰᠤᠷᠤᠭᠴᠢᠳ ᠵᠥᠪᠬᠡᠨ | ᠨᠣᠮ ᠪᠢᠴᠢᠭ ᠢ ᠰᠤᠷᠤᠭᠠᠳ ᠯᠡ ᠪᠤᠯᠬᠤ ᠪᠢᠰᠢ᠂ ᠬᠠᠷᠢᠨ ᠬᠥᠮᠦᠨ ᠤ ᠠᠮᠢᠳᠤᠷᠠᠯ ᠤᠨ ᠠᠷᠭ᠎ᠠ ᠵᠠᠮ ᠢ ᠪᠡᠰᠡ ᠰᠤᠷᠬᠤ | ᠶᠤᠰᠤᠳᠡᠢ︾ ᠬᠡᠮᠡᠨ ᠤᠳᠤ ᠦᠶ᠎ᠡ ᠶᠢᠨ ᠰᠤᠷᠭᠠᠨ ᠬᠦᠮᠦᠵᠢᠯᠳᠡᠨ ᠲᠤᠤ ᠰᠢᠩ ᡁᠢ ᠤᠬᠠᠭᠠᠵᠤ ᠶᠡᠷᠢᠵᠤ ᠪᠠᠶᠢᠬᠰᠠᠡ ᠁ | 10 ᠭᠠᠷᠤᠢ ᠵᠢᠯ ᠪᠠᠭ᠎ᠠ ᠰᠤᠷᠭᠠᠭᠤᠯᠢ ᠶᠢᠨ ᠪᠠᠭᠰᠢ ᠶᠢᠨ ᠠᠯᠪᠡ ᠠᠵᠢᠯ ᠳᠤ ᠶᠡᠪᠤᠬᠰᠡᠨ ᠪᠢᠷ ᠢ ᠢᠳᠡᠬᠦᠯᠥᠭᠴᠢ | ᠶᠡᠷᠤ ᠨᠢ ᠳᠤᠤ ᠰᠢᠩ ᡁᠢ ᠠᠪᠤᠭᠠᠢ ᠶᠢᠨ ᠡᠨᠡ ᠬᠦ ᠰᠡᠨᠠᠭ᠎ᠠ ᠠᠬᠤᠢ ᠶᠢ ᠪᠤᠳᠡᠳᠡᠢ ᠠᠵᠢᠯ ᠳᠤᠮᠳᠡ ᠪᠠᠨ ᠤᠬᠠᠭᠠᠵᠤ | ᠰᠡᠷᠡᠵᠤ ᠥᠢᠯᠡᠳᠤᠯᠬᠡᠵᠢᠬᠦᠯᠵᠤ ᠶᠡᠪᠤᠬᠰᠡᠨ ᠪᠠᠶᠢᠳᠠᠬ᠃ | ᠲᠡᠶᠢᠮᠤ ᠡ︕ ᠬᠦᠮᠤᠨ ᠪᠤᠯᠬᠤ ᠳᠤ ᠪᠠᠭ᠎ᠠ ᠠᠴᠠ᠂ ᠬᠦᠯᠥᠭ ᠪᠤᠯᠬᠤ ᠳᠤ ᠤᠨᠡᠭᠠᠨ ᠠᠴᠠ ᠪᠠᠨ᠃ ᠬᠡᠬᠦ ᠳᠤ᠂ | ᠠᠵᠤ ᠠᠬᠤᠢ ᠨᠡᠶᠢᠬᠡᠮ ᠤᠨ ᠥᠳᠳᠡᠷ ᠳᠥᠷᠬᠡᠨ ᠬᠦᠭᠵᠢᠯᠳᠡ ᠶᠢ ᠳᠡᠭᠠᠯᠳᠤᠨ᠂ ᠬᠦᠮᠤᠰ ᠤᠨ ᠪᠡᠶ᠎ᠡ ᠰᠡᠳᠬᠢᠴᠡ ᠶᠢᠨ | ᠳᠡᠷᠤᠭᠠᠰᠤ ᠢᠯᠡᠳᠳᠡ ᠬᠦᠨᠳᠤᠷᠡᠵᠤ᠂ ᠡᠳᠤᠢ ᠳᠡᠳᠤᠢ ᠨᠡᠶᠢᠬᠡᠮ ᠤᠨ ᠠᠰᠡᠭᠤᠳᠡᠯ ᠴᠤ ᠡᠬᠦᠰᠴᠤ ᠪᠤᠢ᠃ ᠡᠶᠢᠮᠤᠷᠬᠦᠤ | ᠪᠠᠶᠢᠳᠡᠯ ᠳᠤᠤᠷ᠎ᠡ᠂ ᠪᠢᠳᠡ ᠡᠷᠬᠡᠪᠰᠢ ᠡᠳᠤᠷ ᠳᠤᠳᠤᠮ ᠳᠤᠷᠨᠢᠨ ᠥᠰᠴᠤ ᠪᠥᠬᠦᠢ ᠪᠠᠭ᠎ᠠ ᠰᠤᠷᠭᠠᠭᠤᠯᠢ ᠶᠢᠨ | ᠰᠤᠷᠤᠬᠴᠢᠳ ᠤᠨ ᠪᠡᠶ᠎ᠡ ᠰᠡᠳᠬᠢᠴᠡ ᠶᠢᠨ ᠡᠷᠡᠬᠦᠯ ᠮᠡᠨᠳᠤ ᠶᠢᠨ ᠠᠰᠡᠭᠤᠳᠡᠯ ᠢ ᠴᠤ ᠳᠡᠬᠡᠳᠤ ᠬᠡᠮᠵᠢᠶ᠎ᠡ ᠪᠠᠷ | ᠬᠦᠨᠳᠤᠳᠬᠡᠨ ᠴᠢᠬᠤᠯᠡᠴᠢᠯᠡᠵᠤ᠂ ᠨᠡᠶᠢᠬᠡᠮ ᠬᠡᠷ ᠪᠥᠯᠢ ᠰᠤᠷᠭᠠᠭᠤᠯᠢ ᠬᠠᠮᠵᠢᠯᠴᠡᠨ᠂ ᠥᠰᠪᠤᠷᠢ ᠶᠢᠨ ᠬᠡᠤᠬᠡᠳ ᠤᠨ | ᠪᠡᠶ᠎ᠡ ᠰᠡᠳᠬᠢᠴᠡ ᠶᠢᠨ ᠡᠷᠡᠬᠦᠯ ᠮᠡᠨᠳᠤ ᠬᠦᠭᠵᠢᠯᠳᠡ ᠶᠢ ᠬᠦᠳᠤᠯᠤᠨ ᠵᠢᠯᠤᠭᠤᠳᠬᠤ ᠬᠡᠷᠡᠭᠳᠡᠢ ᠪᠠᠶᠢᠨ᠎ᠡ᠃ ᠳᠡᠬᠡᠪᠡᠯ᠂ | ᠳᠤᠤᠷ᠎ᠡ ᠮᠡᠬᠦᠰ ᠪᠢᠷ ᠢ ᠢᠳᠡᠬᠦᠯᠥᠭᠴᠢ ᠠᠴᠠ ᠪᠠᠭ᠎ᠠ ᠰᠤᠷᠭᠠᠭᠤᠯᠢ ᠶᠢᠨ ᠰᠤᠷᠤᠬᠴᠢᠳ ᠤᠨ ᠪᠡᠶ᠎ᠡ ᠰᠡᠳᠬᠢᠴᠡ ᠶᠢᠨ | ᠤᠨᠴᠡᠯᠢᠬ᠂ ᠪᠠᠭ᠎ᠠ ᠰᠤᠷᠭᠠᠭᠤᠯᠢ ᠶᠢᠨ ᠰᠤᠷᠤᠬᠴᠢᠳ ᠲᠤ ᠪᠡᠶ᠎ᠡ ᠰᠡᠳᠬᠢᠴᠡ ᠶᠢᠨ ᠵᠢᠯᠤᠭᠤᠳᠤᠮᠵᠢ ᠬᠢᠬᠦ ᠠᠵᠢᠯ ᠤᠨ | ᠭᠤᠤᠯᠳᠡᠯᠭ᠎ᠠ ᠵᠡᠷᠬᠡ ᠬᠤᠶᠡᠷ ᠳᠡᠯ᠎ᠡ ᠠᠴᠠ ᠪᠠᠭ᠎ᠠ ᠰᠤᠷᠭᠠᠭᠤᠯᠢ ᠶᠢᠨ ᠰᠤᠷᠤᠬᠴᠢᠳ ᠲᠤ ᠬᠡᠷᠬᠢᠨ ᠡᠷᠡᠬᠦᠯ ᠮᠡᠨᠳᠤ ᠪᠡᠶ᠎ᠡ | ᠰᠡᠳᠬᠢᠴᠡ ᠶᠢᠨ ᠵᠢᠯᠤᠭᠤᠳᠤᠮᠵᠢ ᠬᠢᠬᠦ ᠳᠤᠬᠠᠢ ᠮᠥᠴᠢᠳ ᠪᠤᠳᠤᠯ ᠢᠶᠠᠨ ᠤᠯᠡᠨ ᠲᠠᠢ ᠬᠤᠪᠢᠶᠡᠯᠴᠡᠶᠡ᠃ | ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠪᠡᠶ᠎ᠡ ᠰᠡᠳᠬᠢᠴᠡ ᠶᠢᠨ ᠣᠨᠴᠠᠯᠢᠭ ᠶᠡᠮᠡᠷ ᠰᠢᠤ ᠪᠤᠢ⁈ | ᠨᠢᠬᠡ ᠳᠤ᠂ ᠰᠤᠷᠤᠯᠴᠠᠬᠤ ᠳᠤ ᠳᠤᠷ᠎ᠡ ᠥᠬᠡᠶᠢᠴᠡᠬᠦ ᠪᠤᠯᠤᠨ ᠠᠯᠵᠠᠭᠤ ᠵᠠᠯᠬᠠᠭᠤ ᠰᠡᠳᠬᠢᠴᠡ ᠶᠢᠨ ᠪᠠᠶᠢᠳᠡᠯ | ᠬᠠᠮᠳᠤ ᠤᠷᠤᠰᠢᠬᠤ᠃ ᠭᠤᠣᠯᠳᠠᠭᠤ᠄ ᠰᠡᠳᠬᠢᠯᠭᠡ ᠳᠡᠬᠡᠷ᠎ᠡ ᠪᠠᠨ ᠰᠤᠷᠤᠯᠴᠠᠬᠤ ᠳᠤ ᠨᠡᠵᠠᠭᠠᠢ ᠬᠠᠨᠳᠤᠵᠤ᠂ ᠦᠢᠯᠡ | ᠠᠵᠢᠯᠯᠠᠭ᠎ᠠ ᠳᠡᠭᠡᠷ᠎ᠡ ᠪᠠᠨ ᠰᠤᠷᠤᠯᠴᠠᠬᠤ ᠠᠵᠢᠯᠯᠠᠭ᠎ᠠ ᠠᠴᠠ ᠵᠠᠶᠢᠯᠡᠬᠤ ᠢᠯᠡᠷᠡᠯ ᠲᠠᠢ᠃ ᠡᠶᠢᠨ ᠬᠦ ᠰᠤᠷᠤᠭᠴᠢᠳ ᠤᠨ | ᠤᠶᠤᠨ ᠴᠢᠳᠠᠪᠤᠷᠢ ᠨᠢ ᠬᠡᠪ ᠤᠨ ᠪᠠᠶᠢᠵᠤ᠂ ᠴᠢᠨᠠᠭᠰᠢᠯᠠᠪᠠᠯ ᠵᠠᠷᠢᠮ ᠨᠢ ᠪᠠᠰᠠ ᠤᠯᠡᠨ ᠠᠴᠠ ᠬᠡᠳᠦ᠋ᠢᠳᠥᠭᠰᠡᠨ ᠤᠨᠴᠡ | ᠤᠶᠤᠨ ᠴᠢᠳᠡᠪᠤᠷᠢ ᠲᠠᠢ ᠪᠠᠶᠢᠳᠠᠭ᠃ ᠡᠭᠦᠨ ᠠᠴᠠ ᠦᠵᠡᠬᠦ ᠳᠤ᠂ ᠰᠤᠷᠤᠯᠴᠠᠬᠤ ᠳᠤ ᠳᠤᠷ᠎ᠠ ᠦᠭᠡᠶᠢᠴᠡᠬᠦ | ᠰᠡᠳᠬᠢᠴᠡ ᠶᠢᠨ ᠣᠯᠠᠩᠬᠢ ᠨᠢ ᠣᠶᠤᠨ ᠴᠢᠳᠠᠪᠤᠷᠢ ᠶᠢᠨ ᠪᠤᠰᠤ ᠡᠯᠧᠮᠧᠨ᠋ᠲ ᠠᠴᠠ ᠪᠣᠯᠵᠤ᠂ ᠠᠯᠵᠠᠭᠤ ᠵᠠᠯᠬᠠᠭᠤ | ᠪᠠᠶᠢᠬᠤ ᠨᠢ ᠰᠤᠷᠤᠯᠴᠠᠬᠤ ᠤᠷᠮ᠎ᠠ ᠪᠠᠬ᠎ᠠ ᠪᠠ ᠰᠤᠷᠤᠯᠴᠠᠬᠤ ᠬᠥᠳᠡᠯᠭᠡᠬᠦ ᠬᠦᠴᠦᠨ ᠬᠦᠷᠦᠯᠴᠡᠬᠦ ᠦᠭᠡᠢ ᠮᠠᠭᠤ | ᠳᠠᠳᠬᠠᠯ ᠠᠴᠠ ᠪᠤᠯᠤᠬᠰᠡᠨ ᠪᠠᠶᠢᠳᠠᠬ᠃ | ᠬᠤᠶᠡᠷ ᠲᠤ᠂ ᠪᠡᠶ᠎ᠡ ᠪᠠᠨ ᠳᠠᠭᠠᠭᠠᠬᠤ ᠪᠤᠯᠤᠨ ᠨᠢᠯᠬᠠᠰᠠᠬ ᠰᠡᠳᠬᠢᠴᠡ ᠶᠢᠨ ᠪᠠᠶᠢᠳᠡᠯ ᠬᠠᠮᠳᠤ ᠣᠷᠣᠰᠢᠬᠤ᠃ | ᠪᠠᠭ᠎ᠠ ᠰᠤᠷᠭᠠᠭᠤᠯᠢ ᠶᠢᠨ ᠰᠤᠷᠤᠬᠴᠢ ᠶᠢᠨ ᠡᠷᠳᠡᠮ ᠮᠡᠳᠡᠯᠬᠡ ᠰᠤᠷᠬᠤ ᠬᠦᠰᠡᠯ ᠮᠠᠰᠢ ᠲᠦᠷᠭᠡᠨ ᠬᠥᠭᠵᠢᠭᠰᠡᠨ | ᠪᠣᠯᠪᠠᠴᠤ ᠪᠡᠶ᠎ᠡ ᠪᠠᠨ ᠪᠠᠷᠢᠬᠤ ᠴᠢᠳᠠᠪᠤᠷᠢ ᠨᠢ ᠬᠠᠷᠢᠴᠡᠩᠭᠤᠢ ᠲᠣᠭᠲᠠᠪᠤᠷᠢ ᠦᠭᠡᠢ ᠪᠠᠶᠢᠵᠤ᠂ ᠪᠡᠶ᠎ᠡ ᠰᠡᠳᠬᠢᠴᠡ ᠶᠢᠨ | ᠬᠥᠭᠵᠢᠯᠲᠡ ᠶᠢᠨ ᠶᠡᠪᠤᠴᠡ ᠳᠤᠮᠳᠡ ᠪᠡᠶ᠎ᠡ ᠪᠠᠨ ᠳᠠᠭᠠᠭᠠᠬᠤ ᠴᠢᠨᠠᠷ ᠪᠤᠯᠤᠨ ᠨᠢᠯᠬᠠᠰᠠᠭ ᠴᠢᠨᠠᠷ ᠤᠨ ᠵᠥᠷᠢᠴᠡᠯ ᠡᠳᠦᠷ | ᠢᠷᠡᠬᠦᠶ᠎ᠡ ᠲᠣᠪᠤᠶᠢᠮ᠎ᠠ ᠪᠣᠯᠵᠤ᠂ ᠦᠷᠭᠦᠯᠵᠢ ᠡᠳᠡᠬᠡᠳ ᠵᠥᠷᠢᠬᠦᠤ ᠥᠪᠡᠷ ᠤᠨ ᠦᠵᠡᠯᠲᠡ ᠪᠠᠨ ᠪᠠᠷᠢᠮᠲᠠᠯᠠᠵᠤ᠂ | ᠣᠮᠣᠷᠬᠠᠭ ᠰᠠᠭᠰᠠᠭᠤ ᠳᠤᠷ᠎ᠠ ᠵᠣᠷᠢᠭ ᠢᠶᠠᠷ ᠢᠶᠠᠨ ᠠᠭᠠᠰᠢᠯᠠᠵᠤ᠂ ᠵᠠᠷᠢᠮ ᠳᠠᠭᠠᠨ ᠦᠢᠯᠡ ᠠᠵᠢᠯᠯᠠᠭ᠎ᠠ ᠨᠢ ᠨᠢᠯᠬᠠᠰᠠᠭ᠂ | ᠢᠨᠢᠶᠡᠳᠦᠮ ᠲᠠᠢ ᠴᠤ ᠪᠠᠶᠢᠳᠠᠭ᠃ | ᠭᠤᠷᠪᠡ ᠳᠤ᠂ ᠵᠤᠷᠢᠬᠳᠡᠢ ᠤᠷᠤᠭᠰᠢᠯᠠᠨ ᠳᠠᠪᠰᠢᠬᠤ ᠪᠤᠯᠤᠨ ᠪᠡᠶ᠎ᠡ ᠪᠠᠨ ᠭᠤᠯᠣᠵᠤ ᠭᠤᠲᠤᠷᠠᠬᠤ | ᠰᠡᠳᠬᠢᠴᠡ ᠶᠢᠨ ᠪᠠᠶᠢᠳᠡᠯ ᠬᠠᠮᠳᠤ ᠤᠷᠤᠰᠢᠬᠤ᠃ ᠪᠠᠭ᠎ᠠ ᠰᠤᠷᠭᠠᠭᠤᠯᠢ ᠶᠢᠨ ᠬᠤᠭᠤᠴᠠᠭᠠᠨ ᠳᠤ ᠣᠨᠴᠠ | ᠴᠢᠳᠠᠪᠤᠷᠢ ᠲᠠᠢ ᠬᠡᠦᠬᠡᠳ ᠠᠭᠠᠵᠢᠮ ᠢᠶᠠᠷ ᠳᠠᠪᠠᠭᠤᠯᠢᠭ ᠲᠠᠯ᠎ᠠ ᠪᠠᠨ ᠢᠯᠡᠷᠡᠭᠦᠯᠵᠦ᠂ ᠢᠲᠡᠭᠡᠯ ᠵᠣᠷᠢᠭ ᠨᠢ ᠡᠳᠦᠷ | ᠢᠷᠡᠬᠦᠶ᠎ᠡ ᠴᠢᠩᠭᠠᠷᠡᠨᠡ᠃ ᠬᠡᠶ᠎ᠡ᠂ ᠨᠥᠭᠦᠭᠡ ᠨᠢᠭᠡ ᠪᠦᠯᠦᠭ ᠰᠤᠷᠤᠭᠴᠢᠳ ᠢᠲᠡᠭᠡᠯ ᠵᠣᠷᠢᠭ ᠬᠦᠷᠦᠯᠴᠡᠬᠦ ᠥᠬᠡᠶ᠂ | ᠲᠤᠬᠠᠶᠢᠯᠠᠪᠠᠯ ᠢᠲᠡᠭᠡᠯ ᠥᠬᠡᠶ ᠪᠠᠶᠢᠳᠡᠯ ᠢᠯᠡᠷᠡᠵᠤ᠂ ᠬᠥᠮᠦᠰ ᠤᠨ ᠬᠠᠷᠢᠯᠴᠠᠭᠠᠨ ᠤ ᠳᠤᠮᠳᠠ ᠰᠠᠨᠠᠭᠠᠴᠢᠯᠠᠭᠠᠲᠤ ᠴᠢᠨᠡᠷ | ᠪᠠ ᠬᠠᠯᠠᠭᠤᠨ ᠰᠡᠳᠬᠢᠯᠭᠡ ᠳᠤᠲᠠᠮᠠᠭ ᠪᠠᠶᠢᠵᠤ᠂ ᠶᠡᠷᠦ ᠨᠢ ᠪᠤᠰᠤᠳ ᠤᠨ ᠥᠪᠡᠷ ᠤᠨ ᠪᠡᠶ᠎ᠡ ᠲᠠᠢ ᠨᠢ ᠣᠶᠢᠷᠠᠳᠬᠤ ᠶᠢ | ᠬᠦᠯᠢᠶᠡᠵᠦ᠂ ᠵᠤᠷᠢᠬᠳᠡᠢ ᠤᠷᠤᠭᠰᠢᠯᠠᠨ ᠳᠠᠪᠰᠢᠬᠤ ᠪᠤᠯᠤᠨ ᠪᠡᠶ᠎ᠡ ᠪᠠᠨ ᠭᠤᠯᠣᠵᠤ ᠭᠤᠲᠤᠷᠠᠬᠤ ᠪᠠᠶᠢᠳᠡᠯ ᠢᠯᠡᠷᠡᠵᠤ᠂ | ᠬᠠᠷᠢᠯᠴᠠᠭᠠᠨ ᠤ ᠬᠦᠷᠢᠶ᠎ᠡ ᠬᠡᠪᠴᠢᠶ᠎ᠡ ᠴᠤ ᠪᠡᠰᠡ ᠨᠡᠯᠢᠶᠡᠳ ᠢᠪᠴᠤᠤ ᠪᠠᠶᠢᠳᠠᠬ᠃ ᠪᠢᠳᠡ ᠡᠬᠦᠨ ᠤ ᠳᠤᠳᠤᠷᠡᠬᠢ | ᠳᠡᠯᠳᠡ ᠬᠡᠮ ᠢ ᠡᠷᠬᠡᠪᠰᠢ ᠠᠩᠬᠠᠷᠤᠯ ᠳᠠᠭᠠᠨ ᠠᠪᠬᠤ ᠬᠡᠷᠡᠭᠳᠡᠢ᠂ ᠤᠴᠢᠷ ᠨᠢ ᠪᠠᠶᠢᠳᠡᠯ ᠬᠦᠨᠳᠦ ᠨᠣᠴᠢᠲᠠᠢ ᠨᠢ | ᠭᠠᠭᠴᠠᠭᠠᠷᠳᠠᠮᠠᠯ ᠭᠡᠮ ᠪᠣᠯᠤᠨ ᠬᠥᠭᠵᠢᠵᠦ ᠮᠡᠳᠡᠨ᠎ᠡ᠃ | ᠳᠥᠷᠪᠡ ᠳᠤ᠂ ᠭᠠᠩᠰᠠᠷᠠᠬᠤ ᠪᠠ ᠭᠠᠭᠴᠠᠭᠠᠷᠳᠠᠬᠤ ᠰᠡᠳᠬᠢᠴᠡ ᠶᠢᠨ ᠪᠠᠶᠢᠳᠡᠯ ᠬᠠᠮᠳᠤ ᠤᠷᠤᠰᠢᠬᠤ᠃ ᠡᠨᠡ ᠨᠢ | ᠭᠤᠣᠯᠳᠠᠭᠤ᠄ ᠳᠤᠷ᠎ᠠ ᠰᠣᠨᠢᠷᠬᠠᠯ ᠪᠠᠯᠠᠷᠬᠠᠢ᠂ ᠨᠡᠵᠡᠭᠠᠢ ᠢᠳᠡᠪᠬᠢ ᠪᠤᠰᠤ᠂ ᠬᠡᠪ ᠤᠨ ᠠᠮᠢᠳᠤᠷᠠᠯ ᠰᠤᠷᠤᠯᠴᠡᠯᠭᠠ ᠳᠤ | ᠣᠷᠣᠯᠴᠠᠬᠤ ᠳᠤ ᠬᠦᠴᠢᠷᠲᠠᠢ ᠪᠠᠶᠢᠬᠤ ᠵᠡᠷᠬᠡ ᠳᠡᠯ᠎ᠡ ᠳᠤ ᠢᠯᠡᠷᠡᠵᠤ᠂ ᠵᠠᠷᠢᠮ ᠳᠠᠭᠠᠨ ᠪᠤᠰᠤᠳ ᠲᠠᠢ ᠶᠠᠪᠤᠯᠴᠠᠬᠤ ᠪᠠ | ᠨᠡᠶᠢᠭᠡᠮ ᠤᠨ ᠬᠡᠪ ᠤᠨ ᠬᠠᠷᠢᠯᠴᠠᠭ᠎ᠠ ᠪᠠᠶᠢᠭᠤᠯᠵᠤ ᠴᠢᠳᠠᠬᠤ ᠦᠭᠡᠢ ᠪᠠᠶᠢᠳᠠᠭ᠃ | ᠳᠡᠪᠤ ᠳᠤ᠂ ᠠᠲᠠᠭᠠᠷᠬᠠᠯ ᠪᠠ ᠵᠥᠷᠢᠭᠦᠳ ᠰᠡᠳᠬᠢᠴᠡ ᠶᠢᠨ ᠪᠠᠶᠢᠳᠡᠯ ᠬᠠᠮᠳᠤ ᠣᠷᠣᠰᠢᠬᠤ᠃ ᠵᠥᠷᠢᠬᠦᠳ | ᠪᠠᠶᠢᠳᠡᠯ ᠨᠢ ᠭᠤᠤᠯᠳᠡᠭᠤ ᠤᠴᠢᠷ ᠶᠠᠪᠤᠳᠠᠯ ᠬᠢᠬᠦ ᠳᠡᠭᠡᠨ ᠰᠠᠨᠠᠭ᠎ᠠ ᠪᠠᠷ ᠢᠶᠠᠨ ᠰᠠᠪᠠᠵᠤ᠂ ᠪᠤᠰᠤᠳ ᠤᠨ ᠰᠠᠨᠠᠯ ᠢ | ᠶᠡᠷᠦ ᠠᠴᠠ ᠬᠦᠯᠢᠶᠡᠨ ᠠᠪᠬᠤ ᠦᠭᠡᠢ ᠢᠯᠡᠷᠡᠯ ᠲᠠᠢ ᠪᠠᠶᠢᠵᠤ᠂ ᠠᠲᠠᠭᠠᠷᠬᠠᠬᠤ ᠪᠠᠶᠢᠳᠡᠯ ᠨᠢ ᠥᠪᠡᠷ ᠢ ᠬᠢ ᠠᠴᠠ ᠪᠠᠨ | ᠰᠢᠯᠢᠳᠡᠭ ᠬᠥᠮᠦᠨ ᠢ ᠪᠢᠰᠢᠷᠡᠬᠦ ᠦᠭᠡᠢ᠂ ᠳᠤᠷ᠎ᠠ ᠦᠭᠡᠶᠢᠴᠡᠬᠦ ᠵᠢᠴᠢ ᠭᠤᠨᠢᠵᠤ ᠭᠤᠲᠤᠷᠠᠬᠤ᠂ ᠬᠤᠷᠣᠰᠤᠨ ᠵᠠᠨᠤᠬᠤ | ᠵᠡᠷᠬᠡ ᠢᠯᠡᠷᠡᠯ ᠲᠠᠢ ᠪᠠᠶᠢᠳᠠᠬ᠃ | ᠳᠡᠬᠡᠪᠡᠯ᠂ ᠪᠠᠭ᠎ᠠ ᠰᠤᠷᠭᠠᠭᠤᠯᠢ ᠶᠢᠨ ᠰᠤᠷᠤᠬᠴᠢᠳ ᠲᠤ ᠪᠡᠶ᠎ᠡ ᠰᠡᠳᠬᠢᠴᠡ ᠶᠢᠨ ᠵᠢᠯᠤᠭᠤᠳᠤᠮᠵᠢ ᠬᠢᠬᠦ | ᠠᠵᠢᠯ ᠤᠨ ᠭᠤᠤᠯᠳᠡᠯᠭ᠎ᠠ ᠶᠡᠭᠤ ᠪᠤᠢ⁈ | ᠨᠢᠬᠡ ᠳᠤ᠂ ᠰᠤᠷᠤᠬᠴᠢ ᠪᠠᠨ ᠬᠦᠢᠴᠡᠳ ᠬᠦᠨᠳᠦᠳᠬᠡᠵᠤ᠂ ᠪᠤᠳᠤᠯ ᠰᠡᠳᠬᠢᠯ ᠤᠨ ᠥᠬᠡ ᠶᠢ ᠨᠢ ᠰᠡᠶᠢᠳᠤᠷ | ᠰᠣᠨᠣᠰᠬᠤ ᠬᠡᠷᠡᠭᠲᠡᠶ᠃ ᠵᠥᠪᠬᠡᠨ ᠪᠤᠰᠤᠳ ᠢ ᠬᠦᠨᠳᠦᠳᠬᠡᠪᠡᠯ ᠪᠤᠰᠤᠳ ᠬᠦᠮᠤᠨ ᠰᠡᠶ᠋ᠢ ᠴᠢᠮᠠᠶᠢᠢ ᠬᠦᠨᠳᠦᠳᠬᠡᠨ᠎ᠡ᠃ | ᠪᠠᠭ᠎ᠠ ᠰᠤᠷᠭᠠᠭᠤᠯᠢ ᠶᠢᠨ ᠰᠤᠷᠤᠬᠴᠢ ᠬᠡᠳᠦ᠋ᠢᠪᠡᠷ ᠨᠡᠰᠤ ᠪᠠᠭ᠎ᠠ ᠪᠤᠯᠪᠡᠴᠤ ᠮᠥᠨ ᠴᠢᠰᠤ ᠮᠢᠬ᠎ᠠ ᠲᠠᠢ᠂ ᠥᠪᠡᠷ ᠤᠨ | ᠪᠤᠳᠤᠯ ᠰᠡᠨᠠᠭ᠎ᠠ ᠲᠠᠢ ᠪᠥᠬᠡᠳ ᠬᠤᠪᠢ ᠶᠢᠨ ᠨᠡᠷ᠎ᠡ ᠬᠦᠨᠳᠦ ᠲᠠᠢ ᠪᠠᠶᠢᠳᠠᠬ᠃ ᠵᠢᠱᠢᠶᠡᠯᠡᠪᠡᠯ᠄ ᠰᠤᠷᠤᠭᠴᠢ ᠪᠠᠭᠰᠢ ᠪᠠᠨ | ᠡᠷᠢᠵᠦ ᠪᠤᠰᠤᠳ ᠢ ︽ᠵᠠᠭᠠᠯᠳᠤᠬᠤ︾ ᠦᠶ᠎ᠡ ᠳᠤ᠂ ᠪᠠᠭᠰᠢ ᠨᠢ ᠡᠷᠬᠡᠪᠰᠢ ᠰᠤᠷᠤᠭᠴᠢ ᠶᠢ ᠬᠦᠢᠴᠡᠳ ᠬᠦᠨᠳᠦᠳᠬᠡᠵᠤ | ᠂ ᠬᠦᠯᠢᠴᠡᠩᠭᠦᠶ ᠮᠥᠷᠲᠡᠭᠡᠨ ᠠᠯᠬᠤᠮ ᠲᠠᠷᠠᠭ᠎ᠠ ᠲᠠᠢ ᠪᠠᠷ ᠲᠡᠳᠡᠨ ᠢ ᠬᠥᠲᠥᠯᠥᠨ ᠵᠢᠯᠣᠭᠤᠳᠬᠤ ᠬᠡᠷᠡᠭᠲᠡᠶ᠃ ᠰᠢᠯᠢᠳᠡᠭ | ᠰᠡᠳᠬᠢᠴᠡ ᠶᠢᠨ ᠵᠥᠪᠯᠡᠯᠭᠡ ᠥᠭᠭᠦᠭᠴᠢ ᠨᠢ ᠡᠩ ᠲᠡᠷᠢᠭᠦᠨ ᠳᠤ ᠦᠨᠡᠨᠴᠢ ᠪᠥᠭᠡᠳ ᠰᠡᠴᠡᠨ ᠰᠡᠷᠭᠦᠯᠡᠩ | ᠰᠣᠨᠣᠰᠤᠭᠴᠢ ᠪᠠᠶᠢᠬᠤ ᠬᠡᠷᠡᠭᠲᠡᠢ᠃ ᠰᠣᠨᠣᠰᠬᠤ ᠳᠠᠭᠠᠨ ᠡᠶᠡᠯᠳᠡᠭ ᠵᠥᠬᠡᠯᠡᠨ᠂ ᠪᠡᠶᠡᠰᠤᠩᠭᠤᠢ᠂ ᠠᠩᠬᠠᠷᠤᠯ ᠢᠶᠠᠨ | ᠲᠥᠪᠯᠡᠷᠡᠭᠦᠯᠬᠦ ᠶᠢᠨ ᠬᠠᠮᠲᠤ᠂ ᠰᠤᠷᠤᠭᠴᠢᠳ ᠲᠠᠢ ᠵᠣᠬᠢᠬᠤ ᠵᠠᠶ ᠲᠠᠢ ᠪᠠᠶᠢᠬᠤ ᠶᠢ ᠠᠩᠬᠠᠷᠬᠤ ᠬᠡᠷᠡᠭᠲᠡᠶ᠃ | ᠵᠢᠱᠢᠶ᠎ᠡ ᠠᠴᠠ ᠨᠢᠬᠡ ᠳᠡᠳᠡᠪᠡᠯ᠄ ᠤᠤᠯ ᠨᠢ ᠪᠢᠷ ᠢ ᠢᠳᠡᠬᠦᠯᠥᠭᠴᠢ ᠶᠢᠨ ᠠᠩᠭᠢ ᠳᠤ ᠨᠢᠭᠡ ᠬᠦᠦ ᠶᠡᠷᠦ ᠨᠢ ︽ᠪᠠᠭ᠎ᠠ | ᠠᠯᠳᠠᠭ᠎ᠠ︾ ᠭᠠᠷᠭᠠᠵᠤ᠂ ᠬᠠᠮᠳᠤ ᠰᠤᠷᠤᠬᠴᠢ ᠨᠢ ᠥᠷᠬᠦᠯᠵᠢ ᠳᠡᠬᠦᠨ ᠢ ᠪᠠᠭᠰᠢ ᠳᠠᠭᠠᠨ ᠵᠠᠭᠠᠯᠳᠤᠵᠤ ᠪᠠᠶᠢᠯ᠎ᠡ᠃ | ᠨᠢᠭᠡ ᠤᠳᠠᠭ᠎ᠠ ᠠᠩᠬᠢ ᠶᠢᠨ ᠶᠠᠷᠢᠯᠴᠠᠭ᠎ᠠ ᠶᠢᠨ ᠬᠢᠴᠢᠶᠡᠯ ᠢᠶᠠᠷ ᠳᠡᠮᠵᠢᠵᠤ ᠶᠡᠯᠢᠮ ᠥᠬᠡᠢ ᠳᠤᠰ ᠰᠤᠷᠤᠬᠴᠢ ᠶᠢᠨ | ᠵᠥᠡᠭᠳᠡ ︽ᠠᠯᠳᠠᠭ᠎ᠠ︾ ᠭᠠᠷᠭᠠᠳᠠᠬ ᠰᠢᠯᠲᠠᠭᠠᠨ ᠢ ᠨᠢ ᠥᠢᠯᠡᠭᠠᠪᠡ᠃ ᠤᠤᠯ ᠨᠢ ᠳᠤᠰ ᠰᠤᠷᠤᠬᠴᠢ ᠶᠢᠨ ᠠᠪᠤ | ᠡᠵᠢ ᠨᠢ ᠨᠠᠰᠤ ᠠᠬᠢᠵᠤ᠂ ᠪᠡᠰᠡ ᠭᠡᠷ ᠤᠨ ᠮᠡᠯ ᠤᠨᠤᠭ᠎ᠠ ᠪᠠᠨ ᠳᠤᠳᠤᠮᠳᠡᠵᠤ᠂ ᠠᠵᠢᠯ ᠮᠡᠰᠢ ᠶᠡᠭᠠᠷᠡᠤ ᠪᠠᠶᠢᠵᠤ᠂ ᠠᠪᠤ | ᠡᠵᠢ ᠨᠢ ᠡᠳᠦᠷᠵᠢᠨ ᠭᠡᠷ ᠲᠡᠭᠡᠨ ᠪᠠᠶᠢᠶᠬᠤ ᠦᠭᠡᠢ᠂ ᠦᠷᠭᠦᠯᠵᠢ ᠲᠡᠭᠦᠨ ᠢ ᠭᠠᠭᠴᠠᠭᠠᠷ ᠬᠡᠷ ᠲᠡᠭᠡᠨ ᠬᠠᠶᠠᠳᠠᠭ᠃ | ᠡᠶᠢᠮᠤ ᠠᠴᠠ᠂ ᠳᠡᠷᠡ ᠵᠤᠷᠢᠭᠤᠳᠡ ᠪᠠᠭ᠎ᠠ ᠠᠯᠳᠠᠭ᠎ᠠ ᠭᠠᠷᠭᠠᠵᠤ᠂ ᠠᠪᠤ ᠡᠵᠢ ᠶᠢᠨ ᠢᠶᠠᠨ ᠠᠩᠬᠠᠷᠤᠯ ᠢ ᠳᠡᠳᠡᠬᠤ ᠶᠢ | ᠪᠤᠳᠤᠵᠤ᠂ ᠴᠢᠨᠠᠭᠰᠢᠯᠠᠪᠠᠯ ᠠᠭᠤᠷᠯᠡᠭᠤᠯᠵᠤ ᠵᠠᠩᠨᠠᠭᠤᠯᠬᠤ ᠠᠴᠠ ᠴᠤ ᠬᠠᠯᠡᠰᠢᠷᠡᠬᠤ ᠥᠬᠡᠢ᠂ ᠠᠪᠤ ᠡᠵᠢ ᠨᠢ | ᠬᠠᠵᠡᠭᠤ ᠳᠤᠨᠢ ᠪᠠᠶᠢᠬᠤ ᠶᠢ ᠯᠡ ᠪᠤᠳᠤᠳᠠᠬ ᠬᠡᠨ᠎ᠡ᠃ ᠳᠤᠰ ᠰᠤᠷᠤᠬᠴᠢ ᠶᠢᠨ ᠪᠠᠶᠢᠳᠡᠯ ᠢ ᠥᠢᠯᠡᠭᠠᠬᠰᠡᠨ ᠤ ᠳᠡᠷᠠᠭ᠎ᠠ᠂ | ᠪᠤᠳᠤᠯ ᠰᠡᠨᠠᠭ᠎ᠠ ᠶᠢ ᠨᠢ ᠰᠡᠶᠢᠳᠤᠷ ᠬᠠᠯᠡᠮᠵᠢᠯᠡᠨ ᠵᠢᠯᠤᠭᠤᠳᠬᠤ ᠶᠢᠨ ᠬᠠᠮᠳᠤ᠂ ᠠᠩᠬᠢ ᠶᠢᠨ ᠠᠷᠰᠡᠷ ᠶᠠᠪᠤᠳᠠᠯ ᠢ | ᠳᠡᠭᠠᠭᠠᠯᠭᠠᠨ ᠬᠢᠯᠬᠡᠵᠤ᠂ ᠵᠥᠡᠭᠳᠡ ᠮᠠᠭᠲᠠᠨ ᠰᠡᠶᠢᠰᠢᠶᠡᠡ ᠵᠤᠷᠢᠬᠵᠢᠭᠤᠯᠪᠡ᠃ ᠡᠬᠦᠨ ᠳᠤ᠂ ᠳᠤᠰ ᠰᠤᠷᠤᠬᠴᠢ | ᠠᠭᠠᠵᠢᠮ ᠢᠶᠠᠷ ᠪᠡᠶ᠎ᠡ ᠳᠡᠭᠡᠨ ᠢᠲᠡᠭᠡᠯᠲᠠᠢ ᠪᠣᠯᠵᠤ᠂ ᠠᠯᠳᠠᠭ᠎ᠠ ᠭᠠᠷᠭᠠᠬᠤ ᠪᠠᠨ ᠬᠢᠴᠢᠶᠡᠡ᠂ ᠤᠳᠡᠯ ᠥᠬᠡᠢ ᠬᠠᠮᠲᠤ | ᠰᠤᠷᠤᠭᠴᠢᠳ ᠤᠨ ᠢᠶᠠᠨ ᠪᠠᠭ᠋ᠠᠷᠬᠠᠯ ᠢ ᠴᠤ ᠣᠯᠤᠬᠰᠡᠨ ᠪᠠᠶᠢᠨ᠎ᠡ᠃ ᠡᠬᠦᠨ ᠠᠴᠠ ᠥᠵᠡᠬᠦ ᠳᠤ᠂ ᠬᠡᠦᠬᠡᠳ ᠤᠨ | ᠠᠯᠳᠠᠭ᠎ᠠ ᠶᠢ ᠵᠡᠯᠠᠷᠡᠭᠤᠯᠬᠤ ᠳᠤ ᠠᠭᠤᠷᠯᠡᠨ ᠰᠤᠷᠭᠠᠬᠤ ᠳᠤ ᠪᠠᠶᠢᠬᠤ ᠪᠢᠰᠢ᠂ ᠬᠠᠷᠢᠨ ᠪᠡᠶ᠎ᠡ ᠰᠡᠳᠬᠢᠴᠡ ᠶᠢᠨ | ᠪᠠᠶᠢᠳᠡᠯ ᠳᠤᠨᠢ ᠳᠤᠬᠢᠷᠡᠭᠤᠯᠤᠨ ᠰᠡᠶᠢᠳᠤᠷ ᠵᠢᠯᠣᠭᠤᠳᠤᠮᠵᠢ ᠬᠢᠬᠦ ᠳᠤ ᠪᠤᠢ᠃ | ᠬᠤᠶᠡᠷ ᠲᠤ᠂ ᠰᠤᠷᠤᠬᠴᠢ ᠶᠢᠨ ᠪᠠᠶᠢᠳᠡᠯ ᠢ ᠰᠡᠶᠢᠳᠤᠷ ᠣᠶᠢᠯᠠᠭᠠᠵᠤ᠂ ᠠᠯᠳᠠᠭ᠎ᠠ ᠳᠤᠳᠡᠬᠳᠡᠯ ᠢ ᠨᠢ | ᠬᠦᠯᠢᠴᠡᠩᠬᠦᠢ ᠪᠠᠷ ᠬᠦᠯᠢᠶᠡᠨ ᠠᠪᠬᠤ ᠬᠡᠷᠡᠭᠳᠡᠢ᠃ ︽ᠠᠯᠳᠠᠭ᠎ᠠ ᠭᠠᠷᠭᠠᠬᠤ ᠪᠣᠯ ᠥᠰᠪᠤᠷᠢ ᠶᠢᠨ ᠬᠡᠦᠬᠡᠳ ᠤᠨ | ᠤᠨᠴᠡᠯᠢᠬ᠂ ᠮᠡᠳᠡᠯᠭᠡ ᠰᠤᠷᠬᠤ ᠪᠣᠯ ᠥᠰᠪᠤᠷᠢ ᠶᠢᠨ ᠬᠡᠦᠬᠡᠳ ᠤᠨ ᠲᠥᠷᠥᠯᠬᠢ ᠴᠢᠨᠠᠷ ᠪᠤᠯᠤᠨ᠎ᠡ᠂ ᠪᠡᠶ᠎ᠡ ᠪᠠᠨ | ᠭᠠᠶᠢᠬᠠᠭᠤᠯᠬᠤ ᠨᠢ ᠥᠰᠪᠤᠷᠢ ᠶᠢᠨ ᠬᠡᠦᠬᠡᠳ ᠤᠨ ᠬᠡᠷᠡᠭᠴᠡᠭᠡ᠂ ᠠᠯᠢᠶᠡᠷᠬᠠᠬᠤ ᠨᠢ ᠥᠰᠪᠤᠷᠢ ᠶᠢᠨ ᠬᠡᠦᠬᠡᠳ ᠤᠨ | ᠣᠨᠴᠠᠯᠢᠭ ᠪᠤᠯᠤᠨ᠎ᠡ︾᠃ ᠪᠠᠭᠰᠢ ᠪᠣᠯᠤᠭᠰᠠᠳ ᠨᠢᠭᠡᠨ ᠬᠡᠦᠬᠡᠷᠬᠡᠭ ᠰᠡᠳᠬᠢᠯᠬᠡ᠂ ᠬᠠᠶᠢᠷ᠎ᠠ ᠶᠢᠨ ᠰᠡᠳᠬᠢᠯᠭᠡ ᠶᠢ | ᠡᠪᠤᠷᠯᠡᠵᠤ᠂ ᠦᠷᠭᠦᠯᠵᠢ ᠰᠤᠷᠤᠭᠴᠢᠳ ᠤᠨ ᠵᠤᠬᠰᠤᠴᠡ ᠠᠴᠠ ᠢᠯᠡᠬᠦᠬᠡᠨ ᠰᠡᠳᠬᠢᠨ ᠪᠣᠳᠣᠯᠬᠢᠯᠠᠵᠤ᠂ ᠠᠯᠢ | ᠴᠢᠳᠠᠬᠤ ᠪᠠᠷ ᠰᠤᠷᠤᠭᠴᠢᠳ ᠢᠶᠠᠨ ᠰᠡᠶᠢᠳᠤᠷ ᠣᠶᠢᠯᠠᠭᠠᠵᠤ᠂ ᠰᠤᠷᠤᠭᠴᠢᠳ ᠲᠠᠭᠠᠨ ᠰᠠᠶᠢᠳᠤᠷ ᠬᠠᠨᠳᠤᠵᠤ᠂ | ᠰᠤᠷᠤᠭᠴᠢᠳ ᠤᠨ ᠠᠯᠳᠠᠭ᠎ᠠ ᠳᠤᠳᠡᠬᠳᠡᠯ ᠢ ᠬᠦᠯᠢᠴᠡᠩᠬᠦᠢ ᠪᠠᠷ ᠬᠦᠯᠢᠶᠡᠨ ᠠᠪᠬᠤ ᠬᠡᠷᠡᠭᠲᠡᠢ᠃ ᠬᠠᠮᠳᠤ ᠳᠤᠨᠢ᠂ | ᠭᠠᠭᠴᠠᠭᠠᠷᠳᠠᠮᠠᠯ ᠰᠡᠳᠬᠢᠯᠬᠡ ᠲᠠᠢ᠂ ᠭᠤᠲᠤᠷᠠᠩᠭᠤᠢ ᠬᠡᠦᠬᠡᠳ ᠢ ᠴᠠᠬ ᠳᠤᠬᠠᠢ ᠠᠩᠬᠠᠷᠤᠯ ᠳᠠᠭᠠᠨ ᠠᠪᠴᠤ ᠰᠡᠶᠢᠳᠤᠷ | ᠪᠡᠶ᠎ᠡ ᠰᠡᠳᠬᠢᠴᠡ ᠶᠢᠨ ᠵᠢᠯᠤᠭᠤᠳᠤᠮᠵᠢ ᠬᠢᠬᠦ ᠴᠢᠬᠤᠯᠠᠲᠠᠢ᠃ ᠵᠢᠱᠢᠶᠡᠯᠡᠪᠡᠯ᠄ ᠤᠤᠯ ᠨᠢ ᠪᠢᠷ ᠢ ᠢᠳᠡᠬᠦᠯᠥᠭᠴᠢ ᠶᠢᠨ | ᠰᠤᠷᠤᠬᠴᠢ ᠶᠢᠨ ᠳᠤᠳᠤᠷ᠎ᠡ ᠨᠢᠭᠡᠡ ᠮᠡᠰᠢ ᠭᠠᠭᠴᠠᠭᠠᠷᠳᠠᠮᠠᠯ ᠰᠡᠳᠬᠢᠯᠬᠡ ᠲᠠᠢ᠂ ᠭᠤᠲᠤᠷᠠᠩᠭᠤᠢ ᠬᠡᠦᠬᠡᠳ ᠪᠠᠶᠢᠬᠰᠡᠨ᠃ | ᠬᠤᠵᠢᠮ ᠨᠢ ᠡᠨᠡ ᠬᠡᠤᠬᠡᠳ ᠤᠨ ᠡᠵᠢ ᠠᠪᠤ ᠨᠢ ᠤᠷᠤᠬ ᠰᠡᠯᠤᠬᠰᠡᠨ ᠠᠴᠠ ᠡᠨᠡ ᠬᠡᠦᠬᠡᠳ ᠤᠯᠠᠮ ᠭᠠᠭᠴᠡᠭᠠᠷᠳᠡᠮᠡᠯ | ᠭᠤᠳᠤᠷᠡᠩᠭᠤᠢ᠂ ᠵᠠᠩ ᠠᠭᠠᠰᠢ ᠨᠢ ᠴᠤ ᠬᠠᠴᠢᠨ ᠰᠣᠨᠢᠨ ᠪᠣᠯᠵᠤ᠂ ᠠᠩᠭᠢ ᠨᠢᠬᠡᠴᠢ ᠳᠡᠭᠡᠨ ᠶᠠᠭ ᠯᠠ ︽ | ᠨᠢᠭᠤᠭᠳᠠᠮᠠᠯ ᠬᠥᠮᠦᠨ︾ ᠰᠢᠭ ᠪᠤᠯᠤᠬᠰᠡᠨ ᠪᠠᠶᠢᠵᠡᠢ᠃ ᠳᠤᠰ ᠰᠤᠷᠤᠬᠴᠢ ᠶᠢᠨ ᠪᠠᠶᠢᠳᠡᠯ ᠢ ᠥᠢᠯᠡᠭᠠᠬᠰᠡᠨ ᠤ | ᠳᠡᠷᠠᠭ᠎ᠠ᠂ ᠪᠢᠳᠡ ᠳᠡᠬᠦᠨ ᠲᠠᠢ ᠢᠯᠡᠬᠦᠬᠡᠨ ᠪᠤᠳᠤᠯ ᠰᠡᠳᠬᠢᠯ ᠢᠶᠠᠨ ᠰᠤᠯᠢᠯᠴᠡᠬᠤ ᠶᠢᠨ ᠬᠠᠮᠳᠤ᠂ ᠠᠯᠳᠠᠭ᠎ᠠ | ᠳᠤᠳᠡᠬᠳᠡᠯ ᠢ ᠨᠢ ᠬᠦᠯᠢᠴᠡᠩᠬᠦᠢ ᠪᠠᠷ ᠬᠦᠯᠢᠶᠡᠨ ᠠᠪᠴᠤ᠂ ᠵᠤᠷᠢᠬᠳᠡᠢ ᠬᠠᠮᠳᠤ ᠨᠡᠶᠢᠳᠡ ᠲᠠᠢ ᠤᠶᠢᠷᠡᠳᠤᠬᠤ ᠶᠢ | ᠬᠦᠳᠤᠯᠤᠨ ᠵᠢᠯᠤᠭᠤᠳᠴᠤ᠂ ᠰᠡᠨᠡᠭᠠᠴᠢᠯᠠᠭᠠ ᠲᠠᠢ ᠠᠩᠬᠢ ᠶᠢᠨ ᠠᠷᠰᠡᠷ ᠠᠵᠢᠯ ᠢ ᠳᠡᠭᠠᠭᠠᠯᠭᠠᠨ ᠬᠢᠯᠬᠡᠵᠤ᠂ | ᠵᠣᠷᠢᠭᠵᠢᠭᠤᠯᠤᠯ ᠪᠠ ᠬᠥᠬᠢᠬᠦᠯᠤᠯ ᠰᠠᠶᠢᠰᠢᠶᠠᠯ ᠳᠤᠮᠳᠠ ᠠᠭᠠᠵᠢᠮ ᠢᠶᠠᠷ ᠭᠠᠭᠴᠡᠭᠠᠷᠳᠡᠮᠡᠯ ᠭᠤᠳᠤᠷᠡᠩᠭᠤᠢ | ᠪᠠᠶᠢᠳᠡᠯ ᠠᠴᠠ ᠨᠢ ᠠᠩᠬᠢᠵᠢᠷᠡᠭᠤᠯᠤᠭᠰᠡᠨ ᠪᠠᠶᠢᠨ᠎ᠡ᠃ | ᠭᠤᠷᠪᠡ ᠳᠤ᠂ ᠰᠤᠷᠤᠬᠴᠢ ᠪᠠᠨ ᠰᠡᠶᠢᠳᠤᠷ ᠬᠥᠲᠥᠯᠥᠨ ᠵᠢᠯᠣᠭᠤᠳᠴᠤ᠂ ᠳᠡᠷᠤᠭᠠᠰᠤ ᠶᠢ ᠨᠢ ᠵᠤᠬᠢᠰᠳᠡᠢ | ᠬᠦᠡᠭᠬᠡᠷᠡᠬᠦᠯᠬᠦ ᠬᠡᠷᠡᠭᠳᠡᠢ᠃ ︽ᠬᠠᠶᠢᠷ᠎ᠠ ᠪᠠᠷ ᠰᠡᠳᠬᠢᠯ ᠢ ᠨᠢ ᠤᠮᠳᠡᠯᠡᠵᠤ᠂ ᠶᠤᠰᠤ ᠤᠬᠠᠭᠠᠨ ᠢᠶᠠᠷ ᠥᠢᠯᠡ | ᠠᠵᠢᠯᠯᠠᠭ᠎ᠠ ᠶᠢ ᠨᠢ ᠵᠢᠯᠣᠭᠤᠳᠬᠤ ᠬᠡᠷᠡᠭᠲᠡᠢ︾᠃ ᠪᠢᠷ ᠢ ᠢᠳᠡᠬᠦᠯᠥᠭᠴᠢ ᠶᠢᠨ ᠥᠵᠡᠬᠦ ᠪᠠᠷ᠂ ᠡᠨᠡ ᠦᠭᠡ ᠮᠠᠰᠢ | ᠤᠨᠤᠴᠡᠳᠡᠢ ᠪᠠᠶᠢᠨ᠎ᠡ᠂ ᠵᠠᠷᠢᠮ ᠵᠥᠪ ᠶᠡᠪᠤᠳᠡᠯ ᠢ ᠬᠡᠷᠪᠡ ᠳᠥᠪ ᠴᠢᠩᠭ᠎ᠠ ᠶᠤᠰᠤ ᠤᠬᠠᠭᠠᠨ ᠢᠶᠠᠷ ᠬᠢᠨᠠᠨ ᠵᠢᠯᠤᠭᠤᠳᠬᠤ | ᠥᠬᠡᠢ ᠪᠤᠯ ᠥᠰᠪᠤᠷᠢ ᠶᠢᠨ ᠬᠡᠤᠬᠡᠳ ᠳᠡᠰᠪᠤᠷᠢ ᠳᠡᠭᠠᠭᠠᠮᠡᠭᠠᠢ ᠴᠢᠨᠡᠷ ᠳᠤᠳᠡᠮᠠᠬ ᠠᠴᠠ ᠪᠤᠯᠵᠤ ᠠᠮᠡᠷᠬᠠᠨ ᠳᠡᠶᠡᠬᠳᠡᠵᠤ | ᠂ ᠪᠡᠶᠡᠯᠡᠬᠦᠯᠬᠦ ᠳᠤ ᠬᠦᠴᠢᠷ ᠪᠠᠶᠢᠳᠠᠬ᠃ ᠡᠶᠢᠨ ᠬᠦ ᠪᠠᠶᠢᠳᠡᠯ ᠳᠤᠤᠷ᠎ᠡ᠂ ᠪᠠᠭᠰᠢ ᠪᠤᠯᠤᠬᠰᠡᠳ ᠪᠤᠳᠡᠳᠤ ᠶᠤᠰᠤ | ᠤᠬᠠᠭᠠᠨ ᠦᠯᠢᠭᠡᠷ ᠥᠢᠯᠡ ᠪᠠᠷ ᠳᠡᠮᠵᠢᠵᠤ᠂ ᠠᠭᠤᠷᠯᠠᠪᠠᠯ ᠪᠡᠶ᠎ᠡ ᠶᠢᠨ ᠡᠷᠡᠭᠦᠯ ᠮᠡᠨᠳᠦ ᠳᠤ ᠬᠤᠣᠷᠲᠠᠢ᠂ ᠨᠠᠶᠢᠵᠠ ᠶᠢᠨ | ᠬᠠᠷᠢᠴᠠᠭ᠎ᠠ ᠪᠠᠴᠢᠮ ᠪᠣᠯᠵᠤ᠂ ᠥᠡᠭᠬᠡ ᠵᠢᠰᠤ ᠴᠤ ᠮᠠᠭᠤᠬᠠᠶ ᠪᠣᠯᠤᠨ᠎ᠡ᠂ ᠪᠤᠰᠤᠳ ᠲᠤ ᠬᠤᠬᠢᠷᠡᠯ ᠤᠴᠡᠷᠡᠭᠤᠯᠵᠤ | ᠮᠡᠳᠡᠬᠦ ᠵᠢᠴᠢ ᠴᠢᠨᠠᠭᠰᠢᠯᠠᠪᠠᠯ ᠬᠠᠤᠯᠢ ᠶᠢ ᠵᠥᠷᠢᠴᠡᠵᠦ ᠶᠠᠯ᠎ᠠ ᠬᠢᠬᠦ ᠳᠤ ᠴᠤ ᠬᠦᠷᠴᠤ ᠪᠤᠯᠬᠤ ᠶᠢ ᠰᠤᠷᠤᠬᠴᠢᠳ ᠲᠠᠭᠠᠨ | ᠰᠡᠶᠢᠳᠤᠷ ᠤᠬᠠᠭᠠᠯᠡᠨ ᠥᠢᠯᠡᠭᠠᠭᠤᠯᠵᠤ᠂ ᠢᠳᠡᠪᠬᠢᠳᠡᠢ ᠬᠦᠳᠤᠯᠤᠨ ᠵᠢᠯᠤᠭᠤᠳᠤᠨ᠂ ᠰᠤᠷᠤᠬᠴᠢ ᠶᠢᠨ ᠴᠠᠬ | ᠵᠡᠭᠤᠷᠡ ᠶᠢᠨ ᠪᠡᠴᠢᠮᠳᠡᠯ ᠪᠤᠬᠢᠨᠢᠳᠤᠯ ᠢ ᠨᠢ ᠠᠯᠳᠡᠷᠠᠭᠠᠵᠤ᠂ ᠰᠡᠳᠬᠢᠯ ᠤᠨ ᠳᠡᠷᠤᠭᠠᠰᠤ ᠶᠢ ᠨᠢ ᠵᠤᠬᠢᠰᠳᠡᠢ | ᠬᠦᠡᠭᠬᠡᠷᠡᠬᠦᠯᠬᠦ ᠬᠡᠷᠡᠭᠳᠡᠢ᠃ | ᠳᠥᠷᠪᠡ ᠳᠤ᠂ ᠰᠤᠷᠤᠬᠴᠢ ᠶᠢᠨ ᠪᠠᠶᠠᠰᠤᠩᠭᠤᠶ ᠤᠪᠤᠷ ᠲᠠᠢ ᠪᠠᠶᠢᠬᠤ ᠶᠢ ᠰᠡᠶᠢᠳᠤᠷ ᠵᠣᠷᠢᠭᠵᠢᠭᠤᠯᠵᠤ᠂ ᠪᠡᠶ᠎ᠡ | ᠰᠡᠳᠬᠢᠴᠡ ᠶᠢᠨ ᠡᠷᠡᠬᠦᠯ ᠮᠡᠨᠳᠤ ᠬᠦᠭᠵᠢᠯᠳᠡ ᠶᠢ ᠠᠬᠢᠭᠤᠯᠬᠤ ᠬᠡᠷᠡᠭᠳᠡᠢ᠃ ᠨᠢᠭᠡᠡ ᠠᠭᠤᠵᠢᠭᠤ ᠲᠠᠯᠪᠢᠭᠤ᠂ | ᠴᠤᠪᠤᠭᠤ ᠳᠡᠭᠵᠢᠨ ᠬᠦᠮᠤᠨ ᠶᠡᠷᠢᠶᠡᠨ ᠥᠬᠡᠢ ᠪᠠᠶᠠᠷ ᠪᠡᠶᠡᠰᠤᠩᠭᠤᠢ ᠤᠪᠤᠷ ᠲᠠᠢ ᠪᠠᠶᠢᠳᠠᠬ᠃ ᠬᠠᠷᠢᠨ ᠨᠢᠭᠡᠨ | ᠢᠪᠴᠤᠤ ᠬᠤᠪᠢᠨᠴᠢᠷ᠂ ᠤᠬᠤᠷ ᠪᠤᠳᠤᠯ ᠲᠠᠢ ᠬᠥᠮᠦᠨ ᠬᠡᠳᠦ᠋ᠢᠪᠡᠷ ᠰᠠᠶᠢᠨ ᠶᠠᠪᠤᠳᠠᠯ ᠳᠤᠬᠢᠶᠡᠯᠳᠤᠬᠰᠡᠨ ᠪᠤᠯᠪᠡᠴᠤ | ᠪᠤᠰᠤᠳ ᠤᠨ ᠣᠪ ᠮᠡᠭᠡ ᠮᠥᠨ ᠡᠰᠡᠬᠦ ᠪᠠᠶᠢᠬᠤ ᠶᠢ ᠰᠡᠵᠢᠭᠯᠡᠨ᠎ᠡ᠃ ᠡᠶᠢᠮᠦ ᠠᠴᠠ᠂ ᠪᠠᠭᠰᠢ ᠪᠣᠯᠤᠭᠰᠠᠳ | ᠰᠤᠷᠤᠭᠴᠢ ᠶᠢᠨ ᠪᠠᠶᠠᠰᠤᠩᠭᠤᠢ ᠤᠪᠤᠷ ᠢ ᠬᠥᠮᠦᠵᠢᠭᠦᠯᠬᠦ ᠶᠢ ᠤᠨᠴᠡᠭᠠᠶᠢᠯᠡᠨ ᠠᠩᠬᠠᠷᠴᠤ᠂ ᠬᠢᠴᠢᠶᠡᠯ ᠬᠦᠮᠤᠵᠢᠯ ᠤᠨ | ᠶᠡᠪᠤᠴᠡ ᠳᠤ ᠥᠪᠡᠷ ᠤᠨ ᠤᠷᠮ᠎ᠠ ᠰᠡᠳᠬᠢᠯᠭᠡ ᠪᠠᠨ ᠴᠤ ᠰᠠᠶᠢᠲᠤᠷ ᠲᠣᠬᠢᠷᠠᠭᠤᠯᠵᠤ᠂ ᠰᠤᠷᠤᠭᠴᠢ ᠶᠢᠨ ᠰᠡᠶᠢᠨ | ᠰᠡᠶᠢᠬᠠᠨ ᠢᠯᠡᠷᠡᠯ ᠪᠠᠶᠢᠳᠡᠯ ᠢ ᠴᠠᠬ ᠳᠤᠬᠠᠢ ᠰᠡᠶᠢᠰᠢᠶᠡᠨ ᠵᠤᠷᠢᠬᠵᠢᠭᠤᠯᠵᠤ᠂ ᠰᠤᠷᠤᠬᠴᠢᠳ ᠤᠨ ᠵᠤᠷᠢᠬᠳᠡᠢ | ᠪᠡᠶ᠎ᠡ ᠪᠠᠨ ᠢᠯᠡᠷᠡᠬᠦᠯᠬᠦ᠂ ᠵᠤᠷᠢᠬᠳᠡᠢ ᠡᠯ᠎ᠡ ᠵᠥᠢᠯ ᠤᠨ ᠰᠤᠷᠭᠠᠭᠤᠯᠢ ᠶᠢᠨ ᠬᠦᠳᠡᠯᠬᠡᠬᠡᠨ ᠳᠤ ᠤᠷᠤᠯᠴᠡᠬᠤ ᠶᠢ | ᠳᠡᠶᠢᠴᠢᠯᠡᠨ᠂ ᠰᠤᠷᠤᠬᠴᠢ ᠶᠢᠨ ᠪᠥᠬᠦ ᠳᠡᠯ᠎ᠡ ᠶᠢᠨ ᠬᠦᠭᠵᠢᠯᠳᠡ ᠶᠢ ᠠᠬᠢᠭᠤᠯᠬᠤ ᠪᠠᠷ ᠴᠢᠷᠮᠡᠶᠢᠬᠤ ᠬᠡᠷᠡᠭᠳᠡᠢ᠃ | ᠳᠡᠪᠤ ᠳᠤ᠂ ᠰᠤᠷᠤᠬᠴᠢ ᠶᠢᠨ ᠭᠡᠷ ᠤᠨ ᠠᠬᠠᠮᠠᠳ ᠲᠠᠢ ᠰᠠᠶᠢᠨ ᠰᠠᠶᠢᠬᠠᠨ ᠬᠠᠷᠢᠯᠴᠠᠭ᠎ᠠ ᠬᠤᠯᠪᠤᠭ᠎ᠠ | ᠪᠠᠶᠢᠭᠤᠯᠵᠤ᠂ ᠬᠡᠷ ᠪᠥᠯᠢ ᠰᠤᠷᠭᠠᠭᠤᠯᠢ ᠬᠠᠮᠳᠤᠷᠡᠨ ᠵᠢᠯᠤᠭᠤᠳᠬᠤ ᠶᠢ ᠪᠡᠷᠢᠮᠳᠡᠯᠡᠬᠤ ᠬᠡᠷᠡᠭᠳᠡᠢ᠃ ᠭᠡᠷ ᠪᠦᠯᠢ ᠶᠢᠨ | ᠰᠤᠷᠭᠠᠨ ᠬᠥᠮᠦᠵᠢᠯ ᠬᠡᠤᠬᠡᠳ ᠤᠨ ᠬᠦᠮᠤᠵᠢᠯ ᠳᠤ ᠵᠠᠶᠢᠯᠡᠵᠤ ᠴᠢᠳᠡᠰᠢ ᠥᠬᠡᠢ ᠪᠥᠬᠡᠳ ᠤᠨᠴᠡ ᠪᠠᠶᠢᠷᠢ | ᠰᠡᠭᠤᠷᠢ ᠲᠠᠢ ᠪᠠᠶᠢᠳᠠᠬ᠃ ᠡᠶᠢᠮᠤ ᠠᠴᠠ᠂ ᠪᠠᠭᠰᠢ ᠪᠤᠯᠤᠬᠰᠡᠳ ᠭᠡᠷ ᠪᠦᠯᠢ ᠶᠢᠨ ᠰᠤᠷᠭᠠᠨ ᠬᠥᠮᠦᠵᠢᠯ ᠤᠨ ᠠᠰᠢᠭᠲᠠᠶ | ᠬᠦᠴᠦᠨ ᠵᠦᠢᠯ ᠢ ᠡᠷᠬᠡᠪᠰᠢ ᠬᠦᠢᠴᠡᠳ ᠠᠰᠢᠭᠯᠠᠨ᠂ ᠭᠡᠷ ᠪᠥᠯᠢ ᠰᠤᠷᠭᠠᠭᠤᠯᠢ ᠬᠠᠮᠳᠤᠷᠡᠨ ᠰᠤᠷᠤᠬᠴᠢᠳ ᠤᠨ ᠪᠥᠬᠦ | ᠳᠡᠯ᠎ᠡ ᠶᠢᠨ ᠬᠦᠭᠵᠢᠯᠳᠡ ᠶᠢ ᠠᠬᠢᠭᠤᠯᠬᠤ ᠪᠠᠷ ᠴᠢᠷᠮᠡᠶᠢᠬᠤ ᠬᠡᠷᠡᠭᠲᠡᠶ᠃ ᠡᠬᠦᠨ ᠳᠤ᠂ ᠪᠠᠭᠰᠢ ᠪᠤᠯᠤᠬᠰᠡᠳ ᠭᠡᠷ ᠤᠨ | ᠠᠬᠠᠮᠠᠳ ᠲᠠᠢ ᠬᠠᠷᠢᠯᠴᠠᠭ᠎ᠠ ᠬᠤᠯᠪᠤᠭ᠎ᠠ ᠪᠡᠷᠢᠬᠤ ᠳᠠᠭᠠᠨ ᠡᠷᠬᠡᠪᠰᠢ ᠴᠢᠩ ᠦᠨᠡᠨᠴᠢ᠂ ᠠᠮᠢᠳᠤᠯᠢᠭ᠂ ᠡᠪᠯᠢᠭ | ᠳᠤᠬᠢᠷᠡᠮᠵᠢᠳᠡᠢ ᠪᠠᠶᠢᠬᠤ ᠬᠡᠷᠡᠭᠲᠡᠢ ᠪᠥᠬᠡᠳ ᠬᠡᠷ ᠤᠨ ᠠᠬᠠᠮᠡᠳ ᠤᠷᠤᠯᠴᠡᠬᠰᠡᠨ ᠬᠦᠳᠡᠯᠬᠡᠬᠡᠨ ᠢ ᠢᠯᠡᠭᠦᠬᠡᠨ | ᠥᠷᠨᠢᠭᠦᠯᠬᠦ ᠪᠠᠷ ᠳᠡᠮᠵᠢᠵᠤ᠂ ᠣᠨᠴᠠᠭᠠᠢ ᠭᠡᠷ ᠪᠦᠯᠢ ᠶᠢᠨ ᠰᠤᠷᠤᠭᠴᠢ ᠶᠢᠨ ᠭᠡᠷ ᠤᠨ ᠪᠠᠶᠢᠳᠠᠯ ᠢ ᠪᠦᠬᠦ ᠲᠠᠯ᠎ᠠ ᠪᠠᠷ | ᠣᠶᠢᠯᠠᠭᠠᠵᠤ᠂ ᠰᠤᠷᠤᠭᠴᠢ ᠶᠢᠨ ᠪᠡᠶ᠎ᠡ ᠰᠡᠳᠬᠢᠴᠡ ᠶᠢᠨ ᠡᠷᠡᠬᠦᠯ ᠮᠡᠨᠳᠤ ᠶᠢ ᠬᠠᠮᠳᠤ ᠪᠠᠷ ᠴᠢᠬᠤᠯᠡᠴᠢᠯᠡᠨ | ᠵᠢᠯᠤᠭᠤᠳᠬᠤ ᠬᠡᠷᠡᠭᠳᠡᠢ᠃ | ᠶᠡᠷᠤᠩᠬᠡᠶᠢᠯᠡᠪᠡᠯ᠂ ᠤᠳᠤᠬᠠᠨ ᠳᠤ ᠡᠷᠡᠬᠦᠯ ᠮᠡᠨᠳᠤ ᠪᠡᠶ᠎ᠡ ᠰᠡᠳᠬᠢᠴᠡ ᠶᠢᠨ ᠬᠥᠮᠦᠵᠢᠯ ᠬᠠᠷᠢᠴᠡᠩᠭᠤᠢ | ᠬᠤᠴᠤᠷᠤᠩᠭᠤᠢ ᠮᠠᠯᠵᠢᠬᠤ ᠣᠷᠣᠨ ᠤ ᠭᠡᠷ ᠪᠦᠯᠢ ᠳᠤ ᠠᠪᠴᠤ ᠬᠡᠯᠡᠪᠡᠯ ᠪᠡᠰᠡ ᠨᠡᠯᠢᠶᠡᠳ ᠲᠠᠨᠢᠯ ᠪᠤᠰᠤ ᠵᠥᠢᠯᠡᠰ | ᠪᠠᠶᠢᠬᠰᠡᠭᠠᠷ᠃ ᠤᠯᠡᠩᠬᠢ ᠭᠡᠷ ᠤᠨ ᠠᠬᠠᠮᠠᠳ ᠬᠡᠦᠬᠡᠳ ᠢᠶᠠᠨ ᠪᠠᠶᠢᠷᠢᠯᠡᠬᠤ ᠳᠦᠷᠢᠮᠲᠦ ᠰᠤᠷᠭᠠᠭᠤᠯᠢ ᠳᠤ ᠬᠥᠷᠬᠡᠭᠰᠡᠬᠡᠷ | ᠵᠥᠪᠬᠡᠡ ᠬᠡᠤᠬᠡᠳ ᠤᠨ ᠢᠶᠠᠨ ᠢᠳᠡᠵᠤ ᠤᠤᠭᠤᠵᠤ ᠪᠠᠶᠢᠬᠤ ᠳᠤᠬᠢᠷᠡᠮᠵᠢᠳᠡᠢ ᠡᠰᠡᠬᠦ᠂ ᠰᠤᠷᠤᠯᠭ᠎ᠠ ᠶᠢᠨ ᠪᠠᠶᠢᠳᠡᠯ ᠶᠡᠮᠡᠷ | ᠰᠢᠤ ᠵᠡᠷᠬᠡ ᠬᠡᠪ ᠤᠨ ᠠᠷᠰᠡᠷ ᠶᠡᠪᠤᠳᠡᠯ ᠢ ᠯᠡ ᠠᠩᠬᠠᠷᠴᠤ᠂ ᠬᠠᠷᠢᠨ ᠬᠡᠤᠬᠡᠳ ᠤᠨ ᠢᠶᠠᠨ ᠪᠤᠳᠤᠯ ᠰᠡᠨᠠᠭ᠎ᠠ᠂ ᠪᠡᠶ᠎ᠡ | ᠰᠡᠳᠬᠢᠴᠡ ᠶᠢᠨ ᠪᠠᠶᠢᠳᠡᠯ ᠢ ᠶᠡᠷᠤ ᠠᠴᠠ ᠤᠮᠳᠤᠭᠠᠶᠢᠢᠯᠡᠳᠠᠬ᠃ ᠡᠨᠡ ᠨᠢ ᠥᠰᠪᠤᠷᠢ ᠶᠢᠨ ᠬᠡᠤᠬᠡᠳ ᠤᠨ ᠪᠡᠶ᠎ᠡ | ᠰᠡᠳᠬᠢᠴᠡ ᠶᠢᠨ ᠠᠰᠡᠭᠤᠳᠡᠯ ᠢ ᠴᠠᠬ ᠳᠤᠬᠠᠢ ᠬᠦᠳᠤᠯᠤᠨ ᠵᠢᠯᠤᠭᠤᠳᠴᠤ᠂ ᠰᠡᠳᠬᠢᠯ ᠤᠨ ᠵᠠᠩᠬᠢᠷᠠᠭ᠎ᠠ ᠶᠢ ᠨᠢ | ᠠᠯᠳᠡᠷᠡᠭᠠᠬᠤ ᠳᠤ ᠠᠰᠢᠬ ᠥᠬᠡᠢ ᠶᠤᠮ᠃ ᠡᠶᠢᠮᠦ ᠠᠴᠠ᠂ ᠪᠠᠭᠰᠢ ᠪᠣᠯᠤᠭᠰᠠᠳ ᠡᠷᠬᠡᠪᠰᠢ ᠬᠡᠷ ᠪᠥᠯᠢ | ᠰᠤᠷᠤᠭᠴᠢᠳ ᠲᠠᠢ ᠢᠯᠡᠬᠦᠬᠡᠨ ᠪᠤᠳᠤᠯ ᠰᠡᠳᠬᠢᠯ ᠢᠶᠠᠨ ᠨᠡᠪᠳᠡᠷᠡᠯᠴᠡᠵᠤ᠂ ᠰᠤᠷᠤᠬᠴᠢ ᠶᠢᠨ ᠢᠶᠠᠨ ᠪᠠᠶᠢᠳᠡᠯ ᠢ ᠪᠥᠬᠦ | ᠳᠡᠯ᠎ᠡ ᠪᠠᠷ ᠥᠢᠯᠡᠭᠠᠵᠤ᠂ ᠴᠢᠩ ᠥᠨᠡᠨᠴᠢ ᠬᠠᠶᠢᠷ᠎ᠡ ᠰᠡᠳᠬᠢᠯ ᠢᠶᠠᠷ ᠰᠤᠷᠤᠬᠴᠢᠳ ᠢᠶᠠᠨ ᠡᠷᠡᠬᠦᠯ ᠮᠡᠨᠳᠤ ᠤᠮᠳᠡᠯᠡᠨ | ᠳᠤᠷᠨᠢᠭᠤᠯᠬᠤ ᠪᠠᠷ ᠴᠠᠬ ᠢᠮᠡᠬᠳᠡ ᠴᠢᠷᠮᠡᠶᠢᠬᠤ ᠬᠡᠷᠡᠭᠳᠡᠢ᠃ | ︵ᠵᠤᠬᠢᠶᠠᠬᠴᠢ ᠶᠢᠨ ᠬᠠᠶ᠋ᠢᠬ᠄ ᠣᠯᠠᠭᠠᠨᠬᠠᠳᠠ ᠬᠤᠳᠠ ᠶᠢᠨ ᠣᠡᠭᠨᠢᠭᠤᠳ ᠬᠤᠰᠢᠭᠤᠨ ᠤ ᠠᠰᠢᠬᠠᠠ ᠰᠤᠮᠤᠨ ᠤ | ᠭᠤᠤᠯ ᠪᠠᠭ᠎ᠠ ᠰᠤᠷᠭᠠᠭᠤᠯᠢ︶ | | |