ᠨᠢᠬᠡ ᠪᠠᠭᠴᠠ ᠦᠷᠭᠡᠰᠤᠳᠤ ᠰᠠᠷᠭᠠᠢ | ᠵᠣᠬᠢᠶᠠᠭᠴᠢ᠄ ᠨᠠ᠊ · ᠬᠦᠬᠡᠰᠢᠭᠤᠢ | ᠢᠨᠢᠶᠡᠳᠦᠮ | ᠠᠨᠠᠰᠢ ᠶᠢ ᠤᠨᠠᠭᠠᠶ᠎ᠠ ᠬᠡᠮᠡᠨ | ᠰᠢᠷᠭᠤᠯᠵᠢ ᠬᠦᠯ ᠢᠶᠠᠨ ᠵᠢᠭᠢᠵᠤ | ᠵᠠᠮ ᠲᠡᠭᠡᠷ᠎ᠡ ᠬᠡᠪᠲᠡᠨ᠎ᠡ | ᠠᠭᠠᠳᠠᠷ ᠢ ᠵᠤᠭᠰᠤᠭᠠᠶᠠ ᠬᠡᠮᠡᠨ | ᠠᠭᠠᠯᠵᠢ ᠰᠢᠯᠦᠰᠦ ᠪᠠᠨ ᠴᠢᠷᠴᠤ | ᠰᠠᠷᠠᠪᠴᠢᠨ ᠲᠤᠤᠷ᠎ᠠ ᠮᠦᠯᠬᠦᠨᠠ | ᠵᠢᠭ᠌ᠰᠢᠨᠠ | ᠨᠢᠷᠤᠭᠤ ᠪᠠᠨ ᠡᠭᠦᠷᠦᠭᠰᠡᠨ | ᠬᠠᠳᠠᠭᠤ ᠪᠠᠶᠠᠨ ᠢ | ᠨᠢᠰᠦ ᠪᠠᠨ ᠴᠢᠷᠦᠭᠰᠡᠨ | ᠶᠠᠳᠠᠭᠤ ᠭᠤᠯᠤᠨ᠎ᠠ | ᠨᠤᠳᠤᠭ ᠢᠶᠠᠨ ᠬᠤᠲᠠᠯᠳᠤᠭᠰᠠᠨ | ᠵᠦᠲᠡᠭᠦᠦ ᠨᠤᠶᠠᠨ ᠢ | ᠨᠤᠭᠤᠯᠤᠭᠤᠷ ᠢᠶᠠᠨ ᠢᠲᠡᠭᠰᠡᠨ | ᠮᠠᠯᠴᠢᠨ ᠵᠢᠭ᠌ᠰᠢᠨᠠ | ᠬᠠᠷᠠᠩᠭᠤᠢ | ᠬᠠᠷᠠᠩᠭᠤᠢ ᠲᠠᠷᠤᠩᠭᠤᠢ ᠬᠤᠶᠠᠷ | ᠬᠠᠶᠠᠭ᠎ᠠ ᠨᠡᠶᠢᠯᠡᠵᠤ ᠠᠮᠢᠳᠤᠷᠠᠪᠠ | ᠬᠠᠷᠠᠩᠭᠤᠢ ᠶᠢᠨ ᠰᠠᠶᠢᠬᠠᠨ ᠪᠦᠰᠡᠭᠦᠢ ᠶᠢ | ᠲᠠᠷᠤᠩᠭᠤᠢ ᠡᠵᠡᠯᠡᠵᠤ ᠰᠠᠭᠤᠪᠠ | ᠮᠤᠩᠭᠤᠯ ᠦᠰᠦᠭ | ᠮᠤᠩᠭᠤᠯ ᠰᠤᠶᠤᠯ ᠢᠶᠠᠨ ᠭᠡᠳ | ᠮᠤᠩᠬᠠᠭ ᠪᠢ ᠲᠠᠪᠢᠨ ᠵᠢᠯ | ᠪᠢᠷ ᠢᠶᠠᠨ ᠬᠠᠶᠠᠭᠰᠠᠨ ᠦᠭᠡᠢ | ᠮᠤᠩᠬᠠᠭ ᠨᠠᠮᠠᠶᠢᠢ ᠭᠡᠳ | ᠮᠤᠩᠭᠤᠯ ᠰᠤᠶᠤᠯ ᠮᠢᠩᠭᠠᠨ ᠵᠢᠯ | ᠦᠰᠦᠭ ᠢᠶᠠᠨ ᠭᠡᠭᠡᠭᠰᠡᠨ ᠦᠭᠡᠢ | ᠬᠠᠷᠠᠮᠰᠠᠯ | ᠰᠢᠳᠤᠷᠭᠤ ᠶᠢᠨ ᠪᠤᠶᠠᠨ ᠢᠶᠠᠷ | ᠦᠴᠦᠭᠡᠳᠦᠷ ᠢ ᠤᠯᠤᠯ᠎ᠠ ᠭᠡᠵᠤ | ᠦᠨᠦᠳᠦᠷ ᠪᠤᠷᠬᠠᠨ ᠳᠠᠭᠠᠨ ᠵᠠᠯᠪᠠᠷᠢᠨ᠎ᠠ | ᠰᠢᠨᠤᠯ ᠤᠨ ᠤᠷᠰᠢᠭ ᠢᠶᠠᠷ | ᠦᠨᠦᠳᠦᠷ ᠢ ᠠᠯᠲᠠᠯᠠ ᠭᠡᠵᠤ | ᠮᠠᠷᠭᠠᠰᠢ ᠴᠢᠳᠬᠦᠷ ᠲᠤ ᠬᠠᠷᠠᠮᠰᠠᠨ᠎ᠠ | | |