ᠨᠢᠭᠡᠨ ᠤᠳᠠᠭᠠᠨ ᠤ ᠤᠨᠴᠠ ᠬᠢᠴᠢᠶᠠᠯᠯᠡᠭᠡ
ᠨᠡᠶᠢᠲᠡᠯᠡᠭᠰᠡᠨ ᠴᠠᠭ᠄
2020/3/18
     ᠨᠢᠭᠡᠨ ᠤᠳᠠᠭᠠᠨ ᠤ ᠤᠨᠴᠠ ᠬᠢᠴᠢᠶᠠᠯᠯᠡᠭᠡ                    ᠵᠣᠬᠢᠶᠠᠭᠴᠢ᠄ ᠪᠣᠷᠵᠢᠭᠢᠨ ᠬᠦᠭᠡᠷᠦᠭᠦᠨ            —2020 ᠤᠨ ᠤ ᠠᠷᠠᠳ ᠲᠦᠮᠡᠨ ᠳᠤ ᠰᠦᠷᠳᠡᠬᠦᠯᠤᠯ ᠪᠤᠯᠤᠭᠰᠠᠨ ᠰᠢᠨ᠎ᠠ ᠲᠢᠳᠢᠮᠯᠢᠭ ᠠᠭᠤᠰᠬᠢᠨ      ᠦᠷᠪᠢᠰᠤᠯ ᠢ ᠲᠡᠮᠳᠡᠭᠯᠡᠪᠠ      2020 ᠤᠨ ᠤ ᠴᠠᠭᠠᠨ ᠰᠠᠷ᠎ᠠ ᠶᠢᠨ ᠠᠮᠠᠷᠠᠯᠳᠠ ᠬᠦᠷᠴᠦ ᠢᠷᠡᠬᠦ ᠳᠤ ᠵᠡᠭᠡᠯᠢ ᠲᠦᠬᠦᠷᠡᠩ ᠪᠠᠶᠠᠷ ᠬᠦᠷ ᠪᠢᠯᠬᠠᠵᠤ᠂ ᠦᠩᠭᠡᠳᠤ ᠮᠠᠰᠢᠨ ᠵᠦᠷᠢᠯᠳᠤᠵᠤ᠂ ᠰᠢᠨ᠎ᠠ ᠵᠢᠯ ᠤᠨ ᠠᠭᠤᠷ ᠠᠮᠢᠰᠬᠤᠯ ᠦᠳᠭᠡᠷᠡᠵᠤ᠂ ᠤᠯᠠᠮᠵᠢᠯᠠᠯᠳᠤ ᠵᠠᠩᠰᠢᠯ ᠶᠤᠰᠤᠭᠠᠷ ᠬᠦᠮᠦᠰ ᠴᠠᠭᠠᠨ ᠰᠠᠷ᠎ᠠ ᠶᠢᠨ ᠢᠳᠡᠭᠡᠨ ᠤᠮᠳᠠᠭᠠᠨ᠂ ᠡᠮᠤᠰᠭᠡᠯ ᠵᠡᠬᠦᠯᠳᠠ᠂ ᠵᠠᠷᠦᠳᠠᠯ ᠪᠠᠷᠢᠳᠠᠯ᠂ ᠪᠡᠯᠡᠭ ᠰᠡᠯᠳᠠ ᠪᠠᠨ ᠪᠡᠯᠡᠳᠭᠡᠵᠤ ᠶᠠᠭᠠᠷᠠᠯᠳᠤᠨ᠎ᠠ᠂ ᠭᠡᠶ᠎ᠡ ᠡᠨᠡ ᠬᠦ ᠠᠮᠵᠢᠯᠳᠠ ᠲᠡᠬᠦᠯᠳᠡᠷ ᠠᠮᠠ ᠴᠠᠭᠠᠨ ᠬᠤᠯᠤᠭᠠᠨ᠎ᠠ ᠵᠢᠯ ᠬᠦᠮᠦᠰ ᠲᠤ ᠪᠠᠶᠠᠷ ᠴᠡᠩᠭᠡᠯ ᠤᠯᠭᠤᠬᠤ ᠶᠢᠨ ᠲᠠᠰᠢᠷᠠᠮ ᠳᠤ ᠠᠶᠤᠯᠳᠤ ᠸᠢᠷᠦ᠋ᠰ ᠡᠪᠡᠳᠴᠢᠨ ᠤ ᠬᠠᠯᠳᠠᠪᠤᠷᠢᠯᠠᠯ ᠲᠠᠭᠠᠯᠳᠤᠨ ᠬᠦᠷᠴᠦ ᠢᠷᠡᠨ᠎ᠠ ᠬᠡᠵᠤ ᠬᠡᠨ ᠰᠠᠨᠠᠵᠤ ᠤᠯᠤᠨᠠᠮ ᠁ ᠬᠤᠪᠸᠢ ᠮᠤᠵᠢ ᠶᠢᠨ ᠦᠬᠠᠨ ᠬᠤᠳᠠ ᠠᠴᠠ ᠦᠷᠪᠢᠰᠤᠨ ᠨᠤᠴᠤᠵᠤ᠂ ᠲᠦᠷᠡᠯᠵᠠᠨ ᠲᠡᠯᠭᠡᠷᠡᠭᠰᠡᠨ ᠬᠠᠯᠳᠠᠪᠤᠷᠢᠳᠤ ᠬᠢᠵᠢᠭ ᠨᠢ ᠪᠦᠬᠦ ᠲᠤᠮᠳᠠᠳᠤ ᠶᠢᠨ ᠠᠷᠠᠳ ᠲᠦᠮᠡᠨ ᠳᠤ ᠠᠮᠢ ᠨᠠᠰᠤᠨ ᠤ ᠰᠦᠷᠳᠡᠬᠦᠯᠦᠯ ᠪᠤᠯᠵᠤ᠂ ᠵᠠᠯᠭᠠᠭᠠᠳ ᠲᠡᠯᠡᠭᠡᠢ ᠶᠢᠨ ᠬᠤᠷᠢᠭᠠᠳ ᠤᠯᠤᠰ ᠤᠷᠤᠨ ᠳᠤ ᠴᠦ ᠲᠤᠩ ᠶᠡᠭᠡ ᠠᠶᠤᠯ ᠲᠦᠭᠰᠢᠬᠦᠷᠢ ᠠᠪᠴᠢᠷᠠᠭᠰᠠᠨ ᠪᠠᠶᠢᠨ᠎ᠠ᠃      ᠠᠶᠤᠯ ᠲᠦᠭᠰᠢᠬᠦᠷᠢ ᠶᠢᠨ ᠡᠮᠤᠨ᠎ᠠ ᠨᠠᠶᠠᠨ ᠭᠤᠷᠪᠠᠨ ᠦᠨᠳᠤᠷ ᠨᠠᠰᠤᠨ ᠤ ᠲᠠᠪᠠᠭ᠎ᠠ ᠶᠢ ᠦᠭᠰᠦᠵᠤ ᠶᠠᠪᠤᠭ᠎ᠠ ᠵᠦᠩ ᠨᠠᠨ ᠱᠠᠨ ᠠᠺᠠᠳᠧᠮᠢᠴᠢ ᠠᠴᠠ ᠦᠬᠠᠨ ᠬᠤᠳᠠᠨ ᠤ ᠬᠢᠵᠢᠭ ᠢ ᠡᠰᠡᠷᠬᠦᠴᠡᠬᠦ ᠲᠠᠶᠢᠨ ᠤ ᠡᠮᠤᠨ᠎ᠠ ᠹᠷᠤᠨᠲ ᠲᠤ ᠬᠦᠷᠴᠦ᠂ ᠠᠬᠠᠰᠢᠷᠠᠭ᠎ᠠ ᠪᠡᠶ᠎ᠡ ᠶᠢᠨ ᠢᠶᠠᠨ ᠠᠯᠵᠢᠶᠠᠯ ᠵᠦᠳᠡᠷᠡᠯ ᠢ ᠠᠷᠤ ᠳᠠᠭᠠᠨ ᠬᠠᠶᠠᠵᠤ᠂ ᠤᠳᠤᠭ᠎ᠠ ᠦᠭᠡᠢ ᠲᠠᠶᠢᠨ ᠤ ᠲᠤᠮᠳᠠ ᠡᠷᠡᠮᠡᠭᠡᠶᠢᠯᠡᠨ ᠪᠠᠶᠢᠯᠳᠤᠵᠤ᠂ ᠲᠦᠭ ᠲᠦᠮᠡᠨ ᠰᠠᠶᠢᠨ ᠲᠤᠷᠠᠴᠤᠳ ᠢ ᠤᠷᠢᠶᠠᠯᠠᠨ ᠲᠠᠭᠤᠳᠠᠪᠠ᠃ ᠡᠬᠦᠨ ᠤ ᠲᠠᠭᠠᠦ ᠳᠤ ᠨᠠᠮ ᠤᠨ ᠲᠦᠪ ᠬᠤᠷᠢᠶᠠᠨ ᠠᠴᠠ ᠬᠢᠵᠢᠭ ᠤᠨ ᠪᠠᠶᠢᠳᠠᠯ ᠢ ᠬᠤᠷᠢᠭᠯᠠᠬᠤ ᠶᠢᠨ ᠲᠦᠯᠦᠭᠡ ᠰᠦᠯᠵᠢᠶ᠎ᠡ ᠬᠤᠯᠪᠤᠭ᠎ᠠ ᠪᠤᠶᠤ ᠪᠢᠴᠢᠭ ᠮᠠᠲᠧᠷᠢᠶᠠᠯ ᠤᠨ ᠬᠡᠯᠪᠡᠷᠢ ᠪᠠᠷ ︽ᠬᠢᠵᠢᠭ ᠤᠨ ᠲᠠᠷᠬᠠᠯᠳᠠ ᠶᠢᠨ ᠬᠤᠭᠤᠴᠠᠭᠠᠨ ᠳᠤ ᠦᠷᠦᠭᠡ ᠬᠡᠷ ᠠᠴᠠ ᠪᠠᠨ ᠪᠢᠳᠡᠭᠡᠢ ᠭᠠᠷᠤᠭᠠᠷᠠᠢ︾ ᠬᠡᠵᠤ ᠴᠢᠬᠤᠯᠠ ᠤᠷᠢᠶ᠎ᠠ ᠶᠢ ᠲᠤᠷᠠᠳᠴᠦ ᠪᠠᠰᠠ ᠲᠠᠬᠢᠨ ᠲᠠᠪᠳᠠᠨ ᠤᠬᠠᠭᠤᠯᠦᠨ ᠱᠠᠭᠠᠷᠳᠠᠭᠰᠠᠨ ᠪᠠᠶᠢᠨ᠎ᠠ᠃      ᠨᠠᠮ ᠵᠠᠰᠠᠭ ᠠᠴᠠ ᠬᠡᠳᠦ᠋ᠢᠪᠠᠷ ᠰᠠᠭᠤᠭᠠᠯᠢ ᠲᠤᠭᠤᠷᠢᠭ᠂ ᠬᠤᠳᠠ ᠬᠦᠳᠡᠭᠡ ᠶᠢᠨ ᠬᠤᠭᠤᠷᠤᠨᠳᠤᠬᠢ ᠵᠠᠮ ᠬᠠᠷᠢᠯᠴᠠᠭ᠎ᠠ ᠶᠢ ᠲᠠᠰᠤᠯᠵᠤ᠂ ᠪᠠᠳᠤ ᠰᠡᠷᠭᠡᠶᠢᠯᠡᠯᠳᠠ ᠬᠢᠵᠤ᠂ ᠭᠠᠴᠠᠭ᠎ᠠ ᠲᠤᠰᠬᠤᠨ᠂ ᠰᠤᠮᠤ ᠪᠠᠯᠭᠠᠰᠤ᠂ ᠬᠤᠰᠢᠭᠤᠨ ᠲᠦᠪ ᠬᠠᠷᠢᠯᠴᠠᠨ ᠨᠢᠭᠳᠠᠷᠠᠯᠴᠠᠵᠤ᠂ ᠬᠦᠴᠦᠨ ᠢᠶᠠᠨ ᠬᠠᠮᠳᠤᠳᠬᠠᠵᠤ᠂ ᠡᠷᠳᠡᠯᠡᠨ ᠤᠷᠦ᠋ᠢᠯᠠᠵᠤ ᠬᠠᠷᠠᠭᠤᠯ ᠮᠠᠨᠠᠭ᠎ᠠ ᠵᠤᠭᠰᠤᠵᠤ᠂ ᠬᠠᠬᠢᠷ ᠬᠦᠢᠳᠡᠨ᠂ ᠬᠠᠪᠤᠷ ᠤᠨ ᠰᠢᠭᠤᠷᠭ᠎ᠠ᠂ ᠴᠢᠬᠢᠭ ᠨᠦᠢᠳᠠᠨ ᠢ ᠬᠠᠶᠢᠬᠤᠷᠤᠯ ᠦᠭᠡᠢ ᠡᠳᠤᠷ ᠰᠦᠨᠢ ᠶᠢᠨ ᠬᠤᠪᠢᠨ ᠳᠤ ᠡᠭᠡᠯᠵᠢᠯᠡᠨ ᠵᠢᠵᠢᠬᠦᠷᠯᠡᠵᠤ᠂ ᠤᠷᠤᠵᠤ ᠭᠠᠷᠬᠤ ᠬᠦᠮᠦᠰ ᠢ ᠲᠠᠩᠰᠠᠯᠠᠨ ᠬᠢᠨᠠᠵᠤ᠂ ᠬᠢᠵᠢᠭ ᠢ ᠰᠡᠷᠭᠡᠶᠢᠯᠡᠨ ᠴᠢᠷᠮᠠᠶᠢᠨ ᠠᠵᠢᠯᠯᠠᠵᠤ ᠪᠠᠶᠢᠭᠰᠠᠨ ᠴᠦ ︽ᠠᠷᠪᠠᠨ ᠬᠤᠷᠤᠭᠤ ᠲᠡᠭᠰᠢ ᠦᠭᠡᠢ᠂ ᠠᠪᠤ ᠶᠢᠨ ᠬᠡᠥᠭᠡᠳ ᠠᠳᠠᠯᠢ ᠦᠭᠡᠢ︾ ᠬᠡᠳᠡᠭ ᠢᠶᠠᠷ ᠨᠢᠭᠡ ᠪᠦᠯᠦᠭ ᠬᠦᠮᠦᠰ ᠬᠢᠵᠢᠭ ᠤᠨ ᠬᠦᠨᠳᠤ ᠨᠤᠴᠢᠳᠠᠢ ᠪᠠᠶᠢᠳᠠᠯ ᠢ ᠦᠴᠦᠭᠡᠨ ᠲᠡᠳᠤᠢ ᠤᠶᠢᠯᠠᠭᠠᠬᠤ ᠦᠭᠡᠢ᠂ ᠠᠮᠠᠪᠴᠢ ᠵᠡᠬᠦᠬᠦ ᠦᠭᠡᠢ ᠭᠠᠳᠠᠨ᠎ᠠ ᠭᠠᠷᠬᠤ ᠪᠤᠶᠤ ᠬᠢᠨᠠᠯᠳᠠ ᠬᠢᠵᠤ ᠲᠠᠩᠰᠠᠯᠠᠵᠤ ᠪᠠᠶᠢᠭ᠎ᠠ ᠬᠦᠮᠦᠰ ᠤᠨ ᠦᠭᠡ ᠶᠢ ᠰᠤᠨᠤᠰᠬᠤ ᠦᠭᠡᠢ᠂ ᠬᠠᠮᠵᠢᠯᠴᠠᠵᠤ ᠪᠡᠶ᠎ᠡ ᠶᠢᠨ ᠲᠤᠯᠠᠭᠠᠨ ᠢᠶᠠᠨ ᠪᠠᠶᠢᠴᠠᠭᠠᠯᠭᠠᠬᠤ ᠦᠭᠡᠢ᠂ ᠬᠠᠷᠢᠨ ᠬᠡᠯᠡ ᠠᠮᠠᠨ ᠤ ᠬᠡᠷᠡᠬᠦᠯ ᠵᠢᠭᠤᠷᠠᠭᠠᠨ ᠬᠢᠵᠤ᠂ ᠨᠡᠩ ᠴᠢᠨᠠᠭᠰᠢᠯᠠᠭᠠᠳ ᠦᠬᠠᠨ ᠬᠤᠳᠠ ᠠᠴᠠ ᠢᠷᠡᠭᠰᠡᠨ ᠬᠦᠮᠥᠰ ᠲᠤ ᠪᠦᠷᠢᠳᠭᠡᠯ ᠬᠢᠬᠦ ᠳᠤ ᠦᠪᠠᠷ ᠤᠨ ᠪᠤᠳᠠᠳᠤ ᠪᠠᠶᠢᠳᠠᠯ ᠢᠶᠠᠨ ᠨᠢᠭᠤᠵᠤ᠂ ᠲᠦᠷᠦᠯ ᠲᠦᠷᠦᠭᠰᠡᠳ᠂ ᠬᠠᠮᠳᠤ ᠨᠦᠬᠦᠳ ᠲᠠᠢ ᠪᠠᠨ ᠬᠠᠮᠳᠤ ᠪᠠᠷ ᠬᠤᠭᠤᠯᠠᠯᠠᠵᠤ᠂ ᠨᠠᠶᠢᠷᠠᠯᠳᠤᠨ ᠬᠦᠭᠡᠷᠦᠯᠳᠦᠭᠰᠡᠨ ᠠᠴᠠ ᠪᠤᠯᠵᠤ ᠬᠢᠵᠢᠭ ᠤᠨ ᠬᠠᠯᠳᠠᠪᠤᠷᠢᠯᠠᠯ ᠢ ᠦᠷᠭᠡᠳᠭᠡᠵᠤ᠂ ᠨᠠᠶᠢᠭᠡᠮ ᠨᠠᠶᠢᠳᠠ ᠳᠤ ᠶᠡᠭᠡ ᠭᠡᠮᠵᠢᠶᠠᠨ ᠤ ᠠᠶᠤᠯ ᠭᠠᠮᠰᠢᠭ ᠲᠠᠷᠢᠵᠤ ᠪᠠᠶᠢᠭ᠎ᠠ ᠮᠡᠳᠡᠭᠡ ᠴᠢᠮᠡᠭᠡ ᠴᠦ ᠰᠦᠯᠵᠢᠶ᠎ᠠ ᠲᠠᠮᠵᠢᠭᠳᠠᠨ ᠤᠯᠠᠨ ᠤ ᠬᠠᠷᠠᠭᠠᠨ ᠳᠤ ᠲᠤᠳᠤᠷᠠᠵᠤ ᠪᠠᠶᠢᠭ᠎ᠠ᠃ ᠰᠢ ᠲᠡᠷᠢᠬᠦᠯᠡᠭᠴᠢ ᠠᠴᠠ ︽ᠬᠢᠵᠢᠭ ᠤᠨ ᠪᠠᠶᠢᠳᠠᠯ ᠪᠤᠯ ᠵᠠᠷᠯᠢᠭ᠂ ᠬᠢᠵᠢᠭ ᠢ ᠰᠡᠷᠭᠡᠶᠢᠯᠡᠬᠦ ᠪᠤᠯ ᠬᠠᠷᠢᠭᠤᠴᠠᠯᠭ᠎ᠠ ᠮᠦᠨ ︾ ᠬᠡᠵᠤ ᠵᠢᠭᠠᠨ ᠭᠠᠷᠭᠠᠭᠰᠠᠨ ᠶᠤᠮ᠂ ᠲᠤᠰ ᠤᠳᠠᠭᠠᠨ ᠤ ᠬᠢᠵᠢᠭ ᠨᠢ ᠭᠤᠤᠯᠳᠠᠭᠤ ᠬᠦᠮᠦᠰ ᠤᠨ ᠠᠮᠢᠰᠬᠤᠯ ᠤᠨ ᠵᠠᠮ ᠢᠶᠠᠷ ᠲᠠᠮᠵᠢᠨ ᠲᠠᠷᠬᠠᠳᠠᠭ ᠪᠤᠯᠬᠤᠷ ᠬᠠᠯᠳᠠᠪᠤᠷᠢᠯᠠᠬᠤ ᠳᠤ ᠬᠤᠷᠳᠤᠨ᠂ ᠲᠠᠷᠬᠠᠯᠳᠠ ᠨᠢ ᠦᠷᠭᠡᠨ᠂ ᠡᠪᠡᠳᠴᠢᠳᠡᠨ ᠤ ᠪᠠᠶᠢᠳᠠᠯ ᠬᠦᠨᠳᠤ ᠨᠤᠴᠢᠳᠠᠢ ᠵᠡᠷᠭᠡ ᠤᠨᠴᠠᠯᠢᠭ ᠲᠠᠢ ᠪᠤᠯᠬᠤᠷ ᠬᠦᠮᠦᠨ ᠪᠦᠬᠦᠨ ᠭᠡᠷᠰᠡᠤᠯᠡᠨ ᠰᠡᠷᠭᠡᠶᠢᠯᠡᠬᠦ ᠨᠢ ᠵᠦᠢᠳᠠᠢ ᠶᠤᠮ᠃ ᠡᠶᠢᠮᠦ ᠠᠴᠠ ᠵᠦᠩ ᠨᠠᠨ ᠱᠠᠨ ᠨᠠᠰᠤᠳᠠᠨ ᠤ ᠲᠤᠷᠠᠳᠴᠦ ᠭᠠᠷᠭᠠᠭᠰᠠᠨ ᠡᠷᠡᠬᠦᠯ ᠡᠩᠭᠡ ᠶᠢᠨ ᠵᠦᠪᠯᠡᠮᠵᠢ ᠶᠤᠰᠤᠭᠠᠷ ᠡᠪᠡᠳᠴᠢᠨ ᠤ ᠲᠠᠷᠬᠠᠯᠳᠠ ᠶᠢᠨ ᠬᠤᠭᠤᠴᠠᠭᠠᠨ ᠳᠤ ᠬᠦᠮᠤᠰ ᠠᠯᠢ ᠴᠢᠳᠠᠬᠤ ᠪᠠᠷ ᠬᠡᠷ ᠠᠴᠠ ᠪᠠᠨ ᠭᠠᠷᠬᠤ ᠦᠭᠡᠢ ᠮᠦᠷᠳᠡᠭᠡᠨ ᠬᠡᠷᠪᠡ ᠭᠠᠷᠬᠤ ᠤᠴᠢᠷ ᠲᠠᠢ ᠪᠤᠯ ᠠᠮᠠᠪᠴᠢ ᠵᠡᠬᠦᠬᠦ ᠶᠢ ᠪᠠᠷᠢᠮᠳᠠᠯᠠᠵᠤ᠂ ᠪᠤᠴᠠᠵᠤ ᠢᠷᠡᠪᠡᠯ ᠭᠠᠷ ᠢᠶᠠᠨ ᠰᠠᠶᠢᠳᠤᠷ ᠤᠬᠢᠶᠠᠵᠤ ᠪᠠᠰᠠ ᠠᠷᠢᠭᠤᠳᠬᠠᠯ ᠢ ᠰᠠᠶᠢᠳᠤᠷ ᠬᠢᠬᠦ ᠬᠡᠷᠡᠭᠳᠡᠢ᠃ ᠪᠢᠳᠡ ᠭᠠᠭᠴᠠ ᠬᠦ ᠢᠩᠬᠢᠵᠤ ᠬᠢᠵᠤ ᠲᠡᠶᠢᠯᠪᠠᠯ ᠰᠠᠶ᠋ᠢ ᠬᠠᠯᠳᠠᠪᠤᠷᠢᠳᠤ ᠬᠢᠵᠢᠭ ᠤᠨ ᠦᠷᠭᠡᠨ ᠢᠶᠠᠷ ᠲᠠᠷᠬᠠᠬᠤ ᠶᠢ ᠬᠤᠷᠢᠭᠯᠠᠵᠤ ᠂ ᠡᠪᠡᠳᠴᠢᠳᠠᠨ ᠢ ᠠᠪᠤᠷᠠᠬᠤ ᠪᠠᠷ ᠦᠬᠠᠨ ᠤ ᠡᠮᠤᠨ᠎ᠠ ᠹᠷᠤᠨᠲ ᠲᠤ ᠴᠢᠷᠮᠠᠶᠢᠨ ᠵᠢᠳᠬᠦᠵᠤ ᠶᠠᠪᠤᠭ᠎ᠠ ᠡᠮᠴᠢ ᠰᠤᠪᠢᠯᠠᠭᠴᠢᠳ ᠲᠠᠭᠠᠨ ᠤᠰᠤᠯᠳᠠᠬᠤ ᠦᠭᠡᠢ ᠶᠤᠮ᠂ ᠮᠦᠨ ᠴᠦ ᠡᠭᠡ ᠤᠯᠤᠰ ᠲᠠᠭᠠᠨ ᠬᠦᠴᠦᠨ ᠢᠶᠠᠨ ᠡᠷᠬᠦᠵᠤ ᠪᠠᠶᠢᠭ᠎ᠠ ᠤᠶᠢᠯᠠ ᠠᠵᠢᠯᠯᠠᠭ᠎ᠠ ᠪᠤᠯᠬᠤ ᠶᠤᠮ᠃ ᠡᠬᠦᠨ ᠤ ᠲᠤᠬᠠᠢ ᠵᠠᠪᠠᠯ ᠵᠦᠪ ᠦᠵᠡᠯᠳᠠ ᠲᠠᠨᠢᠯᠳᠠ ᠲᠠᠢ ᠪᠠᠶᠢᠪᠠᠯ ᠵᠤᠬᠢᠨ᠎ᠠ᠃ ᠬᠢᠵᠢᠭ ᠢ ᠰᠡᠷᠭᠡᠶᠢᠯᠡᠨ᠂ ᠬᠢᠵᠢᠭ ᠢ ᠡᠰᠡᠷᠬᠦᠴᠡᠵᠤ ᠪᠠᠶᠢᠭ᠎ᠠ ᠡᠳᠡᠭᠡᠷ ᠡᠳᠤᠷ ᠤᠳ ᠲᠤ ᠮᠠᠨ ᠤ ᠬᠠᠵᠠᠭᠤ ᠳᠤ ᠴᠦ ᠤᠯᠠᠨ ᠰᠠᠶᠢᠬᠠᠨ ᠰᠠᠶᠢᠨ ᠬᠦᠮᠦᠨ ᠰᠠᠶᠢᠨ ᠶᠠᠪᠤᠳᠠᠯ ᠢᠯᠡᠷᠡᠵᠤ ᠪᠠᠶᠢᠭ᠎ᠠ ᠪᠦᠭᠡᠳ ᠨᠡᠩ ᠴᠦ ᠰᠡᠳᠬᠢᠯ ᠲᠤᠭᠳᠤᠯᠤᠭᠤᠯᠦᠮ᠎ᠠ ᠦᠯᠢᠭᠡᠷ ᠤᠳ ᠭᠠᠵᠠᠷ ᠰᠠᠢ ᠦᠭᠡᠢ ᠰᠤᠨᠤᠰᠤᠭᠳᠠᠵᠤ ᠪᠠᠶᠢᠨ᠎ᠠ᠃ ᠪᠠᠭ᠎ᠠ ᠬᠡᠪᠴᠢᠶᠠᠨ ᠠᠴᠠ ᠲᠤᠷᠠᠳᠪᠠᠯ᠂ ᠲᠤᠰᠬᠤᠨ ᠤ ᠠᠷᠠᠳ ᠠᠴᠠ ᠬᠢᠵᠢᠭ ᠢ ᠰᠡᠷᠭᠡᠶᠢᠯᠡᠬᠦ ᠦᠷᠳᠡᠭᠡᠨ ᠤ ᠲᠠᠷᠤᠭ᠎ᠠ ᠪᠠᠶᠢᠯᠳᠤᠭᠴᠢᠳ ᠵᠢᠴᠢ ᠨᠠᠮ ᠤᠨ ᠬᠡᠰᠢᠬᠦᠳ ᠲᠤ ᠨᠡᠬᠦᠷᠡᠰᠤ ᠬᠦᠷᠭᠡᠵᠤ ᠦᠭᠬᠦᠭᠰᠡᠨ ᠪᠠ ᠠᠮᠳᠠᠳᠤ ᠬᠤᠭᠤᠯᠠ ᠪᠤᠳᠠᠭ᠎ᠠ ᠬᠦᠷᠭᠡᠨ ᠦᠭᠴᠦ ᠪᠠᠶᠢᠭ᠎ᠠ᠂ ᠪᠠᠰᠠ ᠵᠠᠷᠢᠮ ᠰᠠᠭᠤᠭᠠᠯᠢ ᠲᠤᠭᠤᠷᠢᠭ ᠤᠨ ᠬᠢᠨ ᠬᠢᠵᠢᠭ ᠤᠨ ᠰᠡᠷᠭᠡᠶᠢᠯᠡᠯᠳᠠ ᠶᠢᠨ ᠦᠷᠳᠡᠭᠡᠨ ᠳᠤ ᠠᠷᠢᠭᠤᠳᠬᠠᠯ ᠤᠨ ᠪᠤᠳᠠᠰ ᠬᠦᠷᠭᠡᠵᠤ ᠦᠭᠬᠦᠭᠰᠡᠨ ᠵᠡᠷᠭᠡ ᠤᠶᠢᠯᠠ ᠠᠵᠢᠯᠯᠠᠭ᠎ᠠ ᠨᠢ ᠪᠢᠳᠡ ᠪᠦᠬᠦᠨ ᠤ ᠰᠤᠷᠤᠯᠴᠠᠭᠤᠰᠢᠳᠠᠢ ᠰᠠᠶᠢᠬᠠᠨ ᠲᠠᠭᠤᠷᠢᠶᠠᠯ ᠪᠤᠯᠵᠤ ᠪᠠᠶᠢᠭ᠎ᠠ ᠶᠤᠮ᠃ ᠮᠠᠨ ᠤ ᠬᠦᠷᠢᠶ᠎ᠡ ᠬᠤᠰᠢᠭᠤᠨ ᠤ ᠰᠤᠷᠭᠠᠨ ᠬᠦᠮᠦᠵᠢᠯ ᠤᠨ ᠲᠤᠪᠴᠢᠶᠠᠨ ᠠᠴᠠ ᠴᠦ ᠨᠠᠶᠢᠳᠠᠪᠤᠷᠢᠳᠠᠢ ᠠᠷᠭ᠎ᠠ ᠬᠡᠮᠵᠢᠶ᠎ᠠ ᠠᠪᠴᠦ ᠂ ᠰᠤᠷᠭᠠᠭᠤᠯᠢ ᠶᠢᠨ ᠤᠳᠤᠷᠢᠳᠤᠯᠭ᠎ᠠ ᠶᠢᠨ ᠬᠦᠴᠦᠳᠠᠢ ᠤᠬᠠᠭᠤᠯᠭ᠎ᠠ ᠶᠤᠰᠤᠭᠠᠷ ᠡᠳᠤᠷ ᠪᠦᠷᠢ ᠬᠡᠷ ᠤᠨ ᠠᠬᠠᠮᠠᠳ ᠤᠨ ᠬᠤᠯᠪᠤᠭ᠎ᠠ ᠰᠦᠯᠵᠢᠶ᠎ᠠ ᠪᠠᠷ ᠲᠠᠮᠵᠢᠨ ᠰᠤᠷᠤᠭᠴᠢᠳ ᠪᠠ ᠬᠡᠷ ᠤᠨ ᠠᠬᠠᠮᠠᠳ ᠲᠤ ᠬᠢᠵᠢᠭ ᠤᠨ ᠬᠠᠮᠤᠭ ᠰᠢᠨ᠎ᠠ ᠮᠡᠳᠡᠭᠡ ᠶᠢ ᠴᠠᠭ ᠲᠤᠬᠠᠢ ᠳᠤᠨᠢ ᠲᠠᠮᠵᠢᠭᠤᠯᠤᠨ ᠦᠭᠴᠦ᠂ ᠲᠡᠳᠡᠨ ᠳᠤ ᠦᠵᠡᠯ ᠰᠠᠨᠠᠭᠠᠨ ᠤ ᠬᠦᠮᠦᠵᠢᠯ ᠬᠢᠵᠤ᠂ ᠡᠪᠡᠳᠴᠢᠨ ᠤ ᠪᠠᠶᠢᠳᠠᠯ ᠠᠴᠠ ᠠᠶᠤᠨ ᠰᠤᠴᠢᠵᠤ᠂ ᠪᠠᠴᠢᠮᠳᠠᠨ ᠰᠠᠨᠳᠤᠷᠴᠦ ᠪᠤᠯᠬᠤ ᠦᠭᠡᠢ᠂ ᠤᠨᠴᠠᠭᠠᠢ ᠪᠠᠶᠢᠳᠠᠯ ᠲᠠᠢ ᠪᠤᠯ ᠴᠠᠭ ᠲᠠᠷᠤᠢ ᠳᠤᠨᠢ ᠲᠡᠭᠡᠭᠰᠢ ᠮᠡᠳᠡᠬᠦᠯᠵᠤ᠂ ᠲᠠᠷᠤᠢ ᠳᠤᠨᠢ ᠡᠮᠴᠢᠯᠡᠬᠦᠯᠬᠦ ᠶᠢ ᠰᠠᠨᠠᠭᠤᠯᠵᠤ᠂ ᠨᠠᠮ ᠵᠠᠰᠠᠭ ᠤᠨ ᠤᠳᠤᠷᠢᠳᠤᠯᠭ᠎ᠠ ᠶᠢ ᠬᠦᠷᠢᠶᠡᠯᠡᠨ ᠠᠯᠪᠠᠨ ᠤ ᠲᠠᠯ᠎ᠠ ᠶᠢᠨ ᠤᠬᠠᠭᠤᠯᠤᠯ ᠢ ᠢᠳᠡᠭᠡᠵᠦ ᠲᠤᠭᠤᠰᠢᠯᠠᠭᠤᠯᠵᠤ᠂ ᠰᠦᠯᠵᠢᠶᠠᠨ ᠴᠤᠤᠷᠬᠠᠯ ᠢ ᠦᠨᠡᠮᠰᠢᠵᠦ ᠪᠤᠯᠬᠤ ᠦᠭᠡᠢ ᠬᠡᠵᠤ ᠱᠠᠭᠠᠷᠳᠠᠭᠰᠠᠨ ᠮᠦᠷᠳᠡᠭᠡᠨ ᠰᠦᠯᠵᠢᠶ᠎ᠠ ᠪᠠᠷ ᠲᠠᠮᠵᠢᠨ ᠰᠤᠷᠤᠭᠴᠢᠳ ᠲᠤ ᠬᠢᠵᠢᠭ ᠢ ᠬᠡᠷᠬᠢᠨ ᠰᠡᠷᠭᠡᠶᠢᠯᠡᠬᠦ ᠰᠦᠯᠵᠢᠶᠡᠨ ᠬᠢᠴᠢᠶᠡᠯᠯᠡᠭᠡ ᠰᠤᠨᠤᠰᠬᠠᠵᠤ᠂ ᠰᠤᠷᠤᠭᠴᠢ ᠪᠠ ᠬᠡᠷ ᠤᠨ ᠠᠬᠠᠮᠠᠳ ᠤᠨ ᠬᠢᠵᠢᠭ ᠲᠠᠢ ᠲᠡᠮᠡᠴᠡᠵᠦ᠂ ᠬᠢᠵᠢᠭ ᠢ ᠰᠡᠷᠭᠡᠶᠢᠯᠡᠬᠦ ᠮᠡᠳᠡᠯᠭᠡ ᠶᠢ ᠶᠡᠭᠡ ᠬᠡᠮᠵᠢᠶ᠎ᠡ ᠪᠠᠷ ᠲᠡᠭᠡᠭᠰᠢᠯᠡᠬᠦᠯᠦᠭᠰᠡᠨ ᠪᠠᠶᠢᠨ᠎ᠠ᠃ ᠡᠮᠤᠨᠡᠭᠡᠨ ᠬᠤᠰᠢᠭᠤᠨ ᠤ ᠰᠤᠷᠭᠠᠨ ᠬᠦᠮᠦᠵᠢᠯ ᠤᠨ ᠲᠤᠪᠴᠢᠶᠠᠨ ᠠᠴᠠ ᠮᠡᠳᠡᠭᠳᠡᠯ ᠪᠠᠭᠤᠯᠭᠠᠵᠤ ︽ᠡᠷᠡᠬᠦᠯ ᠡᠩᠭᠡ ᠬᠤᠨᠳᠠᠭᠠᠳᠤ ᠬᠢᠵᠢᠭ ᠢ ᠡᠰᠡᠷᠬᠦᠴᠡᠬᠦ ᠳᠤ ᠪᠢ ᠬᠦᠴᠦᠨ ᠢᠶᠠᠨ ᠡᠷᠬᠦᠨ᠎ᠡ︾ ᠬᠡᠬᠦ ᠭᠤᠤᠯ ᠰᠡᠳᠤᠪᠳᠤ ᠤᠷᠠᠨ ᠵᠤᠬᠢᠶᠠᠯ ᠤᠨ ᠡᠭᠡ ᠪᠢᠴᠢᠭ ᠡᠯᠰᠡᠬᠦ ᠠᠵᠢᠯᠯᠠᠭ᠎ᠠ ᠦᠷᠨᠢᠬᠦᠯᠦᠭᠡᠳ ᠠᠵᠢᠯᠯᠠᠭᠠᠨ ᠳᠤ ᠪᠠᠭᠰᠢ᠂ ᠬᠡᠷ ᠤᠨ ᠠᠬᠠᠮᠠᠳ ᠪᠠ ᠰᠤᠷᠤᠭᠴᠢᠳ ᠪᠦᠬᠦᠨ ᠢᠶᠠᠷ ᠢᠶᠠᠨ ᠤᠷᠤᠯᠴᠠᠬᠤ ᠶᠢ ᠤᠷᠢᠶᠠᠯᠠᠵᠤ᠂ ᠬᠢᠳᠡᠳ ᠮᠤᠩᠭᠤᠯ ᠬᠤᠶᠠᠷ ᠬᠡᠯᠡ ᠪᠠᠷ ᠵᠤᠬᠢᠶᠠᠨ ᠪᠦᠳᠤᠭᠡᠬᠦ ᠶᠢ ᠤᠷᠮᠠᠰᠢᠭᠤᠯᠦᠨ ᠱᠠᠭᠠᠷᠳᠠᠭᠰᠠᠨ ᠢᠶᠠᠷ ᠪᠠᠷᠠᠬᠤ ᠦᠭᠡᠢ ᠪᠠᠰᠠ ︽ᠠᠮᠢ ᠨᠠᠰᠤ ᠪᠠᠨ ᠨᠠᠨᠳᠢᠩᠨᠠᠨ ᠬᠠᠶᠢᠷᠠᠯᠠᠵᠤ᠂ ᠡᠭᠡ ᠪᠠᠶᠢᠭᠠᠯᠢ ᠪᠠᠨ ᠬᠠᠮᠠᠭᠠᠯᠠᠵᠤ᠂ ᠭᠡᠭᠡᠷ᠎ᠡ ᠶᠢᠨ ᠠᠮᠢᠳᠠᠨ ᠢ ᠠᠩᠨᠠᠨ ᠢᠳᠡᠬᠦ ᠶᠢ ᠬᠤᠷᠢᠭᠯᠠᠶ᠎ᠠ︾ ᠭᠡᠬᠦ ᠭᠤᠤᠯ ᠰᠡᠳᠤᠪᠳᠤ ᠨᠠᠶᠢᠭᠡᠮ ᠤᠨ ᠦᠢᠯᠡᠳᠤᠯᠭᠡ ᠳᠤ ᠤᠷᠤᠯᠴᠠᠭᠰᠠᠨ ᠲᠡᠮᠳᠡᠭᠯᠡᠯ ᠪᠤᠶᠤ ᠪᠠᠭᠰᠢ ᠰᠤᠷᠤᠭᠴᠢ ᠶᠢᠨ ᠭᠠᠷ ᠤᠷᠠᠯᠠᠯ ᠤᠨ ᠪᠦᠳᠤᠭᠡᠭᠳᠡᠬᠦᠨ᠂ ᠤᠷᠠᠨ ᠵᠢᠷᠤᠭ᠂ ᠭᠠᠷ ᠪᠢᠴᠢᠮᠠᠯ ᠰᠤᠨᠢᠨ᠂ ᠲᠦᠬᠦᠮ ᠵᠢᠷᠤᠭ᠂ ᠨᠠᠭᠠᠮᠠᠯ ᠵᠢᠷᠤᠭ᠂ ᠪᠤᠯᠦᠳ ᠪᠢᠷ ᠤᠨ ᠪᠢᠴᠢᠯᠭᠡ ᠁ ᠵᠡᠷᠭᠡ ᠡᠭᠡ ᠪᠢᠴᠢᠭ ᠡᠯᠰᠡᠬᠦ ᠠᠵᠢᠯᠯᠠᠭᠠᠨ ᠦᠷᠨᠢᠬᠦᠯᠵᠤ᠂ ᠬᠢᠵᠢᠭ ᠤᠨ ᠬᠤᠭᠤᠴᠠᠭᠠᠨ ᠳᠤ ᠠᠷᠦ ᠭᠡᠷ ᠲᠡᠭᠡᠨ ᠰᠠᠭᠤᠭᠰᠠᠨ ᠰᠤᠷᠤᠭᠴᠢ ᠪᠠ ᠭᠡᠷ ᠤᠨ ᠠᠬᠠᠮᠠᠳ ᠵᠢᠴᠢ ᠪᠠᠭᠰᠢ ᠨᠠᠷ ᠤᠨ ᠠᠮᠢᠳᠤᠷᠠᠯ ᠤᠨ ᠤᠳᠬ᠎ᠠ ᠠᠭᠤᠯᠭ᠎ᠠ ᠶᠢ ᠪᠠᠶᠠᠯᠢᠭᠵᠢᠭᠤᠯᠵᠤ᠂ ᠬᠠᠷᠠᠭ᠎ᠠ ᠶᠢ ᠦᠷᠭᠡᠳᠭᠡᠵᠤ᠂ ᠤᠷ᠎ᠠ ᠠᠪᠢᠶᠠᠰ ᠢ ᠪᠠᠳᠠᠷᠠᠭᠤᠯᠦᠨ ᠰᠡᠳᠬᠢᠬᠦᠢ ᠶᠢ ᠬᠦᠭᠵᠢᠬᠦᠯᠬᠦ ᠶᠢ ᠵᠤᠷᠢᠭᠰᠠᠨ ᠪᠠᠶᠢᠨ᠎ᠠ᠃ ᠡᠨᠡ ᠨᠢ ᠰᠤᠷᠤᠭᠴᠢᠳ ᠤᠨ ᠬᠢᠵᠢᠭ ᠤᠨ ᠲᠤᠬᠠᠢ ᠲᠠᠨᠢᠯᠳᠠ ᠶᠢ ᠨᠡᠩ ᠬᠦᠨᠵᠡᠭᠡᠢ ᠪᠤᠯᠭᠠᠵᠤ᠂ ᠠᠶᠤᠯ ᠲᠦᠭᠰᠢᠬᠦᠷᠢ᠂ ᠬᠦᠴᠢᠷ ᠪᠡᠷᠭᠡᠰᠢᠶᠠᠯ ᠤᠨ ᠡᠮᠤᠨ᠎ᠠ ᠠᠶᠤᠨ ᠪᠠᠯᠠᠳᠠᠬᠤ ᠦᠭᠡᠢ᠂ ᠡᠷᠭᠡᠪᠰᠢ ᠯᠠᠪᠳᠠᠭᠤᠨ ᠲᠤᠭᠳᠠᠭᠤᠨ ᠪᠠᠶᠢᠵᠤ᠂ ᠬᠦᠴᠢᠷ ᠪᠡᠷᠭᠡᠰᠢᠶᠠᠯ ᠢ ᠢᠯᠠᠨ ᠲᠠᠪᠠᠭ᠋ᠤ ᠰᠦᠰᠦ ᠵᠤᠷᠢᠭ ᠪᠠᠶᠢᠮᠠᠨᠵᠢᠨ ᠰᠠᠶ᠋ᠢ ᠡᠴᠤᠰ ᠤᠨ ᠢᠯᠠᠯᠳᠠ ᠶᠢ ᠲᠡᠮᠡᠴᠠᠨ ᠤᠯᠬᠤ ᠶᠤᠰᠤᠳᠠᠢ ᠬᠡᠳᠡᠭ ᠢ ᠮᠡᠳᠡᠬᠦᠯᠦᠭᠰᠡᠨ ᠪᠠ ᠡᠭᠡ ᠪᠠᠶᠢᠭᠠᠯᠢ ᠪᠠᠨ ᠬᠠᠶᠢᠷᠠᠯᠠᠨ ᠬᠠᠮᠠᠭᠠᠯᠠᠬᠤ ᠨᠢ ᠬᠦᠮᠦᠨ ᠪᠦᠬᠦᠨ ᠤ ᠲᠠᠷᠬᠠᠨ ᠬᠠᠷᠢᠭᠤᠴᠠᠯᠭ᠎ᠠ ᠮᠦᠨ ᠭᠡᠳᠡᠭ ᠢ ᠤᠬᠠᠭᠠᠷᠠᠭᠤᠯᠦᠨ ᠮᠡᠳᠡᠬᠦᠯᠦᠭᠰᠡᠨ ᠪᠠᠶᠢᠨ᠎ᠠ᠃      ᠦᠨᠦᠳᠤᠷ ᠪᠤᠯ ᠴᠠᠭᠠᠨ ᠰᠠᠷ᠎ᠠ ᠶᠢᠨ ᠬᠤᠷᠢᠨ ᠲᠠᠪᠤᠨ ᠤ ᠡᠳᠤᠷ᠃ ᠠᠷᠦ ᠬᠡᠷ ᠲᠡᠭᠡᠨ ᠬᠤᠷᠢᠭᠳᠠᠭᠠᠳ ᠬᠤᠷᠢᠭᠠᠳ ᠡᠳᠤᠷ ᠪᠤᠯᠤᠭᠰᠠᠨ ᠪᠤᠯᠪᠠᠴᠦ ᠪᠢᠳᠡ ᠨᠡᠶᠢᠭᠡᠮ ᠤᠨ ᠨᠢᠭᠡᠨ ᠬᠡᠰᠢᠬᠦᠨ ᠪᠤᠯᠤᠭᠰᠠᠨ ᠤ ᠬᠤᠪᠢ ᠳᠤ ᠶᠠᠮᠠᠷ ᠨᠢᠭᠡᠨ ᠶᠤᠰᠤ ᠤᠴᠢᠷ ᠢ ᠬᠦᠨ ᠰᠡᠳᠬᠢᠮᠡᠷ ᠪᠤᠯᠵᠤ ᠪᠠᠶᠢᠭ᠎ᠠ᠂ ᠲᠤᠬᠠᠶᠢᠯᠠᠪᠠᠯ ᠡᠪᠡᠳᠴᠢᠨ ᠬᠡᠷᠬᠢᠨ ᠡᠬᠦᠰᠦᠭᠰᠡᠨ ᠪᠤᠢ︖ ᠶᠠᠭᠠᠬᠢᠭᠠᠳ ᠢᠩᠬᠢᠵᠤ ᠦᠷᠭᠡᠨ ᠢᠶᠠᠷ ᠬᠠᠯᠳᠠᠪᠤᠷᠢᠯᠠᠨ ᠲᠡᠯᠭᠡᠷᠡᠭᠰᠡᠨ ᠪᠤᠢ︖ ᠲᠡᠳᠡᠭᠡᠷ ᠰᠠᠶᠢᠨ ᠲᠤᠷᠠᠴᠤᠳ ᠪᠦᠷ ᠦᠪᠠᠷ ᠤᠨ ᠠᠮᠢ ᠨᠠᠰᠤ ᠪᠠᠨ ᠨᠠᠨᠳᠢᠩᠨᠠᠨ ᠬᠠᠶᠢᠷᠠᠯᠠᠬᠤ ᠦᠭᠡᠢ ᠬᠡᠵᠢ ᠦᠦ︖ ᠢᠷᠡᠭᠡᠳᠤᠢ ᠳᠤ ᠪᠢᠳᠡ ᠴᠤᠬᠤᠮ ᠶᠠᠭᠠᠬᠢᠵᠤ ᠬᠢᠯᠳᠠᠢ ᠪᠢᠯᠡ︖ ᠴᠦᠭᠡᠨ ᠲᠤᠭᠠᠨ ᠤ ᠬᠦᠮᠦᠰ ᠤᠨ ᠪᠤᠯᠪᠠᠰᠤᠨ ᠪᠤᠰᠤ ᠤᠶᠢᠯᠠ ᠠᠵᠢᠯᠯᠠᠭ᠎ᠠ ᠠᠴᠠ ᠪᠤᠯᠵᠤ ᠬᠦᠮᠦᠨ ᠲᠦᠷᠤᠯᠬᠢᠳᠡᠨ ᠳᠤ ᠵᠠᠶᠢᠯᠠᠰᠢ ᠦᠭᠡᠢ ᠠᠶᠤᠯ ᠲᠦᠭᠰᠢᠬᠦᠷᠢ ᠤᠴᠠᠷᠠᠭᠤᠯᠵᠤ ᠪᠠᠶᠢᠭ᠎ᠠ ᠬᠢᠳᠠᠯ ᠪᠠ ᠰᠢᠨ᠎ᠠ ᠲᠢᠳᠢᠮᠯᠢᠩ ᠠᠭᠤᠰᠬᠢᠨ ᠦᠷᠪᠢᠰᠤᠯ ᠨᠢ ᠬᠦᠮᠦᠨ ᠲᠦᠷᠦᠯᠬᠢᠳᠡᠨ ᠳᠤ ᠨᠢᠭᠡᠨ ᠤᠳᠠᠭᠠᠨ ᠤ ᠠᠮᠢ ᠨᠠᠰᠤ᠂ ᠡᠷᠡᠬᠦᠯ ᠡᠩᠭᠡ ᠪᠠ ᠬᠦᠮᠦᠨᠴᠢ ᠴᠢᠨᠠᠷ ᠤᠨ ᠲᠤᠬᠠᠢ ᠤᠨᠴᠠᠭᠠᠢ ᠨᠢᠭᠡᠨ ᠬᠢᠴᠢᠶᠡᠯᠯᠡᠭᠡ ᠪᠤᠯᠤᠭᠰᠠᠨ ᠪᠠᠶᠢᠨ᠎ᠠ᠃ ᠡᠨᠡ ᠬᠦ ᠤᠨᠴᠠ ᠬᠢᠴᠢᠶᠠᠯᠯᠡᠭᠡ ᠨᠢ ᠠᠬᠠᠰᠢᠷᠠᠭ᠎ᠠ ᠪᠤᠭᠤᠷᠤᠯ ᠨᠠᠰᠤᠳᠠᠨ᠂ ᠠᠯᠢᠶ᠎ᠠ ᠬᠦᠭᠡᠷᠦᠬᠦᠨ ᠪᠠᠭᠠᠴᠤᠳ᠂ ᠠᠮᠢᠳᠤᠷᠠᠯ ᠤᠶᠢᠯᠡᠰ ᠬᠡᠵᠤ ᠵᠢᠳᠬᠦᠵᠤ ᠶᠠᠪᠤᠭ᠎ᠠ ᠵᠠᠯᠠᠭᠤ ᠢᠳᠡᠷᠴᠤᠳ ᠬᠡᠵᠤ ᠢᠯᠭᠠᠯ ᠦᠭᠡᠢ ᠬᠦᠮᠦᠨ ᠪᠦᠬᠦᠨ ᠳᠤ ᠶᠠᠮᠠᠷ ᠨᠢᠭᠡᠨ ᠬᠦᠮᠦᠵᠢᠯ ᠪᠤᠯᠵᠤ᠂ ᠶᠠᠭᠤ ᠨᠢᠭᠡ ᠶᠢ ᠤᠬᠠᠭᠠᠷᠠᠭᠤᠯᠬᠤ ᠦᠭᠡᠢ ᠬᠡᠵᠢ ᠦᠦ︖      ᠤᠳᠤᠬᠠᠨ ᠳᠤ ᠵᠦᠩ ᠨᠠᠨ ᠱᠠᠨ ᠨᠠᠰᠤᠳᠠᠨ ᠤ ᠰᠠᠨᠠᠭᠠᠴᠢᠯᠠᠭ᠎ᠠ ᠶᠤᠰᠤᠭᠠᠷ ᠡᠷᠦᠭᠡ ᠬᠡᠷ ᠲᠡᠭᠡᠨ ᠨᠠᠮ ᠰᠠᠭᠤᠬᠤ ᠶᠢ ᠪᠠᠷᠢᠮᠳᠠᠯᠠᠵᠤ᠂ ᠡᠬᠦᠳᠡ ᠴᠤᠩᠬᠤ ᠪᠠᠨ ᠦᠷᠬᠦᠯᠵᠢ ᠨᠡᠭᠡᠭᠡᠵᠤ ᠰᠠᠯᠬᠢ ᠵᠢᠪᠠᠷ ᠨᠡᠪᠳᠡᠷᠡᠬᠦᠯᠦᠨ᠂ ᠭᠠᠳᠠᠭᠰᠢ ᠭᠠᠷᠴᠦ ᠴᠤᠭᠯᠠᠭ᠎ᠠ ᠨᠠᠶᠢᠷ ᠲᠤ ᠤᠷᠤᠯᠴᠠᠬᠤ ᠶᠢ ᠲᠡᠪᠴᠢᠵᠤ᠂ ᠭᠠᠳᠠᠨ᠎ᠠ ᠭᠠᠷᠬᠤ ᠴᠢᠬᠤᠯᠠ ᠲᠠᠢ ᠪᠤᠯ ᠵᠠᠪᠠᠯ ᠠᠮᠠᠪᠴᠢ ᠵᠡᠬᠦᠵᠤ᠂ ᠪᠤᠰᠤᠳ ᠲᠠᠢ ᠤᠶᠢᠷᠠᠳᠬᠤ ᠦᠭᠡᠢ᠂ ᠡᠪᠡᠳᠴᠢᠨ ᠤ ᠬᠠᠯᠳᠠᠪᠤᠷᠢᠯᠠᠬᠤ ᠨᠤᠷᠮ᠎ᠠ ᠶᠢ ᠪᠠᠭᠠᠰᠬᠠᠬᠤ ᠪᠤᠯ ᠬᠠᠮᠤᠭ ᠤᠨ ᠴᠢᠬᠤᠯᠠ᠂ ᠬᠠᠮᠤᠭ ᠤᠨ ᠵᠠᠩᠬᠢᠯᠠᠭ᠎ᠠ ᠶᠢᠨ ᠠᠰᠠᠭᠤᠳᠠᠯ ᠮᠦᠨ᠃ ᠢᠩᠬᠢᠵᠤ ᠬᠢᠬᠦ ᠨᠢ ᠦᠪᠠᠷ ᠤᠨ ᠪᠡᠶ᠎ᠡ ᠳᠡᠭᠡᠨ ᠬᠠᠷᠢᠭᠤᠴᠠᠵᠤ ᠪᠠᠶᠢᠬᠤ ᠪᠠᠷ ᠪᠠᠷᠠᠬᠤ ᠦᠭᠡᠢ ᠨᠡᠩ ᠴᠢᠬᠤᠯᠠ ᠨᠢ ᠴᠢᠨᠦ ᠬᠠᠵᠠᠭᠤ ᠳᠤ ᠪᠠᠶᠢᠭ᠎ᠠ ᠴᠢᠨᠦ ᠬᠠᠮᠤᠭ ᠤᠨ ᠲᠤᠳᠤᠨᠦ ᠬᠦᠮᠦᠨ ᠪᠠ ᠨᠠᠶᠢᠭᠡᠮ ᠤᠨ ᠪᠦᠬᠦ ᠬᠦᠮᠦᠰ ᠤᠨ ᠠᠮᠤᠷ ᠲᠦᠪᠰᠢᠨ ᠪᠠ ᠠᠮᠢ ᠨᠠᠰᠤᠨ ᠳᠤ ᠬᠠᠷᠢᠭᠤᠴᠠᠵᠤ ᠪᠠᠶᠢᠭ᠎ᠠ ᠶᠠᠪᠤᠳᠠᠯ ᠪᠤᠯᠤᠨ᠎ᠠ᠃      ᠬᠠᠪᠤᠷ ᠤᠨ ᠡᠶᠡᠪᠠᠷᠬᠦᠦ ᠰᠠᠯᠬᠢᠨ ᠬᠠᠨ ᠲᠡᠯᠡᠭᠡᠢ ᠶᠢ ᠤᠶᠠᠷᠠᠭᠤᠯᠦᠨ ᠢᠯᠪᠢᠵᠤ᠂ ᠬᠠᠭᠳᠠᠨ ᠤ ᠰᠤᠷᠭᠤᠭ ᠦᠨᠦᠷ ᠬᠠᠮᠠᠷ ᠴᠤᠷᠬᠢᠨ ᠰᠡᠳᠬᠢᠯ ᠰᠡᠷᠬᠦᠭᠡᠬᠦ ᠡᠷᠢᠨ ᠬᠦᠷᠴᠦ ᠢᠷᠡᠯ᠎ᠠ᠂ ᠬᠦᠮᠦᠨ ᠠᠷᠠᠳ ᠤᠨ ᠦᠵᠠᠯ ᠰᠠᠨᠠᠭ᠎ᠠ᠂ ᠪᠡᠶ᠎ᠡ ᠮᠠᠬᠠᠪᠤᠳ᠂ ᠠᠮᠢ ᠨᠠᠰᠤᠨ ᠳᠤ ᠬᠦᠨᠳᠤ ᠨᠤᠴᠢᠳᠠᠢ ᠰᠦᠷᠳᠡᠬᠦᠯᠦᠯ ᠤᠴᠠᠷᠠᠭᠤᠯᠤᠭᠰᠠᠨ ᠬᠢᠵᠢᠭ ᠤᠳᠠᠯ ᠦᠭᠡᠢ ᠤᠰᠠᠳᠬᠤ ᠬᠡᠳᠡᠭ ᠲᠤ ᠪᠢᠳᠠ ᠢᠳᠡᠭᠡᠯ ᠲᠡᠬᠦᠯᠳᠠᠷ ᠪᠠᠶᠢᠬᠤ ᠬᠡᠷᠡᠭᠳᠡᠢ᠃      ᠬᠢᠵᠢᠭ ᠢ ᠡᠰᠡᠷᠬᠦᠴᠡᠬᠦ ᠲᠠᠶᠢᠨ ᠤ ᠡᠮᠤᠨ᠎ᠠ ᠹᠷᠦᠨᠲ ᠲᠤ ᠦᠪᠡᠷ ᠤᠨ ᠪᠡᠶ᠎ᠡ ᠶᠢᠨ ᠢᠶᠠᠨ ᠠᠯᠵᠢᠶᠠᠯ ᠵᠦᠳᠡᠷᠡᠯ ᠪᠠ ᠠᠮᠢ ᠨᠠᠰᠤᠨ ᠤ ᠠᠶᠤᠯ ᠲᠦᠭᠰᠢᠬᠦᠷᠢ ᠶᠢ ᠬᠠᠶᠢᠬᠤᠷᠤᠯ ᠦᠭᠡᠢ ᠪᠠᠭᠠᠳᠤᠷᠯᠠᠨ ᠲᠡᠮᠡᠴᠠᠨ ᠠᠵᠢᠯᠯᠠᠵᠤ ᠪᠠᠶᠢᠭ᠎ᠠ ᠡᠮᠴᠢ ᠰᠤᠪᠢᠯᠠᠭᠴᠢ᠂ ᠠᠵᠢᠯᠳᠠᠨ ᠠᠵᠢᠯᠴᠢᠨ ᠨᠠᠷ ᠤᠨ ᠬᠦᠳᠡᠯᠮᠤᠷᠢ ᠪᠤᠯᠦᠨ ᠬᠦᠯᠦᠰᠦ ᠴᠢᠰᠤ ᠯᠠᠪ ᠲᠠᠯᠠᠭᠠᠷ ᠤᠷᠤᠰᠬᠤ ᠦᠭᠡᠢ ᠶᠤᠮ᠃ ᠲᠠ ᠨᠠᠷ ᠮᠢᠨᠢ ᠵᠦᠳᠡᠷᠡᠯ᠎ᠠ᠃ ᠲᠠᠨ ᠤ ᠠᠷᠢᠭᠤᠨ ᠬᠦᠳᠡᠯᠮᠦᠷᠢ᠂ ᠪᠤᠶᠠᠨᠰᠠᠭ ᠤᠶᠢᠯᠠ ᠠᠵᠢᠯᠯᠠᠭ᠎ᠠ᠂ ᠤᠶᠢᠯᠡᠰᠴᠢ ᠵᠢᠳᠬᠦᠯ ᠳᠤ ᠬᠦᠨ ᠲᠠᠯᠠᠷᠬᠠᠯ ᠪᠠ ᠴᠢᠩ ᠰᠡᠳᠬᠢᠯ ᠤᠨ ᠬᠦᠨᠳᠤᠳᠭᠡᠯ ᠪᠢᠰᠢᠷᠠᠯ ᠲᠡᠪᠰᠢᠬᠦᠯᠦᠶ᠎ᠡ︕      ᠦᠬᠠᠨ ᠤ ᠲᠡᠭᠷᠢ ᠶᠢ ᠪᠦᠷᠬᠦᠭᠰᠡᠨ ᠪᠠᠷᠠᠭᠠᠨ ᠡᠬᠦᠯᠡᠰ ᠰᠠᠷᠨᠢᠵᠤ᠂ ᠨᠠᠷᠠᠨ ᠤ ᠠᠯᠳᠠᠨ ᠰᠠᠴᠤᠷᠠᠭ ᠲᠡᠯᠡᠭᠡᠢ ᠶᠢᠨ ᠦᠨᠴᠦᠭ ᠪᠤᠯᠤᠩ ᠢ ᠬᠡᠶᠢᠬᠦᠯᠬᠦ ᠨᠢ ᠯᠠᠪᠳᠠᠢ᠂ ᠲᠤᠮᠳᠠᠳᠤ ᠶᠢᠨ ᠲᠡᠭᠷᠢ ᠨᠡᠩ ᠭᠡᠭᠡᠨ ᠲᠤᠩᠭᠠᠯᠠᠭ ᠪᠤᠯᠤᠭᠠᠰᠠᠢ᠃ ᠦᠬᠠᠨ ᠴᠢᠷᠮᠠᠢ︕
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号