ᠲᠤᠳᠤ ᠦᠰᠦᠭ | ᠵᠣᠬᠢᠶᠠᠭᠴᠢ᠄ ᠳ᠋ᠣ᠊ · ᠴᠠᠪᠡᠭᠵᠠᠪ | ᠪᠦᠷ ᠲᠡᠷᠡ ᠭᠡᠳᠤᠨ ᠵᠠᠭᠤᠨ ᠵᠢᠯ ᠤᠨ ᠲᠡᠷᠳᠡᠭᠢ | ᠪᠤᠳᠢ ᠶᠢᠨ ᠭᠡᠷᠡᠯ ᠢᠶᠠᠷ ᠪᠦᠷᠭᠦᠭᠳᠡᠭᠰᠠᠨ ᠨᠢᠭᠡ ᠮᠤᠩᠭᠤᠯ ᠭᠡᠷ ᠤᠨ | ᠭᠠᠳᠠᠨ᠎ᠠ ᠨᠠᠮᠤᠬᠠᠨ | ᠭᠡᠷ ᠤᠨ ᠲᠤᠳᠤᠷ᠎ᠠ ᠨᠠᠮᠤᠬᠠᠨ | ᠭᠠᠶᠢᠬᠠᠯᠳᠠᠢ ᠲᠡᠷᠡ ᠰᠦᠨᠢ ᠨᠠᠮᠤᠬᠠᠨ | ᠪᠤᠷᠬᠠᠨ ᠳᠤ ᠡᠷᠭᠦᠭᠰᠠᠨ ᠵᠤᠯᠠ ᠶᠢᠨ ᠭᠡᠷᠡᠯ ᠰᠦᠮᠠᠯᠵᠠᠨᠠ | ᠪᠤᠷᠭᠢᠯᠠᠭᠰᠠᠨ ᠰᠠᠶᠢᠬᠠᠨ ᠤᠳᠤᠯᠭ᠎ᠠ ᠶᠢᠨ ᠦᠨᠤᠷ ᠰᠡᠩᠭᠢᠨᠠᠨᠠ | ᠰᠠᠶ᠎ᠠ ᠭᠡᠯᠡᠳᠡᠨ ᠳᠤ ᠮᠠᠨᠢ ᠬᠤᠯᠪᠤᠭᠠᠰᠤ ᠪᠤᠯᠬᠤ ᠠᠴᠠ ᠦᠰᠦᠭ ᠪᠠᠶᠢᠶᠤ | ᠰᠠᠶᠢᠬᠠᠨ ᠱᠠᠰᠢᠨ ᠳᠤ ᠮᠠᠨᠢ ᠲᠠᠭᠳᠤ ᠪᠤᠯᠬᠤ ᠠᠴᠠ ᠰᠤᠳᠤᠷ ᠪᠠᠶᠢᠶᠤ | ᠵᠤᠭᠢᠶᠠᠬᠤ ᠠᠴᠠ ᠲᠦᠷᠤᠭᠦᠯᠠᠵᠤ ᠤᠷᠳᠤᠳᠬᠠᠬᠤ ᠲᠡᠮᠳᠡᠭ ᠪᠢᠯᠨ ᠤᠤ ᠭᠡᠳ | ᠽᠠᠶ᠎ᠠ ᠪᠠᠨᠳᠢᠳᠠ ᠨᠠᠮᠬᠠᠶᠢᠠᠵᠠᠮᠰᠤ ᠭᠦᠡᠭᠭᠡᠭᠡᠨ ᠠᠮᠢᠰᠬᠤᠵᠤ | ᠵᠦᠭᠡᠭᠡᠢ ᠲᠠᠢ ᠴᠠᠢ ᠪᠠᠨ ᠤᠭᠤᠴᠢᠯᠠᠨ ᠰᠠᠨᠠᠭ᠎ᠠ ᠠᠯᠳᠠᠵᠤ ᠰᠠᠭᠤᠨ᠎ᠠ | ᠴᠦᠢ ᠭᠤᠤᠯ ᠤᠨ ᠤᠷᠤᠰᠬᠠᠯ | ᠵᠦᠭᠡᠯᠡᠨ ᠰᠠᠯᠭᠢᠨ ᠤ ᠵᠢᠭᠦᠷ ᠲᠤ | ᠬᠠᠶᠠ ᠬᠠᠶᠠ ᠠᠷ ᠲᠠᠳᠠᠨ᠎ᠠ | ᠠᠷᠪᠠᠨ ᠲᠠᠪᠤᠨ ᠤ ᠰᠠᠷ᠎ᠠ | ᠬᠤᠰᠢ ᠪᠠᠷ ᠪᠠᠭᠤᠭᠰᠠᠨ ᠵᠢᠩᠴᠢᠳ ᠤᠨ | ᠭᠡᠭᠡᠷ᠎ᠡ ᠶᠢᠨ ᠲᠤᠮᠤᠭ ᠴᠢᠩᠨᠠᠨ᠎ᠠ | ᠪᠠᠭᠰᠢᠳᠠᠨ ᠳᠤ ᠪᠠᠨ ᠪᠠᠭᠢ ᠢᠳᠡᠭᠦᠯᠦᠭᠡᠳ | ᠤᠷᠭᠠᠯᠠᠵᠤ ᠪᠠᠷᠢᠭᠰᠠᠨ ᠡᠮᠨᠢᠭ ᠰᠢᠭ | ᠠᠷᠤ ᠳᠤ ᠵᠢᠷᠤᠭᠠᠰᠤ ᠵᠢᠷᠤᠭᠤᠯᠤᠭᠰᠠᠨ ᠡᠭᠡᠰᠢᠭ ᠠᠬ᠎ᠠ ᠲᠠᠢ | ᠬᠠᠮᠤᠭ ᠦᠰᠦᠭ ᠢ | ᠬᠠᠪᠳᠠᠢ ᠪᠤᠯᠭᠠᠵᠤ | ᠨᠠᠢ ᠨᠢ ᠨᠡᠶᠢᠴᠡᠭᠰᠠᠨ | ᠨᠠᠶᠢᠷᠠᠭᠤᠯᠭ᠎ᠠ ᠲᠠᠢ ᠪᠤᠯᠬᠤ ᠶᠢ ᠠᠵᠢᠭᠯᠠᠨ ᠰᠠᠭᠤᠨ᠎ᠠ | ᠭᠡᠷ ᠤᠨ ᠲᠤᠳᠤᠷ᠎ᠠ ᠨᠠᠮ ᠵᠢᠮ | ᠭᠠᠳᠠᠨ᠎ᠠ ᠨᠠᠮ ᠵᠢᠮ | ᠲᠡᠭᠷᠢ ᠠᠴᠠ ᠡᠰᠢ ᠲᠠᠢ | ᠲᠤᠳᠤ ᠦᠰᠦᠭ ᠤᠨ ᠮᠦᠨ ᠪᠠᠶ᠎ᠠ ᠲᠤᠳᠤᠷᠠᠵᠤ | ᠲᠦᠮᠠᠨ ᠤᠯᠠᠨ ᠤ ᠭᠡᠭᠡᠷᠡᠯ ᠲᠡᠷᠡ ᠶᠤᠰᠤᠨ ᠳᠤ ᠪᠠᠨ ᠲᠤᠳᠤᠷᠠᠵᠤ | ᠲᠢᠪ ᠠᠯᠤᠰᠯᠠᠭᠰᠠᠨ ᠲᠦᠷᠤ ᠬᠠᠤᠯᠢ ᠶᠢᠨ ᠬᠠᠷᠢᠯᠴᠠᠭ᠎ᠠ ᠲᠤᠳᠤᠷᠠᠵᠤ | ᠲᠡᠤᠭᠡ ᠶᠢᠨ ᠮᠦᠷ ᠨᠢ ᠲᠡᠯᠡᠭᠡᠢ ᠳᠤ ᠲᠤᠳᠤᠷᠠᠵᠤ | ᠠᠮᠢᠯᠠᠭᠤᠯᠤᠩᠬᠠᠨ ᠵᠢᠷᠤᠭᠰᠠᠨ ᠲᠤᠳᠤ ᠭᠡᠷᠡᠯ ᠭᠡᠮᠡᠭᠦ ᠡᠷᠳᠡᠨᠢ ᠰᠢᠪᠠᠭᠤ | ᠲᠤᠤᠯᠢᠮ᠎ᠠ ᠬᠤᠷᠸ᠎ᠠ ᠶᠢᠨ ᠲᠡᠷᠡ ᠨᠢᠭᠡ ᠠᠶᠢᠯ ᠤᠨ ᠲᠡᠠᠳᠡ ᠠᠴᠠ ᠨᠢᠰᠴᠤ | ᠲᠡᠷᠪᠡᠭᠡᠷ ᠬᠤᠶᠡᠷ ᠲᠡᠯᠡᠪᠴᠢ ᠪᠠᠨ ᠲᠡᠯᠭᠡᠨ ᠲᠡᠪᠢᠨ ᠲᠡᠪᠢᠵᠦ | ᠲᠠᠯ᠎ᠠ ᠶᠢ ᠪᠦᠪᠠᠶᠢᠯᠠᠨ ᠤᠳᠤᠨ᠎ᠠ | ᠡᠷᠴᠢᠰ ᠮᠦᠷᠢᠨ ᠤ ᠬᠤᠨ ᠴᠦ ᠲᠠᠭᠤ ᠠᠪᠤᠯᠴᠠᠨ | ᠡᠷᠳᠡᠨᠢ ᠶᠢᠨ ᠰᠦᠨ ᠴᠠᠭᠠᠨ ᠭᠡᠷᠡᠯ ᠲᠠᠳᠠᠵᠤ ᠪᠠᠶᠠᠷᠯᠠᠨ ᠨᠢᠰᠤᠭᠡᠳ | ᠦᠰᠦᠭ ᠲᠤᠳᠤᠷᠠᠪᠠ ᠭᠡᠳ ᠲᠤᠳᠤ ᠮᠤᠩᠭᠤᠯ ᠢᠶᠠᠷ | ᠤᠶᠠᠰᠤᠭᠤᠨ ᠢᠶᠠᠷ ᠲᠤᠤᠭᠠᠷᠤᠨ ᠬᠤᠰᠢᠭᠤᠷᠠᠨ᠎ᠠ | | |