ᠶᠣᠰᠣ ᠬᠢᠬᠦ ᠶᠢ ᠶᠣᠰᠤᠯᠠᠬᠤ ᠭᠡᠳᠡᠭ᠃ | ᠶᠣᠰᠣ ᠬᠢᠬᠦ ᠨᠢ ᠨᠢᠭᠡᠨ ᠡᠷᠬᠢᠮ ᠳᠡᠭᠡᠳᠦ ᠬᠦᠨᠳᠦᠦᠨᠬᠡᠯ ᠤᠨ ᠶᠣᠰᠣᠨ ᠪᠣᠯᠵᠤ ᠲᠠᠭᠠᠷᠠᠨ᠎ᠠ᠃ | ᠶᠣᠰᠣ ᠬᠢᠬᠦ ᠤᠶᠢᠯᠡ ᠶᠢ ᠰᠡᠦᠨᠬᠢᠯ ᠢᠶᠠᠷ ᠢᠶᠠᠨ ᠮᠡᠳᠡᠷᠡᠵᠦ᠂ ᠶᠣᠰᠤᠴᠢᠯᠠᠨ ᠵᠢᠷᠤᠮᠯᠠᠵᠤ ᠪᠤᠳᠠᠲᠠᠶᠢᠴᠢᠯᠠᠨ | ᠭᠦᠢᠴᠡᠦᠨᠬᠡᠬᠦ ᠨᠢ ᠪᠣᠯᠪᠠᠰᠤᠨ ᠮᠤᠷᠠᠯ ᠲᠠᠢ ᠪᠣᠯᠪᠠᠰᠤᠷᠠᠯ ᠰᠠᠶᠢᠲᠠᠢ ᠪᠠᠶᠢᠭ᠎ᠠ ᠶᠢᠨ ᠪᠤᠳᠠᠳᠤ ᠲᠤᠰᠬᠠᠯ ᠪᠣᠯᠬᠤ ᠶᠤᠮ᠃ | ᠶᠣᠰᠣ ᠬᠢᠬᠦ ᠪᠣᠯ ᠶᠣᠰᠤᠷᠬᠠᠭ ᠰᠤᠷᠲᠠᠯ ᠤᠨ ᠢᠯᠡᠷᠡᠯ᠂ ᠪᠣᠯᠪᠠᠰᠤᠨ ᠮᠤᠷᠠᠯ ᠤᠨ ᠪᠡᠶᠡᠯᠡᠯ᠂ ᠤᠯᠠᠮᠵᠢᠯᠠᠯᠲᠤ | ᠰᠣᠶᠣᠯ ᠤᠨ ᠵᠠᠯᠭᠠᠮᠵᠢᠯᠠᠯ᠂ ᠥᠷᠨᠢᠭᠦᠯᠬᠦ ᠥᠪ ᠤᠨ ᠬᠤᠷᠠᠮᠳᠤᠯ ᠪᠠᠶᠢᠭ᠎ᠠ᠃ | ᠬᠤᠯᠠ ᠶᠢ ᠬᠡᠯᠡᠬᠦ ᠦᠭᠡᠢ᠂ ᠬᠤᠪᠢᠰᠬᠠᠯ ᠢᠯᠠᠵᠤ ᠴᠢᠯᠦᠭᠡᠯᠡᠭᠳᠡᠭᠰᠡᠨ ᠤ ᠰᠡᠭᠦᠯᠡᠷ᠂ ᠰᠤᠷᠤᠬᠴᠢ ᠬᠦᠮᠦᠨ | ᠪᠠᠭᠰᠢ ᠳᠤ ᠪᠠᠨ ᠶᠣᠰᠣ ᠬᠢᠬᠦ ᠨᠢ ᠤᠯᠤᠰ ᠲᠠᠶᠠᠭᠠᠷ ᠲᠥᠭᠡᠮᠡᠯ ᠲᠠᠷᠬᠠᠵᠤ ᠥᠷᠭᠡᠨ ᠢᠶᠠᠷ ᠣᠷᠤᠰᠢᠵᠤ᠂ ᠪᠠᠭᠰᠢ | ᠰᠤᠷᠤᠬᠴᠢ ᠶᠢᠨ ᠬᠠᠷᠢᠴᠠᠭ᠎ᠠ ᠨᠢᠬᠲᠠ ᠠᠴᠠ ᠨᠢᠬᠲᠠ ᠴᠢᠩᠭᠠᠷᠠᠵᠤ᠂ ᠪᠠᠭᠰᠢ ᠶᠢᠨ ᠪᠠᠶᠢᠷᠢ ᠰᠠᠭᠤᠷᠢ ᠥᠨᠳᠦᠷ ᠪᠠᠶᠢᠵᠤ | ᠂ ᠨᠡᠶᠢᠭᠡᠮ ᠤᠨ ᠬᠦᠨᠳᠦᠦᠨᠬᠡᠯ ᠪᠠ ᠨᠡᠶᠢᠲᠡ ᠶᠢᠨ ᠬᠦᠷᠢᠶᠡᠯᠡᠯ ᠢ ᠣᠯᠵᠤ᠂ ᠰᠤᠷᠭᠠᠨ ᠬᠦᠮᠦᠵᠢᠯ ᠴᠡᠴᠡᠭᠯᠡᠨ | ᠬᠦᠭᠵᠢᠭᠰᠡᠨ ᠶᠤᠮ᠃ | ᠰᠤᠷᠤᠬᠴᠢ ᠶᠣᠰᠣ ᠬᠢᠬᠦ ᠳᠤ ᠪᠠᠨ᠂ ᠤᠯᠠᠭᠠᠨ ᠪᠦᠴᠡ ᠵᠡᠭᠦᠵᠦ ᠪᠠᠶᠢᠪᠠᠯ ᠫᠢᠦᠨᠧᠷ ᠤᠨ ᠶᠣᠰᠣ ᠬᠢᠵᠦ᠂ | ᠮᠠᠯᠠᠭᠠᠢ ᠵᠡᠭᠦᠵᠦ ᠪᠠᠶᠢᠪᠠᠯ ᠴᠡᠷᠢᠭ ᠤᠨ ᠶᠣᠰᠣ ᠭᠦᠢᠴᠡᠦᠨᠬᠡᠵᠦ᠂ ᠮᠠᠯᠠᠭᠠᠢ ᠦᠭᠡᠢ ᠪᠣᠯ ᠲᠣᠯᠤᠭᠠᠢ ᠪᠦᠬᠦ᠋ᠢᠨ | ᠶᠣᠰᠤᠯᠠᠳᠠᠭ ᠪᠠᠶᠢᠵᠠᠢ᠃ ᠬᠢᠴᠢᠶᠡᠯ ᠳᠡᠭᠡᠷ᠎ᠡ ᠮᠠᠯᠠᠭᠠᠢ ᠵᠡᠭᠦᠬᠦ ᠦᠭᠡᠢ ᠪᠣᠯᠬᠤᠷ ᠴᠦᠮ ᠲᠣᠯᠤᠭᠠᠢ ᠪᠦᠬᠦ᠋ᠢᠨ ᠶᠣᠰᠣ | ᠬᠢᠳᠡᠭ ︵ᠬᠢᠴᠢᠶᠡᠯ ᠤᠨ ᠡᠬᠢᠨ ᠪᠠ ᠰᠡᠭᠦᠯ ᠳᠤ ᠶᠣᠰᠣ ᠬᠢᠳᠡᠭ᠂ ᠪᠠᠭᠰᠢ ᠶᠢᠨ ᠦᠭᠡ ᠶᠢ ᠬᠠᠷᠢᠭᠤᠯᠵᠤ ᠪᠠᠷᠠᠬᠰᠠᠨ ᠤ | ᠳᠠᠷᠠᠭ᠎ᠠ ᠪᠠᠰᠠ ᠶᠣᠰᠣ ᠬᠢᠳᠡᠭ︶ ᠪᠠᠶᠢᠵᠠᠢ᠃ ᠥᠷᠯᠦᠭᠡ ᠰᠤᠷᠭᠠᠭᠤᠯᠢ ᠳᠤ ᠢᠷᠡᠪᠡᠯ ᠪᠠᠭᠰᠢ ᠳᠤ ᠪᠠᠨ ᠶᠣᠰᠤᠯᠠᠨ | ᠵᠣᠯᠭᠠᠳᠠᠭ᠂ ᠵᠠᠮ ᠳᠡᠭᠡᠷ᠎ᠡ ᠳᠠᠭᠠᠷᠠᠯᠳᠤᠪᠠᠯ ᠶᠣᠰᠣ ᠬᠢᠵᠦ ᠶᠣᠰᠤᠷᠬᠠᠭ ᠥᠩᠭᠡᠷᠡᠳᠡᠭ᠃ ᠲᠡᠷᠡ ᠮᠦᠷᠲᠡᠭᠡᠨ ᠲᠥᠪ | ᠵᠣᠬᠰᠤᠨ ᠬᠢᠴᠢᠶᠡᠩᠭᠦ᠋ᠢᠯᠡᠨ ᠶᠣᠰᠤᠯᠠᠳᠠᠭ᠃ ᠶᠣᠰᠣ ᠬᠢᠬᠦ ᠪᠠᠷ ᠳᠠᠮᠵᠢᠨ ᠪᠠᠭᠰᠢ ᠪᠠᠨ ᠬᠦᠨᠳᠦᠦᠨᠬᠡᠵᠦ ᠪᠦᠬᠦᠢ | ᠰᠡᠦᠨᠬᠢᠯᠭᠡ ᠪᠠᠨ ᠴᠠᠭ ᠢᠮᠠᠬᠲᠠ ᠭᠠᠵᠠᠷ ᠰᠠᠢ ᠦᠭᠡᠢ ᠢᠯᠡᠦᠨᠬᠡᠳᠡᠭ᠃ | ᠡᠨᠡ ᠬᠦ ᠪᠣᠯᠪᠠᠰᠤᠨ ᠶᠣᠰᠣ ᠨᠢ ︽ᠰᠣᠶᠣᠯ ᠤᠨ ᠶᠡᠭᠡ ᠬᠤᠪᠢᠰᠬᠠᠯ︾ ᠤᠨ ᠰᠠᠮᠠᠭᠤᠷᠠᠯ ᠳᠤ ᠰᠠᠷᠨᠢᠨ | ᠥᠯᠳᠡᠭᠳᠡᠵᠦ ᠪᠠᠷ᠎ᠠ ᠰᠤᠷᠠᠭ ᠦᠭᠡᠢ ᠠᠷᠢᠯᠵᠤ ᠣᠣᠨᠪᠠ᠃ ᠣᠳᠣᠬᠠᠨ ᠳᠤ ᠶᠣᠰᠣ ᠭᠡᠳᠡᠭ ᠶᠠᠮᠠᠷ᠂ ᠶᠠᠭᠠᠬᠢᠵᠤ | ᠶᠣᠰᠤᠯᠠᠪᠠᠯ ᠵᠦᠢ ᠲᠠᠢ ᠪᠣᠯᠬᠤ ᠶᠢ ᠮᠡᠳᠡᠬᠦ ᠦᠭᠡᠢ ᠰᠤᠷᠤᠬᠴᠢ ᠨᠡᠯᠢᠶᠡᠳ ᠤᠯᠠᠨ ᠪᠤᠢ᠃ ᠬᠦᠭᠡᠷᠦᠬᠦᠢ᠂ ᠡᠨᠡ ᠣᠰᠣᠯ | ᠬᠡᠦᠬᠡᠳ ᠲᠤ ᠪᠠᠶᠢᠭ᠎ᠠ ᠪᠣᠰᠤ᠃ | ᠶᠣᠰᠣ ᠰᠤᠷᠬᠤ ᠳᠤ ᠶᠣᠰᠣ ᠬᠢᠬᠦ ᠠᠴᠠ ᠡᠬᠢᠯᠡᠬᠦ ᠬᠡᠷᠡᠭᠲᠡᠢ᠂ ᠬᠦᠮᠦᠨ ᠪᠣᠯᠬᠤ ᠳᠤ ᠶᠣᠰᠣ ᠬᠢᠬᠦ ᠶᠢ ᠮᠡᠳᠡᠬᠦ | ᠬᠡᠷᠡᠭᠲᠡᠢ᠃ | | |